ᠲᠡᠷᠢᠭᠦᠨ ᠨᠢᠭᠤᠷ>ᠠᠮᠢᠳᠤᠷᠠᠯ ᠥᠷᠲᠡᠭᠡ>ᠨᠡᠢᠭᠡᠮ ᠲᠤᠭᠤᠷᠢᠭ

2023-12-25 16:57:23

ᠵᠣᠬᠢᠶᠠᠭ᠍ᠴᠢ᠄ ᠪᠠᠶᠠᠷᠴᠡᠩᠭᠡᠯ ᠣᠩᠱᠢᠭ᠍ᠰᠠᠨ ᠣᠳᠠᠭ᠎ᠠ᠄ 3

《ᠬᠠᠭᠤᠴᠢᠨ ᠶᠠᠭᠤᠮ᠎ᠠ ᠤᠯᠠ ᠪᠤᠯᠵᠤ ᠰᠢᠨ᠎ᠡ ᠶᠠᠭᠤᠮ᠎ᠠ ᠵᠤᠯᠠ ᠪᠤᠯᠤᠨ᠎ᠠ》ᠭᠡᠳᠡᠭᠴᠢᠯᠡᠨ ᠤᠨ ᠴᠠᠭ ᠤᠯᠠᠷᠢᠨ ᠬᠤᠪᠢᠷᠠᠵᠤ᠂ ᠡᠳᠦᠷ ᠰᠠᠷ᠎ᠠ ᠥᠩᠬᠡᠷᠡᠨ ᠥᠩᠬᠡᠷᠡᠭᠰᠡᠭᠡᠷ ᠨᠢᠭᠡ ᠯᠠ ᠮᠡᠳᠡᠬᠦ᠎ᠳᠦ 2023 ᠤᠨ ᠵᠢᠨᠨ ᠦᠳᠡᠨ ᠮᠤᠷᠳᠠᠭᠤᠯᠵᠤ᠂ 2024 ᠤᠨ ᠵᠢᠨᠨ ᠤᠬᠳᠤᠨ ᠠᠪᠬᠤ ᠪᠤᠯᠴᠢᠬᠠᠯ᠎ᠠ᠃ 《ᠠᠮᠢᠳᠤᠷᠠᠯ ᠦᠷᠳᠡᠬᠡ》 ᠳᠤᠰᠬᠠᠢ ᠬᠡᠪᠯᠡᠯ ᠮᠠᠨᠢ ᠤᠩᠰᠢᠬᠴᠢ ᠲᠦᠮᠡᠨ ᠲᠠᠢ ᠪᠡᠨ ᠪᠠᠰᠠ ᠨᠢᠬᠡᠨ ᠰᠢᠨ᠎ᠡ ᠤᠨ ᠵᠢᠨᠨ ᠤᠬᠳᠤᠨ ᠠᠪᠬᠤ ᠪᠤᠯᠤᠬᠰᠠᠨ ᠳ᠋ᠠᠭᠠᠨ ᠮᠠᠰᠢ ᠪᠠᠶᠠᠷ ᠲᠠᠢ ᠪᠠᠢᠨ᠎ᠠ᠃ 2023 ᠤᠨ᠎ᠳᠦ 《ᠠᠮᠢᠳᠤᠷᠠᠯ ᠦᠷᠳᠡᠬᠡ》 ᠳᠤᠰᠬᠠᠢ ᠬᠡᠪᠯᠡᠯ ᠨᠢ ᠨᠠᠮ᠎ᠤᠨ ᠱᠤᠭᠤᠮ ᠴᠢᠭᠯᠡᠯᠳᠡ᠂ ᠲᠦᠷᠦ ᠵᠢᠨ ᠪᠤᠳᠤᠯᠭ᠎ᠠ᠎ᠶᠢ ᠲᠠᠭᠠᠨ ᠴᠤᠤᠷᠢᠶᠠᠳᠤᠵᠤ᠂ ᠤᠩᠰᠢᠬᠴᠢ ᠲᠦᠮᠡᠨ ᠵᠢᠨᠨ ᠬᠦᠨᠳᠦᠯᠡᠨ ᠲᠡᠭᠡᠳᠦᠯᠡᠵᠦ᠂ ᠤᠩᠰᠢᠬᠴᠢᠳ ᠲᠠᠭᠠᠨ ᠬᠡᠷᠡᠭᠴᠡᠭᠡ ᠪᠦᠬᠦᠢ ᠠᠭᠤᠯᠭ᠎ᠠ᠎ᠶᠢ ᠨᠡᠢᠳᠡᠯᠡᠬᠦ ᠵᠢᠨ ᠲᠦᠯᠦᠬᠡ ᠬᠢᠴᠢᠶᠡᠩᠬᠦᠢᠯᠡᠨ ᠠᠵᠢᠯᠯᠠᠬᠰᠠᠨ ᠪᠢᠯᠡ᠃ ᠢᠯᠠᠩᠭᠤᠶ᠎ᠠ ᠤᠩᠰᠢᠬᠴᠢ ᠤᠯᠠᠨ ᠳ᠋ᠠᠭᠠᠨ ᠦᠢᠯᠡᠴᠢᠯᠡᠬᠦ᠎ᠶᠢ ᠴᠠᠬ ᠢᠮᠠᠬᠳᠠ ᠪᠠᠷᠢᠮᠳᠠᠯᠠᠵᠤ᠂ 《ᠦᠢᠯᠡᠴᠢᠯᠡᠬᠡ》 ᠂ 《ᠠᠩᠬᠠᠷᠤᠯ》᠂ 《ᠬᠡᠷᠡᠭᠯᠡᠬᠡ》 ᠪᠤᠯᠤᠩ ᠵᠢᠨᠷ ᠳᠤᠰᠬᠠᠢ ᠬᠡᠪᠯᠡᠯ ᠵᠢᠨᠨ ᠡᠷᠬᠢᠯᠡᠬᠦ ᠴᠢᠭᠯᠡᠯᠳᠡ ᠪᠤᠯᠭᠠᠵᠤ᠂ ᠠᠮᠢᠳᠤᠷᠠᠯ᠎ᠤᠨ ᠶᠡᠷᠦ ᠵᠢᠨ ᠮᠡᠳᠡᠯᠬᠡ᠂ ᠪᠡᠶ᠎ᠡ ᠰᠤᠪᠢᠯᠠᠯᠳᠠ ᠵᠢᠨ ᠠᠩᠬᠠᠷᠬᠤ ᠵᠦᠢᠯ᠂ ᠨᠡᠢᠬᠡᠮ᠎ᠤᠨ ᠬᠠᠯᠠᠮᠰᠢᠯ ᠪᠤᠯᠵᠤ ᠪᠠᠢᠭ᠎ᠠ ᠠᠰᠠᠭᠤᠳᠠᠯ᠎ᠢ ᠵᠠᠳᠠᠯᠤᠨ ᠰᠢᠨᠵᠢᠯᠡᠬᠦ ᠵᠡᠷᠭᠡ ᠠᠭᠤᠯᠭ᠎ᠠ ᠪᠦᠬᠦᠢ ᠮᠡᠳᠡᠬᠡᠯᠡᠯ ᠵᠢᠨᠷ ᠭᠤᠤᠯᠳᠠᠭᠤᠯᠤᠬᠰᠠᠨ ᠶᠤᠮ᠃ 《ᠦᠯᠢᠬᠡᠷ》᠂ 《ᠵᠤᠭᠤᠭ》᠂ 《ᠰᠢᠪᠡᠨᠡᠭᠡ》 ᠵᠡᠷᠭᠡ ᠪᠤᠯᠤᠩ ᠵᠢᠨᠷ ᠦᠯᠢᠬᠡᠷ ᠦᠢᠯᠡ ᠶᠠᠪᠤᠳᠠᠯ ᠲᠠᠢ ᠤᠷᠠᠨ ᠭᠤᠢᠳᠠ ᠵᠤᠬᠢᠶᠠᠯ ᠪᠦᠳᠦᠭᠡᠯ᠂ ᠬᠦᠮᠦᠰ᠎ᠲᠦ ᠶᠠᠭᠤ ᠨᠢᠬᠡ᠎ᠶᠢ ᠪᠤᠳᠤᠬᠳᠠᠭᠤᠯᠬᠤ᠂ ᠠᠵᠢᠯ᠎ᠤᠨ ᠶᠠᠳᠠᠷᠠᠭ᠎ᠠ ᠰᠡᠳᠬᠢᠯ᠎ᠤᠨ ᠳᠠᠷᠤᠮᠳᠠ᠎ᠡᠴᠡ ᠨᠢ ᠴᠢᠯᠦᠭᠡᠯᠡᠬᠦ ᠤᠬᠤᠷ ᠵᠤᠬᠢᠶᠠᠯ ᠰᠢᠬᠦᠮᠵᠢ ᠨᠡᠢᠳᠡᠯᠡᠵᠦ᠂ ᠰᠤᠯᠠ ᠰᠡᠯᠡᠬᠦᠦ᠂ ᠲᠡᠨᠢᠬᠦᠨ ᠳᠠᠪᠠᠳᠠᠢ ᠪᠠᠢᠳᠠᠯ᠎ᠢ ᠡᠬᠦᠳᠬᠦ ᠵᠢᠨ ᠲᠦᠯᠦᠭᠡ ᠴᠢᠷᠮᠠᠢᠬᠰᠠᠭᠠᠷ ᠢᠷᠡᠪᠡ᠃

2024 ᠤᠨ᠎ᠳᠦ 《ᠠᠮᠢᠳᠤᠷᠠᠯ ᠦᠷᠳᠡᠬᠡ》 ᠳᠤᠰᠬᠠᠢ ᠬᠡᠪᠯᠡᠯ ᠮᠠᠨᠢ ᠮᠦᠨ᠎ᠴᠦ ᠤᠩᠰᠢᠬᠴᠢ ᠤᠯᠠᠨ ᠳ᠋ᠠᠭᠠᠨ ᠦᠢᠯᠡᠴᠢᠯᠡᠬᠦ ᠡᠬᠦᠷᠬᠡ ᠬᠠᠷᠢᠭᠤᠴᠠᠯᠭ᠎ᠠ ᠪᠡᠨ ᠤᠰᠤᠯᠳᠠᠯ ᠦᠭᠡᠢ ᠬᠦᠢᠴᠡᠳᠬᠡᠵᠦ᠂ ᠤᠩᠰᠢᠬᠴᠢ ᠤᠯᠠᠨ᠎ᠤ ᠪᠡᠨ ᠰᠠᠨᠠᠯ ᠰᠠᠨᠠᠭᠤᠯᠭ᠎ᠠ᠎ᠶᠢ ᠬᠦᠯᠢᠶᠡᠨ ᠠᠪᠴᠤ᠂ ᠳᠤᠰᠬᠠᠢ ᠬᠡᠪᠯᠡᠯ ᠵᠢᠨᠨ ᠨᠡᠩ ᠴᠢᠨᠠᠷᠵᠢᠭᠤᠨ ᠡᠷᠬᠢᠯᠡᠬᠦ ᠵᠢᠨ ᠲᠦᠯᠦᠬᠡ ᠴᠢᠷᠮᠠᠢᠬᠤ ᠪᠤᠯᠤᠨ᠎ᠠ᠃ ᠲᠠ ᠪᠦᠬᠦᠨ᠎ᠤ ᠤᠷᠮᠠᠰᠢᠭᠤᠯᠤᠯ ᠵᠤᠷᠢᠬᠵᠢᠭᠤᠯᠤᠯ ᠪᠤᠯ ᠪᠢᠳᠡᠨ᠎ᠤ ᠤᠶᠤᠨ ᠤᠬᠠᠭᠠᠨ᠎ᠤ ᠤᠨᠳᠤᠷᠤᠭ᠎ᠠ ᠪᠤᠯᠬᠤ ᠶᠤᠮ᠃ 《ᠠᠮᠢᠳᠤᠷᠠᠯ ᠦᠷᠳᠡᠬᠡ》 ᠪᠡᠨ ᠦᠷᠬᠦᠯᠵᠢ ᠤᠩᠰᠢᠵᠤ ᠪᠢᠳᠡᠨ ᠳ᠋ᠡᠭᠡᠨ ᠤᠷᠮ᠎ᠠ ᠬᠠᠢᠷᠠᠯᠠᠭᠠᠷᠠᠢ!

ᠠᠮᠢᠳᠤᠷᠠᠯ᠎ᠤᠨ ᠠᠶᠠᠨ ᠦᠷᠬᠦᠯᠵᠢᠯᠡᠭᠰᠡᠭᠡᠷ ᠁ 《ᠠᠮᠢᠳᠤᠷᠠᠯ ᠦᠷᠳᠡᠭᠡ》 ᠦᠢᠯᠡᠴᠢᠯᠡᠭᠰᠡᠭᠡᠷ ᠁


QQ截图20231225170553.png


ᠤᠩᠰᠢᠬᠴᠢ ᠤᠯᠠᠨ ᠳ᠋ᠠᠭᠠᠨ ᠦᠢᠯᠡᠴᠢᠯᠡᠬᠦ ᠪᠤᠯ ᠪᠢᠳᠡᠨ᠎ᠤ ᠡᠬᠦᠷᠢᠳᠡ ᠵᠢᠨ ᠪᠠᠷᠢᠮᠳᠠᠯᠠᠯ

《ᠠᠮᠢᠳᠤᠷᠠᠯ ᠦᠷᠳᠡᠬᠡ》 ᠳᠤᠰᠬᠠᠢ ᠬᠡᠪᠯᠡᠯ ᠨᠢ ᠤᠩᠰᠢᠬᠴᠢ ᠤᠯᠠᠨ ᠳ᠋ᠠᠭᠠᠨ ᠦᠢᠯᠡᠴᠢᠯᠡᠬᠦ ᠪᠡᠷ ᠭᠤᠤᠯ ᠵᠤᠷᠢᠯᠳᠠ ᠴᠢᠭᠯᠡᠯᠳᠡ ᠪᠡᠨ ᠪᠤᠯᠭᠠᠬᠰᠠᠨ᠎ᠤ ᠬᠠᠮᠤᠭ᠎ᠤᠨ ᠢᠯᠡ ᠳᠤᠳᠤ ᠤᠨᠴᠠᠯᠢᠬ ᠨᠢ 《ᠦᠢᠯᠡᠴᠢᠯᠡᠬᠡ》 ᠪᠤᠯᠤᠩ ᠪᠠᠢᠭ᠎ᠠ᠎ᠳᠦ ᠶᠤᠮ᠃ 《ᠠᠮᠢᠳᠤᠷᠠᠯ ᠦᠷᠳᠡᠬᠡ》ᠳᠤᠰᠬᠠᠢ ᠬᠡᠪᠯᠡᠯ ᠨᠢ ᠪᠠᠷᠤᠭ ᠬᠤᠭᠤᠴᠠᠭ᠎ᠠ ᠪᠤᠯᠭᠠᠨ 《ᠦᠢᠯᠡᠴᠢᠯᠡᠬᠡ》 ᠪᠤᠯᠤᠩ ᠳᠤᠬᠢᠷᠠᠭᠤᠯᠵᠤ᠂ 《ᠨᠡᠢᠰᠯᠡᠯ᠎ᠤᠨ ᠨᠡᠷᠡᠳᠦ ᠡᠮᠴᠢ ᠳᠠᠯ᠎ᠠ ᠨᠤᠳᠤᠭ᠎ᠲᠦ ᠢᠷᠡᠵᠦ ᠦᠢᠯᠡᠴᠢᠯᠡᠬᠦ ᠪᠤᠯᠤᠯ᠎ᠠ》 ᠂ 《 〈5•1〉 ᠲᠠ ᠬᠠᠮᠢᠭ᠎ᠠ ᠵᠤᠭᠠᠴᠠᠬᠤ ᠪᠡᠷ ᠲᠦᠯᠦᠪᠯᠡᠵᠦ ᠪᠠᠢᠭ᠎ᠠ ᠪᠤᠢ⁈》᠂ 《ᠬᠦᠳᠡᠬᠡ᠎ᠳᠦ ᠶᠡᠬᠡ ᠮᠦᠩᠬᠦ ᠤᠯᠵᠤ ᠪᠤᠯᠬᠤ 7 ᠠᠵᠢᠯ ᠲᠦᠷᠦᠯ》 ᠁ ᠵᠡᠷᠭᠡ ᠮᠡᠳᠡᠭᠡᠯᠡᠯ᠎ᠢ ᠤᠩᠰᠢᠬᠴᠢ ᠤᠯᠠᠨ ᠳ᠋ᠠᠭᠠᠨ ᠬᠦᠷᠬᠡᠵᠦ᠂ ᠵᠤᠬᠢᠬᠤ ᠦᠢᠯᠡᠴᠢᠯᠡᠬᠡ ᠬᠠᠩᠭᠠᠬᠰᠠᠨ ᠬᠡᠳᠡᠭ ᠨᠢ ᠡᠷᠡᠭᠡᠯᠵᠡᠭᠡ ᠦᠭᠡᠢ᠃ ᠡᠬᠦᠨ ᠡᠴᠡ ᠰᠡᠬᠦᠯᠡᠷ 《ᠠᠮᠢᠳᠤᠷᠠᠯ ᠦᠷᠳᠡᠬᠡ》 ᠳᠤᠰᠬᠠᠢ ᠬᠡᠪᠯᠡᠯ ᠨᠢ ᠮᠦᠨ᠎ᠴᠦ ᠦᠢᠯᠡᠴᠢᠯᠡᠬᠡ ᠪᠡᠷ ᠭᠤᠤᠯᠳᠠᠭᠤᠯᠵᠤ᠂ ᠤᠩᠰᠢᠬᠴᠢ ᠤᠯᠠᠨ ᠳ᠋ᠠᠭᠠᠨ ᠦᠨᠡᠨ᠎ᠬᠦ ᠦᠢᠯᠡᠴᠢᠯᠡᠬᠡ ᠬᠠᠩᠭᠠᠬᠤ ᠪᠡᠷ ᠴᠢᠷᠮᠠᠢᠬᠤ ᠪᠤᠯᠤᠨ᠎ᠠ᠃

《ᠠᠩᠬᠠᠷᠤᠯ》 ᠂ 《ᠬᠡᠷᠡᠭᠯᠡᠬᠡ》 ᠪᠤᠯᠤᠩ ᠪᠤᠯ ᠮᠦᠨ᠎ᠴᠦ ᠤᠩᠰᠢᠬᠴᠢ ᠤᠯᠠᠨ ᠳ᠋ᠠᠭᠠᠨ ᠦᠢᠯᠡᠴᠢᠯᠡᠬᠦ ᠪᠡᠷ ᠭᠤᠤᠯ ᠪᠤᠯᠭᠠᠬᠰᠠᠨ ᠪᠢᠯᠡ᠃ 2023 ᠤᠨ᠎ᠳᠦ ᠳᠤᠰ ᠬᠤᠶᠠᠷ ᠪᠤᠯᠤᠩ᠎ᠳᠦ᠂ 《ᠡᠨᠡ ᠵᠢᠯ ᠬᠡᠷ ᠬᠤᠳᠠᠯᠳᠤᠨ ᠠᠪᠤᠪᠠᠯ ᠵᠤᠬᠢᠨ᠎ᠠ ᠤᠤ?》 ᠂ 《ᠤᠳᠤᠬᠠᠨ᠎ᠳᠦ 〈ᠳᠤᠮᠤ ᠠᠯᠳᠠᠨ ᠪᠠᠭᠤᠪᠴᠢ〉 ᠬᠤᠳᠠᠯᠳᠤᠨ ᠠᠪᠴᠤ ᠪᠤᠯᠬᠤ ᠤᠤ⁈》᠂ 《ᠬᠠᠮᠳᠤ ᠪᠡᠷ ᠬᠦᠳᠡᠯᠦᠯᠴᠡᠨ ᠬᠡᠤᠬᠡᠳ᠎ᠤᠨ ᠨᠢᠳᠦ᠎ᠶᠢ ᠬᠠᠮᠠᠭᠠᠯᠠᠶ᠎ᠠ》᠂ 《ᠭᠡᠷ ᠪᠦᠯᠢ ᠵᠢᠨ ᠡᠳ᠋᠎ᠤᠨ ᠶᠠᠪᠤᠳᠠᠯ᠎ᠤᠨ ᠬᠠᠮᠢᠶᠠᠷᠤᠯᠳᠠ ᠵᠢᠨ ᠳᠤᠬᠠᠢ ᠳᠤᠯᠤᠭᠠᠨ ᠵᠦᠢᠯ᠎ᠤᠨ ᠰᠠᠨᠠᠭᠤᠯᠭ᠎ᠠ》 ᠁ ᠵᠡᠷᠭᠡ ᠮᠡᠳᠡᠬᠡᠯᠡᠯ ᠨᠡᠢᠳᠡᠯᠡᠭᠳᠡᠵᠦ᠂ ᠤᠩᠰᠢᠬᠴᠢᠳ᠎ᠤᠨ ᠲᠠᠭᠠᠰᠢᠶᠠᠯ᠎ᠢ ᠬᠦᠷᠳᠡᠭᠰᠡᠨ ᠪᠠᠢᠨ᠎ᠠ᠃

ᠦᠯᠢᠬᠡᠷ ᠦᠢᠯᠡ ᠪᠡᠷ ᠬᠦᠮᠦᠰ᠎ᠢ ᠰᠡᠩᠬᠡᠷᠡᠬᠦᠯᠬᠦ ᠪᠤᠯ ᠪᠢᠳᠡᠨ᠎ᠤ ᠬᠦᠬᠡᠬᠡᠴᠡᠯᠳᠦᠯ

2023 ᠤᠨ᠎ᠳᠦ 《ᠦᠯᠢᠬᠡᠷ》 ᠪᠤᠯᠤᠩ ᠵᠢᠨᠷ 《ᠠᠪᠤ ᠵᠢᠨ ᠦᠬᠢᠨ 〈ᠤᠳᠤ〉 ᠪᠤᠯᠤᠯ᠎ᠠ》᠂ 《ᠨᠠᠰᠤᠳᠠᠢ ᠡᠵᠢ ᠵᠢᠨ ᠥᠩᠬᠡᠷᠡᠬᠦᠯᠵᠦ ᠢᠷᠡᠭᠰᠡᠨ ᠠᠮᠢᠳᠤᠷᠠᠯ》᠂ 《24 ᠲᠡᠪᠳᠡᠷ ᠠᠮᠢᠳᠤᠷᠠᠯ᠎ᠤᠨ ᠵᠢᠵᠢᠭ 〈ᠳᠠᠩᠰᠠ᠌〉》 ᠁ ᠵᠡᠷᠭᠡ ᠦᠯᠢᠭᠡᠷ ᠦᠢᠯᠡ ᠶᠠᠪᠤᠳᠠᠯ ᠲᠠᠢ ᠮᠡᠳᠡᠭᠡᠯᠡᠯ᠎ᠤᠳ ᠨᠡᠢᠳᠡᠯᠡᠭᠳᠡᠵᠦ᠂ ᠤᠩᠰᠢᠬᠴᠢ ᠤᠯᠠᠨ ᠦᠯᠢᠭᠡᠷ ᠲᠤᠨᠢ ᠳᠠᠳᠠᠬᠳᠠᠵᠤ᠂ ᠦᠢᠯᠡ ᠶᠠᠪᠤᠳᠠᠯ᠎ᠳᠤᠨᠢ ᠰᠡᠳᠬᠢᠯ ᠬᠦᠳᠡᠯᠦᠭᠰᠡᠨ ᠪᠠᠢᠬᠤ ᠡ! ᠡᠭᠦᠪᠡᠷ ᠪᠠᠷᠠᠬᠤ ᠦᠭᠡᠢ ᠡᠳᠡᠭᠡᠷ ᠰᠠᠢᠬᠠᠨ ᠨᠡᠢᠳᠡᠯᠡᠯ᠎ᠤᠳ ᠨᠢ ᠤᠩᠰᠢᠬᠴᠢᠳ᠎ᠲᠦ ᠠᠮᠢᠳᠤᠷᠠᠯ᠎ᠤᠨ ᠤᠬᠠᠭᠠᠨ᠎ᠢ ᠵᠢᠭᠠᠨ ᠦᠭᠴᠦ᠂ ᠠᠮᠢᠳᠤᠷᠠᠬᠤ ᠵᠢᠨ ᠦᠨ᠎ᠡ ᠴᠠᠨ᠎ᠠ᠎ᠶᠢ ᠮᠡᠳᠡᠷᠡᠬᠦᠯᠦᠭᠰᠡᠨ ᠪᠠᠢᠳᠠᠬ᠃

ᠤᠩᠰᠢᠬᠴᠢ ᠲᠦᠮᠡᠨ ᠳ᠋ᠡᠭᠡᠨ ᠡᠷᠴᠢ ᠬᠦᠴᠦ ᠤᠯᠭᠤᠬᠤ ᠪᠤᠯ ᠪᠢᠳᠡᠨ᠎ᠤ ᠮᠦᠷᠦᠭᠡᠳᠦᠯ

《ᠠᠮᠢᠳᠤᠷᠠᠯ ᠦᠷᠳᠡᠬᠡ》 ᠳᠤᠰᠬᠠᠢ ᠬᠡᠪᠯᠡᠯ ᠨᠢ 2023 ᠤᠨ᠎ᠳᠦ 《ᠵᠤᠭᠤᠭ》 ᠂ 《ᠰᠢᠪᠡᠨᠡᠭᠡ》 ᠪᠤᠯᠤᠩ ᠵᠢᠨᠷ 《ᠪᠠᠭ᠎ᠠ ᠨᠠᠰᠤᠨ᠎ᠤ ᠪᠠᠯᠳᠤ ᠴᠠᠭᠠᠨ ᠰᠠᠷ᠎ᠠ》 ᠂ 《ᠤᠬᠠᠭᠠᠨ ᠰᠡᠢᠯᠵᠦ ᠠᠮᠢᠳᠤᠷᠠᠬᠤ ᠵᠢᠨ ᠤᠴᠢᠷ》 ᠂ 《ᠡᠷᠬᠢᠵᠦ ᠤᠴᠢᠬᠤ ᠵᠢᠨ ᠨᠢᠬᠡ ᠰᠢᠯᠳᠠᠭᠠᠨ ᠨᠢ ᠢᠨᠢᠶᠡᠮᠰᠦᠭᠯᠡᠯ》 ᠂ 《ᠬᠠᠢᠷ᠎ᠠ ᠵᠢᠨ ᠰᠤᠩᠭᠤᠯᠳᠠ》᠂ 《ᠪᠤᠳᠤᠯᠢᠶᠠᠨᠳᠠᠢ ᠠᠮᠢᠳᠤᠷᠠᠯ ᠵᠢᠨᠨ ᠪᠤᠷᠤᠬᠠᠨ ᠥᠩᠬᠡᠷᠡᠬᠦᠯᠦᠶ᠎ᠡ》᠁ ᠵᠡᠷᠭᠡ ᠰᠢᠬᠦᠮᠵᠢ ᠵᠤᠬᠢᠶᠠᠯ᠎ᠤᠳ᠎ᠢ ᠨᠡᠢᠳᠡᠯᠡᠵᠦ᠂ ᠤᠩᠰᠢᠬᠴᠢᠳ᠎ᠲᠦ ᠰᠡᠳᠬᠢᠯ᠎ᠤᠨ ᠲᠡᠩᠬᠡᠬᠡ ᠲᠠᠮᠢᠷ ᠦᠭᠬᠦ ᠵᠢᠨ ᠲᠦᠯᠦᠬᠡ ᠴᠢᠷᠮᠠᠢᠬᠰᠠᠨ ᠶᠤᠮᠰᠠᠨ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠣᠷᠬᠢᠯ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面