ᠲᠡᠷᠢᠭᠦᠨ ᠨᠢᠭᠤᠷ>ᠠᠮᠢᠳᠤᠷᠠᠯ ᠥᠷᠲᠡᠭᠡ>ᠵᠢᠷᠤᠭᠲᠤ ᠮᠡᠳᠡᠭᠡ

2026-11-06 11:54:55

ᠵᠣᠬᠢᠶᠠᠭ᠍ᠴᠢ᠄ ᠪᠤᠶᠠᠠᠡᠨᠡᠷᠢᠯ ᠣᠩᠱᠢᠭ᠍ᠰᠠᠨ ᠣᠳᠠᠭ᠎ᠠ᠄ 3

8 ᠰᠠᠷ᠎ᠠ ᠵᠢᠨ ᠣᠲᠣᠭ ᠤ᠋ᠨ ᠲᠠᠯ᠎ᠠ ᠨᠤᠲᠤᠭ ᠡᠩᠬᠦᠷᠡᠢ ᠦᠷᠡᠰ ᠶ᠋ᠢᠡᠨ ᠳᠠᠯᠠᠯᠤᠨ ᠳᠠᠭᠤᠳᠠᠵᠤ ᠪᠠᠢᠭ᠎ᠠ ᠡᠵᠢ ᠶ᠋ᠢᠨ ᠦᠯᠦᠭᠡᠢ ᠰᠢᠭ ᠨᠠᠮᠤᠷ ᠤ᠋ᠨ ᠬᠤᠩᠭᠤᠷ ᠰᠠᠯᠬᠢᠨ ᠳ᠋ᠤ ᠬᠠᠯᠢᠭᠤᠷᠠᠨ ᠳᠤᠯᠬᠢᠶᠠᠯᠠᠬᠤ᠎ᠳᠤ 79 ᠨᠠᠰᠤᠲᠠᠢ ᠨᠠᠨᠵᠢᠩ ᠤ᠋ᠨ ᠰᠡᠬᠡᠭᠡᠲᠡᠨ ᠵᠧᠦ ᠰᠢᠩ ᠭᠦᠸᠧ ᠳᠠᠬᠢᠨᠳᠠ ᠤᠲᠤᠭ ᠬᠣᠰᠢᠭᠤᠨ ᠳ᠋ᠤ ᠪᠤᠴᠠᠵᠤ ᠢᠷᠡᠯ᠎ᠠ᠃

1968 ᠣᠨ ᠤ᠋ 10 ᠰᠠᠷ᠎ᠠ ᠳ᠋ᠤ᠂ ᠵᠧᠦ ᠰᠢᠩ ᠭᠦᠸᠧ ᠨᠠᠨᠵᠢᠩ ᠡᠴᠡ ᠠᠯᠤᠰ ᠬᠤᠯᠠ ᠤᠷᠳᠤᠰ ᠬᠤᠳᠠ ᠶ᠋ᠢᠨ ᠤᠲᠤᠭ ᠬᠣᠰᠢᠭᠤᠨ ᠳ᠋ᠤ ᠬᠦᠳᠡᠭᠡ ᠪᠠᠭᠤᠵᠤ᠂ ᠤᠳᠤᠭ ᠤ᠋ᠨ ᠮᠠᠯᠴᠢᠨ ᠳᠦᠮᠡᠨ ᠳᠠᠢ ᠬᠠᠮᠳᠤ ᠵᠤᠤᠵᠠᠢ ᠬᠤᠯᠪᠤᠨ᠂ ᠦᠷᠭᠡᠨ ᠠᠭᠤᠳᠠᠮ ᠳᠠᠯ᠎ᠠ ᠨᠤᠳᠤᠭ ᠲᠤ᠌ ᠵᠠᠯᠠᠭᠤ ᠽᠠᠨᠳᠠᠨ ᠨᠠᠰᠤ ᠪᠡᠨ ᠦᠩᠭᠡᠷᠡᠭᠦᠯᠦᠭᠰᠡᠨ ᠪᠠᠢᠳᠠᠭ᠃ ᠤᠳᠤ ᠨᠢᠭᠡᠨᠲᠡ ᠨᠠᠶᠠᠨ ᠨᠠᠰᠤ ᠵᠢ ᠳᠦᠬᠦᠭᠰᠡᠨ ᠲᠡᠷᠡ ᠪᠡᠷ ᠬᠠᠭᠠᠰ ᠨᠠᠰᠤ ᠪᠡᠷ ᠵᠢᠡᠨ ᠬᠠᠳᠠᠭᠠᠯᠠᠭᠰᠠᠨ 100 ᠲᠦᠮᠡᠨ ᠲᠥᠭᠥᠷᠢᠭ ᠶ᠋ᠢᠡᠨ ᠬᠤᠶᠠᠳᠠᠬᠢ ᠳᠦᠷᠦᠭᠰᠡᠨ ᠨᠤᠳᠤᠭ ᠪᠤᠯᠬᠤ ᠤᠳᠤᠭ ᠬᠤᠰᠢᠭᠤᠨ ᠳ᠋ᠤ ᠬᠠᠨᠳᠢᠪᠯᠠᠵᠠᠢ᠃



ᠰᠡᠬᠡᠬᠡᠳᠡᠨ ᠪᠠᠢᠬᠤ ᠦᠶ᠎ᠠ᠎ᠳᠤ


《ᠮᠠᠨ ᠢ᠋ ᠬᠠᠮᠤᠭ ᠤ᠋ᠨ ᠬᠦᠴᠢᠷᠳᠠᠢ ᠦᠶ᠎ᠡ᠎ᠳᠤ ᠤᠳᠤᠭ ᠬᠤᠰᠢᠭᠤᠨ ᠤ᠋ ᠮᠠᠯᠴᠢᠨ ᠳᠦᠮᠡᠨ ᠴᠢᠩ ᠰᠡᠳᠬᠢᠯ ᠡᠴᠡ ᠪᠡᠨ ᠬᠠᠪᠰᠤᠷᠤᠯ᠎ᠠ᠂ ᠦᠯᠦᠰᠬᠦᠯᠡᠩ ᠬᠠᠳᠠᠭᠤ ᠴᠠᠭ ᠦᠶ᠎ᠡ ᠳ᠋ᠤ ᠬᠠᠭᠤᠷᠤᠭᠰᠠᠨ ᠠᠮᠤ᠂ ᠰᠦ ᠳᠠᠢ ᠴᠠᠢ᠂ ᠡᠷᠳᠡᠨᠢ ᠰᠢᠰᠢ ᠶ᠋ᠢᠨ ᠪᠤᠳᠠᠭ᠎ᠠ᠂ ᠴᠢᠨᠠᠭᠰᠠᠨ ᠮᠢᠬ᠎ᠠ ᠵᠡᠷᠭᠡ ᠪᠡᠷ ᠮᠠᠨ ᠢ᠋ ᠬᠠᠷᠠᠮ ᠦᠭᠡᠢ ᠵᠤᠴᠢᠯᠠᠵᠤ ᠪᠠᠢᠵᠠᠢ᠃ ᠡᠨᠡ ᠬᠦ᠌ ᠬᠠᠢᠷ᠎ᠠ ᠬᠠᠯᠠᠮᠵᠢ ᠵᠢ ᠬᠠᠷᠢᠭᠤᠯᠠᠬᠤ ᠪᠤᠯ ᠮᠢᠨᠤ ᠦᠳᠡᠯᠦᠭᠡ ᠨᠠᠰᠤᠨ ᠤ᠋ ᠬᠠᠮᠤᠭ ᠤ᠋ᠨ ᠳᠤᠮᠤ ᠬᠦᠰᠡᠯ ᠡ》 ᠭᠡᠵᠦ ᠵᠧᠤ ᠰᠢᠩ ᠬᠦᠸᠧ 2026 ᠣᠨ ᠤ᠋ 8 ᠰᠠᠷ᠎ᠠ ᠵᠢᠨ 7 ᠤ᠋ ᠡᠳᠦᠷ ᠤᠲᠤᠭ ᠬᠣᠰᠢᠭᠤᠨ ᠳ᠋ᠡᠬᠢ ᠬᠠᠨᠳᠢᠪᠯᠠᠬᠤ ᠶᠤᠰᠤᠯᠠᠯ ᠤ᠋ᠨ ᠳᠤᠬᠠᠢ ᠶ᠋ᠢᠨ ᠳᠠᠯᠠᠪᠠᠢ ᠳ᠋ᠤ ᠰᠡᠳᠬᠢᠯ ᠳᠤᠭᠳᠤᠯᠤᠨ ᠶᠠᠷᠢᠭᠰᠠᠨ ᠪᠢᠯᠡ᠃

ᠲᠤᠬᠠᠢ ᠵᠢᠨ ᠦᠶ᠎ᠡ ᠳ᠋ᠤ ᠨᠠᠨᠵᠢᠩ ᠤ᠋ᠨ ᠶᠢᠰᠦᠳᠦᠭᠡᠷ ᠳᠤᠮᠳᠠᠳᠤ ᠰᠤᠷᠭᠠᠭᠤᠯᠢ ᠡᠴᠡ ᠢᠷᠡᠭᠰᠡᠨ ᠰᠡᠬᠡᠭᠡᠲᠡᠨ ᠵᠠᠯᠠᠭᠤᠴᠤᠳ ᠤ᠋ᠨ ᠣᠯᠠᠩᠬᠢ ᠨᠢ ᠠᠷᠪᠠᠰ ᠰᠤᠮᠤᠨ ᠳ᠋ᠤ ᠬᠤᠪᠢᠶᠠᠭᠳᠠᠵᠤ᠂ ᠵᠧᠦ ᠰᠢᠩ ᠭᠦᠸᠧ ᠲᠤᠬᠠᠢ ᠵᠢᠨ ᠦᠶ᠎ᠡ ᠵᠢᠨ ᠡᠷᠭᠡᠳᠤ ᠶᠡᠬᠡ ᠪᠠᠷᠢᠭᠠᠳᠠ ᠳ᠋ᠤ ᠬᠤᠪᠢᠶᠠᠭᠳᠠᠵᠠᠢ᠃ ᠬᠦᠪᠡᠭᠡ ᠬᠢᠵᠠᠭᠠᠷ ᠨᠢ ᠬᠠᠷᠠᠭᠳᠠᠬᠤ ᠦᠭᠡᠢ ᠲᠠᠯ᠎ᠠ ᠨᠤᠲᠤᠭ᠂ ᠦᠨᠡᠨᠴᠢ ᠰᠢᠳᠤᠷᠭᠤ ᠡᠶᠡᠯᠳᠡᠭ ᠵᠤᠴᠢᠨᠰᠠᠭ ᠮᠠᠯᠴᠢᠳ ᠠᠯᠤᠰ ᠬᠤᠯᠠ ᠡᠴᠡ ᠬᠦᠷᠦᠯᠴᠡᠨ ᠢᠷᠡᠭᠰᠡᠨ ᠡᠳᠡᠭᠡᠷ ᠵᠠᠯᠠᠭᠤᠴᠤᠳ ᠢ᠋ ᠬᠠᠯᠠᠭᠤᠨ ᠳᠤᠲᠤᠨᠤ ᠪᠡᠷ ᠬᠦᠯᠢᠶᠡᠨ ᠠᠪᠤᠯ᠎ᠠ᠃ ᠬᠦᠳᠡᠭᠡ ᠨᠤᠲᠤᠭ ᠤ᠋ᠨ ᠮᠠᠯ ᠠᠵᠤ ᠠᠬᠤᠢ ᠦᠢᠯᠡᠳᠪᠦᠷᠢᠯᠡᠯ ᠠᠮᠢᠳᠤᠷᠠᠯ ᠳᠤᠮᠳᠠ ᠨᠠᠨᠵᠢᠩ ᠡᠴᠡ ᠢᠷᠡᠭᠰᠡᠨ ᠰᠡᠭᠡᠭᠡᠳᠡᠨ ᠵᠠᠯᠠᠭᠤᠴᠤᠳ ᠶᠡᠬᠡ ᠪᠠᠷᠢᠭᠠᠳᠠ ᠵᠢᠨ ᠮᠠᠯᠴᠢᠨ ᠠᠬ᠎ᠠ ᠳᠡᠬᠦᠦ ᠨᠠᠷ ᠳᠠᠢ ᠬᠠᠮᠳᠤ ᠤᠰᠤᠨ ᠴᠥᠭᠥᠷᠥᠮ ᠮᠠᠯᠳᠠᠬᠤ᠂ ᠬᠤᠳᠳᠤᠭ ᠦᠷᠦᠮᠳᠡᠬᠦ᠂ ᠮᠠᠯ ᠬᠠᠷᠢᠭᠤᠯᠵᠤ ᠲᠥᠯ ᠲᠣᠰᠬᠤ᠂ ᠳᠡᠮᠡᠭᠡᠨ ᠵᠢᠩ ᠤ᠋ᠨ ᠠᠶᠠᠨ ᠳ᠋ᠤ ᠶᠠᠪᠤᠬᠤ᠂ ᠨᠡᠭᠦᠷᠡᠰᠦ ᠮᠠᠯᠳᠠᠬᠤ ᠵᠡᠷᠭᠡ ᠠᠵᠢᠯ ᠬᠦᠳᠡᠯᠮᠦᠷᠢ ᠳ᠋ᠤ ᠤᠷᠤᠯᠴᠠᠨ᠂ ᠬᠠᠮᠳᠤ ᠪᠡᠷ ᠠᠵᠢᠯᠯᠠᠵᠤ ᠬᠠᠷᠢᠯᠴᠠᠨ ᠬᠠᠪᠰᠤᠷᠤᠯᠴᠠᠬᠤ ᠳᠤᠮᠳᠠ ᠬᠦᠨ ᠵᠤᠵᠠᠭᠠᠨ ᠨᠦᠬᠦᠷᠯᠡᠯ ᠲᠠᠢ ᠪᠤᠯᠵᠠᠢ᠃



ᠵᠸᠤ ᠰᠢᠩ ᠬᠦᠸᠸ


ᠲᠡᠷᠡ ᠦᠶ᠎ᠡ ᠵᠢᠨ ᠰᠡᠬᠡᠭᠡᠲᠡᠨ ᠤ᠋ ᠠᠮᠢᠳᠤᠷᠠᠯ ᠰᠠᠨᠠᠭᠠᠨ᠎ᠳᠤ ᠨᠡᠢᠴᠡᠮᠡᠷ ᠢᠯᠭᠤᠮ ᠰᠢᠯᠤᠭᠤᠨ ᠪᠢᠰᠢ ᠪᠠᠢᠪᠠ᠃ ᠵᠧᠤ ᠰᠢᠩ ᠭᠦᠸᠧ ᠨᠢᠭᠡ ᠤᠳᠠᠭ᠎ᠠ ᠲᠡᠮᠳᠡᠭᠯᠡᠯ ᠶ᠋ᠢᠡᠨ ᠡᠮᠬᠢᠯᠡᠨ ᠳᠤᠰᠢᠶᠠᠬᠤ ᠳ᠋ᠠᠭᠠᠨ ᠬᠢᠴᠢᠶᠡᠮᠵᠢ ᠦᠭᠡᠢ ᠪᠡᠷ ᠤᠷᠢᠶ᠎ᠠ ᠯᠣᠽᠦ᠋ᠩ ᠤ᠋ᠨ ᠦᠭᠡ ᠦᠰᠦᠭ ᠢ᠋ ᠲᠣᠩᠭᠣᠷᠠᠭᠤᠯᠤᠨ ᠪᠢᠴᠢᠭᠡᠳ ᠬᠡᠷᠡᠭ ᠲᠤ᠌ ᠬᠤᠯᠪᠤᠭᠳᠠᠵᠠᠢ᠃ ᠠᠶᠦᠯ ᠳᠦᠭᠰᠢᠬᠦᠷᠢ ᠳᠠᠢ ᠲᠡᠷᠡ ᠬᠦ᠌ ᠴᠠᠭ ᠦᠶ᠎ᠡ ᠳ᠋ᠤ ᠤᠳᠤᠭ ᠬᠤᠰᠢᠭᠤᠨ ᠤ᠋ ᠨᠠᠮ ᠤ᠋ᠨ ᠬᠤᠷᠢᠶᠠᠨ ᠤ᠋ ᠤᠬᠠᠭᠤᠯᠬᠤ ᠬᠡᠯᠲᠡᠰ ᠤ᠋ᠨ ᠳᠠᠷᠤᠭ᠎ᠠ ᠪᠠᠢᠭᠰᠠᠨ ᠮᠦ᠍ ᠰᠢᠶᠠᠩ ᠶᠠᠩ ᠡᠴᠡ ᠵᠧᠤ ᠰᠢᠩ ᠭᠦᠸᠧ ᠵᠢ ᠵᠤᠷᠢᠭᠤᠳᠠ ᠪᠢᠰᠢ ᠬᠢᠴᠢᠶᠡᠮᠵᠢ ᠦᠭᠡᠢ ᠡᠴᠡ ᠪᠤᠯᠤᠭᠰᠠᠨ ᠬᠡᠳᠡᠭ ᠢ᠋ ᠢᠳᠡᠭᠡᠨ ᠪᠠᠳᠤᠯᠠᠵᠤ᠂ ᠨᠠᠷᠢᠨ ᠨᠢᠮᠪᠡᠢ ᠬᠢᠨᠠᠨ ᠬᠠᠷᠭᠤᠭᠤᠯᠤᠭᠠᠳ᠂ ᠳᠡᠬᠦᠨ ᠢ᠋ ᠬᠠᠪᠰᠤᠷᠤᠨ ᠬᠡᠷᠡᠭ ᠤᠴᠢᠷ ᠢ᠋ ᠨᠢ ᠰᠢᠢᠳᠪᠦᠷᠢᠯᠡᠵᠦ ᠦᠭᠴᠡᠢ᠃ 《ᠳᠠᠭᠠᠷᠠᠭᠰᠠᠨ ᠬᠦᠮᠦᠨ ᠳ᠋ᠤ ᠳᠠᠬᠤ ᠬᠦᠷᠬᠡᠨ᠎ᠡ》 ᠬᠡᠭᠴᠢ ᠪᠡᠷ ᠬᠦᠴᠢᠷᠳᠠᠢ ᠦᠶ᠎ᠡ ᠳ᠋ᠤ ᠬᠠᠪᠰᠤᠷᠤᠭᠰᠠᠨ ᠢ᠋ ᠨᠢ ᠵᠧᠤ ᠰᠢᠩ ᠭᠦᠸᠧ ᠨᠠᠰᠤᠨ ᠳᠤᠷᠰᠢᠳᠠ ᠴᠡᠭᠡᠵᠢᠯᠡᠨ ᠶᠠᠪᠤᠵᠠᠢ᠃

ᠰᠡᠭᠦᠯᠡᠷ ᠨᠢ ᠵᠧᠤ ᠰᠢᠩ ᠭᠦᠸᠧ ᠬᠤᠪᠢᠶᠠᠷᠢ ᠪᠠᠭ᠎ᠠ ᠠᠩᠭᠢ ᠵᠢᠨ ᠳᠠᠷᠤᠭ᠎ᠠ ᠵᠢᠨ ᠲᠤᠰᠢᠶᠠᠯ ᠢ᠋ ᠬᠠᠷᠢᠭᠤᠴᠠᠨ᠂ ᠪᠠᠭ᠎ᠠ ᠠᠩᠭᠢ ᠵᠢᠨ ᠬᠡᠳᠦᠨ ᠠᠷᠪᠠᠨ ᠬᠥᠮᠥᠨ ᠤ᠋ ᠬᠤᠭᠤᠯᠠ ᠤᠮᠳᠠ ᠬᠤᠨᠤᠭ ᠪᠠᠢᠷᠢ ᠵᠢ ᠳᠤᠬᠢᠷᠠᠭᠤᠯᠳᠠᠭ ᠪᠠᠢᠪᠠ᠃ ᠬᠥᠳᠡᠯᠮᠦᠷᠢ ᠵᠢᠨ ᠴᠢᠯᠦᠭᠡ ᠵᠠᠪ ᠶ᠋ᠢᠡᠷ ᠶ᠋ᠢᠡᠨ ᠲᠡᠷᠡ ᠲᠠᠯ᠎ᠠ ᠨᠤᠲᠤᠭ ᠲᠤ᠌ ᠪᠤᠯᠤᠭᠰᠠᠨ ᠤᠴᠢᠷ ᠶᠠᠪᠤᠳᠠᠯ ᠪᠠ ᠠᠭᠤᠯᠵᠠᠭᠰᠠᠨ ᠬᠥᠮᠥᠨ ᠶ᠋ᠢᠡᠨ ᠲᠡᠮᠳᠡᠭᠯᠡᠵᠦ᠂ ᠵᠤᠬᠢᠶᠠᠯ ᠪᠤᠯᠭᠠᠨ ᠪᠢᠴᠢᠭᠡᠳ ᠤᠷᠳᠤᠰ ᠤ᠋ᠨ ᠡᠳᠦᠷ ᠤ᠋ᠨ ᠰᠤᠨᠢᠨ ᠳ᠋ᠤ ᠨᠡᠢᠳᠡᠯᠡᠬᠦᠯᠵᠦ ᠪᠠᠢᠵᠠᠢ᠃ 1976 ᠣᠨ ᠳ᠋ᠤ ᠤᠯᠠᠩᠭᠢ ᠰᠡᠬᠡᠭᠡᠲᠡᠨ ᠵᠠᠯᠠᠭᠤᠴᠤᠳ ᠬᠣᠢᠨ᠎ᠠ ᠬᠣᠢᠨ᠎ᠠ ᠡᠴᠡ ᠪᠡᠨ ᠨᠤᠲᠤᠭ ᠲᠠᠭᠠᠨ ᠪᠤᠴᠠᠬᠤ ᠳ᠋ᠤ ᠵᠧᠤ ᠰᠢᠩ ᠭᠦᠸᠧ ᠬᠠᠷᠢᠨ ᠬᠠᠶ᠋ᠢᠷᠤᠪ ᠤ᠋ᠨ ᠲᠣᠬᠣᠢ ᠵᠢᠨ ᠨᠡᠭᠦᠷᠡᠰᠦᠨ ᠠᠭᠤᠷᠬᠠᠢ ᠳ᠋ᠤ ᠨᠠᠢ᠍ᠮᠠᠨ ᠵᠢᠯ ᠠᠵᠢᠯᠯᠠᠪᠠ᠃ ᠰᠡᠬᠦᠯᠡᠷ ᠨᠢ ᠲᠡᠷᠡ ᠤᠷᠢᠳ ᠬᠣᠵᠢᠳ 《ᠦᠬᠠᠢ ᠵᠢᠨ ᠡᠳᠦᠷ ᠤ᠋ᠨ ᠰᠣᠨᠢᠨ》᠂ 《ᠶᠠᠩᠵᠸᠤ ᠵᠢᠨ ᠡᠳᠦᠷ ᠤ᠋ᠨ ᠰᠣᠨᠢᠨ》᠂ 《ᠵᠢᠶᠠᠩᠰᠤ ᠵᠢᠨ ᠠᠵᠤ ᠠᠬᠤᠢ ᠵᠢᠨ ᠰᠣᠨᠢᠨ》 ᠳ᠋ᠤ ᠠᠵᠢᠯᠯᠠᠵᠤ᠂ ᠠᠵᠢᠯ ᠡᠴᠡ ᠪᠡᠨ ᠠᠮᠠᠷᠠᠭᠰᠠᠨ ᠤ᠋ ᠲᠠᠷᠠᠭ᠎ᠠ ᠵᠢᠶᠠᠩᠰᠤ ᠮᠤᠵᠢ ᠵᠢᠨ ᠰᠣᠷᠪᠣᠯᠵᠢᠯᠠᠭ᠍ᠴᠢᠳ ᠤ᠋ᠨ ᠨᠡᠢᠭᠡᠮᠯᠢᠭ ᠤ᠋ᠨ ᠰᠣᠨᠢᠨ ᠮᠡᠳᠡᠭᠡᠨ ᠤ᠋ ᠲᠥᠪ ᠤ᠋ᠨ ᠡᠷᠬᠢᠯᠡᠭᠴᠢ ᠵᠢᠨ ᠲᠤᠰᠢᠶᠠᠯ ᠢ᠋ ᠬᠠᠷᠢᠭᠤᠴᠠᠵᠤ ᠪᠡᠢᠵᠡᠢ᠃ ᠵᠧᠦ ᠰᠢᠩ ᠭᠦᠸᠧ ᠤᠷᠢᠳ ᠬᠣᠵᠢᠳ 《ᠲᠠᠯ᠎ᠠ ᠨᠤᠲᠤᠭ ᠤ᠋ᠨ ᠬᠦᠨ ᠳ᠋ᠡᠬᠢ ᠵᠠᠯᠠᠭᠤ ᠨᠠᠰᠤᠨ ᠤ᠋ ᠤᠯᠠ ᠮᠥᠷ》᠂ 《ᠦᠬᠠᠢ᠂ ᠲᠡᠷᠡ ᠬᠦ᠌ ᠳᠦᠷᠡᠯᠵᠡᠭᠰᠡᠨ ᠬᠠᠯᠠᠭᠤᠨ ᠬᠥᠷᠥᠰᠥ》 ᠵᠡᠷᠭᠡ ᠪᠦᠲᠦᠭᠡᠯ ᠤ᠋ᠳ ᠢ᠋ ᠳᠤᠭᠤᠷᠪᠢᠯ᠎ᠠ᠃ 《ᠠᠪᠤ ᠶ᠋ᠢᠨ ᠪᠢᠴᠢᠭᠰᠡᠨ ᠰᠡᠬᠡᠭᠡᠲᠡᠨ ᠤ᠋ ᠠᠮᠢᠳᠤᠷᠠᠯ ᠳ᠋ᠦ ᠪᠤᠬᠢᠨᠢᠳᠤᠯ ᠭᠠᠭᠴᠠᠭᠠᠷᠳᠠᠯ ᠪᠠ ᠨᠤᠳᠤᠭ ᠤᠰᠤᠨ᠎ᠤ ᠲᠤᠬᠠᠢ ᠳᠤᠷᠠᠰᠤᠮᠵᠢ ᠮᠦᠷᠦᠭᠡᠳᠦᠯ ᠪᠠᠢᠳᠠᠭ ᠦᠭᠡᠢ᠂ ᠬᠠᠷᠢᠨ ᠦᠭᠡ ᠦᠬᠦᠯᠡᠪᠦᠷᠢ᠎ᠳᠤᠨᠢ ᠬᠠᠯᠠᠭᠤᠨ ᠰᠡᠳᠬᠢᠯ ᠪᠢᠯᠬᠠᠨ᠂ ᠳᠤᠬᠠᠢ ᠶ᠋ᠢᠨ ᠭᠠᠵᠠᠷ ᠤ᠋ᠨ ᠬᠦᠮᠦᠰ ᠲᠤ᠌ ᠳᠠᠯᠠᠷᠬᠠᠬᠤ ᠰᠡᠳᠬᠢᠯᠭᠡ ᠢᠯᠡᠷᠡᠵᠦ ᠪᠠᠢᠳᠠᠭ》 ᠭᠡᠵᠦ ᠥᠬᠢᠨ ᠵᠧᠦ ᠴᠢᠶᠠᠨ ᠨᠢ ᠠᠪᠤ ᠵᠢᠨ ᠶ᠋ᠢᠡᠨ ᠵᠤᠬᠢᠶᠠᠯ ᠪᠦᠳᠦᠭᠡᠯ ᠤ᠋ᠳ ᠤ᠋ᠨ ᠳᠤᠬᠠᠢ ᠶᠠᠷᠢᠬᠰᠠᠨ ᠪᠢᠯᠠ᠃



ᠮᠦᠩᠬᠦ ᠬᠠᠨᠳᠢᠪᠯᠡᠬᠤ ᠳᠤᠬᠠᠢ ᠵᠢᠨ ᠲᠠᠯᠠᠪᠡᠢ᠎ᠳᠤ


ᠭᠤᠷᠪᠠᠨ ᠵᠢᠯ ᠤ᠋ᠨ ᠡᠮᠦᠨ᠎ᠡ ᠵᠧᠦ ᠰᠢᠩ ᠭᠦᠸᠧ ᠥᠮᠡᠨ ᠡᠪᠡᠳᠴᠢᠨ ᠳ᠋ᠤ ᠨᠡᠷᠪᠡᠭᠳᠡᠭᠰᠡᠨ ᠪᠣᠯᠪᠠᠴᠤ ᠬᠦᠳᠡᠭᠡ ᠪᠠᠭᠤᠵᠤ ᠪᠠᠢᠭᠰᠠᠨ ᠬᠤᠶᠠᠳᠠᠬᠢ ᠳᠦᠷᠦᠭᠰᠡᠨ ᠨᠤᠳᠤᠭ ᠪᠤᠯᠬᠤ ᠤᠳᠤᠭ ᠬᠣᠰᠢᠭᠤᠨ ᠤ᠋ ᠬᠦᠮᠦᠨ ᠠᠷᠠᠳ ᠶ᠋ᠢᠡᠨ ᠮᠠᠰᠢ ᠰᠠᠨᠠᠭᠠᠯᠵᠠᠳᠠᠭ᠃ ᠲᠡᠭᠡᠭᠡᠳ ᠡᠨᠡ ᠵᠢᠯ ᠤ᠋ᠨ 8 ᠰᠠᠷ᠎ᠠ ᠳ᠋ᠤ ᠵᠧᠦ ᠰᠢᠩ ᠭᠦᠸᠧ ᠳᠠᠬᠢᠨᠳᠠ ᠣᠲᠣᠭ ᠬᠣᠰᠢᠭᠤᠨ ᠳ᠋ᠤ ᠢᠷᠡᠭᠡᠳ ᠤᠳᠤᠭ ᠬᠤᠰᠢᠭᠤᠨ ᠤ᠋ ᠨᠢᠭᠦᠯᠡᠰᠦᠩᠭᠦᠢ ᠵᠢᠨ ᠶᠡᠷᠦᠩᠬᠡᠢ ᠨᠡᠢᠭᠡᠮᠯᠢᠭ ᠲᠦ᠍ 100 ᠲᠦᠮᠡᠨ ᠲᠥᠭᠥᠷᠢᠭ ᠬᠠᠨᠳᠢᠪᠯᠡᠬᠤ ᠵᠢᠨ ᠬᠠᠮᠲᠤ ᠣᠲᠣᠭ ᠬᠣᠰᠢᠭᠤᠨ ᠤ᠋ ᠠᠷᠠᠳ ᠤ᠋ᠨ ᠶᠠᠪᠤᠳᠠᠯ ᠤ᠋ᠨ ᠲᠣᠪᠴᠢᠶ᠎ᠠ᠂ ᠣᠲᠣᠭ ᠬᠤᠰᠢᠭᠤᠨ ᠤ᠋ ᠨᠢᠭᠦᠯᠡᠰᠦᠩᠭᠦᠢ ᠵᠢᠨ ᠶᠡᠷᠦᠩᠬᠡᠢ ᠡᠪᠯᠡᠯ᠂ ᠣᠲᠣᠭ ᠬᠤᠰᠢᠭᠤᠨ ᠤ᠋ ᠠᠷᠠᠳ ᠤ᠋ᠨ ᠡᠮᠨᠡᠯᠭᠡ ᠵᠢᠨ ᠬᠣᠷᠢᠶ᠎ᠠ ᠲᠠᠢ ᠬᠠᠮᠲᠤ 《ᠬᠦᠨᠳᠦ ᠡᠪᠡᠳᠴᠢᠨ ᠤ᠋ ᠨᠢᠭᠦᠯᠡᠰᠦᠩᠭᠦᠢ ᠵᠢᠨ ᠠᠪᠤᠷᠠᠨ ᠲᠤᠰᠠᠯᠠᠬᠤ ᠲᠤᠰᠬᠠᠢ ᠲᠥᠷᠥᠯ ᠤ᠋ᠨ ᠨᠡᠶ᠋ᠢᠲᠡ ᠵᠢᠨ ᠠᠰᠠᠷᠠᠮᠵᠢ ᠵᠢᠨ ᠬᠠᠮᠲᠤᠷᠠᠯᠴᠠᠭᠠᠨ ᠤ᠋ ᠬᠡᠯᠡᠯᠴᠡᠭᠡᠷ》 ᠲᠤ᠌ ᠭᠠᠷ ᠤ᠋ᠨ ᠥᠰᠥᠭ ᠵᠢᠷᠤᠵᠤ᠂ ᠬᠠᠨᠳᠢᠪ ᠤ᠋ᠨ ᠮᠥᠩᠭᠥ ᠵᠢ ᠡᠮᠡᠭᠲᠡᠢᠴᠦᠳ ᠤ᠋ᠨ ᠲᠤᠰᠬᠠᠢ ᠰᠠᠯᠠᠭᠠᠨ ᠤ᠋ ᠡᠪᠡᠳᠴᠢᠨ᠂ ᠤᠷᠢᠳᠤ ᠪᠤᠯᠴᠢᠷᠬᠠᠢ ᠵᠢᠨ ᠡᠪᠡᠳᠴᠢᠨ᠂ ᠶᠠᠰᠤᠨ ᠤ᠋ ᠰᠠᠯᠠᠭᠠᠨ ᠤ᠋ ᠡᠪᠡᠳᠴᠢᠨ ᠳ᠋ᠤ ᠬᠡᠷᠡᠭᠯᠡᠬᠦ ᠵᠢ ᠳᠤᠭᠳᠠᠭᠠᠨ᠂ ᠨᠠᠷᠢᠯᠢᠭ᠋ ᠣᠨᠣᠴᠠᠲᠠᠢ ᠬᠠᠪᠰᠤᠷᠤᠨ ᠲᠡᠳᠬᠦᠵᠦ᠂ ᠬᠠᠨᠳᠢᠪ ᠤ᠋ᠨ ᠮᠦᠩᠬᠦ ᠵᠢ ᠬᠡᠷᠡᠭᠯᠡᠬᠦ ᠳ᠋ᠤ ᠪᠥᠬᠥ ᠶᠠᠪᠤᠴᠠ ᠳ᠋ᠤ ᠵᠠᠷᠯᠠᠨ ᠨᠡᠢᠲᠡᠯᠡᠬᠦ᠂ ᠬᠢᠨᠠᠨ ᠬᠠᠮᠢᠶᠠᠷᠬᠤ ᠪᠡᠷ ᠬᠠᠮᠳᠤ ᠳ᠋ᠤᠨᠢ ᠳᠤᠭᠳᠠᠭᠠᠵᠠᠢ᠃

ᠲᠡᠷᠡ ᠬᠦ᠌ ᠬᠠᠲᠠᠭᠤ ᠪᠡᠷᠬᠡᠰᠢᠶᠡᠯᠲᠠᠢ ᠣᠨ ᠵᠢᠯ ᠤ᠋ᠳ ᠲᠤ᠌ ᠮᠠᠯᠴᠢᠳ ᠪᠤᠯᠤᠨ ᠰᠡᠬᠡᠭᠡᠲᠡᠨ ᠵᠠᠯᠠᠭᠤᠴᠤᠳ ᠬᠠᠮᠳᠤ ᠪᠡᠷ ᠰᠠᠬᠢᠨ ᠪᠠᠷᠠᠯᠠᠵᠦ ᠬᠠᠷᠢᠯᠴᠠᠨ ᠬᠠᠪᠰᠤᠷᠤᠯᠴᠠᠵᠤ᠂ ᠬᠠᠷᠢᠯᠴᠠᠨ ᠬᠦᠨᠳᠦᠳᠬᠡᠵᠦ ᠬᠠᠷᠢᠯᠴᠠᠨ ᠬᠠᠢᠷᠠᠯᠠᠨ᠂ ᠭᠠᠵᠠᠷ ᠣᠷᠣᠨ ᠠᠯᠤᠰᠯᠠᠨ ᠭᠦᠨ ᠵᠤᠵᠠᠭᠠᠨ ᠨᠥᠬᠥᠷᠯᠡᠵᠦ᠂ ᠦᠨᠳᠦᠰᠦᠲᠡᠨ ᠤ᠋ ᠪᠦᠯᠬᠦᠮᠳᠡᠯ ᠤ᠋ᠨ ᠪᠣᠷᠣᠭᠵᠢᠭᠤᠨ ᠪᠥᠭᠡᠳ ᠰᠡᠳᠬᠢᠯ ᠬᠥᠳᠡᠯᠭᠡᠮ᠎ᠡ ᠦᠯᠢᠭᠡᠷ ᠢ᠋ ᠪᠢᠴᠢᠭᠯᠡᠭᠰᠡᠨ ᠶᠤᠮ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠵᠣᠣ ᠱᠦ᠍ ᠭᠤᠸᠠᠩ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ ᠎ᠤᠨ ᠮᠤᠩᠭᠤᠯ ᠬᠡᠯᠡᠨ᠎ᠦ ᠰᠤᠨᠢᠨ ᠮᠡᠳᠡᠭᠡ ᠎ᠶ᠋ᠢᠨ ᠰᠦᠯᠵᠢᠶ᠎ᠡ
兼容浏览器的HTML页面