2021-08-09 16:41:08

ᠤᠷᠠᠯᠢᠭ᠎ᠤᠨ ᠴᠢᠯᠦᠭᠡᠳᠦ ᠬᠠᠷᠭᠤᠢ᠎ᠳ᠋ᠤ ᠤᠷ᠎ᠠ ᠤᠬᠠᠭᠠᠨ᠎ᠢᠶᠡᠨ ᠰᠤᠷᠢᠵᠤ ᠶᠠᠪᠤᠭ᠎ᠠ ᠤᠷᠠᠨ ᠪᠢᠴᠢᠯᠭᠡᠳᠡᠨ ᠪᠦᠦ ᠪᠦᠦ ᠵᠦ ︵ ᠳᠤᠯᠭᠠᠭᠤᠷᠢ ︶ ᠂ 1971 ᠣᠨ᠎ᠳ᠋ᠤ ᠬᠢᠩᠭᠠᠨ ᠠᠶᠢᠮᠠᠭ᠎ᠤᠨ ᠬᠤᠷᠴᠢᠨ ᠪᠠᠷᠠᠭᠤᠨ ᠭᠠᠷᠤᠨ ᠳᠤᠮᠳᠠᠳᠤ ᠬᠤᠰᠢᠭᠤᠨ᠎ᠤ ᠪᠠᠶᠠᠨᠮᠠᠩᠬ᠎ᠠ ᠰᠤᠮᠤᠨ᠎ᠳ᠋ᠤ ᠳᠦᠷᠦᠵᠡᠶ ᠃ ᠲᠡᠷᠡ 1994 ᠣᠨ᠎ᠤ 9 ᠰᠠᠷ᠎ᠠ᠎ᠳ᠋ᠤ ᠬᠠᠶᠢᠯᠠᠷ᠎ᠤᠨ ᠪᠠᠭᠰᠢ᠎ᠶᠢᠨ ᠲᠤᠰᠬᠠᠶ ᠮᠡᠷᠭᠡᠵᠢᠯ᠎ᠤᠨ ᠰᠤᠷᠭᠠᠭᠤᠯᠢ᠎ᠶᠢᠨ ᠮᠣᠩᠭᠤᠯ ᠬᠡᠯᠡ ᠤᠳᠬ᠎ᠠ ᠵᠣᠬᠢᠶᠠᠯ᠎ᠤᠨ ᠰᠠᠯᠪᠤᠷᠢ᠎ᠡᠴᠠ ᠲᠡᠭᠦᠰᠴᠦ ᠂ 2001 ᠣᠨ᠎ᠳ᠋ᠤ ᠥᠪᠥᠷ ᠮᠣᠩᠭᠤᠯ᠎ᠤᠨ ᠦᠨᠳᠦᠰᠦᠲᠡᠨ᠎ᠤ ᠶᠡᠭᠡ ᠰᠤᠷᠭᠠᠭᠤᠯᠢ᠎ᠶᠢᠨ ᠮᠣᠩᠭᠤᠯ ᠬᠡᠯᠡ ᠤᠳᠬ᠎ᠠ ᠵᠣᠬᠢᠶᠠᠯ᠎ᠤᠨ ᠰᠠᠯᠪᠤᠷᠢ᠎ᠡᠴᠠ ᠲᠡᠭᠦᠰᠴᠡᠶ ᠃ ᠲᠡᠷᠡ᠎ᠪᠠᠷ ᠤᠳᠤ ᠥᠪᠥᠷ ᠮᠣᠩᠭᠤᠯ᠎ᠤᠨ ᠤᠷᠠᠨ ᠪᠢᠴᠢᠯᠬᠡᠴᠢᠳ᠎ᠤᠨ ᠨᠡᠶᠢᠭᠡᠮᠯᠢᠭ᠎ᠤᠨ ᠭᠡᠰᠢᠭᠦᠨ ᠂ ᠬᠥᠯᠥᠨ ᠪᠤᠶᠢᠷ ᠬᠤᠳᠠ᠎ᠶᠢᠨ ᠤᠷᠠᠨ ᠪᠢᠴᠢᠯᠬᠡᠴᠢᠳ᠎ᠤᠨ ᠨᠡᠶᠢᠭᠡᠮᠯᠢᠭ᠎ᠤᠨ ᠳᠡᠳ᠋ ᠲᠡᠷᠢᠭᠦᠯᠡᠭᠴᠢ ᠂ ᠬᠥᠯᠥᠨ ᠪᠤᠶᠢᠷ ᠬᠤᠳᠠ᠎ᠶᠢᠨ ᠰᠣᠶᠣᠯ᠎ᠢ ᠠᠬᠢᠭᠤᠯᠬᠤ ᠨᠡᠶᠢᠭᠡᠮᠯᠢᠭ᠎ᠤᠨ ᠬᠡᠷᠡᠭ ᠡᠷᠬᠢᠯᠡᠭᠴᠢ ᠂ ᠵᠡᠷᠬᠡ ᠨᠠᠶᠢᠬᠡᠮ᠎ᠤᠨ ᠡᠬᠦᠷᠬᠡ ᠲᠤᠰᠢᠶᠠᠯ᠎ᠢ ᠬᠠᠷᠢᠭᠤᠴᠠᠵᠤ ᠂ ᠤᠷᠠᠨ ᠪᠢᠴᠢᠯᠭᠡ᠎ᠪᠠᠷ᠎ᠢᠶᠡᠨ ᠤᠯᠤᠰ ᠤᠷᠤᠨ᠎ᠤ ᠱᠠᠩᠨᠠᠯ ᠬᠦᠬᠢᠬᠦᠯᠦᠯ᠎ᠢ ᠤᠯᠠᠨᠳᠠ ᠬᠦᠷᠳᠡᠭᠰᠡᠨ ᠬᠦᠯᠦᠨ ᠪᠤᠢᠷ ᠬᠤᠳᠠ᠎ᠶᠢᠨ ᠮᠤᠩᠭᠤᠯ ᠤᠷᠠᠨ ᠪᠢᠴᠢᠯᠭᠡ᠎ᠶᠢᠨ ᠪᠤᠳᠠᠰ᠎ᠤᠨ ᠪᠤᠰᠤ ᠰᠤᠶᠤᠯ᠎ᠤᠨ ᠦᠪ᠎ᠤᠨ ᠤᠯᠠᠮᠵᠢᠯᠠᠭᠴᠢ ᠪᠤᠯᠬᠤ ᠶᠤᠮ ᠃


ᠪᠤᠤ ᠪᠤᠤ ᠵᠦ ᠭᠡᠷ ᠪᠦᠯᠢ᠎ᠶᠢᠨ ᠨᠦᠯᠦᠭᠡ ᠪᠤᠯᠤᠨ ᠦᠪᠡᠷ᠎ᠤᠨ ᠤᠷ᠎ᠠ ᠠᠪᠢᠶᠠᠰᠢᠶᠠᠷᠢᠶᠡᠨ ᠪᠢᠷ ᠪᠡᠬᠡᠰ᠎ᠲᠠᠢ ᠨᠦᠬᠦᠷᠯᠡᠨ ᠮᠣᠩᠭᠤᠯ ᠤᠷᠠᠨ ᠪᠢᠴᠢᠯᠭᠡ ᠂ ᠲᠠᠮᠠᠭ᠎ᠠ ᠰᠡᠶᠢᠯᠦᠮᠡᠯ᠎ᠤᠨ ᠤᠷᠠᠯᠢᠭ᠎ᠤᠨ ᠬᠠᠷᠭᠤᠢ᠎ᠪᠠᠷ ᠵᠤᠷᠢᠭᠳᠠᠢ ᠲᠡᠮᠡᠤᠯᠵᠦ ᠂ ᠤᠷᠠᠨ ᠪᠢᠴᠢᠯᠭᠡ᠎ᠶᠢᠨ ᠬᠦᠷᠢᠶ᠎ᠠ ᠴᠠᠷᠠᠭ᠎ᠠ᠎ᠳ᠋ᠤ ᠠᠮᠵᠢᠯᠳᠠ᠎ᠪᠠᠷ ᠭᠠᠨᠵᠤᠭ᠎ᠠ ᠲᠦᠭᠦᠷᠡᠩ ᠪᠠᠶᠢᠭ᠎ᠠ ᠶᠤᠮ ᠃ ᠲᠡᠷᠡ᠎ᠪᠠᠷ ︽ ᠬᠠᠷᠠᠨᠳᠠ ᠪᠤᠯᠤᠳ ᠪᠢᠷ᠎ᠤᠨ ᠲᠠᠪᠤᠨ ᠱᠤᠭᠤᠮᠳᠥ ᠪᠠᠷᠢᠮᠵᠢᠶᠠᠳᠥ ᠪᠢᠴᠢᠯᠬᠡ ︾ ᠪᠠ ︽ ᠮᠤᠩᠭᠤᠯ ᠦᠰᠥᠨ ᠪᠢᠷ᠎ᠤᠨ ᠬᠢᠴᠢᠶᠠᠩᠬᠦᠢ ᠲᠢᠭ ︾ ᠭᠡᠬᠦ ᠬᠤᠶᠠᠷ ᠵᠢᠭᠠᠬᠤ ᠮᠠᠲ᠋ᠧᠷᠢᠶᠠᠯ᠎ᠢ ᠨᠠᠶᠢᠷᠠᠭᠤᠯᠤᠨ ᠪᠢᠴᠢᠪᠡ ᠃ ︽ ᠬᠠᠸᠠᠩᠵᠠᠪ᠎ᠤᠨ ᠲᠦᠪ ᠪᠢᠴᠢᠯᠬᠡ ︾ ᠂ ︽ ᠪᠣᠣᠱᠠᠨᠤ ᠲᠦᠪ ᠪᠢᠴᠢᠯᠬᠡ ︾ ᠂ ︽ ᠡᠷᠳᠡᠨᠢᠪᠦ᠋ᠭᠡᠶᠢᠨ ᠲᠦᠪ ᠪᠢᠴᠢᠯᠬᠡ ︾ ᠵᠡᠷᠭᠡ ︽ ᠮᠣᠩᠭᠤᠯ ᠰᠤᠳᠤᠨ ᠤᠷᠠᠨ ᠪᠢᠴᠢᠯᠬᠡ᠎ᠶᠢᠨ ᠲᠠᠭᠤᠷᠢᠶᠠᠮᠠᠯ ᠪᠢᠴᠢᠯᠬᠡ᠎ᠶᠢᠨ ᠴᠤᠪᠤᠷᠠᠯ ︾᠎ᠢ ᠡᠮᠬᠢᠳᠬᠡᠨ ᠨᠠᠶᠢᠷᠠᠭᠤᠯᠵᠤ ᠂ ᠬᠥᠯᠥᠨ ᠪᠤᠶᠢᠷ ᠶᠡᠭᠡ ᠰᠤᠷᠭᠠᠭᠤᠯᠢ᠎ᠶᠢᠨ ᠤᠷᠠᠨ ᠵᠢᠷᠤᠭ᠎ᠤᠨ ᠲᠠᠬᠡᠳᠤ ᠰᠤᠷᠭᠠᠭᠤᠯᠢ᠎ᠶᠢᠨ ᠮᠣᠩᠭᠤᠯ ᠤᠷᠠᠨ ᠪᠢᠴᠢᠯᠭᠡ᠎ᠶᠢᠨ ᠠᠩᠬᠢ᠎ᠶᠢᠨ ᠵᠢᠭᠠᠬᠤ ᠮᠠᠲ᠋ᠧᠷᠢᠶᠠᠯ ᠪᠤᠯᠭᠠᠨ ᠬᠡᠷᠡᠭᠯᠡᠵᠡᠢ ᠃
ᠦᠢᠷ᠎ᠠ᠎ᠳ᠋ᠤ ᠪᠤᠤ ᠪᠤᠤ ᠵᠦ ᠨᠦᠬᠦᠷ ᠪᠠᠰᠠ ᠨᠠᠮ ᠪᠠᠶᠢᠭᠤᠯᠤᠭᠳᠠᠭᠰᠠᠨ ᠵᠠᠭᠤᠨ ᠵᠢᠯ᠎ᠤᠨ ᠤᠢᠳ᠋ᠤ ᠵᠤᠷᠢᠭᠤᠯᠤᠨ ︽ ᠳᠤᠮᠳᠠᠲᠤ᠎ᠶᠢᠨ ᠰᠠᠶᠢᠬᠠᠨ ᠰᠤᠷᠲᠠᠯ ᠰᠤᠳᠤᠨ ᠰᠤᠷᠭᠠᠯ ︾ ᠪᠠ ︽ ᠲᠤᠮᠳᠠᠳᠤ ᠤᠯᠤᠰ᠎ᠤᠨ ᠡᠪ ᠬᠠᠮᠳᠤ ᠨᠠᠮ ᠪᠠᠶᠢᠭᠤᠯᠤᠭᠳᠠᠭᠰᠠᠨ ᠵᠠᠭᠤᠨ ᠵᠢᠯ᠎ᠤᠨ ᠤᠬᠠᠭᠤᠯᠭ᠎ᠠ᠎ᠶᠢᠨ ᠤᠷᠢᠶ᠎ᠠ ᠯᠤᠽᠦ᠋ᠩ ︾ ᠭᠡᠬᠦ ᠬᠤᠶᠠᠷ ᠨᠤᠮ᠎ᠢ ᠪᠢᠴᠢᠵᠦ ᠭᠠᠷᠭᠠᠪᠠ ᠃ ᠡᠭᠦᠨ᠎ᠳ᠋ᠤ ᠂ ︽ ᠳᠤᠮᠳᠠᠲᠤ᠎ᠶᠢᠨ ᠰᠠᠶᠢᠬᠠᠨ ᠰᠤᠷᠲᠠᠯ ᠰᠤᠳᠤᠨ ᠰᠤᠷᠭᠠᠯ ︾ ᠭᠡᠬᠦ ᠨᠤᠮ᠎ᠨᠢ ᠭᠤᠤᠯᠳᠠᠭᠤ ᠳᠤᠮᠳᠠᠲᠤ᠎ᠶᠢᠨ ᠦᠨᠳᠦᠰᠦᠲᠡᠨ᠎ᠤ ᠬᠡᠳᠦᠨ ᠮᠢᠩᠭᠠᠨ ᠵᠢᠯ᠎ᠤᠨ ᠬᠤᠭᠤᠴᠠᠭᠠᠨ᠎ᠤ ᠦᠢᠯᠡᠳᠦᠯᠭᠡ ᠠᠮᠢᠳᠤᠷᠠᠯ᠎ᠤᠨ ᠳᠤᠮᠳᠠ ᠪᠦᠷᠢᠯᠳᠦᠵᠦ ᠬᠦᠭᠵᠢᠭᠰᠡᠨ ᠰᠤᠶᠤᠯ ᠂ ᠲᠡᠤᠬᠡ ᠂ ᠬᠦᠨ ᠤᠬᠠᠭᠠᠨ ᠂ ᠤᠯᠤᠰ ᠲᠦᠷᠦ ᠵᠡᠷᠭᠡ ᠤᠯᠠᠨ ᠬᠦᠷᠢᠶ᠎ᠡ ᠬᠡᠪᠴᠢᠶ᠎ᠡ᠎ᠶᠢ ᠬᠠᠮᠤᠷᠤᠭᠰᠠᠨ ᠰᠤᠩᠭᠤᠳᠠᠭ ᠰᠤᠷᠭᠠᠯ ᠦᠬᠦᠯᠡᠪᠦᠷᠢ᠎ᠶᠢ ᠰᠤᠩᠭᠤᠨ ᠤᠷᠤᠭᠤᠯᠵᠤ ᠂ ᠮᠤᠷᠠᠯ᠎ᠤᠨ ᠬᠦᠮᠦᠵᠢᠯ᠎ᠤᠨ ᠳᠡᠰ ᠳᠠᠷᠠᠭ᠎ᠠ᠎ᠪᠠᠷ ᠮᠠᠷᠠᠶᠢᠯᠳᠠ ᠴᠢᠷᠮᠠᠶᠢᠯᠳᠠ ᠂ ᠦᠨᠡᠨᠴᠢ ᠢᠳᠡᠭᠡᠯ ᠂ ᠦᠷᠦᠰᠢᠶᠡᠯ ᠵᠢᠷᠤᠮ ᠂ ᠪᠢᠯᠢᠭ ᠪᠠᠭᠠᠳᠤᠷ ᠂ ᠲᠦᠪ ᠰᠤᠷᠲᠠᠯ ᠂ ᠠᠴᠢᠯᠠᠯ ᠡᠨᠡᠷᠢᠯ ᠂ ᠴᠡᠪᠡᠷ ᠢᠴᠢᠮᠡᠳᠡᠭᠡᠢ ᠂ ᠶᠤᠰᠤᠯᠠᠯ ᠬᠦᠨᠳᠤᠯᠠᠯ ᠂ ᠠᠵᠢᠯᠴᠢ ᠠᠷᠪᠢᠴᠢ ᠂ ᠠᠮᠤᠭᠤᠯᠠᠩ ᠨᠠᠶᠢᠷᠠᠮᠳᠠᠭᠤ ᠬᠡᠵᠦ ᠠᠷᠪᠠᠨ ᠪᠦᠯᠦᠭ ᠬᠤᠪᠢᠶᠠᠵᠠᠢ ᠃ ᠪᠦᠯᠦᠭ ᠪᠦᠷᠢ᠎ᠳ᠋ᠤ ᠲᠤᠬᠠᠢ᠎ᠶᠢᠨ ᠲᠡᠥᠬᠡᠨ ᠴᠠᠭ ᠦᠶ᠎ᠡ᠎ᠶᠢᠨ ᠲᠠᠮᠠᠭ᠎ᠠ᠎ᠶᠢ ᠰᠡᠶᠢᠯᠵᠤ ᠂ ᠬᠢᠲᠠᠳ ᠮᠤᠩᠭᠤᠯ ᠬᠤᠶᠠᠷ ᠬᠡᠯᠡ᠎ᠪᠠᠷ ᠪᠢᠴᠢᠵᠤ ᠨᠠᠶᠢᠷᠠᠭᠤᠯᠤᠭᠰᠠᠨ ᠪᠠᠢᠨ᠎ᠠ ᠃
ᠲᠤᠰ ᠨᠤᠮ᠎ᠳ᠋ᠤ ᠰᠤᠩᠭᠤᠨ ᠤᠷᠤᠭᠤᠯᠤᠭᠰᠠᠨ ᠵᠠᠭᠤᠨ ᠵᠤᠷᠪᠤᠰ ᠰᠤᠳᠤᠨ ᠰᠤᠷᠭᠠᠯ᠎ᠨᠢ ᠨᠡᠶᠢᠬᠡᠮ ᠨᠡᠶᠢᠲᠡ᠎ᠳ᠋ᠤ ᠠᠯᠳᠠᠷᠳᠠᠢ ᠳᠡᠤᠬᠡ ᠰᠤᠶᠤᠯ᠎ᠤᠨ ᠡᠷᠳᠡᠮᠳᠡᠨ ᠨᠠᠷ ᠰᠤᠩᠭᠤᠨ ᠳᠠᠶᠢᠯᠪᠤᠷᠢᠯᠠᠵᠠᠢ ᠃ ᠡᠶᠢᠮᠤ᠎ᠡᠴᠠ ᠳᠤᠰ ᠨᠤᠮ ᠪᠤᠯ ᠤᠯᠤᠰ᠎ᠤᠨ ᠠᠯᠪᠠᠳᠠᠨ ᠂ ᠵᠠᠯᠠᠭᠤ ᠪᠠᠭᠠᠴᠤᠳ ᠪᠤᠯᠤᠨ ᠡᠯ᠎ᠡ ᠡᠳᠡᠭᠡᠳ᠎ᠤᠨ ᠬᠦᠮᠦᠰ᠎ᠤᠨ ᠳᠤᠮᠳᠠᠳᠤ᠎ᠶᠢᠨ ᠤᠯᠠᠮᠵᠢᠯᠠᠯᠳᠤ ᠰᠠᠶᠢᠬᠠᠨ ᠰᠤᠷᠳᠠᠯ᠎ᠢ ᠰᠤᠷᠤᠯᠴᠠᠨ ᠦᠢᠯᠡᠳᠦᠯᠭᠡᠵᠢᠬᠦᠯᠬᠦ ᠂ ᠲᠦᠭᠡᠮᠡᠯᠵᠢᠬᠦᠯᠬᠦ ᠴᠢᠨᠠᠷᠳᠠᠢ ᠤᠩᠰᠢᠬᠤ ᠪᠢᠴᠢᠭ ᠪᠤᠯᠤᠨ᠎ᠠ ᠂ ᠲᠤᠮᠳᠠᠳᠤ ᠪᠠᠭ᠎ᠠ ᠰᠤᠷᠭᠠᠭᠤᠯᠢ᠎ᠶᠢᠨ ᠪᠠᠭᠰᠢ ᠨᠠᠷ ᠵᠢᠭᠠᠨ ᠰᠤᠷᠭᠠᠯᠳᠠ᠎ᠳᠠᠭᠠᠨ ᠯᠠᠪᠯᠠᠯᠳᠠ ᠪᠤᠯᠭᠠᠵᠤ ᠴᠦ ᠪᠤᠯᠤᠨ᠎ᠠ ᠭᠡᠵᠤ ᠪᠤᠤ ᠪᠤᠤ ᠵᠦ ᠲᠠᠢᠯᠪᠤᠷᠢᠯᠠᠨ᠎ᠠ ᠃
︽ ᠵᠠᠭᠤᠨ ᠵᠢᠯ᠎ᠤᠨ ᠤᠬᠠᠭᠤᠯᠭ᠎ᠠ᠎ᠶᠢᠨ ᠤᠷᠢᠶ᠎ᠠ ᠯᠤᠽᠦ᠋ᠩ ︾ ᠭᠡᠰᠡᠨ ᠨᠤᠮ᠎ᠳ᠋ᠤ ᠵᠠᠭᠤᠨ ᠤᠷᠢᠶ᠎ᠠ ᠯᠤᠽᠦ᠋ᠩᠢ ᠨᠠᠶᠢᠷᠠᠭᠤᠯᠵᠤ ᠪᠢᠴᠢᠪᠡ ᠃ ᠲᠤᠰ ᠨᠤᠮ᠎ᠢ ᠪᠠᠰᠠ ᠬᠢᠲᠠᠳ ᠮᠤᠩᠭᠤᠯ ᠬᠤᠶᠠᠷ ᠬᠡᠯᠡ᠎ᠪᠠᠷ ᠪᠢᠴᠢᠵᠦ ᠂ ᠭᠤᠤᠯᠳᠠᠭᠤ ᠳᠤᠮᠳᠠᠲᠤ ᠤᠯᠤᠰ᠎ᠤᠨ ᠡᠪ ᠬᠠᠮᠲᠤ ᠨᠠᠮ᠎ᠤᠨ ᠵᠠᠭᠤᠨ ᠵᠢᠯ᠎ᠤᠨ ᠬᠦᠭᠵᠢᠯᠲᠡ᠎ᠶᠢᠨ ᠶᠠᠪᠤᠴᠠ᠎ᠳ᠋ᠤ ᠪᠦᠷᠢᠯᠳᠦᠵᠦ ᠬᠦᠭᠵᠢᠭᠰᠡᠨ ᠳᠤᠮᠳᠠᠲᠤ᠎ᠶᠢᠨ ᠂ ᠮᠦᠨ ᠴᠦ ᠡᠪ ᠬᠠᠮᠲᠤ ᠨᠠᠮ᠎ᠤᠨ ᠰᠤᠶᠤᠯ᠎ᠤᠨ ᠤᠬᠢ ᠰᠤᠳᠤ᠎ᠶᠢ ᠪᠢᠴᠢᠪᠡ ᠃ ᠲᠤᠰ ᠨᠤᠮ᠎ᠢ ᠪᠢᠴᠢᠬᠦ᠎ᠪᠠᠷ ᠳᠠᠮᠵᠢᠨ ᠳᠤᠮᠳᠠᠲᠤ᠎ᠶᠢᠨ ᠡᠪ ᠬᠠᠮᠲᠤ ᠨᠠᠮ᠎ᠤᠨ ᠵᠠᠭᠤᠨ ᠵᠢᠯ᠎ᠤᠨ ᠬᠦᠭᠵᠢᠯᠲᠡ᠎ᠶᠢᠨ ᠶᠠᠪᠤᠴᠠ᠎ᠳ᠋ᠤ ᠠᠷᠠᠳ ᠲᠦᠮᠡᠨ᠎ᠤ ᠲᠦᠯᠦᠭᠡ ᠴᠦᠬᠦᠷᠡᠰᠢ ᠦᠭᠡᠢ ᠴᠢᠷᠮᠠᠶᠢᠨ ᠵᠢᠳᠬᠦᠵᠦ ᠂ ᠠᠷᠠᠳ ᠲᠦᠮᠡᠨ᠎ᠢ ᠤᠳᠤᠷᠢᠳᠴᠤ ᠤᠯᠤᠰ ᠤᠷᠤᠨ᠎ᠢᠶᠡᠨ ᠰᠠᠶᠢᠲᠤᠷ ᠪᠦᠳᠦᠭᠡᠨ ᠪᠠᠶᠢᠭᠤᠯᠤᠭᠰᠠ᠎ᠨᠢ ᠮᠠᠭᠲᠠᠨ ᠳᠠᠭᠤᠯᠠᠵᠠᠢ ᠃
ᠪᠤᠤ ᠪᠤᠤ ᠵᠦ ᠨᠦᠬᠦᠷ ᠮᠤᠩᠭᠤᠯ ᠰᠤᠶᠤᠯ᠎ᠢᠶᠡᠨ ᠰᠠᠶᠢᠲᠤᠷ ᠤᠯᠠᠮᠵᠢᠯᠠᠭᠰᠠᠨ ᠰᠠᠭᠤᠷᠢᠨ ᠳᠡᠭᠡᠷ᠎ᠡ ᠤᠳᠤ ᠳᠤᠮᠳᠠᠲᠤ᠎ᠶᠢᠨ ᠰᠠᠶᠢᠬᠠᠨ ᠰᠤᠷᠲᠠᠯ ᠰᠤᠷᠭᠠᠯ ᠂ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠰᠢᠯᠢᠳᠡᠭ ᠰᠤᠶᠤᠯ᠎ᠢ ᠤᠯᠠᠮ ᠨᠢᠭᠡ ᠠᠯᠬᠤᠮ ᠬᠦᠭᠵᠢᠭᠦᠯᠵᠤ ᠪᠠᠶᠠᠯᠢᠬᠵᠢᠭᠤᠯᠬᠤ᠎ᠪᠠᠷ ᠬᠠᠷᠠᠯᠳᠠ ᠪᠤᠯᠭᠠᠨ ᠴᠢᠷᠮᠠᠶᠢᠵᠤ ᠪᠠᠶᠢᠨ᠎ᠠ ᠃ ᠪᠠᠭᠰᠢ ᠪᠤᠯᠤᠭᠰᠠᠨ᠎ᠤ ᠬᠤᠪᠢ᠎ᠳ᠋ᠤ ᠲᠡᠷᠡ ᠳᠡᠤᠬᠡ ᠰᠤᠶᠤᠯ᠎ᠢ ᠤᠷᠠᠨ ᠪᠢᠴᠢᠯᠭᠡ᠎ᠲᠠᠢ ᠤᠶᠠᠯᠳᠤᠭᠤᠯᠤᠨ ᠳᠤᠮᠳᠠᠳᠤ᠎ᠶᠢᠨ ᠰᠢᠯᠢᠳᠡᠭ ᠰᠤᠶᠤᠯ ᠰᠤᠷᠳᠠᠯ᠎ᠢ ᠮᠤᠩᠭᠤᠯ ᠦᠨᠳᠤᠰᠤᠳᠠᠨ᠎ᠳ᠋ᠤ ᠂ ᠤᠨᠴᠠᠭᠠᠶᠢᠯᠠᠨ ᠰᠤᠷᠤᠭᠴᠢᠳ᠎ᠲᠤ ᠵᠢᠭᠠᠨ ᠰᠤᠷᠭᠠᠵᠤ ᠂ ᠤᠯᠠᠮᠵᠢᠯᠠᠵᠤ ᠳᠡᠯᠭᠡᠷᠡᠭᠦᠯᠬᠦ᠎ᠳ᠋ᠤ ᠠᠰᠢᠭᠲᠠᠢ ᠪᠤᠯᠭᠠᠬᠤ᠎ᠪᠠᠷ ᠴᠢᠷᠮᠠᠶᠢᠳᠠᠭ ᠂ ᠮᠦᠨ ᠴᠦ ᠨᠡᠶᠢᠭᠡᠮ ᠵᠢᠷᠤᠮ᠎ᠤᠨ ᠭᠤᠤᠯᠯᠠᠭᠴᠢ ᠦᠷᠲᠡᠭ᠎ᠤᠨ ᠦᠵᠡᠯ᠎ᠢ ᠲᠦᠬᠡᠮᠠᠯᠵᠢᠬᠦᠯᠵᠤ ᠭᠦᠨᠵᠡᠭᠡᠶᠢᠷᠡᠭᠦᠯᠬᠦ ᠪᠠ ᠲᠤᠮᠳᠠᠳᠦ ᠤᠯᠤᠰ᠎ᠤᠨ ᠡᠪ ᠬᠠᠮᠲᠤ ᠨᠠᠮ᠎ᠤᠨ ᠲᠡᠥᠬᠡ ᠰᠤᠶᠤᠯ᠎ᠢ ᠤᠬᠠᠭᠤᠯᠵᠤ ᠰᠤᠷᠤᠯᠴᠠᠬᠤ᠎ᠶᠢ ᠴᠢᠬᠤᠯᠠᠴᠢᠯᠠᠳᠠᠭ ᠃ ᠮᠤᠩᠭᠤᠯ ᠰᠤᠶᠤᠯ᠎ᠢᠶᠠᠷ ᠳᠤᠮᠳᠠᠳᠤ᠎ᠶᠢᠨ ᠰᠢᠯᠢᠳᠡᠭ ᠰᠤᠶᠤᠯ ᠰᠤᠷᠳᠠᠯ᠎ᠢ ᠪᠢᠴᠢᠵᠤ ᠢᠯᠡᠳᠭᠡᠬᠦ᠎ᠨᠢ ᠳᠤᠮᠳᠠᠳᠤ᠎ᠶᠢᠨ ᠰᠤᠶᠤᠯ᠎ᠢ ᠤᠯᠠᠮ ᠨᠢᠭᠡ ᠠᠯᠬᠤᠮ ᠤᠯᠠᠮᠵᠢᠯᠠᠵᠤ ᠬᠦᠭᠵᠢᠭᠦᠯᠬᠦ᠎ᠶᠢᠨ ᠬᠠᠮᠳᠤ ᠂ ᠦᠶ ᠤᠯᠠᠨ ᠵᠠᠯᠠᠭᠤᠴᠤᠳ ᠬᠡᠤᠬᠡᠳ᠎ᠲᠤ ᠤᠯᠤᠰ᠎ᠢᠶᠡᠨ ᠬᠠᠶᠢᠷᠠᠯᠠᠬᠤ ᠂ ᠡᠬᠡ ᠤᠷᠤᠨ᠎ᠢᠶᠡᠨ ᠬᠠᠶᠢᠷᠠᠯᠠᠬᠤ ᠰᠠᠶᠢᠨ ᠰᠠᠶᠢᠬᠠᠨ ᠬᠦᠮᠦᠵᠢᠯ ᠬᠦᠷᠳᠡᠭᠡᠭᠦ᠎ᠪᠠᠷ ᠴᠢᠷᠮᠠᠶᠢᠳᠠᠭ ᠪᠠᠶᠢᠯ᠎ᠠ ᠃
ᠮᠢᠨᠤ ᠤᠳᠤ᠎ᠶᠢᠨ ᠬᠠᠮᠤᠭ ᠶᠡᠭᠡ ᠬᠦᠰᠡᠯ ᠪᠤᠯ ᠮᠦᠽᠸᠢ ᠪᠠᠶᠢᠭᠤᠯᠵᠤ ᠦᠪᠡᠷ᠎ᠤᠨ ᠪᠢᠴᠢᠭᠰᠡᠨ ᠂ ᠬᠢᠭᠰᠡᠨ ᠂ ᠪᠦᠳᠦᠭᠡᠭᠰᠡᠨ ᠵᠦᠢᠯ᠎ᠢᠶᠡᠨ ᠦᠨ᠎ᠡ ᠲᠦᠯᠦᠪᠦᠷᠢ ᠦᠬᠡᠢ᠎ᠪᠠᠷ ᠤᠯᠠᠨ᠎ᠳ᠋ᠤ ᠳᠡᠯᠭᠡᠨ ᠰᠤᠨᠢᠷᠬᠠᠭᠤᠯᠵᠤ ᠂ ᠨᠡᠩ ᠤᠯᠠᠨ ᠬᠦᠮᠦᠰ᠎ᠲᠤ ᠰᠡᠭᠡᠭᠡᠷᠡᠯᠲᠡ ᠪᠠ ᠮᠡᠳᠡᠯᠭᠡ ᠬᠦᠷᠭᠡᠭᠦ ᠶᠠᠪᠤᠳᠠᠯ ᠪᠤᠯᠤᠨ᠎ᠠ ︾ ᠭᠡᠵᠦ ᠪᠤᠤ ᠪᠤᠤ ᠵᠦ ᠰᠡᠳᠬᠢᠯ ᠳᠤᠭᠳᠤᠯᠤᠨ ᠶᠠᠷᠢᠯ᠎ᠠ ᠃ ᠪᠤᠤ ᠪᠤᠤ ᠵᠦ ᠨᠦᠬᠦᠷ ᠳᠤᠮᠳᠠᠲᠤ᠎ᠶᠢᠨ ᠰᠢᠯᠢᠳᠡᠭ ᠰᠤᠶᠤᠯ᠎ᠤᠨ ᠦᠷᠨᠢᠨ ᠬᠦᠭᠵᠢᠯᠳᠡ᠎ᠳ᠋ᠤ ᠦᠪᠡᠷ᠎ᠤᠨ ᠬᠦᠴᠦ᠎ᠪᠠᠨ ᠨᠡᠮᠡᠷᠢᠯᠡᠨ ᠴᠢᠷᠮᠠᠶᠢᠵᠤ ᠶᠠᠪᠤᠨ᠎ᠠ ᠃
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠤᠶᠤᠨᠲᠠᠨ᠎ᠠ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃