ᠲᠡᠷᠢᠭᠦᠨ ᠨᠢᠭᠤᠷ>ᠠᠮᠢᠳᠤᠷᠠᠯ ᠥᠷᠲᠡᠭᠡ>ᠵᠠᠩ ᠦᠢᠯᠡ

2022-02-16 17:40:59

ᠵᠣᠬᠢᠶᠠᠭ᠍ᠴᠢ᠄ ᠣᠩᠱᠢᠭ᠍ᠰᠠᠨ ᠣᠳᠠᠭ᠎ᠠ᠄ 3

ᠮᠤᠩᠭᠤᠯᠴᠣᠳ᠎ᠤᠨᠨᠠᠢ᠍ᠮᠠᠨ ᠶᠡᠭᠡ ᠴᠡᠭᠡᠷ ᠶᠣᠰᠤᠨ᠎ᠳᠤ ᠭᠠᠯ᠎ᠤᠨ ᠲᠤᠬᠠᠢ ᠴᠡᠭᠡᠷ ᠶᠣᠰᠤᠨ᠂ ᠣᠰᠤᠨ᠎ᠤ ᠲᠣᠬᠠᠢ ᠴᠡᠭᠡᠷ᠂ᠡᠪᠡᠳᠴᠢᠨ᠎ᠤ ᠲᠣᠬᠠᠢ ᠴᠡᠭᠡᠷ ᠶᠣᠰᠤᠨ᠂ ᠲᠦᠷᠦᠵᠤ ᠮᠡᠨᠳᠦᠯᠡᠬᠦ᠌᠎ᠶ᠋ᠢᠨ ᠴᠡᠭᠡᠷ ᠶᠣᠰᠤᠨ᠂ ᠡᠭᠦᠳᠡᠨᠪᠣᠱᠤᠭᠠᠨ᠎ᠤ ᠲᠣᠬᠠᠢ ᠴᠡᠭᠡᠷ ᠶᠣᠰᠤᠨ᠂ ᠲᠤᠯᠤᠭᠠᠢ ᠢᠯᠪᠢᠵᠤ ᠪᠤᠯᠳᠠᠭ ᠦᠭᠡᠢ ᠴᠡᠭᠡᠷ ᠶᠣᠰᠣᠨ᠂ ᠨᠤᠬᠠᠢᠵᠤᠳᠤᠳᠠᠭ ᠦᠭᠡᠢ ᠴᠡᠭᠡᠷ ᠶᠣᠰᠤᠨ ᠂ ᠵᠤᠴᠢᠯᠠᠭᠤᠯᠬᠤ ᠴᠡᠭᠡᠷ ᠶᠣᠰᠤᠨ ᠵᠡᠷᠬᠡ ᠪᠤᠢ᠃

ᠭᠠᠯ᠎ᠤᠨᠲᠤᠬᠠᠢ ᠴᠡᠭᠡᠷ ᠶᠣᠰᠤᠨ

ᠮᠤᠩᠭᠤᠯᠴᠣᠳ ᠭᠠᠯ᠎ᠤᠨᠪᠤᠷᠬᠠᠨ᠂ ᠭᠤᠯᠤᠮᠳᠠ ᠲᠤᠯᠭ᠎ᠠ᠎ᠪᠠᠨ ᠲᠡᠭᠡᠳᠦᠯᠡᠨ ᠱᠢᠳᠦᠵᠤ᠂ ᠭᠠᠯ᠎ᠢ ᠠᠯᠢᠪᠠ ᠮᠠᠭᠤ ᠮᠠᠭᠤᠬᠠᠢ ᠶᠠᠭᠤᠮ᠎ᠠ᠂ᠭᠠᠢ ᠪᠠᠷᠴᠢᠳ᠎ᠢ ᠵᠠᠢᠯᠠᠭᠤᠯᠳᠠᠭ ᠭᠡᠵᠤ ᠦᠵᠡᠳᠡᠭ᠃ ᠡᠢᠮᠤ᠎ᠠᠴᠠ ᠮᠤᠩᠭᠤᠯ ᠭᠡᠷ᠎ᠲᠤ ᠣᠷᠤᠭ᠍ᠰᠠᠨ᠎ᠤᠳᠠᠷᠠᠭ᠎ᠠ᠂ ᠲᠣᠯᠭ᠎ᠠ᠎ᠶ᠋ᠢᠨ ᠳᠡᠭᠡᠷ᠎ᠡ ᠬᠦᠯ᠎ᠢᠶᠠᠨ ᠱᠢᠷᠠᠬᠤ᠎ᠶ᠋ᠢ ᠴᠡᠭᠡᠷᠯᠡᠬᠦ᠌ ᠪᠦᠭᠡᠳ ᠭᠠᠯᠲᠣᠯᠭ᠎ᠠ᠎ᠶ᠋ᠢᠨ᠎ᠬᠠᠵᠠᠭᠤ᠎ᠳᠤ ᠨᠤᠢᠳᠠᠨ ᠭᠤᠳᠤᠯᠱᠠᠬᠠᠢ᠎ᠪᠠᠨ ᠡᠭᠡᠭᠡᠵᠤ ᠬᠠᠳᠠᠭᠠᠬᠤ᠎ᠶ᠋ᠢ ᠨᠡᠩ ᠶᠡᠭᠡ ᠴᠡᠭᠡᠷᠯᠡᠳᠡᠭ᠃ ᠪᠠᠰᠠ ᠲᠤᠯᠭ᠎ᠠ᠎ᠶ᠋ᠢᠨ ᠳᠡᠭᠡᠭᠦᠷᠠᠯᠬᠤᠬᠤ᠂ ᠲᠤᠯᠭᠠᠨ ᠳᠡᠭᠡᠷ᠎ᠡ ᠭᠢᠰᠭᠢᠬᠦ᠂ ᠲᠠᠮᠠᠬᠢᠨ ᠭᠠᠩᠰᠠ᠎ᠪᠠᠨ ᠲᠣᠯᠭ᠎ᠠ᠎ᠶ᠋ᠢᠨ ᠳᠡᠭᠡᠷ᠎ᠡ ᠭᠦᠪᠢᠬᠦ᠂ᠶᠠᠭᠤᠮ᠎ᠠ᠎ᠴᠣᠬᠢᠬᠤ᠂ ᠪᠣᠵᠠᠷ ᠪᠤᠷᠳᠠᠭ ᠶᠠᠭᠤᠮ᠎ᠠ ᠬᠢᠬᠦ᠌᠎ᠶ᠋ᠢ ᠴᠡᠭᠡᠷᠯᠡᠳᠡᠭ᠃ ᠬᠢᠳᠤᠭ᠎ᠠ᠎ᠪᠠᠷ ᠭᠠᠯᠭᠤᠴᠢᠯᠠᠬᠤ᠂ ᠬᠢᠳᠤᠭ᠎ᠠ ᠵᠢ ᠭᠠᠯ ᠳᠣᠳᠣᠷ᠎ᠠ ᠣᠷᠤᠭᠤᠯᠬᠤ᠂ ᠲᠤᠭᠤᠭᠠᠨ᠎ᠠᠴᠠ ᠬᠢᠳᠤᠭ᠎ᠠ᠎ᠪᠠᠷ ᠮᠢᠬ᠎ᠠᠠᠪᠬᠤ᠎ᠶ᠋ᠢ ᠴᠡᠭᠡᠷᠯᠡᠳᠡᠭ᠃

ᠣᠰᠤᠨ᠎ᠤᠲᠣᠬᠠᠢ ᠴᠡᠭᠡᠷ

ᠮᠤᠩᠭᠤᠯᠴᠣᠳ ᠣᠰᠤ᠎ᠶ᠋ᠢᠷᠠᠱᠢᠶᠠᠨ᠎ᠤ ᠳᠡᠭᠡᠳᠤ ᠭᠡᠵᠤ ᠦᠵᠡᠳᠡᠭ᠃ ᠡᠢᠮᠤ᠎ᠠᠴᠠ ᠭᠤᠣᠯ᠎ᠤᠨ ᠣᠰᠤᠨ᠎ᠳᠤ ᠭᠠᠷ ᠬᠦᠯ᠂ ᠪᠡᠶ᠎ᠡ᠎ᠪᠠᠨᠤᠬᠢᠶᠠᠳᠠᠭ ᠦᠭᠡᠢ᠃ ᠨᠡᠩ ᠴᠦ᠍ ᠭᠤᠣᠯ ᠮᠦᠷᠡᠨ᠎ᠳᠤ ᠪᠣᠵᠠᠷ ᠪᠣᠷᠳᠠᠭ ᠬᠤᠭ ᠨᠤᠪᠰᠢ ᠬᠠᠶᠠᠬᠤ᠎ᠶ᠋ᠢᠴᠡᠭᠡᠷᠯᠡᠳᠡᠭ ᠪᠦᠭᠡᠳ ᠭᠤᠤᠯ ᠮᠦᠷᠡᠨ᠎ᠤ ᠬᠠᠵᠠᠭᠤ᠎ᠳᠤ ᠪᠡᠶ᠎ᠡ᠎ᠪᠠᠨ ᠵᠠᠰᠠᠬᠤ᠎ᠶ᠋ᠢ ᠨᠡᠩ ᠴᠦ᠍ᠴᠡᠭᠡᠷᠯᠡᠳᠡᠭ᠃ ᠮᠤᠩᠭᠤᠯ ᠨᠤᠳᠤᠭ ᠭᠠᠩ ᠬᠠᠭᠤᠷᠠᠢ᠂ ᠣᠰᠤᠨ᠎ᠤ ᠡᠬᠢ ᠰᠣᠷᠪᠤᠯᠵᠢ ᠲᠣᠳᠠᠮᠠᠭ᠂ ᠣᠰᠤᠡᠪᠡᠰᠣ᠎ᠪᠠᠨ᠎ᠲᠠᠭᠠᠨ ᠨᠡᠭᠦᠳᠡᠯᠯᠡᠨ ᠮᠠᠯᠵᠢᠵᠤ ᠠᠵᠤ ᠲᠦᠷᠦᠨ ᠠᠮᠢᠳᠣᠷᠠᠳᠠᠭ᠃ ᠮᠤᠩᠭᠤᠯᠴᠣᠳ᠎ᠲᠤ ᠠᠪᠴᠣᠬᠡᠯᠡᠪᠡᠯ᠂ ᠣᠰᠤ ᠪᠤᠯ ᠬᠦᠮᠦᠨ ᠮᠠᠯ᠎ᠤᠨ ᠬᠢᠨᠢ ᠠᠮᠢ ᠨᠠᠰᠣᠨ᠎ᠤ ᠡᠬᠢ ᠰᠣᠷᠪᠤᠯᠵᠢ ᠪᠤᠯᠳᠠᠭ ᠪᠤᠯᠬᠤᠷᠣᠰᠤᠨ᠎ᠤ ᠠᠷᠢᠭᠤᠨ ᠴᠡᠪᠡᠷ᠎ᠢ ᠬᠠᠮᠠᠭᠠᠯᠠᠵᠤ᠂ ᠠᠷᠪᠢᠯᠠᠨ ᠭᠠᠮᠨᠠᠳᠠᠭ ᠶᠤᠮ᠃ ᠬᠡᠳᠦᠢᠪᠡᠷ ᠣᠰᠤ᠎ᠶ᠋ᠢᠠᠷᠪᠢᠯᠠᠨ ᠭᠠᠮᠨᠠᠳᠠᠭ ᠪᠤᠯᠪᠠᠴᠣ ᠬᠠᠷ᠎ᠠ ᠣᠰᠤ ᠬᠠᠷᠠᠮᠨᠠᠬᠤ᠎ᠶ᠋ᠢ ᠴᠡᠭᠡᠷᠯᠡᠳᠡᠭ᠂ ᠪᠠᠰᠠ ᠬᠠᠷ᠎ᠠ ᠣᠰᠤ᠎ᠶ᠋ᠢᠰᠠᠮᠤᠷᠳᠠᠭ ᠦᠭᠡᠢ᠂ ᠬᠤᠳᠳᠤᠭ᠎ᠠᠴᠠ ᠲᠠᠳᠠᠵᠤ᠎ᠭᠠᠷᠭᠠᠭ᠍ᠰᠠᠨ ᠬᠤᠪᠤᠭᠤ᠎ᠲᠠᠢ ᠣᠰᠤ᠎ᠶ᠋ᠢ ᠬᠤᠳᠳᠤᠭ ᠤᠷᠤᠭᠤ᠎ᠪᠠᠨᠪᠣᠴᠠᠭᠠᠵᠤ ᠬᠢᠳᠡᠭ ᠦᠭᠡᠢ ᠴᠡᠭᠡᠷ ᠶᠣᠰᠤᠨ ᠪᠤᠢ᠃ ᠠᠢᠯ᠎ᠳᠤ ᠬᠦᠮᠦᠨ ᠠᠮᠢᠳᠠᠨ ᠢᠷᠡᠬᠦ᠌ ᠦᠶ᠎ᠡ᠎ᠳᠤ ᠬᠠᠷ᠎ᠠᠣᠰᠤ ᠨᠡᠷᠡᠬᠦ᠌ (ᠲᠣᠳᠣᠷ᠎ᠠ᠎ᠨᠢ ᠶᠠᠭᠤᠮ᠎ᠠ ᠬᠢᠬᠦ᠌ ᠦᠭᠡᠢ)᠂ ᠣᠳᠠᠭᠠᠨ ᠪᠣᠴᠠᠯᠭᠠᠬᠤ᠎ᠶ᠋ᠢ ᠴᠡᠭᠡᠷᠯᠡᠳᠡᠭ᠃

ᠡᠪᠡᠳᠴᠢᠨ᠎ᠤᠲᠣᠬᠠᠢ ᠴᠡᠭᠡᠷ ᠶᠣᠰᠤᠨ

ᠠᠢᠯ᠎ᠳᠤ ᠬᠡᠷᠪᠡ ᠬᠦᠨᠳᠤᠡᠪᠡᠳᠴᠢᠳᠡᠨ ᠪᠤᠶᠤ ᠠᠶᠤᠯᠳᠤ ᠠᠷᠬᠠᠭ᠎ᠲᠤ ᠨᠡᠷᠪᠡᠭ᠌ᠳᠡᠭ᠌ᠰᠡᠨ ᠬᠦᠮᠦᠨ ᠪᠠᠢᠬᠤ᠎ᠳᠤ ᠬᠦᠷᠪᠡᠯ᠂ ᠭᠡᠷ᠎ᠤᠨᠵᠡᠭᠦᠨ ᠲᠠᠯ᠎ᠠ᠎ᠳᠤ ᠳᠡᠭᠡᠰᠤ ᠡᠯᠭᠦᠳᠡᠭ᠃ ᠡᠨᠡ᠎ᠨᠢ ᠠᠢᠯ᠎ᠤᠨ ᠭᠡᠷ᠎ᠲᠤ ᠡᠪᠡᠳᠴᠢᠨ᠎ᠲᠠᠢ ᠬᠦᠮᠦᠨ ᠪᠠᠢᠭ᠎ᠠ᠂ᠵᠤᠴᠢᠨ ᠵᠤᠴᠢᠯᠠᠬᠤ ᠲᠦᠭᠦᠮ ᠦᠭᠡᠢ ᠭᠡᠳᠡᠭ᠎ᠢ ᠢᠯᠡᠳᠭᠡᠵᠤ ᠪᠠᠢᠳᠠᠭ᠃

ᠲᠦᠷᠦᠵᠤᠮᠡᠨᠳᠦᠯᠡᠬᠦ᠌᠎ᠶ᠋ᠢᠨ ᠴᠡᠭᠡᠷ ᠶᠣᠰᠤᠨ

ᠪᠦᠰᠡᠬᠦᠢᠴᠣᠳ ᠬᠡᠤᠬᠡᠳᠲᠦᠷᠤᠵᠤ᠂ ᠰᠠᠷ᠎ᠠ᠎ᠳᠤ ᠰᠠᠭᠤᠭ᠍ᠰᠠᠨ ᠦᠶ᠎ᠡ᠎ᠳᠡᠭᠡᠨ ᠭᠠᠳᠠᠨ᠎ᠠ᠎ᠶ᠋ᠢᠨ ᠬᠦᠮᠦᠨ᠎ᠢ ᠣᠷᠤᠭᠤᠯᠳᠠᠭ ᠦᠭᠡᠢ᠃ᠡᠭᠦᠳᠡᠨ᠎ᠤ ᠳᠡᠷᠭᠡᠳᠡ ᠢᠯᠡ ᠬᠠᠷᠠᠭ᠍ᠳᠠᠬᠤ ᠳᠡᠮᠳᠡᠭ ᠲᠠᠯᠪᠢᠳᠠᠭ᠃ ᠬᠡᠷᠪᠡ ᠬᠦᠪᠡᠭᠦᠨ ᠲᠦᠷᠦᠭ᠌ᠰᠡᠨ ᠪᠤᠯᠨᠤᠮᠤ ᠰᠤᠮᠤ ᠡᠯᠭᠦᠬᠦ᠂ ᠦᠬᠢᠨ ᠲᠦᠷᠦᠭ᠌ᠰᠡᠨ ᠪᠤᠯ ᠣᠯᠠᠭᠠᠨ ᠪᠦᠰ ᠣᠶᠠᠳᠠᠭ᠃ ᠵᠤᠴᠢᠨ ᠡᠨᠡ᠎ᠬᠦ᠌ ᠳᠡᠮᠳᠡᠭ᠎ᠢᠦᠵᠡᠪᠡᠯ ᠡᠨᠡ ᠠᠢᠯ᠎ᠤᠨ ᠪᠦᠰᠡᠬᠦᠢ ᠬᠡᠤᠬᠡᠳ ᠲᠦᠷᠦᠵᠤ᠂ ᠰᠠᠷ᠎ᠠ᠎ᠳᠤ ᠰᠠᠭᠤᠭ᠍ᠰᠠᠨ ᠪᠠᠢᠨ᠎ᠠ ᠭᠡᠵᠤ ᠮᠡᠳᠡᠭ᠌ᠡᠳᠭᠡᠷ ᠲᠤᠨᠢ ᠣᠷᠣᠳᠠᠭ ᠦᠭᠡᠢ᠃

ᠡᠭᠦᠳᠡᠨᠪᠣᠱᠤᠭᠠᠨ᠎ᠤ ᠲᠣᠬᠠᠢ ᠴᠡᠭᠡᠷ ᠶᠣᠰᠤᠨ

ᠡᠭᠦᠳᠡᠨ ᠪᠣᠱᠣᠭᠠᠨᠳᠡᠭᠡᠷ᠎ᠡ ᠭᠢᠰᠭᠢᠳᠡᠭ ᠦᠭᠡᠢ᠂ ᠭᠡᠷ᠎ᠲᠤ ᠣᠷᠤᠵᠤ ᠭᠠᠷᠬᠤ᠎ᠳᠠᠭᠠᠨ ᠡᠭᠦᠳᠡᠨ ᠪᠣᠱᠤᠭᠠᠨ ᠳᠡᠭᠡᠷ᠎ᠡᠶᠠᠭᠠᠬᠢᠭ᠍ᠰᠠᠨ ᠴᠦ᠍ ᠭᠢᠰᠭᠢᠳᠡᠭ ᠦᠭᠡᠢ᠃ ᠲᠠᠷᠢᠶᠠᠯᠠᠬᠤ ᠣᠷᠤᠨ᠂ ᠬᠠᠭᠠᠰ ᠲᠠᠷᠢᠶᠠᠯᠠᠬᠤ ᠣᠷᠤᠨ ᠪᠤᠶᠤᠬᠠᠭᠠᠰ ᠮᠠᠯᠵᠢᠬᠤ ᠣᠷᠤᠨ᠎ᠤ ᠮᠤᠩᠭᠤᠯᠴᠣᠳ ᠡᠨᠡ᠎ᠬᠦ᠌ ᠴᠡᠭᠡᠷ᠎ᠢ ᠶᠡᠬᠡᠳᠡ ᠡᠷᠬᠢᠮᠯᠡᠳᠡᠭ᠃ ᠡᠷᠳᠡᠨ᠎ᠳᠤᠵᠠᠷᠢᠮ ᠬᠦᠮᠦᠨ ᠬᠢᠴᠢᠶᠡᠮᠵᠢ ᠦᠭᠡᠢ᠎ᠠᠴᠠ ᠪᠤᠯᠵᠤ ᠮᠤᠩᠭᠤᠯ᠎ᠤᠨ ᠬᠠᠭᠠᠨ᠎ᠤ ᠣᠷᠳᠤᠨ᠎ᠤ ᠡᠭᠦᠳᠡᠨ ᠪᠤᠱᠣᠭᠠᠨᠳᠡᠭᠡᠷ᠎ᠡ ᠭᠢᠰᠭᠢᠭ᠌ᠰᠡᠨ᠎ᠠᠴᠠ ᠪᠤᠯᠵᠤ ᠴᠠᠭᠠᠵᠠᠯᠠᠭᠤᠯᠤᠭ᠍ᠰᠠᠨ ᠶᠠᠪᠣᠳᠠᠯ ᠪᠤᠢ᠃ ᠡᠭᠦᠳᠡᠨ ᠪᠣᠱᠤᠭ᠎ᠠ᠎ᠶ᠋ᠢᠨᠴᠡᠭᠡᠷ ᠶᠣᠰᠤ᠎ᠶ᠋ᠢ ᠴᠢᠩᠭᠢᠰ ᠬᠠᠭᠠᠨ᠎ᠤ 《ᠶᠡᠭᠡ ᠵᠠᠰᠠᠭ》 ᠎ᠲᠤ ᠲᠣᠭ᠍ᠳᠠᠭᠠᠭ᠍ᠰᠠᠨ ᠪᠠᠢᠳᠠᠭ᠃ ᠡᠨᠡ᠎ᠬᠦ᠌ ᠴᠡᠭᠡᠷ ᠶᠣᠰᠤᠨ ᠣᠳᠤ ᠪᠤᠯᠳᠠᠯ᠎ᠠᠣᠯᠠᠮᠵᠢᠯᠠᠭ᠍ᠳᠠᠭ᠍ᠰᠠᠭᠠᠷ ᠪᠠᠢᠨ᠎ᠠ᠃

ᠲᠤᠯᠤᠭᠠᠢᠢᠯᠪᠢᠵᠤ ᠪᠤᠯᠳᠠᠭ ᠦᠭᠡᠢ ᠴᠡᠭᠡᠷ ᠶᠣᠰᠣᠨ

ᠮᠤᠩᠭᠤᠯᠴᠣᠳ᠎ᠤᠨ ᠲᠣᠮᠳᠠᠦᠯᠤ ᠲᠠᠨᠢᠬᠤ ᠬᠦᠮᠦᠨ᠂ ᠬᠡᠤᠬᠡᠳ᠎ᠤᠨ ᠲᠣᠯᠣᠭᠠᠢ᠎ᠶ᠋ᠢ᠎ᠢᠯᠪᠢᠵᠤ᠎ᠪᠤᠯᠳᠠᠭ᠎ᠦᠭᠡᠢ᠎ᠶᠣᠰᠤᠨ ᠪᠤᠢ᠃ ᠬᠠᠭᠤᠴᠢᠨ᠎ᠤᠦᠵᠡᠯᠳᠡ᠎ᠪᠠᠷ ᠪᠤᠯ ᠦᠯᠤ ᠲᠠᠨᠢᠬᠤ ᠬᠦᠮᠦᠨ᠎ᠤ ᠭᠠᠷ ᠪᠣᠵᠠᠷ᠂ ᠭᠠᠢ ᠪᠠᠷᠴᠢᠳ᠎ᠲᠠᠢ ᠪᠠᠢᠳᠠᠭ᠃ ᠡᠢᠮᠤ᠎ᠠᠴᠠᠦᠯᠤ ᠲᠠᠨᠢᠬᠤ ᠬᠦᠮᠦᠨ ᠬᠡᠤᠬᠡᠳ᠎ᠤᠨ ᠲᠣᠯᠤᠭᠠᠢ᠎ᠶ᠋ᠢ ᠢᠯᠪᠢᠪᠠᠯ ᠬᠡᠤᠬᠡᠳ᠎ᠤᠨ ᠡᠷᠡᠭᠦᠯ ᠮᠡᠨᠳᠣ᠎ᠳᠤ ᠠᠱᠢᠭᠦᠭᠡᠢ ᠭᠡᠵᠤ ᠦᠵᠡᠳᠡᠭ᠃

ᠨᠤᠬᠠᠢᠵᠤᠳᠤᠳᠠᠭ ᠦᠭᠡᠢ ᠴᠡᠭᠡᠷ ᠶᠣᠰᠤᠨ

ᠮᠠᠯᠴᠢᠨ ᠠᠢᠯ᠎ᠳᠤᠣᠴᠢᠬᠤ᠎ᠳᠠᠭᠠᠨ ᠠᠢᠯ᠎ᠤᠨ ᠭᠡᠷ᠎ᠤᠨ ᠭᠠᠳᠠᠨ᠎ᠠ ᠠᠭᠤᠵᠢᠭᠤ ᠬᠦᠷᠴᠤ᠌ ᠠᠨᠢᠷ ᠴᠢᠮᠡᠭᠡ ᠦᠭ᠌ᠴᠤ᠂ ᠭᠡᠷ᠎ᠤᠨ ᠡᠵᠡᠨᠭᠠᠷᠴᠣ ᠢᠷᠡᠭᠡᠳ ᠣᠭ᠍ᠳᠣᠬᠤ᠎ᠶ᠋ᠢ ᠬᠦᠯᠢᠶᠡᠬᠦ᠌᠎ᠶ᠋ᠢᠨ ᠬᠠᠮᠳᠤ ᠨᠣᠬᠠᠢ᠎ᠶ᠋ᠢᠨ ᠪᠠᠢᠳᠠᠯ᠎ᠢ ᠰᠠᠢᠳᠣᠷᠠᠩᠬᠠᠷᠤᠭ᠍ᠰᠠᠨ᠎ᠤ ᠳᠠᠷᠠᠭ᠎ᠠ ᠰᠠᠶᠢ ᠤᠨᠤᠭᠠᠨ᠎ᠠᠴᠠ᠎ᠪᠠᠨ ᠪᠠᠭᠤᠳᠠᠭ᠃ ᠡᠨᠡ᠎ᠨᠢ ᠠᠢᠯ᠎ᠤᠨ ᠨᠤᠬᠠᠢ᠎ᠳᠤᠬᠠᠵᠠᠭ᠍ᠳᠠᠬᠤ᠎ᠠᠴᠠ ᠰᠡᠷᠭᠡᠢᠯᠡᠵᠤ ᠪᠠᠢᠭ᠎ᠠ᠎ᠶ᠋ᠢᠨ ᠬᠡᠷᠡᠭ᠃ ᠠᠢᠯ᠎ᠤᠨ ᠨᠤᠬᠠᠢ᠎ᠶ᠋ᠢ ᠵᠤᠳᠤᠵᠤ ᠴᠣᠬᠢᠬᠤᠪᠤᠶᠤ ᠬᠠᠷᠢᠶᠠᠵᠤ ᠵᠦᠬᠡᠬᠦ᠌᠎ᠶ᠋ᠢ ᠴᠡᠭᠡᠷᠯᠡᠳᠡᠭ᠃ ᠣᠴᠢᠷ᠎ᠨᠢ ᠮᠤᠩᠭᠤᠯᠴᠣᠳ ᠨᠤᠬᠠᠢ᠎ᠶ᠋ᠢ ᠨᠦᠬᠦᠷ᠎ᠢᠶᠠᠨᠭᠡᠵᠤ ᠦᠵᠡᠳᠡᠭ ᠪᠦᠭᠡᠳ ᠡᠷᠳᠡᠨ᠎ᠳᠤ ᠨᠤᠬᠠᠢ᠎ᠶ᠋ᠢ ᠠᠢᠯ᠎ᠤᠨ ᠨᠢᠭᠡ ᠪᠦᠯᠢ᠎ᠪᠠᠷ ᠪᠣᠳᠣᠳᠠᠭ ᠪᠠᠢᠭ᠍ᠰᠡᠨᠭᠡᠳᠡᠭ᠃

ᠵᠤᠴᠢᠯᠠᠭᠤᠯᠬᠤᠴᠡᠭᠡᠷ ᠶᠣᠰᠤᠨ

ᠵᠤᠴᠢᠨ ᠭᠡᠷ᠎ᠲᠤ ᠣᠷᠤᠬᠤᠦᠶ᠎ᠡ᠎ᠳᠤ ᠲᠡᠪᠡᠯ ᠬᠤᠪᠴᠠᠰᠣ᠎ᠪᠠᠨ ᠠᠩᠬᠠᠷᠴᠤ᠌ ᠲᠡᠷᠢ ᠲᠡᠭ᠌ᠰᠢ ᠪᠠᠢᠯᠭᠠᠬᠤ᠂ ᠠᠢᠯ᠎ᠤᠨ ᠭᠡᠷ᠎ᠲᠤ ᠲᠠᠱᠢᠭᠤᠷᠱᠢᠯᠪᠢᠭᠦᠷ᠂ ᠲᠡᠭᠡᠰᠤ ᠠᠪᠴᠤ᠌ ᠣᠷᠣᠳᠠᠭ ᠦᠭᠡᠢ᠂ ᠲᠠᠱᠢᠭᠤᠷ᠎ᠢᠶᠠᠨ ᠠᠢᠯ᠎ᠤᠨ ᠭᠡᠷ᠎ᠤᠨ ᠪᠠᠷᠠᠭᠤᠨ ᠲᠠᠯ᠎ᠠ᠎ᠳᠤᠭᠡᠷ ᠲᠦᠱᠢᠭᠦᠯᠦᠨ ᠪᠣᠰᠤᠭ᠎ᠠ ᠲᠠᠯᠪᠢᠳᠠᠭ᠃ ᠭᠡᠷ᠎ᠲᠤ ᠣᠷᠤᠭ᠍ᠰᠠᠨ᠎ᠤ ᠳᠠᠷᠠᠭ᠎ᠠ ᠪᠤᠷᠬᠠᠨ᠎ᠤ ᠬᠢᠨᠢ ᠡᠮᠦᠨ᠎ᠡᠰᠠᠭᠤᠳᠠᠭ ᠦᠭᠡᠢ᠂ ᠪᠠᠷᠠᠭᠤᠨ ᠲᠠᠯ᠎ᠠ᠎ᠳᠤᠨᠢ ᠰᠠᠭᠤᠳᠠᠭ᠃ ᠬᠡᠷᠪᠡ ᠴᠡᠭᠡᠷ ᠶᠣᠰᠤ᠎ᠶ᠋ᠢ ᠲᠠᠭᠠᠬᠤ ᠦᠭᠡᠢ ᠪᠤᠯᠠᠢᠯ᠎ᠤᠨ ᠬᠦᠮᠦᠨ᠎ᠢ ᠬᠦᠨᠳᠦᠳᠭᠡᠵᠤ ᠦᠭᠡᠢ᠎ᠳᠤ ᠲᠣᠭᠠᠴᠢᠭ᠍ᠳᠠᠨ᠎ᠠ᠃

ᠢᠷᠡᠯᠳᠡ᠄ 《ᠮᠤᠨᠭᠭᠤᠯ ᠵᠠᠨᠭᠦᠢᠯᠡ》᠂ ᠬᠤᠯᠪᠤᠭ᠎ᠠ ᠰᠦᠯᠵᠢᠶ᠎ᠠ

ᠡᠮᠬᠢᠯᠡᠭᠴᠢ᠄ᠦᠨᠡᠨᠵᠢᠷᠭᠠᠯ

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠪᠤᠶᠠᠨ᠍ᠦ᠌ᠨᠳᠦᠰᠦ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面