ᠲᠡᠷᠢᠭᠦᠨ ᠨᠢᠭᠤᠷ>ᠠᠮᠢᠳᠤᠷᠠᠯ ᠥᠷᠲᠡᠭᠡ>ᠵᠠᠩ ᠦᠢᠯᠡ

2023-02-06 16:01:33

ᠵᠣᠬᠢᠶᠠᠭ᠍ᠴᠢ᠄ ᠰᠠ᠊·ᠨᠠᠰᠤᠨᠪᠠᠶᠠᠷ ᠣᠩᠱᠢᠭ᠍ᠰᠠᠨ ᠣᠳᠠᠭ᠎ᠠ᠄ 3

ᠴᠠᠭᠠᠨ ᠰᠠᠷ᠎ᠠ᠎ᠪᠤᠯᠬᠤ ᠪᠠᠷ ᠮᠠᠯᠴᠢᠳ ᠶᠠᠷᠦ ᠨᠢ ᠤᠳᠤ ᠴᠠᠭ᠎ᠦᠨ ᠤᠨᠴᠠᠯᠢᠭ ᠲᠠᠢ ᠤᠯᠠᠮᠵᠢᠯᠠᠯᠳᠦ ᠬᠤᠪᠴᠠᠰᠦ ᠪᠠᠷ᠎ᠵᠢᠡᠨ ᠭᠤᠶᠤᠳᠠᠭ ᠨᠢ ᠬᠦᠳᠡᠬᠡ ᠨᠤᠳᠤᠭ᠎ᠦᠨ ᠰᠢᠨᠡᠯᠡᠵᠦ ᠴᠠᠭᠠᠯᠠᠬᠤ ᠦᠪᠡᠷᠮᠢᠴᠡ ᠦᠡᠭᠬᠡ ᠪᠤᠳᠤᠭ ᠪᠤᠯᠵᠦ᠂ ᠤᠨᠴᠠᠭᠠᠢᠯᠠᠨ ᠮᠠᠯᠠᠭᠠᠢ ᠪᠤᠯ ᠲᠤᠳᠠᠭᠳᠠᠵᠦ ᠪᠤᠯᠦᠰᠢ ᠦᠬᠡᠢ ᠨᠢᠬᠡᠨ ᠡᠮᠦᠰᠬᠡᠯ ᠵᠠᠰᠠᠯ ᠪᠤᠯᠤᠭᠰᠠᠨ ᠪᠢᠯᠡ᠃ ᠰᠢᠯᠢ ᠵᠢᠨ ᠭᠤᠤᠯ ᠠᠢᠮᠠᠭ᠎ᠤᠨ ᠪᠠᠷᠠᠭᠤᠨ ᠦᠵᠦᠮᠦᠴᠢᠨ ᠬᠤᠰᠢᠭᠤᠨ᠎ᠦ ᠪᠠᠶᠠᠨᠬᠤᠸᠠ ᠪᠠᠯᠭᠠᠰᠦᠨ᠎ᠦ ᠰᠠᠢᠠᠠᠦᠢ᠍ᠨᠳᠦᠷ ᠭᠠᠴᠠᠬ᠋᠎ᠠ ᠪᠠᠷ ᠨᠤᠳᠤᠭᠲᠠᠢ ᠨᠡᠷᠡᠨᠴᠡᠴᠡᠭ ᠨᠠᠰᠤᠳᠠᠨ᠎ᠦ ᠤᠶᠤᠭᠰᠠᠨ ᠡᠪᠤᠯ᠎ᠦᠨ ᠮᠠᠯᠠᠭᠠᠢ ᠨᠢ ᠦᠰᠦ ᠦᠡᠭᠬᠡ ᠨᠢ ᠲᠡᠡᠭᠴᠡᠬᠦᠬᠡᠨ᠂ ᠤᠶᠤᠳᠠᠯ ᠨᠢ ᠨᠠᠷᠢᠯᠢᠭ᠂ ᠦᠵᠡᠬᠦ᠎ᠳᠦ ᠡᠪᠯᠢᠭ᠂ ᠡᠮᠦᠰᠬᠦ᠎ᠳᠦ ᠬᠦᠡᠭᠬᠡᠨ ᠮᠦᠷᠳᠡᠬᠡᠨ ᠲᠤᠯᠠᠭᠠᠨ ᠲᠠᠭᠠᠳᠠᠢ ᠪᠠᠢᠳᠠᠭ᠎ᠵᠢᠡᠷ᠎ᠵᠢᠡᠨ ᠬᠦᠮᠦᠰ᠎ᠲᠦ ᠶᠡᠬᠡᠳᠡ ᠲᠠᠭᠠᠯᠠᠭᠳᠠᠵᠤ ᠪᠠᠢᠨ᠎ᠠ᠃


QQ截图20230206160252.png


ᠡᠨᠡ ᠵᠢᠯ 69 ᠬᠦᠷᠴᠦ ᠪᠠᠢᠬ᠋᠎ᠠ ᠨᠠᠷᠠᠨᠴᠡᠴᠡᠭ ᠨᠠᠰᠤᠳᠠᠨ ᠨᠦᠬᠦᠷ ᠲᠠᠢ ᠪᠡᠨ ᠬᠤᠶᠠᠭᠤᠯᠠ ᠬᠤᠰᠢᠭᠤᠨ ᠲᠦᠪ᠎ᠲᠦ ᠠᠴᠢ ᠵᠢᠬᠡ ᠨᠡᠷ᠎ᠵᠢᠡᠨ ᠬᠠᠷᠠᠵᠦ ᠰᠠᠭᠤᠭᠠᠳ ᠬᠤᠷᠢᠭᠠᠳ ᠵᠢᠯ ᠪᠤᠯᠵᠦ ᠪᠠᠢᠨ᠋᠎ᠠ᠂ ᠦᠢᠷ᠎ᠠ᠎ᠵᠢᠨ ᠵᠢᠯ ᠡᠴᠡ ᠵᠢᠭᠠᠯ᠎ᠦᠳ ᠨᠢ ᠦᠰᠴᠦ ᠲᠤᠮᠤᠭᠠᠵᠢᠨ᠂ ᠴᠢᠯᠦᠬᠡ ᠵᠠᠪ ᠲᠠᠢ ᠪᠤᠯᠤᠭᠰᠠᠨ᠎ᠵᠢᠡᠷ ᠨᠠᠷᠠᠨᠴᠡᠴᠡᠭ ᠨᠠᠰᠤᠳᠠᠨ ᠵᠠᠯᠠᠭᠤ᠎ᠳᠠᠭᠠᠨ ᠰᠤᠷᠤᠭᠰᠠᠨ ᠦᠢᠯᠡ ᠤᠶᠤᠳᠠᠯ᠎ᠵᠢᠡᠨ ᠤᠷᠤᠯᠳᠤᠵᠦ᠂ ᠡᠪᠤᠯ᠎ᠦᠨ ᠮᠠᠯᠠᠭᠠᠢ ᠭᠤᠤᠯᠳᠠᠭᠤ ᠤᠶᠤᠳᠠᠭ ᠪᠤᠯᠵᠠᠢ᠃


QQ截图20230206160314.pngQQ截图20230206160325.png


ᠡᠬᠢᠯᠡᠬᠡᠳ ᠲᠡᠷᠡ ᠦᠪᠡᠷ᠎ᠦᠨ ᠬᠡᠤᠬᠡᠳ ᠲᠡᠬᠦᠤ ᠨᠠᠷ ᠪᠤᠶᠦ ᠤᠢᠷ᠎ᠠ ᠰᠠᠳᠦᠨ᠎ᠳᠠᠭᠠᠨ ᠤᠶᠤᠵᠦ ᠦᠭᠳᠡᠭ ᠪᠠᠢᠭᠰᠠᠨ ᠨᠢ ᠬᠦᠮᠦᠰ᠎ᠦᠨ ᠠᠡᠭᠬᠠᠷᠤᠯ᠎ᠳᠦ ᠬᠦᠷᠴᠦ᠂ ᠲᠡᠬᠦᠨ᠎ᠵᠢᠡᠷ ᠮᠠᠯᠠᠭᠠᠢ ᠤᠶᠤᠭᠤᠯᠬᠤ ᠬᠦᠮᠦᠰ ᠤᠯᠠᠰᠢᠷᠠᠭᠰᠠᠨ᠎ᠵᠢᠡᠷ ᠨᠠᠰᠤᠳᠠᠨ ᠰᠤᠯᠠ ᠰᠡᠯᠡᠬᠦᠦ ᠴᠠᠭ᠎ᠵᠢᠡᠷ᠎ᠵᠢᠡᠨ ᠪᠠᠷᠤᠭ ᠯᠠ ᠪᠦᠷ ᠮᠠᠯᠠᠭᠠᠢ ᠤᠶᠤᠳᠠᠭ ᠪᠤᠯᠵᠦ᠂ ᠦᠨᠡᠬᠡᠨ ᠪᠦᠰᠡᠯᠡᠬᠦᠷ ᠮᠠᠯᠠᠭᠠᠢ᠂ ᠬᠤᠷᠠᠭᠠᠨ ᠪᠦᠰᠡᠯᠡᠬᠦᠷ ᠮᠠᠯᠠᠭᠠᠢ᠂ ᠲᠤᠭᠤᠷᠢᠭᠤᠯ ᠮᠠᠯᠠᠭᠠᠢ᠂ ᠮᠠᠬᠤᠤᠰᠠ ᠮᠠᠯᠠᠭᠠᠢ᠎ᠵᠢ ᠲᠤᠮᠤ ᠬᠦᠮᠦᠨ᠎ᠦ ᠪᠤᠯᠤᠨ ᠬᠡᠤᠬᠡᠳ᠎ᠦᠨ᠂ ᠡᠷᠡᠭᠳᠠᠢ ᠡᠮᠡᠭᠳᠡᠢ᠂ ᠨᠠᠰᠦ ᠵᠢᠯ᠎ᠦᠨ ᠬᠢᠨᠢ ᠤᠨᠴᠠᠯᠢᠭ ᠲᠤᠨᠢ ᠲᠤᠬᠢᠷᠠᠭᠤᠯᠤᠨ ᠤᠶᠤᠳᠠᠭ᠎ᠵᠢᠡᠷ ᠪᠠᠷᠠᠬᠤ ᠦᠬᠡᠢ ᠦᠵᠦᠮᠦᠴᠢᠨᠴᠦᠳ᠎ᠦᠨ ᠵᠠᠭᠤᠭᠠᠳ ᠵᠢᠯ ᠎ᠤᠨ ᠡᠮᠤᠨ᠋᠎ᠠ ᠡᠳ᠋ᠯᠡᠵᠦ ᠪᠠᠢᠭᠰᠠᠨ ᠰᠡᠳᠡᠷᠬᠡᠢ ᠲᠤᠭᠤᠰ ᠮᠠᠯᠠᠭᠠᠢ ᠎ᠵᠢ ᠴᠦ᠍ ᠰᠡᠷᠬᠦᠬᠡᠨ ᠤᠶᠤᠭᠰᠠᠨ ᠪᠠᠢᠨ᠋᠎ᠠ᠃

ᠡᠢᠨ ᠬᠦ᠌ ᠲᠡᠬᠦᠨ᠎ᠦ ᠤᠶᠤᠭᠰᠠᠨ ᠮᠠᠯᠠᠭᠠᠢ ᠨᠢ ᠤᠢᠷ᠎ᠠ ᠬᠠᠪᠢ᠎ᠵᠢᠨ ᠬᠤᠰᠢᠭᠤ ᠰᠢᠶᠠᠨ ᠡᠴᠡ ᠭᠠᠳᠠᠨ᠋᠎ᠠ᠂ ᠤᠯᠠᠭᠠᠨᠬᠠᠳᠠ ᠬᠤᠳᠠ᠂ ᠤᠯᠠᠭᠠᠠᠴᠠᠪ ᠬᠤᠳᠠ᠂ ᠲᠦᠡᠭᠯᠢᠶᠦᠦ ᠬᠤᠳᠠ ᠴᠢᠨᠠᠭᠰᠢᠯᠠᠭᠠᠳ ᠬᠦᠬᠡᠨᠠᠭᠤᠷ᠂ ᠭᠠᠨᠰᠦ ᠵᠡᠷᠬᠡ ᠮᠤᠵᠢ ᠤᠷᠦᠨ᠎ᠦ ᠬᠡᠷᠡᠭᠯᠡᠭᠴᠢᠳ᠎ᠦᠨ ᠵᠠᠬᠢᠶᠠᠯᠠᠬ᠋᠎ᠠ᠎ᠵᠢ ᠲᠤᠰᠴᠦ᠂ ᠵᠠᠷᠢᠮ᠎ᠳᠠᠭᠠᠨ ᠤᠶᠤᠵᠦ ᠠᠮᠵᠢᠬᠤ ᠦᠬᠡᠢ ᠵᠠᠬᠢᠶᠠᠯᠠᠬ᠋᠎ᠠ᠎ᠵᠢ ᠨᠢ ᠪᠤᠴᠠᠭᠠᠳᠠᠭ ᠤᠳᠠᠬ᠋᠎ᠠ ᠴᠦ᠍ ᠭᠠᠷᠳᠠᠭ ᠪᠠᠢᠵᠠᠢ᠃ ᠨᠠᠷᠠᠨᠴᠡᠴᠡᠭ ᠨᠠᠰᠤᠳᠠᠨ᠄《ᠡᠬᠢᠯᠡᠬᠡᠳ ᠪᠢ ᠵᠦᠬᠡᠷ ᠯᠡ ᠤᠶᠤᠭᠤᠯᠤᠶ᠎ᠠ ᠬᠡᠰᠡᠨ ᠬᠦᠮᠦᠨ᠎ᠦ ᠬᠡᠯᠡᠭᠰᠡᠨ ᠬᠦᠰᠡᠭᠰᠡᠨ ᠶᠤᠰᠤᠭᠠᠷ ᠨᠢ ᠤᠶᠤᠭᠠᠳ ᠯᠠ ᠦᠭᠳᠡᠭ ᠪᠠᠢᠭᠰᠠᠨ᠂ ᠬᠡᠬᠦ ᠎ᠳᠦ ᠵᠠᠷᠢᠮ ᠨᠢ ᠨᠠᠰᠤᠳᠠᠢ ᠬᠦᠮᠦᠨ᠎ᠵᠢᠡᠷ ᠵᠦᠬᠡᠷ ᠤᠶᠤᠭᠤᠯᠤᠭᠠᠳ ᠶᠠᠭᠠᠬᠢᠬᠤ ᠪᠤᠢ᠂ ᠭᠠᠷ᠎ᠦᠨ ᠬᠦᠯᠦᠰᠦ᠎ᠵᠢ ᠨᠢ ᠴᠦ᠍ ᠬᠡᠰᠡᠨ ᠦᠭᠬᠦᠶ᠎ᠠ ᠯᠡ ᠬᠡᠳᠡᠭ᠃ ᠰᠡᠬᠦᠯᠡᠷ ᠨᠢ ᠵᠢᠷᠭᠢᠶ᠎ᠡ ᠬᠤᠯᠪᠤᠬ᠋᠎ᠠ᠂ ᠨᠠᠢᠵᠠ᠎ᠵᠢᠨ ᠲᠤᠭᠤᠷᠢᠭ᠎ᠵᠢᠡᠷ ᠲᠠᠮᠵᠢᠭᠠᠳ ᠯᠠ ᠶᠡᠬᠡ ᠤᠯᠠᠨ ᠬᠦᠮᠦᠨ ᠤᠶᠤᠭᠤᠯᠳᠠᠭ ᠪᠤᠯᠤᠭᠰᠠᠨ᠂ ᠤᠨᠴᠠᠭᠠᠢᠯᠠᠨ ᠤᠷᠤᠭ ᠬᠤᠷᠢᠮ ᠪᠤᠶᠦ ᠵᠢᠯ ᠴᠠᠭᠠᠨ ᠰᠠᠷ᠎ᠠ ᠤᠢᠷᠠᠳᠤᠭᠰᠠᠭᠠᠷ ᠯᠠ ᠮᠠᠯᠠᠭᠠᠢ ᠤᠶᠤᠭᠤᠯᠬᠤ ᠬᠦᠮᠦᠰ ᠤᠯᠠᠮ ᠠᠷᠪᠢᠨ ᠪᠤᠯᠳᠠᠭ᠃ ᠲᠡᠬᠡᠬᠡᠳ ᠪᠠᠰᠠ ᠵᠢᠭᠠᠬᠠᠨ ᠤᠷᠤᠯᠬ᠋᠎ᠠ ᠲᠠᠢ ᠴᠦ᠍ ᠪᠤᠯᠤᠭᠰᠠᠨ᠂ ᠬᠦᠮᠦᠨ ᠶᠡᠷᠦ ᠨᠢ ᠨᠠᠰᠦ ᠶᠠᠪᠤᠭᠰᠠᠨ ᠴᠦ᠍ ᠬᠢᠬᠦ ᠬᠢᠳᠡᠯ ᠲᠠᠢ ᠪᠠᠢᠵᠦ ᠯᠠ ᠪᠠᠢᠪᠠᠯ ᠡᠳᠦᠷ ᠴᠦ᠍ ᠬᠤᠷᠳᠦᠨ ᠦᠡᠭᠬᠡᠷᠡᠨ᠋᠎ᠠ᠂ ᠤᠷᠮ᠎ᠠ ᠪᠠᠬ᠎ᠠ ᠲᠠᠢ ᠴᠦ᠍ ᠪᠤᠯᠤᠨ᠋᠎ᠠ᠂ ᠡᠬᠦᠨ᠎ᠳᠦᠨᠢ ᠪᠢ ᠶᠡᠬᠡ ᠲᠤᠷᠠᠳᠠᠢ ᠪᠠᠢᠲᠠᠬ ᠰᠢᠦ》 ᠬᠡᠵᠦ ᠪᠠᠶᠠᠷᠳᠠᠢᠬᠠᠨ ᠶᠠᠷᠢᠵᠦ ᠪᠠᠢᠯ᠎ᠠ᠃

ᠨᠠᠷᠠᠨᠴᠡᠴᠡᠭ ᠨᠠᠰᠤᠳᠠᠨ ᠪᠠᠰᠠ ᠦᠪᠡᠷ᠎ᠦᠨ ᠵᠢᠯ ᠪᠤᠯᠭᠠᠨ᠎ᠦ ᠤᠶᠤᠭᠰᠠᠨ ᠮᠠᠯᠠᠭᠠᠢ᠎ᠵᠢᠨ᠎ᠵᠢᠡᠨ ᠵᠢᠷᠤᠭ ᠰᠠᠬᠦᠳᠡᠷ᠎ᠢ ᠨᠢ ᠡᠮᠬᠢᠯᠡᠨ ᠲᠠᠪᠳᠠᠷᠯᠠᠵᠦ᠂ ᠬᠠᠳᠠᠭᠠᠯᠠᠵᠦ ᠪᠠᠢᠬᠤ ᠪᠦᠬᠡᠳ ᠬᠡᠤᠬᠡᠨ ᠪᠤᠶᠦ ᠪᠠᠷᠢᠶᠠᠳ ᠲᠡᠭᠡᠨ ᠦᠢᠯᠡ ᠤᠶᠤᠳᠠᠯ᠎ᠵᠢᠡᠨ ᠵᠢᠭᠠᠨ ᠤᠯᠠᠮᠵᠢᠯᠠᠵᠦ ᠪᠠᠢᠨ᠋᠎ᠠ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠴᠠᠨ᠎ᠠ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面