ᠲᠡᠷᠢᠭᠦᠨ ᠨᠢᠭᠤᠷ>ᠠᠮᠢᠳᠤᠷᠠᠯ ᠥᠷᠲᠡᠭᠡ>ᠠᠩᠬᠠᠷᠤᠯ ᠦᠢᠯᠡᠴᠢᠯᠡᠭᠡ

2026-05-29 10:48:23

ᠵᠣᠬᠢᠶᠠᠭ᠍ᠴᠢ᠄ ᠣᠩᠱᠢᠭ᠍ᠰᠠᠨ ᠣᠳᠠᠭ᠎ᠠ᠄ 3

ᠤᠯᠠᠭᠠᠨ ᠮᠡᠩᠭᠡ ᠨᠢ ᠬᠡᠳᠦᠶ᠋ᠢᠪᠡᠷ ᠬᠠᠪᠤᠳᠠᠷ ᠲᠤ᠌ ᠲᠤᠭᠠᠴᠠᠬᠳᠠᠬᠤ ᠪᠣᠯᠪᠠᠴᠤ᠌ ᠥᠮᠡᠨ ᠪᠣᠯᠵᠤ ᠬᠤᠪᠢᠷᠠᠬᠤ ᠦᠭᠡᠢ᠃ ᠤᠯᠠᠭᠠᠨ ᠮᠡᠩᠭᠡ᠎ᠳᠤ ᠦᠷᠭᠦᠯᠵᠢ ᠲᠣᠬᠢᠶᠠᠯᠳᠤᠳᠠᠭ ᠡᠪᠡᠳᠴᠢᠨ᠎ᠤ ᠰᠢᠯᠲᠠᠭᠠᠨ᠎ᠨᠢ ᠭᠣᠣᠯᠳᠠᠭᠤ 2 ᠵᠤᠢᠯ ᠪᠠᠶ᠋ᠢᠳᠠᠭ᠃

ᠨᠠᠰᠤᠨ᠎ᠤ ᠨᠡᠮᠡᠭᠳᠡᠯ ᠄ ᠤᠯᠠᠭᠠᠨ ᠮᠡᠩᠭᠡ ᠵᠢ ᠬᠦᠮᠤᠨ᠎ᠤ ᠥᠲᠡᠯᠬᠦ᠌ ᠶᠠᠪᠤᠴᠠ᠎ᠳᠠᠬᠢ ᠨᠢᠭᠡᠨ ᠢᠯᠡᠷᠡᠯ ᠭᠡᠵᠦ᠍ ᠣᠶ᠋ᠢᠯᠠᠭᠠᠵᠤ ᠪᠣᠯᠤᠨ᠎ᠠ᠃

ᠵᠢᠷᠮᠦᠰᠦᠯᠡᠬᠦ᠄ ᠵᠢᠷᠮᠦᠰᠦᠯᠡᠬᠦ᠌ ᠶᠠᠪᠤᠴᠠ᠎ᠳᠤ ᠢᠪᠢᠯᠭᠡᠬᠦ᠌ ᠡᠳ᠋ ᠵᠡᠷᠭᠡ ᠬᠣᠷᠮᠣᠨ᠎ᠤ ᠬᠡᠯᠪᠡᠯᠵᠡᠯᠲᠡ᠎ᠲᠠᠢ ᠪᠠᠶ᠋ᠢᠳᠠᠭ᠂ ᠲᠡᠳᠡᠭᠡᠷ᠎ᠨᠢ ᠪᠤᠳᠤᠯᠢᠶᠠᠨᠲᠠᠢ ᠲᠣᠭᠲᠠᠴᠠ᠎ᠪᠠᠷ ᠳᠠᠮᠵᠢᠨ ᠠᠷᠠᠰᠤᠨ ᠳ᠋ᠥ᠍ ᠤᠯᠠᠭᠠᠨ ᠮᠡᠩᠭᠡ ᠭᠠᠷᠭᠠᠳᠠᠭ᠃ ᠡᠨᠡ ᠲᠥᠷᠥᠯ᠎ᠤᠨ ᠤᠯᠠᠭᠠᠨ ᠮᠡᠩᠭᠡ ᠨᠢ ᠬᠥᠩᠭᠡᠵᠢᠭᠰᠡᠨ᠎ᠤ ᠳᠠᠷᠠᠭ᠎ᠠ ᠠᠶᠠᠨᠳᠠᠭᠠᠨ ᠪᠠᠭᠠᠰᠬᠤ ᠪᠤᠶᠤ ᠠᠷᠢᠯᠬᠤ ᠪᠣᠯᠤᠮᠵᠢ᠎ᠲᠠᠢ ᠶᠤᠮ᠃ ᠡᠭᠦᠨ᠎ᠠᠴᠠ ᠭᠠᠳᠠᠨ᠎ᠠ ᠪᠠᠰᠠ ᠭᠧᠨ᠎ᠤ ᠭᠡᠨᠡᠳᠲᠡ᠎ᠶᠢᠨ ᠬᠤᠪᠢᠰᠤᠯ ᠡᠴᠡ ᠪᠤᠯᠳᠠᠭ᠃ ᠰᠤᠳᠤᠯᠭᠠᠨ ᠳ᠋ᠥ᠍ ᠵᠠᠷᠢᠮ ᠬᠥᠮᠦᠨ ᠳ᠋ᠥ᠍ ᠤᠯᠠᠭᠠᠨ ᠮᠡᠩᠭᠡ ᠭᠠᠷᠳᠠᠭ᠎ᠨᠢ ᠭᠧᠨ (ᠵᠢᠱ᠌ᠢᠶᠡᠯᠡᠪᠡᠯ GNAQ ᠭᠧᠨ ᠪᠠ GNA11 ᠭᠧᠨ) ᠨᠢ ᠭᠡᠨᠡᠳᠲᠡ᠎ᠶᠢᠨ ᠬᠤᠪᠢᠷᠠᠯᠲᠠ ᠭᠠᠷᠤᠭᠰᠠᠨ᠎ᠠᠴᠠ ᠪᠣᠯᠵᠠᠶ᠂ ᠭᠡᠪᠡᠴᠦ᠍ ᠡᠩ᠎ᠤᠨ ᠪᠠᠶ᠋ᠢᠳᠠᠯ ᠲᠤᠣᠷ᠎ᠠ ᠡᠭᠡᠯ ᠵᠢᠷ᠎ᠤᠨ ᠭᠦᠮᠦᠰ ᠤᠯᠠᠭᠠᠨ ᠮᠡᠩᠭᠡ᠎ᠠᠴᠠ ᠪᠣᠯᠵᠣ ᠭᠧᠨ᠎ᠤ ᠪᠠᠶ᠋ᠢᠴᠠᠭᠠᠯᠲᠠ ᠬᠢᠯᠭᠡᠭᠰᠡᠨ᠎ᠤ ᠭᠡᠷᠡᠭ ᠥᠬᠡᠶ᠃

ᠣᠨᠴᠠᠭᠠᠶ ᠬᠡᠷᠡᠭᠯᠡᠬᠦ᠌ ᠡᠮ ᠄ ᠣᠨᠴᠠ ᠵᠠᠷᠢᠮ ᠬᠥᠮᠦᠨ ᠬᠡᠷᠪᠡ ᠠᠽᠣᠲ᠎ᠤᠨ ᠭᠠᠶ᠋ᠢᠮᠤ ᠪᠤᠶᠤ ᠪᠤᠰᠤᠳ ᠬᠢᠮᠢ᠎ᠶᠢᠨ ᠡᠮ ᠬᠡᠷᠡᠭᠯᠡᠪᠡᠯ ᠪᠠᠰᠠ ᠤᠯᠠᠭᠠᠨ ᠮᠡᠩᠭᠡ ᠭᠠᠷᠴᠤ᠌ ᠮᠡᠳᠡᠨ᠎ᠡ᠃ ᠤᠯᠠᠭᠠᠨ ᠮᠡᠩᠭᠡ ᠭᠡᠳᠡᠭ ᠡᠨᠡ ᠬᠦ᠌ ᠴᠢᠰᠤᠨ ᠰᠤᠳᠠᠯ᠎ᠤᠨ ᠬᠠᠪᠤᠳᠠᠷ᠎ᠨᠢ ᠦᠨᠡᠨ᠎ᠳᠡᠭᠡᠨ ᠮᠠᠰᠢ ᠣᠯᠠᠨ ᠪᠠᠶ᠋ᠢᠳᠠᠭ ᠪᠦᠭᠡᠳ ᠲᠥᠷᠥᠯ ᠵᠤᠶ᠋ᠢᠯ᠎ᠨᠢ ᠴᠦ᠍ ᠮᠠᠰᠢ ᠣᠯᠠᠨ ᠪᠠᠶ᠋ᠢᠵᠤ᠂ ᠪᠠᠷᠤᠭ ᠪᠦᠷ ᠬᠤᠤᠷ ᠥᠬᠡᠶ ᠪᠠᠶ᠋ᠢᠳᠠᠭ᠃

(《 ᠠᠷᠠᠳ᠎ᠤᠨ ᠰᠦᠯᠵᠢᠶ᠎ᠠ 》 ᠡᠴᠨ ᠤᠷᠴᠢᠭᠤᠯᠤᠨ ᠠᠪᠤᠪᠠ)








  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠰᠠᠢᠨ᠎ᠠ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面