ᠲᠡᠷᠢᠭᠦᠨ ᠨᠢᠭᠤᠷ>ᠠᠮᠢᠳᠤᠷᠠᠯ ᠥᠷᠲᠡᠭᠡ>ᠠᠩᠬᠠᠷᠤᠯ ᠦᠢᠯᠡᠴᠢᠯᠡᠭᠡ

2026-06-05 10:27:51

ᠵᠣᠬᠢᠶᠠᠭ᠍ᠴᠢ᠄ ᠣᠩᠱᠢᠭ᠍ᠰᠠᠨ ᠣᠳᠠᠭ᠎ᠠ᠄ 3

ᠪᠢᠴᠢᠯ ᠰᠦᠯᠢᠶᠤᠤ ᠨᠢ ᠵᠢᠷᠦᠬᠡᠨ ᠡᠪᠡᠳᠴᠢᠨ ᠳ᠋ᠤ ᠨᠡᠷᠪᠡᠭᠳᠡᠬᠦ᠌ ᠲᠦᠭᠰᠢᠬᠦᠷᠢ ᠵᠢ ᠨᠡᠮᠡᠭᠳᠡᠭᠦᠯᠵᠦ᠍᠂ ᠠᠮᠢᠰᠬᠤᠯ᠎ᠤᠨ ᠰᠢᠰᠲᠸᠮ᠎ᠢᠶᠠᠷ ᠳᠠᠮᠵᠢᠨ ᠬᠥᠮᠦᠨ᠎ᠤ ᠪᠡᠶ᠎ᠡ᠎ᠳᠤ ᠣᠷᠣᠳᠠᠭ᠃ ᠣᠶ᠋ᠢᠷ᠎ᠠ᠎ᠳᠤ ᠠᠮᠧᠷᠢᠺᠠ᠎ᠶᠢᠨ《ᠰᠢᠨ᠎ᠡ ᠢᠩᠭ᠌ᠯᠠᠨᠳ᠋᠎ᠤᠨ ᠠᠨᠠᠭᠠᠬᠤ ᠤᠬᠠᠭᠠᠨ᠎ᠤ ᠰᠡᠳᠬᠦᠯ》ᠳᠡᠭᠡᠷ᠎ᠡ ᠨᠡᠶ᠋ᠢᠲᠡᠯᠡᠭᠰᠡᠨ ᠨᠢᠭᠡᠨ ᠰᠢᠨ᠎ᠡ ᠰᠤᠳᠤᠯᠭᠠᠨ᠎ᠠᠴᠠ ᠦᠵᠡᠪᠡᠯ᠂ ᠬᠥᠮᠦᠨ᠎ᠤ ᠪᠡᠶ᠎ᠡ᠎ᠳᠤ ᠤᠷᠤᠭᠰᠠᠨ ᠪᠢᠴᠢᠯ ᠰᠦᠯᠢᠶᠣᠣ᠎ᠨᠢ ᠯᠤᠭᠰᠢᠭᠤᠨ ᠰᠤᠳᠠᠯ ᠲᠣᠲᠣᠷ᠎ᠠ ᠬᠤᠷᠠᠵᠤ ᠴᠤᠭᠯᠠᠷᠠᠳᠠᠭ᠂ ᠡᠨᠡ᠎ᠨᠢ ᠵᠢᠷᠦᠬᠡᠨ ᠡᠪᠡᠳᠴᠢᠨ᠂ ᠰᠠ ᠡᠪᠡᠳᠴᠢᠨ ᠵᠡᠷᠭᠡ ᠡᠪᠡᠳᠴᠢᠨ᠎ᠳᠤ ᠨᠡᠷᠪᠡᠭᠳᠡᠬᠦ᠌ ᠲᠦ᠋ᠭᠰᠢᠭᠦᠷᠢ᠎ᠶᠢ ᠨᠡᠮᠡᠭᠳᠡᠭᠦᠯᠵᠦ᠍ ᠮᠡᠳᠡᠨ᠎ᠡ᠃

ᠣᠶ᠋ᠢᠯᠠᠭᠠᠭᠰᠠᠨ᠎ᠢᠶᠠᠷ᠂ ᠪᠢᠴᠢᠯ ᠰᠦᠯᠢᠶᠣᠣ ᠭᠡᠳᠡᠭ᠎ᠨᠢ ᠶᠡᠷᠦ᠎ᠳᠡᠭᠡᠨ ᠮᠥᠬᠥᠯᠢᠭ᠎ᠤᠨ ᠳ᠋ᠢᠶᠠᠮᠧᠲᠷ᠎ᠨᠢ 5 ᠮᠢᠯᠢᠮᠧᠲᠷ᠎ᠠᠴᠠ ᠪᠠᠭ᠎ᠠ ᠰᠦᠯᠢᠶᠣᠣ ᠮᠥᠬᠥᠯᠢᠭ᠎ᠢ ᠵᠢᠭᠠᠵᠤ ᠪᠤᠢ᠂ ᠲᠡᠷᠡ᠎ᠨᠢ ᠢᠳᠡᠭᠡᠨ ᠪᠤᠶᠤ ᠠᠮᠢᠰᠬᠤᠯ᠎ᠤᠨ ᠰᠢᠰᠲᠸᠮ ᠵᠢᠡᠷ ᠳᠡᠮᠵᠢᠨ ᠬᠥᠮᠦᠨ᠎ᠤ ᠪᠡᠶ᠎ᠡ᠎ᠳᠤ ᠣᠷᠣᠳᠠᠭ᠃ ᠰᠤᠳᠤᠯᠭᠠᠨ᠎ᠤ ᠦᠷ᠎ᠡ ᠳ᠋ᠦᠩ᠎ᠳᠤ ᠢᠯᠡᠷᠡᠭᠦᠯᠦᠭᠰᠡᠨ᠎ᠢᠶᠠᠷ᠂ 58% ᠵᠢᠨ ᠰᠤᠳᠤᠯᠤᠭᠳᠠᠬᠤ ᠡᠲᠡᠭᠡᠳ᠎ᠤᠨ ᠬᠦ᠋ᠵᠦᠭᠦᠨ᠎ᠤ ᠯᠤᠭᠰᠢᠭᠤᠨ ᠰᠤᠳᠠᠯ᠎ᠤᠨ ᠲᠣᠯᠪᠣ᠎ᠶᠢᠨ ᠬᠡᠰᠡᠭ ᠡᠴᠠ ᠡᠲ᠋ᠧᠨ᠎ᠤ ᠪᠥᠭᠡᠭᠡᠨᠡᠪᠤᠷᠢ ᠵᠢ ᠪᠠᠶ᠋ᠢᠴᠠᠭᠠᠨ ᠤᠯᠵᠠᠢ᠂ ᠡᠨᠡ ᠬᠦ᠌ ᠡᠲ᠋ᠧᠨ᠎ᠤ ᠪᠥᠭᠡᠭᠡᠨᠡᠪᠤᠷᠢ ᠪᠣᠯ ᠦᠷᠭᠦᠯᠵᠢ ᠬᠠᠷᠠᠭᠳᠠᠳᠠᠭ ᠰᠦᠯᠢᠶᠣᠣ ᠪᠣᠯᠤᠨ᠎ᠠ᠃ ᠡᠭᠦᠨ᠎ᠠᠴᠠ ᠭᠠᠳᠠᠨ᠎ᠠ᠂ 12%᠎ᠤᠨ ᠰᠤᠳᠤᠯᠤᠭᠳᠠᠬᠤ ᠡᠲᠡᠭᠡᠳ᠎ᠤᠨ ᠬᠦᠵᠦᠭᠦᠨ᠎ᠤ ᠯᠤᠭᠰᠢᠭᠤᠨ ᠰᠤᠳᠠᠯ᠎ᠤᠨ ᠲᠣᠯᠪᠣ᠎ᠶᠢᠨ ᠬᠡᠰᠡᠭ᠎ᠠᠴᠠ ᠾᠯᠤᠷᠳᠤ ᠡᠲ᠋ᠧᠨ᠎ᠤ ᠪᠥᠭᠡᠭᠡᠨᠡᠪᠤᠷᠢ ᠵᠢ ᠪᠠᠶ᠋ᠢᠴᠠᠭᠠᠨ ᠤᠯᠵᠠᠢ᠂ ᠡᠨᠡ ᠨᠢ ᠥᠭᠡᠷ᠎ᠡ ᠨᠢᠭᠡ ᠵᠦᠢᠯ᠎ᠤᠨ ᠦᠷᠭᠦᠯᠵᠢ ᠬᠠᠷᠠᠭᠳᠠᠳᠠᠭ ᠰᠦᠯᠢᠶᠣᠣ ᠪᠣᠯᠤᠨ᠎ᠠ᠃

ᠪᠦᠷᠢᠳᠬᠡᠯ᠎ᠤᠨ ᠵᠠᠳᠠᠯᠤᠯᠲᠠ᠎ᠶᠢᠨ ᠦᠷ᠎ᠡ ᠳ᠋ᠦᠩ᠎ᠳᠤ ᠢᠯᠡᠷᠡᠭᠦᠯᠦᠭᠰᠡᠨ᠎ᠢᠶᠠᠷ᠂ ᠬᠦᠵᠦᠭᠦᠨ᠎ᠤ ᠯᠤᠭᠰᠢᠭᠤᠨ ᠰᠤᠳᠠᠯ᠎ᠤᠨ ᠲᠣᠯᠪᠣ᠎ᠶᠢᠨ ᠬᠡᠰᠡᠭ ᠡᠴᠠ ᠪᠢᠴᠢᠯ ᠰᠦᠯᠢᠶᠣᠣ᠎ᠶᠢ ᠪᠠᠶ᠋ᠢᠴᠠᠭᠠᠵᠤ ᠣᠯᠤᠭᠰᠠᠨ ᠦᠭᠡᠢ ᠬᠥᠮᠦᠨ ᠢ᠋ ᠪᠤᠳᠤᠪᠠᠯ᠂ ᠬᠦᠵᠦᠭᠦᠨ᠎ᠤ ᠯᠤᠭᠰᠢᠭᠤᠨ ᠰᠤᠳᠠᠯ᠎ᠤᠨ ᠲᠣᠯᠪᠣ ᠵᠢᠨ ᠬᠡᠰᠡᠭ᠎ᠲᠤ᠌ ᠪᠢᠴᠢᠯ ᠰᠦᠯᠢᠶᠣᠣ ᠪᠤᠶᠤ ᠮᠥᠬᠥᠯᠢᠭ᠎ᠤᠨ ᠳ᠋ᠢᠶᠠᠮᠧᠲᠷ᠎ᠨᠢ ᠨᠡᠩ ᠪᠠᠭ᠎ᠠ ᠨᠠᠨᠤᠮᠧᠲᠷ ᠰᠦ᠋ᠯᠢᠶᠣᠣ ᠪᠠᠶ᠋ᠢᠬᠤ ᠬᠥᠮᠦᠨ ᠨᠢ ᠵᠢᠷᠦᠬᠡᠨ ᠡᠪᠡᠳᠴᠢᠨ᠂ ᠰᠠ ᠡᠪᠡᠳᠴᠢᠨ ᠳ᠋ᠤ ᠨᠡᠷᠪᠡᠭᠳᠡᠬᠦ᠌ ᠪᠤᠶᠤ ᠦᠬᠦᠬᠦ᠌ ᠲᠦᠭᠰᠢᠬᠦᠷᠢ ᠪᠡᠷ ᠬᠡᠳᠦᠨ ᠳᠠᠬᠢᠨ ᠥᠨᠳᠥᠷ ᠶᠤᠮ᠃

(《 ᠠᠷᠠᠳ ᠎ᠤᠨ ᠰᠦᠯᠵᠢᠶ᠎ᠠ》 ᠡᠴᠨ ᠤᠷᠴᠢᠭᠤᠯᠤᠨ ᠠᠪᠤᠪᠠ)

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠣᠷᠬᠢᠯ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面