ᠲᠡᠷᠢᠭᠦᠨ ᠨᠢᠭᠤᠷ>ᠠᠮᠢᠳᠤᠷᠠᠯ ᠥᠷᠲᠡᠭᠡ>ᠠᠩᠬᠠᠷᠤᠯ ᠦᠢᠯᠡᠴᠢᠯᠡᠭᠡ

2026-07-24 10:36:38

ᠵᠣᠬᠢᠶᠠᠭ᠍ᠴᠢ᠄ ᠣᠩᠱᠢᠭ᠍ᠰᠠᠨ ᠣᠳᠠᠭ᠎ᠠ᠄ 3

ᠨᠢᠭᠡ᠂ ᠵᠢᠶᠠᠩᠶᠢᠦ ᠰᠣᠩᠭᠣᠬᠤ ᠦᠶᠡᠰ ᠡᠳᠡᠬᠡᠷ ᠵᠢᠶᠠᠩᠶᠢᠦ ᠵᠢ ᠪᠢᠲᠡᠭᠡᠶ ᠠᠪᠤᠭᠠᠷᠠᠢ᠃ ᠬᠡᠷᠪᠡ ᠭᠡᠷ ᠲᠤ᠌ ᠴᠢᠨᠢ ᠪᠠᠶ᠋ᠢᠭ᠎ᠠ ᠪᠤᠶᠤ ᠬᠡᠷᠡᠭᠯᠡᠵᠦ᠍ ᠪᠠᠶ᠋ᠢᠭ᠎ᠠ ᠵᠢᠶᠠᠩᠶᠢᠦ ᠴᠢᠨᠢ 《ᠨᠠᠶ᠋ᠢᠷᠠᠭᠤᠯᠤᠬᠰᠠᠨ ᠵᠢᠶᠠᠩᠶᠢᠦ》 ᠭᠡᠵᠦ᠍ ᠪᠠᠶ᠋ᠢᠪᠠᠯ ᠢᠳᠡᠭᠰᠡᠨ ᠎ᠤ ᠬᠡᠷᠡᠭ ᠦᠭᠡᠢ᠂ ᠵᠢᠶᠠᠩᠶᠢᠦ ᠬᠤᠳᠠᠯᠳᠤᠨ ᠠᠪᠬᠤ᠎ᠳᠠᠭᠠᠨ ᠬᠠᠮᠤᠭ᠎ᠤᠨ ᠰᠠᠶ᠋ᠢᠨ᠎ᠨᠢ ᠨᠡᠷᠡᠭᠰᠡᠨ ᠵᠢᠶᠠᠩᠶᠢᠦ ᠵᠢ ᠰᠣᠩᠭᠣᠭᠠᠷᠠᠶ᠃

ᠬᠣᠶᠠᠷ᠂ ᠬᠡᠷᠬᠢᠨ ᠨᠢᠭᠡ ᠯᠣᠩᠬᠣ ᠰᠠᠶ᠋ᠢᠨ ᠵᠢᠶᠠᠩᠶᠢᠦ ᠰᠣᠩᠭᠣᠬᠤ ᠪᠤᠢ?

1. ᠵᠢᠶᠠᠩᠶᠢᠦ᠎ᠶᠢᠨ ᠨᠠᠶ᠋ᠢᠷᠠᠯᠭ᠎ᠠ ᠶ᠋ᠢᠨ ᠬᠦᠰᠦᠨᠦᠭᠲᠦ᠍ ᠳ᠋ᠤ《ᠠᠮᠢᠨᠣ᠌ ᠬᠦᠴᠢᠯ᠎ᠤᠨ ᠲᠥᠯᠥᠪᠲᠦ᠍ ᠠᠽᠣᠲ》 ᠤ᠋ᠨ ᠠᠭᠤᠯᠤᠭᠳᠠᠴᠠ ᠨᠢ ᠥᠨᠳᠥᠷ ᠪᠠᠶ᠋ᠢᠪᠠᠯ ᠰᠠᠶ᠋ᠢᠨ ᠵᠢᠶᠠᠩᠶᠢᠦ;

2. ᠵᠢᠶᠠᠩᠶᠢᠦ ᠎ᠶᠢᠨ ᠯᠣᠩᠬᠣ ᠵᠢ ᠰᠠᠵᠢᠯᠠᠭᠤᠯᠵᠦ᠍ ᠦᠵᠡᠬᠡᠳ ᠬᠥᠭᠡᠰᠦ᠎ᠨᠢ ᠪᠠᠭ᠎ᠠ ᠮᠥᠷᠲᠡᠭᠡᠨ ᠵᠢᠭᠳᠡ᠂ ᠠᠮᠠᠷᠬᠠᠨ ᠰᠠᠷᠨᠢᠬᠤ ᠦᠭᠡᠢ ᠪᠤᠯ ᠰᠠᠶ᠋ᠢᠨ ᠵᠢᠶᠠᠩᠶᠢᠦ᠃

ᠭᠤᠷᠪᠠ᠂ ᠵᠢᠶᠠᠩᠶᠢᠦ ᠠᠷᠪᠢᠨ ᠢᠳᠡᠪᠡᠯ ᠥᠮᠡᠨ ᠤᠯᠤᠨ᠎ᠠ ᠬᠡᠵᠢ ᠦᠦ? ᠵᠢᠶᠠᠩᠶᠢᠦ ᠢᠳᠡᠭᠡᠳ ᠥᠮᠡᠨ ᠤᠯᠬᠤ ᠤᠴᠢᠷ ᠦᠭᠡᠢ ᠶᠤᠮ᠃ ᠬᠤᠭᠤᠯᠠ ᠬᠢᠬᠦ᠎ᠳ᠋ᠡᠬᠡᠨ ᠡᠡᠭ᠎ᠤᠨ ᠦᠶ᠎ᠡ ᠵᠢᠨ ᠢᠳᠡᠬᠦ᠌ ᠬᠡᠮᠵᠢᠶ᠎ᠡ ᠪᠡᠷ ᠨᠢ ᠬᠢᠪᠡᠯ ᠬᠥ᠋ᠮᠦᠨ᠎ᠤ ᠪᠡᠶ᠎ᠡ᠎ᠳᠤ ᠡᠷᠡᠭᠦᠯ ᠮᠡᠨᠳᠦ᠎ᠶᠢᠨ ᠠᠰᠠᠭᠤᠳᠠᠯ ᠭᠠᠷᠬᠤ ᠦᠭᠡᠢ᠂ ᠦᠭᠡᠷ᠎ᠡ ᠪᠡᠷ ᠬᠡᠯᠡᠪᠡᠯ ᠬᠤᠭᠤᠯᠠ ᠪᠤᠳᠠᠭᠠᠨ᠎ᠳᠤ ᠬᠡᠪ᠎ᠤᠨ ᠬᠡᠮᠵᠢᠶᠠᠨ ᠳᠤᠳᠤᠷ᠎ᠠ ᠵᠢᠶᠠᠩᠶᠢᠦ ᠬᠢᠪᠡᠯ ᠠᠮᠤᠷ ᠲᠦᠪᠰᠢᠨ ᠶᠤᠮ᠃


(《ᠠᠷᠠᠳ᠎ᠤᠨ ᠰᠦᠯᠵᠢᠶ᠎ᠠ》 ᠡᠴᠨ ᠨᠠᠢᠷᠠᠭᠤᠯᠤᠨ ᠠᠪᠤᠪᠠ)


  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠰᠠᠢᠨ᠎ᠠ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面