ᠲᠡᠷᠢᠭᠦᠨ ᠨᠢᠭᠤᠷ>ᠠᠮᠢᠳᠤᠷᠠᠯ ᠥᠷᠲᠡᠭᠡ>ᠠᠩᠬᠠᠷᠤᠯ ᠦᠢᠯᠡᠴᠢᠯᠡᠭᠡ

2026-07-31 09:45:56

ᠵᠣᠬᠢᠶᠠᠭ᠍ᠴᠢ᠄ ᠴᠠᠨ᠎ᠠ ᠣᠩᠱᠢᠭ᠍ᠰᠠᠨ ᠣᠳᠠᠭ᠎ᠠ᠄ 3

ᠤᠰᠤᠨ᠎ᠳᠤ ᠵᠢᠪᠬᠦ ᠪᠤᠯ ᠮᠠᠨ᠎ᠤ ᠤᠯᠤᠰ᠎ᠤᠨ 1 — 14 ᠨᠠᠰᠤᠨ᠎ᠤ ᠬᠡᠤᠬᠡᠳ᠎ᠤᠨ ᠰᠠᠨᠠᠭᠠᠨ᠎ᠳᠤ ᠦᠬᠡᠢ ᠰᠢᠷᠬᠠᠳᠤᠨ ᠬᠡᠮᠳᠤᠵᠤ ᠡᠨᠳᠡᠵᠤ ᠪᠠᠢᠭ᠎ᠠ ᠠᠶᠤᠯ᠎ᠤᠨ ᠲᠠᠷᠢᠬᠦᠨ ᠰᠢᠯᠳᠠᠭᠠᠨ ᠨᠢ ᠪᠤᠯᠵᠤ ᠪᠠᠢᠳᠠᠭ᠃ ᠰᠠᠨᠠᠭᠠᠨ᠎ᠳᠤ ᠦᠬᠡᠢ ᠪᠡᠷ ᠰᠢᠷᠬᠠᠳᠤᠨ ᠬᠡᠮᠳᠤᠬᠡᠳ ᠡᠨᠳᠡᠭᠰᠡᠡ 0 — 14 ᠨᠠᠰᠤᠨ᠎ᠤ 10 ᠬᠡᠤᠬᠡᠳ᠎ᠤᠨ 6 ᠨᠢ ᠤᠰᠤᠨ᠎ᠳᠤ ᠵᠢᠪᠤᠵᠤ ᠦᠬᠦᠭᠰᠡᠡ ᠪᠠᠢᠳᠠᠭ᠃ ᠡᠬᠦᠨ᠎ᠤ ᠳᠤᠳᠤᠷ᠎ᠠ 4 ᠨᠠᠰᠤ ᠬᠦᠷᠤᠬᠡᠳᠤᠢ ᠨᠢᠷᠠᠢ ᠬᠡᠤᠬᠡᠳ 52%᠎ᠢ ᠡᠵᠡᠯᠡᠵᠤ᠂ 5 — 9 ᠨᠠᠰᠤᠨ᠎ᠤ ᠬᠡᠤᠬᠡᠳ 23% ᠵᠢ ᠡᠵᠡᠯᠡᠵᠤ ᠪᠠᠢᠳᠠᠭ᠃ ᠬᠦᠳᠡᠬᠡ ᠳᠤᠰᠬᠤᠨ᠎ᠤ ᠬᠡᠤᠬᠡᠳ᠎ᠤᠨ ᠤᠰᠤᠨ᠎ᠳᠤ ᠵᠢᠪᠤᠵᠤ ᠦᠬᠦᠭᠰᠡᠡ ᠨᠤᠷᠮ᠎ᠠ ᠨᠢ ᠬᠤᠳᠠ ᠵᠢᠨ ᠬᠢ ᠡᠴᠨ ᠦᠨᠳᠤᠷ ᠪᠠᠢᠵᠤ᠂ ᠬᠦᠤᠴᠤᠳ ᠨᠢ ᠬᠡᠤᠬᠡᠨᠴᠤᠳ ᠡᠴᠨ ᠢᠯᠡᠬᠦᠤ ᠪᠠᠢᠳᠠᠭ᠃ ᠬᠡᠤᠬᠡᠳ᠎ᠤᠨ ᠤᠰᠤᠨ᠎ᠳᠤ ᠵᠢᠪᠤᠵᠤ ᠦᠬᠦᠬᠦ ᠳᠤᠭ᠎ᠠ ᠤᠯᠠᠰᠢᠷᠠᠬᠤ ᠡᠴᠨ ᠪᠢᠰᠢ ᠴᠦᠬᠡᠷᠡᠬᠦ ᠦᠬᠡᠢ ᠪᠠᠢᠳᠠᠭ ᠪᠤᠯᠬᠤᠷ ᠪᠦᠬᠦ ᠨᠡᠢᠬᠡᠮ ᠵᠢᠡᠷ ᠵᠢᠠᠨ ᠠᠮᠤᠷ ᠲᠦᠪᠰᠢᠨ ᠪᠤᠰᠤ ᠤᠰᠤᠨ᠎ᠤ ᠤᠷᠴᠢᠨ ᠳᠤᠭᠤᠷᠢᠨ᠎ᠢ ᠦᠬᠡᠷᠡᠴᠢᠯᠡᠨ ᠰᠠᠢᠵᠢᠷᠠᠭᠤᠯᠵᠤ᠂ ᠬᠡᠷ᠎ᠤᠨ ᠠᠬᠠᠮᠠᠳ ᠪᠤᠯᠤᠭᠰᠠᠳ ᠦᠷ᠎ᠠ ᠬᠡᠤᠬᠡᠳ ᠵᠢᠠᠨ ᠬᠠᠷᠠᠵᠤ ᠬᠠᠮᠢᠶᠠᠷᠬᠤ ᠬᠦᠴᠤᠯᠠᠴᠠ ᠪᠠᠨ ᠤᠯᠠᠮ ᠴᠢᠩᠭᠠᠷᠠᠭᠤᠯᠳᠠᠭ ᠯᠠ ᠶᠤᠮ ᠪᠤᠯ ᠬᠡᠤᠬᠡᠳ ᠤᠰᠤᠨ᠎ᠳᠤ ᠵᠢᠪᠬᠦ ᠠᠶᠤᠯ᠎ᠢ ᠰᠡᠷᠬᠡᠢᠯᠡᠵᠤ ᠪᠤᠯᠬᠤ ᠪᠦᠷᠢᠨ ᠪᠤᠯᠤᠮᠵᠢ ᠲᠠᠢ᠃

0 — 4 ᠨᠠᠰᠤᠨ᠎ᠤ ᠬᠡᠤᠬᠡᠳ ᠤᠬᠢᠶᠠᠯᠭ᠎ᠠ ᠵᠢᠨ ᠤᠩᠭᠤᠴᠠ᠂ ᠤᠮᠪᠠᠯᠳᠠ ᠵᠢᠨ ᠲᠠᠳᠠᠭᠠᠯ᠂ ᠤᠰᠤᠨ ᠲᠠᠳᠠᠭᠠᠯ᠂ ᠭᠤᠤ ᠰᠤᠪᠠᠭ ᠪᠠ ᠪᠤᠰᠤᠳ ᠵᠠᠳᠠᠭᠠᠢ ᠤᠰᠤᠨ᠎ᠤ ᠴᠠᠷᠠᠭ᠎ᠠ ᠵᠢᠨ ᠬᠠᠵᠠᠭᠤ ᠬᠠᠪᠢ ᠪᠡᠷ ᠬᠦᠷᠬᠦ ᠦᠶᠠᠰ ᠬᠡᠷ᠎ᠤᠨ ᠠᠬᠠᠮᠠᠳ ᠪᠠ ᠬᠠᠷᠠᠭᠠᠯᠵᠠᠨ ᠬᠠᠮᠠᠭᠠᠯᠠᠭᠴᠢ ᠨᠢ ᠬᠡᠤᠬᠡᠳ ᠵᠢᠠᠨ ᠴᠢᠩᠭ᠎ᠠ ᠬᠠᠷᠠᠨ ᠬᠠᠮᠢᠶᠠᠷᠬᠤ ᠬᠡᠷᠡᠭᠳᠡᠢ;ᠪᠠᠶ᠎ᠠ ᠪᠡᠨ ᠤᠬᠢᠶᠠᠭᠰᠠᠠ᠎ᠤ ᠪᠡᠨ ᠲᠠᠷᠠᠭ᠎ᠠ ᠤᠬᠢᠶᠠᠯᠭ᠎ᠠ ᠵᠢᠨ ᠲᠠᠳᠠᠭᠠᠯ ᠳ᠋ᠡᠬᠢ ᠤᠰᠤ ᠵᠢ ᠲᠠᠷᠠ ᠳᠤᠤᠷ᠎ᠠ ᠨᠢ ᠴᠡᠪᠡᠷᠯᠡᠵᠤ᠂ ᠤᠬᠢᠶᠠᠯᠭ᠎ᠠ ᠵᠢᠨ ᠲᠠᠳᠠᠭᠠᠯ᠎ᠤᠨ ᠤᠰᠤ ᠭᠤᠭᠤᠵᠢᠭᠤᠯᠬᠤ ᠨᠡᠬᠡᠬᠡᠯᠬᠡ ᠵᠢ ᠬᠡᠤᠬᠡᠳ᠎ᠤᠨ ᠭᠠᠷ ᠬᠦᠷᠴᠤ ᠲᠡᠢᠯᠬᠦ ᠦᠬᠡᠢ ᠭᠠᠵᠡᠷ ᠪᠠᠢᠷᠢᠰᠢᠭᠤᠯᠬᠤ ᠬᠡᠷᠡᠭᠳᠡᠢ᠃ ᠬᠡᠷᠪᠡ ᠨᠢᠯᠬ᠎ᠠ ᠬᠡᠤᠬᠡᠳ ᠪᠤᠶᠤ ᠰᠠᠶᠢ ᠬᠦᠯ᠎ᠳᠤ ᠤᠷᠤᠵᠤ ᠪᠠᠢᠭ᠎ᠠ ᠬᠡᠤᠬᠡᠳ ᠤᠰᠤᠨ ᠳᠤᠳᠤᠷ᠎ᠠ ᠪᠤᠶᠤ ᠤᠰᠤᠨ᠎ᠤ ᠬᠠᠵᠠᠭᠤ ᠬᠠᠪᠢ ᠪᠡᠷ ᠪᠠᠢᠬᠤ ᠦᠶᠠᠰ ᠬᠡᠷ ᠲᠡᠬᠡᠨ ᠪᠠᠢᠬᠰᠠᠠ ᠴᠤ᠌ ᠲᠠᠷᠠ᠂ ᠦᠬᠡᠷ᠎ᠠ ᠭᠠᠵᠡᠷ ᠪᠠᠢᠬᠰᠠᠠ ᠴᠤ᠌ ᠲᠠᠷᠠ᠂ ᠬᠡᠷ᠎ᠤᠨ ᠠᠬᠠᠮᠠᠳ ᠪᠠ ᠬᠠᠷᠠᠭᠠᠯᠵᠠᠨ ᠬᠠᠮᠠᠭᠠᠯᠠᠭᠴᠢ ᠪᠦᠷ ᠭᠠᠷ ᠵᠢᠡᠷ ᠵᠢᠠᠨ ᠬᠠᠯᠬᠠᠪᠴᠢ ᠪᠤᠯᠭᠠᠨ ᠬᠡᠤᠬᠡᠳ᠎ᠢ ᠬᠠᠰᠢᠨ ᠬᠠᠮᠠᠭᠠᠯᠠᠬᠤ ᠬᠡᠷᠡᠭᠳᠡᠢ᠃ ᠬᠡᠤᠬᠡᠳ 4 ᠨᠠᠰᠤ ᠵᠢ ᠦᠩᠬᠡᠷᠡᠪᠡᠯ ᠤᠰᠤᠨ᠎ᠳᠤ ᠤᠮᠪᠠᠵᠤ ᠰᠤᠷᠴᠤ ᠪᠤᠯᠳᠠᠭ᠂ ᠬᠡᠤᠬᠡᠳ᠎ᠤᠨ ᠤᠰᠤᠨ᠎ᠳᠤ ᠤᠮᠪᠠᠬᠤ ᠵᠢ ᠰᠤᠷᠬᠤ ᠨᠢ ᠪᠤᠰᠤᠳ ᠡᠴᠨ ᠨᠡᠩ ᠬᠤᠷᠳᠤᠨ ᠱᠠᠯᠠᠮᠠᠭᠠᠢ ᠪᠠᠢᠳᠠᠭ᠃ ᠡᠪᠡᠳᠴᠢᠨ ᠲᠠᠢ ᠪᠤᠶᠤ ᠵᠡᠮᠳᠡᠭ ᠬᠡᠤᠬᠡᠳ᠎ᠢ ᠪᠤᠯ ᠵᠢᠭᠠᠬᠠᠨ ᠤᠷᠤᠢ ᠰᠢᠬ ᠤᠰᠤᠨ᠎ᠳᠤ ᠤᠮᠪᠠᠭᠤᠯᠵᠤ ᠰᠤᠷᠭᠠᠭᠰᠠᠠ ᠴᠤ᠌ ᠪᠤᠯᠤᠨ᠎ᠠ᠃ ᠬᠡᠷ᠎ᠤᠨ ᠠᠬᠠᠮᠠᠳ ᠪᠠ ᠬᠠᠷᠠᠭᠠᠯᠵᠠᠨ ᠬᠠᠮᠠᠭᠠᠯᠠᠭᠴᠢ ᠴᠢᠬᠤᠯᠠ ᠪᠦᠬᠦᠢ ᠲᠦᠷᠬᠡᠨ ᠠᠪᠤᠷᠠᠯᠳᠠ ᠵᠢᠨ ᠮᠡᠷᠬᠡᠵᠢᠯ᠎ᠢ ᠰᠤᠷᠴᠤ ᠡᠵᠡᠮᠰᠢᠬᠦ ᠵᠢᠨ ᠲᠠᠭᠠᠤ ᠪᠠᠰᠠ ᠲᠦᠷᠬᠡᠨ ᠠᠪᠤᠷᠠᠬᠤ ᠲᠦᠪ᠎ᠤᠨ ᠤᠳᠠᠰᠤᠨ᠎ᠤ ᠨᠤᠮᠸᠷ᠎ᠢ ᠴᠡᠬᠡᠵᠢᠯᠡᠵᠤ ᠠᠪᠬᠤ ᠬᠡᠷᠡᠭᠳᠡᠢ᠃

ᠤᠮᠪᠠᠬᠤ ᠤᠷ᠎ᠠ ᠮᠡᠷᠬᠡᠵᠢᠯ᠂ ᠤᠮᠪᠠᠬᠤ ᠲᠦᠷᠢᠮ ᠶᠤᠰᠤ ᠪᠤᠯᠤᠨ ᠪᠠᠢᠭᠠᠯᠢᠯᠢᠬ ᠤᠰᠤᠨ᠎ᠤ ᠴᠠᠷᠠᠭ᠎ᠠ᠎ᠳᠤ ᠤᠮᠪᠠᠬᠤ ᠲᠠᠯ᠎ᠠ ᠵᠢᠨ ᠠᠶᠤᠯ ᠡᠴᠨ ᠬᠠᠮᠠᠭᠠᠯᠠᠬᠤ ᠮᠡᠳᠡᠯᠬᠡ ᠨᠤᠬᠦᠳ᠎ᠢ 5 —12 ᠨᠠᠰᠤᠨ ᠡᠴᠨ ᠲᠡᠬᠡᠭᠰᠢᠬᠢ ᠬᠡᠤᠬᠡᠳ ᠲᠤ᠌ ᠵᠢᠭᠠᠨ ᠦᠭᠬᠦ ᠵᠢᠨ ᠲᠠᠭᠠᠤ ᠪᠠᠰᠠ ᠳᠤᠮᠤ ᠬᠦᠮᠤᠨ ᠲᠡᠷᠬᠡᠳᠡ ᠨᠢ ᠬᠠᠷᠠᠨ ᠬᠠᠷᠠᠭᠠᠯᠵᠠᠵᠤ ᠦᠬᠡᠢ ᠪᠠᠢᠬᠤ ᠪᠠᠢᠳᠠᠯ ᠳᠤᠤᠷ᠎ᠠ ᠭᠠᠭᠴᠠ ᠪᠡᠷ ᠵᠢᠠᠨ ᠤᠮᠪᠠᠵᠤ ᠪᠤᠯᠬᠤ ᠦᠬᠡᠢ ᠬᠡᠵᠤ ᠬᠡᠯᠡᠵᠤ ᠦᠭᠬᠦ ᠬᠡᠷᠡᠭᠳᠡᠢ᠃ ᠬᠡᠤᠬᠡᠳ ᠳᠤᠮᠤ ᠬᠦᠮᠤᠨ᠎ᠢ ᠲᠠᠭᠠᠵᠤ ᠤᠩᠭᠤᠴᠠᠨ᠎ᠳᠤ ᠰᠠᠭᠤᠬᠤ ᠪᠤᠶᠤ ᠵᠢᠭᠠᠰᠤ ᠠᠩᠨᠠᠬᠤ ᠦᠶ᠎ᠡ ᠳ᠋ᠡᠬᠡᠨ ᠵᠠᠪᠠᠯ ᠠᠪᠤᠷᠠᠯᠳᠠ ᠵᠢᠨ ᠬᠤᠪᠴᠠᠰᠤ ᠡᠮᠤᠰᠴᠤ ᠵᠡᠬᠦᠭᠰᠡᠡ ᠪᠠᠢᠬᠤ ᠬᠡᠷᠡᠭᠳᠡᠢ᠃

ᠬᠡᠤᠬᠡᠳ ᠪᠠᠭᠠᠴᠤᠳ ᠤᠰᠤᠨ᠎ᠳᠤ ᠤᠮᠪᠠᠬᠤ ᠦᠶᠠᠰ ᠬᠠᠮᠢᠶ᠎ᠠ ᠪᠦᠬᠦᠢ ᠬᠦᠮᠤᠨ ᠲᠡᠷᠬᠡᠳᠡ ᠨᠢ ᠲᠠᠭᠠᠬᠤ ᠬᠡᠷᠡᠭᠳᠡᠢ ᠪᠦᠬᠡᠳ ᠵᠤᠬᠢᠶᠠᠨ ᠪᠠᠢᠭᠤᠯᠤᠯᠳᠠ ᠲᠠᠢ ᠪᠡᠷ ᠶᠠᠪᠤᠭᠳᠠᠭᠤᠯᠬᠤ ᠬᠡᠷᠡᠭᠳᠡᠢ᠃ ᠭᠠᠭᠴᠠ ᠪᠡᠷ ᠨᠢ ᠤᠰᠤᠨ᠎ᠳᠤ ᠤᠷᠤᠭᠤᠯᠵᠤ ᠪᠤᠯᠬᠤ ᠦᠬᠡᠢ᠃ ᠤᠮᠪᠠᠬᠤ ᠭᠠᠵᠡᠷ ᠨᠢ ᠬᠠᠮᠢᠶᠠᠷᠤᠯᠳᠠ ᠵᠢᠨ ᠲᠠᠯ᠎ᠠ ᠪᠡᠷ ᠴᠢᠩᠭ᠎ᠠ ᠰᠢᠬ ᠤᠮᠪᠠᠯᠳᠠ ᠵᠢᠨ ᠲᠠᠳᠠᠭᠠᠯ ᠪᠠᠢᠪᠠᠯ ᠬᠠᠮᠤᠭ᠎ᠤᠨ ᠰᠠᠢᠨ᠃ ᠪᠠᠢᠭᠠᠯᠢᠯᠢᠬ ᠤᠰᠤᠨ᠎ᠤ ᠴᠠᠷᠠᠭ᠎ᠠ᠎ᠳᠤ ᠤᠮᠪᠠᠬᠤ ᠳ᠋ᠠᠭᠠᠨ ᠤᠰᠤ ᠨᠢ ᠳᠤᠩᠭᠠᠯᠠᠬ ᠴᠡᠪᠡᠷ᠂ ᠪᠤᠬᠢᠷᠳᠤᠯ ᠦᠬᠡᠢ᠂ ᠤᠰᠤᠨ᠎ᠤ ᠢᠷᠤᠭᠠᠷ᠎ᠤᠨ ᠭᠠᠵᠡᠷ᠎ᠤᠨ ᠭᠠᠳᠠᠷᠭᠤ ᠨᠢ ᠲᠡᠭᠰᠢᠬᠡᠨ ᠰᠢᠭ᠂ ᠪᠤᠵᠠᠷ ᠡᠪᠡᠰᠤ ᠦᠬᠡᠢ᠂ ᠬᠦᠨᠤᠬᠡᠯᠳᠤ ᠠᠮᠢᠳᠠᠨ ᠦᠬᠡᠢ ᠤᠰᠤᠨ᠎ᠤ ᠴᠠᠷᠠᠭ᠎ᠠ ᠵᠢ ᠰᠤᠩᠭᠤᠬᠤ ᠬᠡᠷᠡᠭᠳᠡᠢ᠃ ᠤᠷᠴᠢᠨ ᠪᠠᠢᠳᠠᠯ᠎ᠢ ᠨᠢ ᠤᠢᠯᠠᠭᠠᠵᠤ ᠮᠡᠳᠡᠬᠦ ᠦᠬᠡᠢ ᠤᠰᠤᠨ᠎ᠤ ᠴᠠᠷᠠᠭ᠎ᠠ᠎ᠳᠤ ᠤᠮᠪᠠᠵᠤ ᠪᠤᠯᠬᠤ ᠦᠬᠡᠢ᠃ ᠰᠠᠯᠬᠢ ᠲᠡᠪᠡᠯᠭᠠᠨ ᠶᠡᠬᠡ ᠪᠤᠶᠤ ᠪᠤᠷᠤᠭᠠᠨ ᠤᠷᠤᠵᠤ ᠪᠠᠢᠬᠤ ᠦᠶᠠᠰ ᠪᠠᠢᠭᠠᠯᠢᠯᠢᠬ ᠤᠰᠤᠨ᠎ᠤ ᠴᠠᠷᠠᠭ᠎ᠠ᠎ᠳᠤ ᠤᠮᠪᠠᠵᠤ ᠪᠤᠯᠬᠤ ᠦᠬᠡᠢ᠃ ᠤᠰᠤᠨ᠎ᠳᠤ ᠤᠷᠤᠬᠤ ᠡᠴᠨ ᠪᠡᠨ ᠡᠮᠤᠨ᠎ᠠ ᠤᠰᠤᠨ᠎ᠤ ᠳᠤᠯᠠᠭᠠᠨ᠎ᠤ ᠬᠡᠮᠵᠢᠶ᠎ᠠ ᠪᠠ ᠤᠰᠤᠨ᠎ᠤ ᠬᠦᠨ ᠡᠰᠡᠬᠦ ᠵᠢ ᠳᠤᠳᠤᠯᠠᠨ ᠮᠡᠳᠡᠵᠤ᠂ ᠪᠡᠯᠡᠳᠬᠡᠯ ᠠᠵᠢᠯ᠎ᠢ ᠨᠠᠷᠢᠨ ᠬᠢᠨᠠᠮᠠᠭᠠᠢ ᠬᠢᠵᠤ᠂ ᠤᠰᠤᠨ᠎ᠳᠤ ᠤᠷᠤᠭᠰᠠᠠ᠎ᠤ ᠰᠡᠬᠦᠯᠠᠷ ᠪᠤᠯᠴᠢᠩ ᠰᠢᠷᠪᠤᠰᠤ ᠲᠠᠳᠠᠯᠳᠤᠬᠤ ᠵᠡᠷᠬᠡ ᠠᠰᠠᠭᠤᠳᠠᠯ ᠭᠠᠷᠴᠤ ᠮᠡᠳᠡᠬᠦ ᠵᠢ ᠪᠤᠯᠭᠤᠮᠵᠢᠯᠠᠬᠤ ᠬᠡᠷᠡᠭᠳᠡᠢ᠃ ᠤᠮᠪᠠᠵᠤ ᠪᠠᠢᠬᠤ ᠦᠶ᠎ᠠ᠎ᠳ᠋ᠡᠬᠡᠨ ᠠᠪᠤᠯᠴᠠᠨ ᠨᠤᠴᠤᠯᠳᠤᠬᠤ ᠦᠬᠡᠢ ᠪᠠᠢᠬᠤ ᠵᠢ ᠬᠢᠴᠢᠶᠠᠵᠤ᠂ ᠪᠠᠢᠭᠠᠯᠢᠯᠢᠬ ᠤᠰᠤᠨ᠎ᠤ ᠴᠠᠷᠠᠭ᠎ᠠ᠎ᠳᠤ ᠬᠠᠷᠠᠢᠯᠳᠠ ᠵᠢᠨ ᠪᠤᠯᠪᠠᠰᠤᠷᠠᠯ ᠬᠢᠵᠤ ᠪᠤᠯᠬᠤ ᠦᠬᠡᠢ᠃ ᠡᠩ᠎ᠤᠨ ᠦᠬᠡᠨ᠎ᠳᠤ 《ᠤᠰᠤᠨ᠎ᠳᠤ ᠤᠮᠪᠠᠳᠠᠭ ᠬᠦᠮᠤᠨ ᠤᠰᠤᠨ᠎ᠳᠠᠭᠠᠨ ᠬᠡᠨᠡᠳᠡᠨ᠎ᠠ》 ᠬᠡᠳᠡᠭ ᠪᠢᠰᠢ ᠤᠤ᠂ ᠤᠰᠤᠨ᠎ᠳᠤ ᠤᠮᠪᠠᠭᠠᠳ ᠴᠢᠳᠠᠴᠢᠬᠠᠯ᠎ᠠ ᠬᠡᠵᠤ ᠦᠪᠡᠷ ᠵᠢᠠᠨ ᠪᠤᠳᠤᠵᠤ ᠪᠠᠢᠪᠠᠴᠤ ᠠᠮᠤᠷ ᠲᠦᠪᠰᠢᠨ᠎ᠢ ᠠᠷᠤ ᠳ᠋ᠠᠭᠠᠨ ᠤᠷᠬᠢᠵᠤ ᠪᠤᠯᠬᠤ ᠦᠬᠡᠢ᠃

ᠤᠰᠤᠨ᠎ᠳᠤ ᠵᠢᠪᠤᠬᠡᠳ ᠬᠤᠶᠠᠷ ᠮᠢᠨᠦ᠋ᠲ ᠪᠤᠯᠤᠭᠰᠠᠠ᠎ᠤ ᠲᠠᠷᠠᠭ᠎ᠠ ᠤᠬᠠᠭ᠎ᠠ ᠠᠯᠳᠠᠴᠢᠬᠠᠳᠠᠬ᠂ 4 — 6 ᠮᠢᠨᠦ᠋ᠲ ᠪᠤᠯᠤᠭᠰᠠᠠ᠎ᠤ ᠲᠠᠷᠠᠭ᠎ᠠ ᠪᠠᠶ᠎ᠠ ᠮᠠᠬᠠᠪᠤᠳ ᠰᠦᠷᠴᠤ ᠵᠠᠢᠯᠠᠭᠤᠯᠬᠤᠶ᠎ᠠ ᠪᠡᠷᠬᠡ ᠰᠢᠷᠬᠠᠳᠤᠯ ᠬᠡᠮᠳᠤᠯ᠎ᠳᠤ ᠤᠴᠠᠷᠠᠳᠠᠭ᠃ ᠲᠠᠢᠮᠤ ᠪᠤᠯᠬᠤᠷ ᠴᠠᠭ ᠮᠦᠴᠠ ᠵᠢ ᠠᠮᠵᠢᠨ ᠳᠤᠬᠠᠢ ᠵᠢᠨ ᠭᠠᠵᠡᠷ ᠳᠤᠨᠢ ᠲᠦᠷᠬᠡᠨ ᠠᠪᠤᠷᠠᠯᠳᠠ ᠬᠢᠬᠦ ᠪᠤᠯ ᠠᠮᠢ ᠨᠠᠰᠤ ᠵᠢ ᠠᠪᠤᠷᠠᠵᠤ ᠠᠪᠬᠤ᠎ᠳᠤ ᠳᠤᠢᠯ᠎ᠤᠨ ᠴᠢᠬᠤᠯᠠ ᠲᠠᠢ ᠪᠠᠢᠳᠠᠭ᠃ ᠳᠤᠬᠠᠢ ᠵᠢᠨ ᠭᠠᠵᠠᠷ ᠳᠤᠨᠢ ᠲᠦᠷᠬᠡᠨ ᠠᠪᠤᠷᠠᠯᠳᠠ ᠬᠢᠬᠦ ᠠᠷᠭ᠎ᠠ ᠬᠡᠮᠵᠢᠶ᠎ᠠ ᠨᠤᠬᠦᠳ ᠬᠡᠪᠡᠯ ᠳᠤᠤᠷᠡᠬᠢ ᠮᠡᠳᠤ᠄

1. ᠤᠰᠤᠨ᠎ᠳᠤ ᠵᠢᠪᠦᠭᠴᠢ ᠵᠢ ᠤᠰᠤᠨ᠎ᠤ ᠬᠦᠪᠡᠬᠡᠨ᠎ᠳᠤ ᠠᠪᠤᠷᠠᠨ ᠭᠠᠷᠭᠠᠵᠤ ᠢᠷᠡᠭᠰᠡᠡ᠎ᠤ ᠰᠡᠬᠦᠯᠠᠷ ᠲᠠᠷᠠ ᠳᠤᠤᠷ᠎ᠠ ᠨᠢ ᠲᠡᠬᠦᠨ᠎ᠤ ᠠᠮᠠ ᠬᠠᠮᠠᠷ ᠳᠤᠳᠤᠷᠡᠬᠢ ᠤᠰᠤ ᠰᠢᠪᠡᠷ ᠪᠤᠯᠤᠨ ᠪᠤᠷᠳᠠᠭ ᠡᠳ᠋᠎ᠢ ᠴᠡᠪᠡᠷᠯᠡᠨ ᠭᠠᠷᠭᠠᠵᠤ᠂ ᠵᠠᠯᠭᠠᠭᠠᠳ ᠵᠠᠯᠬᠢᠬᠰᠠᠠ ᠤᠰᠤ ᠵᠢ ᠨᠢ ᠤᠬᠢᠭᠤᠯᠤᠨ ᠭᠠᠷᠭᠠᠨ᠎ᠠ᠃

2. ᠵᠠᠯᠬᠢᠬᠰᠠᠠ ᠤᠰᠤ ᠵᠢ ᠨᠢ ᠲᠠᠷᠤᠢ ᠲᠦᠷᠬᠡᠨ ᠤᠬᠢᠭᠤᠯᠤᠨ ᠭᠠᠷᠭᠠᠵᠤ᠂ ᠤᠰᠤᠨ᠎ᠳᠤ ᠵᠢᠪᠦᠭᠴᠢ ᠵᠢ ᠳᠤᠯᠤᠭᠠᠢ ᠵᠢ ᠨᠢ ᠳᠤᠤᠷ᠎ᠠ᠂ ᠬᠦᠯ᠎ᠢ ᠨᠢ ᠲᠡᠬᠡᠷ᠎ᠠ ᠪᠠᠢᠷᠢ ᠲᠠᠢ ᠬᠡᠪᠳᠡᠬᠦᠯᠵᠤ᠂ ᠵᠠᠯᠬᠢᠬᠰᠠᠠ ᠤᠰᠤ ᠵᠢ ᠨᠢ ᠤᠬᠢᠭᠤᠯᠤᠨ ᠭᠠᠷᠭᠠᠨ᠎ᠠ᠃ ᠬᠠᠮᠤᠭ᠎ᠤᠨ ᠲᠦᠬᠦᠮ ᠠᠷᠭ᠎ᠠ ᠬᠡᠪᠡᠯ᠄ ᠠᠪᠤᠷᠠᠯᠳᠠ ᠬᠢᠬᠦ ᠬᠦᠮᠤᠨ ᠨᠢᠬᠡ ᠬᠦᠯ ᠵᠢᠠᠨ ᠭᠠᠵᠡᠷ ᠳᠤᠯᠭᠠᠨ ᠰᠦᠬᠦᠳᠴᠤ᠂ ᠨᠦᠬᠦᠬᠡ ᠬᠦᠯ᠎ᠤᠨ ᠡᠪᠤᠳᠦᠭ᠎ᠢ ᠲᠡᠬᠡᠭᠰᠢ ᠡᠷᠬᠦᠵᠤ᠂ ᠤᠰᠤᠨ᠎ᠳᠤ ᠵᠢᠪᠦᠭᠴᠢ ᠵᠢᠨ ᠬᠡᠪᠡᠯᠢ ᠵᠢᠨ ᠬᠡᠰᠡᠭ᠎ᠢ ᠠᠪᠤᠷᠠᠯᠳᠠ ᠬᠢᠬᠦ ᠬᠦᠮᠤᠨ᠎ᠤ ᠡᠪᠤᠳᠦᠭ ᠲᠡᠬᠡᠷ᠎ᠠ ᠲᠡᠯᠪᠢᠵᠤ᠂ ᠳᠤᠯᠤᠭᠠᠢ ᠵᠢ ᠨᠢ ᠳᠤᠭᠤᠭᠰᠢ ᠤᠨᠵᠢᠭᠤᠯᠤᠨ᠎ᠠ᠃ ᠲᠡᠬᠡᠭᠰᠡᠡ᠎ᠤ ᠲᠠᠷᠠᠭ᠎ᠠ ᠬᠡᠪᠡᠯᠢ ᠪᠠ ᠠᠷᠤ ᠨᠢᠷᠤᠭᠤ ᠵᠢ ᠲᠠᠷᠤᠨ ᠢᠯᠢᠨ᠎ᠠ᠃ ᠭᠠᠵᠡᠷ᠎ᠤᠨ ᠭᠠᠳᠡᠷᠭᠤ ᠲᠡᠬᠡᠷᠡᠬᠢ ᠪᠠᠢᠭᠠᠯᠢᠯᠢᠬ ᠨᠠᠯᠠᠤ ᠵᠢ ᠠᠰᠢᠬᠯᠠᠵᠤ᠂ ᠤᠰᠤᠨ᠎ᠳᠤ ᠵᠢᠪᠦᠭᠴᠢ ᠵᠢᠨ ᠳᠤᠯᠤᠭᠠᠢ ᠵᠢ ᠨᠠᠯᠠᠤ ᠲᠠᠢᠰᠢ ᠨᠢ ᠬᠠᠨᠳᠤᠭᠤᠯᠤᠨ ᠬᠡᠪᠳᠡᠬᠦᠯᠵᠤ ᠵᠠᠯᠬᠢᠬᠰᠠᠠ ᠤᠰᠤ ᠵᠢ ᠨᠢ ᠤᠬᠢᠭᠤᠯᠤᠨ ᠭᠠᠷᠭᠠᠵᠤ ᠪᠤᠯᠤᠨ᠎ᠠ᠃

3. ᠠᠮᠢᠰᠬᠤᠯ ᠨᠢ ᠵᠤᠭᠰᠤᠭᠰᠠᠠ ᠤᠰᠤᠨ᠎ᠳᠤ ᠵᠢᠪᠦᠭᠴᠢ᠎ᠳᠤ ᠲᠠᠷᠤᠢᠬᠠᠨ ᠬᠦᠮᠤᠨ᠎ᠤ ᠬᠦᠴᠤ ᠪᠡᠷ ᠵᠢᠷᠤᠬᠡ ᠠᠭᠤᠰᠬᠢ ᠵᠢ ᠨᠢ ᠠᠮᠢᠯᠠᠭᠤᠯᠤᠨ ᠰᠡᠷᠬᠦᠬᠡᠬᠦ ᠠᠷᠭ᠎ᠠ ᠬᠡᠮᠵᠢᠶ᠎ᠠ ᠠᠪᠬᠤ ᠬᠡᠷᠡᠭᠳᠡᠢ᠃

4. ᠲᠡᠬᠡᠷᠡᠬᠢ ᠠᠷᠭ᠎ᠠ ᠨᠤᠭᠤᠳ ᠵᠢᠡᠷ ᠳᠤᠬᠠᠢ ᠵᠢᠨ ᠴᠠᠭ᠎ᠤᠨ ᠪᠠᠴᠢᠮ ᠶᠠᠪᠤᠳᠠᠯ᠎ᠤᠳ᠎ᠢ ᠰᠢᠢᠳᠪᠤᠷᠢᠯᠡᠬᠦ ᠵᠢᠨ ᠲᠠᠭᠠᠤ 120 ᠨᠤᠮᠸᠷᠳᠤ ᠤᠳᠠᠰᠤ ᠵᠢ ᠠᠪᠴᠤ᠂ ᠤᠰᠤᠨ᠎ᠳᠤ ᠵᠢᠪᠦᠭᠴᠢ ᠵᠢ ᠳᠤᠬᠠᠢ ᠵᠢᠨ ᠭᠠᠵᠡᠷ ᠳᠤᠨᠢ ᠲᠦᠷᠬᠡᠨ ᠠᠪᠤᠷᠠᠯᠳᠠ ᠬᠢᠵᠤ ᠰᠢᠢᠳᠪᠤᠷᠢᠯᠡᠭᠰᠡᠡ᠎ᠤ ᠲᠠᠷᠠᠭ᠎ᠠ᠂ ᠲᠠᠷᠤᠢ ᠲᠦᠷᠬᠡᠨ ᠤᠢᠷ᠎ᠠ ᠬᠠᠪᠢ ᠵᠢᠨ ᠡᠮᠨᠡᠯᠬᠡ ᠵᠢᠨ ᠬᠤᠷᠢᠶ᠎ᠠ᠎ᠳᠤ ᠬᠦᠷᠬᠡᠨ ᠠᠪᠤᠷᠠᠨ ᠡᠮᠨᠡᠬᠦ ᠬᠡᠷᠡᠭᠳᠡᠢ᠃

(《ᠡᠷᠡᠬᠦᠯ ᠮᠠᠨᠳᠤ ᠵᠢᠨ 66 ᠵᠤᠷᠪᠤᠰ》 ᠨᠤᠮ ᠡᠴᠨ ᠨᠠᠢᠷᠠᠭᠤᠯᠤᠨ ᠠᠪᠤᠪᠠ)

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠣᠷᠬᠢᠯ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面