ᠲᠡᠷᠢᠭᠦᠨ ᠨᠢᠭᠤᠷ>ᠠᠮᠢᠳᠤᠷᠠᠯ ᠥᠷᠲᠡᠭᠡ>ᠠᠩᠬᠠᠷᠤᠯ ᠦᠢᠯᠡᠴᠢᠯᠡᠭᠡ

2026-10-16 11:10:11

ᠵᠣᠬᠢᠶᠠᠭ᠍ᠴᠢ᠄ ᠣᠩᠱᠢᠭ᠍ᠰᠠᠨ ᠣᠳᠠᠭ᠎ᠠ᠄ 3

ᠭᠡᠨᠡᠳᠲᠡ᠎ᠶ᠋ᠢᠨ ᠡᠨᠳᠠᠯ ᠎ᠢ ᠰᠡᠷᠭᠡᠢᠯᠡᠬᠦ ᠵᠢᠨ ᠳᠤᠯᠠᠳᠠ ᠬᠥᠳᠡᠯᠭᠡᠭᠡᠨ ᠬᠢᠬᠦ᠌᠎ᠳᠡᠭᠡᠨ ᠵᠢᠷᠦᠬᠡᠨ᠎ᠤ ᠳᠠᠪᠲᠠᠮᠵᠢ᠎ᠪᠡᠨ ᠭᠡᠳᠦᠷᠡᠬᠦᠯᠵᠦ᠍ ᠪᠤᠯᠬᠤ ᠦᠭᠡᠢ᠃

ᠬᠡᠷᠬᠢᠨ ᠱᠢᠨᠵᠢᠯᠡᠬᠦ᠌ ᠤᠬᠠᠭᠠᠨᠴᠢ ᠪᠡᠷ ᠬᠥᠳᠡᠯᠭᠡᠭᠡᠨ ᠬᠢᠬᠦ᠌ ᠪᠤᠢ?

ᠨᠢᠭᠡ᠎ᠳᠤ᠂ ᠭᠡᠳᠦᠷᠡᠳᠡᠯ᠎ᠡ ᠬᠥᠳᠡᠯᠭᠡᠭᠡᠨ ᠬᠢᠵᠦ᠍ ᠪᠣᠯᠬᠤ ᠦᠭᠡᠢ᠃ ᠬᠥᠳᠡᠯᠭᠡᠭᠡᠨ ᠬᠢᠬᠦ᠌ ᠦᠶᠡᠰ ᠵᠢᠷᠦᠬᠡᠨ᠎ᠤ ᠳᠠᠪᠲᠠᠮᠵᠢ ᠴᠢᠨᠢ ᠲᠠᠨ᠎ᠤ ᠲᠠᠭᠠᠭᠠᠵᠤ ᠲᠡᠢᠯᠬᠦ᠌ ᠬᠠᠮᠤᠭ᠎ᠤᠨ ᠶᠡᠭᠡ ᠵᠢᠷᠦᠬᠡᠨ᠎ᠤ ᠳᠠᠪᠲᠠᠮᠵᠢ᠎ᠶ᠋ᠢᠨ 80 % ᠡᠴᠠ ᠬᠡᠲᠦᠷᠡᠵᠦ᠍ ᠪᠣᠯᠬᠤ ᠦᠭᠡᠢ᠃ ᠪᠣᠳᠣᠬᠤ ᠠᠷᠭ᠎ᠠ ᠪᠣᠯ 220 ᠎ᠡᠴᠠ ᠨᠠᠰᠤ ᠵᠢᠯ᠎ᠢᠶᠠᠨ ᠬᠠᠰᠤᠨ᠎ᠠ᠂ ᠭᠠᠷᠴᠤ᠌ ᠢᠷᠡᠭ᠌ᠰᠡᠨ ᠲᠤᠭ᠎ᠠ ᠨᠢ ᠳᠠᠷᠤᠶ ᠬᠠᠮᠤᠭ᠎ᠤᠨ ᠶᠡᠭᠡ ᠵᠢᠷᠦᠬᠡᠨ᠎ᠤ ᠳᠠᠪᠲᠠᠮᠵᠢ ᠪᠤᠯᠤᠨ᠎ᠠ᠃ 40 ᠨᠠᠰᠤ᠎ᠪᠠᠷ ᠵᠢᠱ᠌ᠢᠶᠡᠯᠡᠪᠡᠯ᠂ ᠬᠠᠮᠤᠭ᠎ᠤᠨ ᠶᠡᠭᠡ ᠵᠢᠷᠦᠬᠡᠨ᠎ᠤ ᠳᠠᠪᠲᠠᠮᠵᠢ᠎ᠨᠢ 180 ᠤᠳᠠᠭ᠎ᠠ᠂ 80% ᠎ᠡᠴᠠ ᠭᠡᠳᠦᠷᠡᠬᠦᠯᠵᠦ᠍ ᠪᠤᠯᠬᠤ ᠦᠭᠡᠢ ᠭᠡᠳᠡᠭ᠎ᠨᠢ ᠵᠢᠷᠦᠬᠡᠨ᠎ᠤ ᠳᠠᠪᠲᠠᠮᠵᠢ᠎ᠪᠠᠨ 140 - 150 ᠤᠳᠠᠭ᠎ᠠ ᠣᠷᠴᠢᠮ ᠬᠢᠵᠠᠭᠠᠷᠯᠠᠬᠤ᠎ᠶ᠋ᠢ ᠬᠡᠯᠡᠵᠦ᠍ ᠪᠤᠢ᠂ ᠢᠩᠭᠢᠵᠤ ᠬᠦᠳᠡᠯᠬᠡᠬᠡᠨ ᠬᠢᠪᠡᠯ ᠨᠠᠩ ᠠᠮᠤᠷ ᠲᠦᠪᠱᠢᠨ ᠶᠤᠮ᠃

ᠬᠤᠶᠠᠷ᠎ᠲᠤ᠂ ᠰᠥᠨᠢᠵᠢᠨ ᠰᠠᠭᠤᠵᠤ ᠠᠷᠢᠬᠢᠳᠡᠵᠤ ᠴᠡᠩᠬᠡᠭᠰᠠᠨ᠎ᠤ ᠳᠠᠷᠠᠭ᠎ᠠ ᠱᠢᠷᠦᠭᠦᠨ ᠬᠥᠳᠡᠯᠭᠡᠭᠡᠨ ᠬᠢᠵᠦ᠍ ᠪᠣᠯᠬᠤ ᠦᠭᠡᠢ᠃

ᠭᠤᠷᠪᠠ᠎ᠳᠤ᠂ ᠬᠢᠮᠤᠷᠠᠭ᠎ᠠ᠎ᠪᠠᠷ ᠬᠠᠯᠠᠭᠤᠷᠠᠨ ᠡᠪᠡᠳᠴᠢᠨ ᠡᠳᠡᠭᠡᠷᠡᠭᠰᠡᠡ᠎ᠤ ᠲᠠᠷᠠᠭ᠎ᠠ ᠨᠢᠭᠡ ᠭᠠᠷᠠᠭ᠎ᠤᠨ ᠳᠣᠲᠣᠷ᠎ᠠ ᠱᠢᠷᠦᠭᠦᠨ ᠬᠥᠳᠡᠯᠭᠡᠭᠡᠨ ᠬᠢᠵᠦ᠍ ᠪᠤᠯᠬᠤ ᠦᠭᠡᠢ᠃

ᠳᠥᠷᠪᠡ᠎ᠳᠤ᠂ ᠱᠢᠷᠦᠭᠦᠨ ᠬᠥᠳᠡᠯᠭᠡᠭᠡᠨ ᠬᠢᠬᠦ᠌ ᠶᠠᠪᠤᠴᠠ᠎ᠳᠤ ᠰᠦᠷᠡᠬᠡᠶ ᠴᠡᠭᠡᠵᠢ ᠪᠤᠬᠢᠨᠢᠳᠤᠬᠤ᠂ ᠴᠡᠭᠡᠵᠢ ᠡᠪᠡᠳᠬᠦ᠌᠂ ᠵᠢᠷᠦᠬᠡ ᠲᠦᠭ᠌ᠰᠢᠬᠦ᠌᠂ ᠨᠢᠳᠦ ᠬᠠᠷᠠᠯᠠᠬᠤ᠂ ᠲᠣᠯᠣᠭᠠᠶ ᠡᠷᠭᠢᠬᠦ᠌ ᠵᠡᠷᠭᠡ ᠢᠯᠡᠷᠡᠯ ᠭᠠᠷᠪᠠᠯ ᠵᠠᠪᠠᠯ ᠬᠦᠳᠡᠯᠭᠡᠭᠡᠨ᠎ᠢᠶᠠᠨ ᠵᠣᠭ᠍ᠰᠣᠵᠤ ᠠᠮᠠᠷᠠᠬᠤ ᠬᠡᠷᠡᠭ᠌ᠲᠡᠶ᠂ ᠬᠦᠳᠡᠯᠭᠡᠭᠡᠨ ᠬᠢᠬᠦ᠌᠎ᠪᠠᠨ ᠦᠷᠭᠦᠯᠵᠢᠯᠡᠨ ᠪᠠᠷᠢᠮᠲᠠᠯᠠᠵᠤ ᠪᠣᠯᠬᠤ ᠥᠬᠡᠶ᠂ ᠤᠴᠢᠷ᠎ᠨᠢ ᠡᠲᠡᠭᠡᠷ᠎ᠨᠢ ᠳᠠᠷᠤᠶ ᠬᠥᠳᠡᠯᠭᠡᠭᠡᠨ᠎ᠡᠴᠨ ᠪᠤᠯᠤᠭᠰᠠᠠ ᠭᠡᠨᠡᠳᠲᠡ᠎ᠶ᠋ᠢᠨ ᠡᠨᠳᠠᠯ᠎ᠤᠨ ᠱᠢᠨᠵᠢ ᠲᠡᠮᠳᠡᠭ ᠪᠠᠢᠵᠤ ᠮᠡᠳᠡᠨ᠎ᠡ᠃


    (《ᠠᠷᠠᠳ᠎ᠤᠨ ᠰᠦᠯᠵᠢᠶ᠎ᠠ》 ᠡᠴᠨ ᠤᠷᠴᠢᠭᠤᠯᠤᠨ ᠠᠪᠤᠪᠠ)


  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠰᠠᠢᠨ᠎ᠠ

ᠣᠷᠴᠢᠭᠤᠯᠤᠭ᠍ᠴᠢ᠄

ᠢᠷᠡᠯᠲᠡ᠄ ᠲᠤᠮᠳᠠᠳᠤ ᠤᠯᠤᠰ ᠎ᠤᠨ ᠮᠤᠩᠭᠤᠯ ᠬᠡᠯᠡᠨ ᠰᠤᠨᠢᠨ ᠮᠡᠳᠡᠭᠡᠨ ᠎ᠦ ᠰᠦᠯᠵᠢᠶ᠎ᠠ
兼容浏览器的HTML页面