ᠲᠡᠷᠢᠭᠦᠨ ᠨᠢᠭᠤᠷ>ᠠᠮᠢᠳᠤᠷᠠᠯ ᠥᠷᠲᠡᠭᠡ>ᠠᠩᠬᠠᠷᠤᠯ ᠦᠢᠯᠡᠴᠢᠯᠡᠭᠡ

2026-10-19 16:57:15

ᠵᠣᠬᠢᠶᠠᠭ᠍ᠴᠢ᠄ ᠬᠠᠨ ᠶᠦᠨ ᠴᠤᠤ ᠣᠩᠱᠢᠭ᠍ᠰᠠᠨ ᠣᠳᠠᠭ᠎ᠠ᠄ 3

ᠲᠥᠪ ᠲᠧᠯᠸᠢᠰ᠎ᠦᠨ ᠰᠣᠨᠢᠨ ᠮᠡᠳᠡᠭᠡᠨ᠎ᠦ ᠰᠢᠯᠵᠢᠶ᠎ᠡ᠎ᠶᠢᠨ ᠮᠡᠳᠡᠭᠡᠯᠡᠭᠰᠡᠨ ᠎ᠵᠢᠡᠷ᠂ ᠣᠢᠷ᠎ᠠ᠎ᠳᠤ ᠰᠦᠯᠵᠢᠶᠡᠨ ᠲᠠᠪᠴᠠᠩ᠎ᠦᠨ 《ᠮᠢᠨᠤ ᠡᠯᠡᠰᠦᠨ ᠰᠢᠬᠢᠷ᠎ᠢ ᠪᠤᠴᠠᠭ᠎ᠠ》 ᠭᠡᠬᠦ ᠶᠠᠷᠢᠶᠠᠨ᠎ᠤ ᠰᠡᠳᠦᠪ ᠬᠠᠯᠠᠮᠰᠢᠯ᠎ᠳᠦ ᠣᠷᠣᠵᠠᠢ᠃  ᠵᠠᠷᠢᠮ ᠢᠳᠡᠭᠡᠨ ᠪᠠ ᠤᠮᠳᠠᠭᠠᠨ᠎ᠤ ᠨᠠᠢᠷᠠᠯᠭ᠎ᠠ᠎ᠶᠢᠨ ᠬᠦᠰᠦᠨᠦᠭᠲᠦ᠎ᠳᠦ ᠵᠢᠮᠢᠰ᠎ᠦᠨ ᠦᠵᠦᠮ᠎ᠦᠨ ᠰᠢᠬᠢᠷ᠎ᠦᠨ ᠡᠭᠡᠳᠡᠩ ᠦᠷᠭᠦᠯᠵᠢ ᠢᠯᠡᠷᠡᠵᠦ᠂ ᠴᠠᠭᠠᠨ ᠡᠯᠡᠰᠦᠨ ᠰᠢᠬᠢᠷ ᠨᠢ ᠠᠭᠠᠵᠢᠮ᠎ᠢᠶᠠᠷ ᠠᠷᠢᠯᠤᠭᠰᠠᠨ᠎ᠢ ᠴᠥᠭᠡᠨ ᠪᠤᠰᠤ ᠬᠡᠷᠡᠭᠯᠡᠭᠴᠢᠳ ᠣᠯᠵᠤ ᠮᠠᠲᠠᠵᠠᠢ᠃ ᠲᠤᠰᠬᠠᠢ ᠮᠡᠷᠭᠡᠵᠢᠯᠲᠡᠨ᠎ᠦ ᠰᠠᠨᠠᠭᠤᠯᠤᠬᠰᠠᠨ᠎ᠢᠶᠠᠷ᠂ ᠵᠢᠮᠢᠰ᠎ᠦᠨ ᠦᠵᠦᠮ᠎ᠦᠨ ᠰᠢᠬᠢᠷ᠎ᠦᠨ ᠡᠭᠡᠳᠡᠩ᠎ᠦᠨ ᠥᠪᠡᠷ᠎ᠦᠨ ᠥᠷᠲᠡᠭ ᠨᠢ ᠨᠠᠩ ᠳᠣᠣᠷ᠎ᠠ ᠪᠣᠯᠪᠠᠴᠤ ᠦᠵᠦᠮ᠎ᠦᠨ ᠰᠢᠬᠢᠷ ᠪᠠ ᠵᠢᠮᠢᠰ᠎ᠦᠨ ᠰᠢᠬᠢᠷ ᠠᠭᠤᠯᠵᠤ ᠪᠠᠢᠭ᠎ᠠ ᠪᠣᠯᠬᠣᠷ ᠮᠦᠨ ᠬᠡᠳᠦ ᠢᠳᠡᠭᠦ ᠵᠢ ᠬᠢᠵᠠᠭᠠᠷᠯᠠᠪᠠᠯ ᠵᠣᠬᠢᠨ᠎ᠠ ᠬᠡᠵᠡᠢ᠃




ᠦᠨᠡᠨ᠎ᠳᠡᠭᠡᠨ ᠴᠥᠭᠡᠨ ᠪᠤᠰᠤ 《ᠰᠢᠬᠢᠷ᠎ᠦᠨ ᠠᠭᠣᠯᠣᠭᠳᠠᠴᠠ ᠲᠣᠣᠷ᠎ᠠ》 ᠂  《ᠨᠢᠰᠢᠩᠭᠦ᠎ᠶᠢᠨ ᠰᠢᠬᠢᠷ ᠦᠬᠡᠢ》ᠭᠡᠳᠡᠭ ᠢᠳᠡᠭᠡᠨ᠎ᠦ ᠨᠠᠢᠷᠠᠯᠭ᠎ᠠ᠎ᠶᠢᠨ ᠬᠦᠰᠦᠨᠦᠭᠲᠦ᠎ᠳᠦ ᠮᠥᠨ ᠯᠡ ᠳᠣᠣᠷ᠎ᠠ ᠪᠥᠭᠡᠭᠡᠨᠡᠷᠡᠯ ᠵᠢᠮᠢᠰ᠎ᠦᠨ ᠰᠢᠬᠢᠷ᠂ ᠪᠤᠭᠤᠳᠠᠢ᠎ᠶᠢᠨ ᠨᠠᠬᠢᠶᠠᠨ ᠰᠢᠬᠢᠷ᠎ᠦᠨ ᠡᠭᠡᠳᠡᠩ ᠵᠡᠷᠭᠡ ᠪᠦᠷᠢᠯᠳᠦᠭᠦᠨ ᠪᠠᠢᠵᠤ᠂ ᠨᠢᠬᠡ᠎ᠴᠦ ᠰᠢᠬᠢᠷ ᠠᠭᠣᠯᠣᠬᠳᠠᠵᠦ ᠪᠠᠢᠬᠣ ᠦᠬᠡᠢ ᠪᠢᠰᠢ ᠶᠤᠮ᠃ ᠣᠢᠷ᠎ᠠ᠎ᠶᠢᠨ ᠵᠢᠯ᠎ᠦᠳ᠎ᠡᠴᠡ ᠬᠦᠮᠦᠰ《ᠢᠳᠡᠭᠡᠨ᠎ᠦ ᠨᠠᠢᠷᠠᠯᠭ᠎ᠠ᠎ᠶᠢᠨ ᠬᠦᠰᠦᠨᠦᠭᠲᠦ》 ᠵᠢ ᠠᠩᠬᠠᠷᠬᠤ ᠪᠤᠯᠤᠬᠰᠠᠨ ᠨᠢ ᠬᠥᠮᠥᠰ᠎ᠦᠨ ᠡᠷᠡᠭᠦᠯ ᠮᠡᠨᠳᠦ᠎ᠶᠢ ᠬᠠᠮᠠᠭᠠᠯᠠᠬᠤ ᠤᠬᠠᠮᠰᠠᠷ ᠪᠠ ᠡᠷᠡᠭᠦᠯ ᠢᠳᠡᠭᠡᠨ ᠤᠮᠳᠠᠭᠠᠨ᠎ᠢ ᠬᠦᠨᠳᠤᠳᠬᠡᠵᠦ ᠪᠠᠢᠭ᠎ᠠ᠎ᠶᠢᠨ ᠢᠯᠡᠷᠡᠯ ᠮᠥᠨ᠃ ᠡᠨᠡ ᠨᠢ ᠮᠦᠨ᠎ᠴᠦ ᠪᠠᠰᠠ ᠬᠣᠯᠪᠣᠭᠳᠠᠯ ᠪᠦᠬᠦᠢ ᠲᠠᠯ᠎ᠠ᠎ᠶᠢᠨ ᠬᠢᠨ᠎ᠦ ᠢᠳᠡᠭᠡᠨ᠎ᠦ ᠰᠢᠨᠵᠢᠯᠡᠬᠦ ᠤᠬᠠᠭᠠᠨ᠎ᠢ ᠲᠦᠭᠡᠮᠡᠯᠵᠢᠭᠦᠯᠬᠦ ᠠᠵᠢᠯ᠎ᠢ ᠤᠯᠠᠮ ᠨᠢᠭᠡ ᠠᠯᠬᠤᠮ ᠰᠠᠢᠲᠤᠷ ᠬᠢᠵᠦ᠂ ᠬᠡᠷᠡᠭᠯᠡᠭᠴᠢᠳ᠎ᠢ ᠬᠠᠪᠰᠤᠷᠤᠨ ᠤᠬᠠᠭᠳᠠᠬᠤᠨ᠎ᠤ ᠪᠠᠯᠠᠢ ᠣᠷᠣᠨ᠎ᠢ ᠠᠷᠢᠯᠭᠠᠵᠤ᠂ ᠬᠤᠳᠠᠯᠳᠤᠭᠠᠴᠢᠳ ᠡᠵᠡᠩᠨᠡᠨ ᠪᠣᠷᠣᠯᠠᠭᠤᠯᠬᠤ ᠶᠠᠪᠤᠴᠠ᠎ᠳᠠᠭᠠᠨ ᠦᠨᠡᠨ᠎ᠡᠴᠡ ᠵᠥᠪ᠎ᠢ ᠡᠷᠢᠵᠦ᠂ ᠥᠰᠬᠡᠭᠡᠨ ᠳᠥᠰᠬᠡᠭᠡᠨ᠎ᠲᠠᠢ ᠤᠬᠠᠭᠤᠯᠭ᠎ᠠ᠎ᠪᠠᠷ ᠬᠡᠷᠡᠭᠯᠡᠭᠴᠢᠳ᠎ᠢ ᠪᠤᠷᠤᠭᠤ ᠲᠠᠨᠢᠯᠲᠠ᠎ᠲᠠᠢ ᠪᠣᠯᠭᠠᠬᠣ ᠡᠴᠡ ᠵᠠᠢᠯᠠᠰᠬᠢᠪᠡᠯ ᠰᠠᠶᠢ ᠢᠳᠡᠭᠡᠨ᠎ᠦ ᠠᠮᠣᠷ ᠲᠦᠪᠰᠢᠨ᠎ᠢ ᠪᠠᠳᠣᠯᠠᠵᠦ ᠴᠢᠳᠠᠨ᠎ᠠ᠃  

— 《ᠠᠵᠢᠯᠴᠢᠨ᠎ᠤ ᠡᠳᠦᠷ᠎ᠦᠨ ᠰᠤᠨᠢᠨ》 ᠡᠴᠡ 

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠵᠣᠣ ᠱᠦ᠍ ᠭᠤᠸᠠᠩ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ ᠎ᠤᠨ ᠮᠤᠩᠭᠤᠯ ᠬᠡᠯᠡᠨ᠎ᠦ ᠰᠤᠨᠢᠨ ᠮᠡᠳᠡᠭᠡ ᠎ᠶ᠋ᠢᠨ ᠰᠦᠯᠵᠢᠶ᠎ᠡ
兼容浏览器的HTML页面