ᠲᠡᠷᠢᠭᠦᠨ ᠨᠢᠭᠤᠷ>ᠠᠮᠢᠳᠤᠷᠠᠯ ᠥᠷᠲᠡᠭᠡ>ᠠᠩᠬᠠᠷᠤᠯ ᠦᠢᠯᠡᠴᠢᠯᠡᠭᠡ

2026-08-14 15:20:26

ᠵᠣᠬᠢᠶᠠᠭ᠍ᠴᠢ᠄ ᠣᠩᠱᠢᠭ᠍ᠰᠠᠨ ᠣᠳᠠᠭ᠎ᠠ᠄ 3

ᠰᠢᠬᠢᠷ ᠰᠢᠵᠢᠩ ᠡᠪᠡᠳᠴᠢᠨ᠎ᠤ ᠡᠬᠢᠨ᠎ᠤ ᠬᠤᠭᠤᠴᠠᠭ᠎ᠠ ᠪᠣᠯ ᠨᠢᠭᠤᠭᠳᠠᠮᠠᠯ ᠪᠠᠶ᠋ᠢᠳᠠᠯ ᠲᠠᠢ ᠪᠠᠶ᠋ᠢᠳᠠᠭ ᠪᠤᠯᠬᠤᠷ ᠣᠯᠠᠩᠬᠢ ᠬᠥᠮᠦᠰ ᠰᠢᠬᠢᠷ ᠰᠢᠵᠢᠩ ᠡᠪᠡᠳᠴᠢᠨ ᠣᠯᠤᠭᠰᠠᠨ᠎ᠢᠶᠠᠨ ᠮᠡᠳᠡᠬᠦ᠌ ᠦᠭᠡᠢ ᠪᠠᠶ᠋ᠢᠳᠠᠭ᠃

ᠰᠢᠬᠢᠷ ᠰᠢᠵᠢᠩ ᠡᠪᠡᠳᠴᠢᠨ᠎ᠢ 1 ᠳ᠋ᠤᠭᠡᠷ ᠬᠡᠯᠪᠡᠷᠢ ᠵᠢᠨ ᠪᠠ 2 ᠳ᠋ᠤᠭᠠᠷ ᠬᠡᠯᠪᠡᠷᠢ᠎ᠶᠢᠨ ᠰᠢᠬᠢᠷ ᠰᠢᠵᠢᠩ ᠡᠪᠡᠳᠴᠢᠨ ᠭᠡᠵᠦ᠍ ᠬᠤᠪᠢᠶᠠᠳᠠᠭ᠃


22.png


1 ᠳ᠋ᠤᠭᠡᠷ ᠬᠡᠯᠪᠡᠷᠢ ᠵᠢᠨ ᠰᠢᠬᠢᠷ ᠰᠢᠵᠢᠩ ᠡᠪᠡᠳᠴᠢᠨ ᠪᠣᠯ ᠥᠪᠡᠷ᠎ᠤᠨ ᠪᠡᠶ᠎ᠡ ᠵᠢᠨ ᠬᠢᠨᠢ ᠲᠠᠷᠬᠠᠯᠠᠭ᠎ᠠ ᠶ᠋ᠢᠨ ᠡᠪᠡᠳᠴᠢᠨ᠎ᠳᠤ ᠲᠤᠭᠠᠴᠠᠬᠳᠠᠨ᠎ᠠ᠂ ᠶᠡᠷᠦ᠎ᠳᠡᠭᠡᠨ ᠸᠢᠷᠦ᠋ᠰ ᠬᠠᠯᠳᠠᠪᠤᠷᠢᠯᠠᠭᠰᠠᠨ᠎ᠤ ᠳᠠᠷᠠᠭ᠎ᠠ ᠡᠪᠡᠳᠴᠢᠲᠡᠨ᠎ᠤ ᠪᠡᠶ᠎ᠡ᠎ᠶᠢᠨ ᠳᠣᠲᠣᠷᠠᠬᠢ ᠥᠪᠡᠷ᠎ᠤᠨ ᠬᠢᠨᠢ ᠲᠠᠷᠬᠠᠯᠠᠭ᠎ᠠ ᠶ᠋ᠢᠨ ᠲᠤᠰᠬᠠᠯ᠎ᠢ ᠡᠭᠦᠰᠭᠡᠬᠦ᠌ ᠳ᠋ᠤ ᠨᠣᠶ᠋ᠢᠷ᠎ᠤᠨ ᠪᠤᠯᠴᠢᠷᠬᠠᠶ ᠨᠢ ᠨᠣᠶ᠋ᠢᠷ᠎ᠤᠨ ᠠᠷᠠᠯ᠎ᠤᠨ ᠡᠳ᠋ ᠰᠢᠭᠦᠷᠡᠭᠦᠯᠵᠦ᠍ ᠳᠡᠶ᠋ᠢᠯᠬᠦ᠌ ᠦᠭᠡᠢ ᠪᠠᠶ᠋ᠢᠳᠠᠭ᠃ 2 ᠳ᠋ᠤᠭᠠᠷ ᠬᠡᠯᠪᠡᠷᠢ᠎ᠶᠢᠨ ᠰᠢᠬᠢᠷ ᠰᠢᠵᠢᠩ ᠡᠪᠡᠳᠴᠢᠨ ᠪᠣᠯ ᠨᠢᠭᠡ ᠵᠦᠢᠯ᠎ᠤᠨ ᠤᠳᠤᠮᠰᠢᠯ ᠪᠠ ᠣᠷᠴᠢᠨ ᠲᠣᠭᠣᠷᠢᠨ᠎ᠤ ᠨᠥᠬᠥᠴᠡᠯ ᠳᠣᠣᠷ᠎ᠠ ᠨᠣᠶ᠋ᠢᠷ᠎ᠤᠨ ᠠᠷᠠᠯ᠎ᠤᠨ ᠡᠳ᠋᠎ᠤᠨ ᠡᠰᠡᠷᠭᠦᠴᠡᠯ ᠪᠠ ᠨᠣᠶ᠋ᠢᠷ᠎ᠤᠨ ᠠᠷᠠᠯ᠎ᠤᠨ β ᠡᠰ᠎ᠤᠨ ᠭᠡᠮᠲᠦᠯ᠎ᠠᠴᠠ ᠪᠣᠯᠤᠭᠰᠠᠨ ᠡᠪᠡᠳᠴᠢᠨ ᠪᠣᠯᠤᠨ᠎ᠠ᠃ ᠲᠡᠷᠡ ᠨᠢ ᠤᠯᠠᠡᠭᠭᠢ ᠳ᠋ᠠᠭᠠᠨ ᠢᠳᠡᠭᠡᠨ ᠤᠮᠳᠠᠭᠠᠨ ᠪᠠ ᠠᠮᠢᠳᠤᠷᠠᠯ᠎ᠤᠨ ᠳᠠᠳᠬᠠᠯ᠎ᠲᠠᠢ ᠬᠣᠯᠪᠣᠭ᠎ᠠ᠎ᠲᠠᠢ ᠶᠤᠮ᠃

ᠰᠢᠬᠢᠷ ᠰᠢᠵᠢᠩ ᠡᠪᠡᠳᠴᠢᠨ᠎ᠤ ᠡᠬᠢᠨ᠎ᠤ ᠬᠤᠭᠤᠴᠠᠭᠠᠨ᠎ᠤ ᠢᠯᠡᠷᠡᠯ ᠲᠡᠶ᠋ᠢᠮᠦ᠍ ᠢᠯᠡᠷᠬᠡᠢ ᠪᠢᠰᠢ᠂ ᠰᠢᠬᠢᠷ ᠰᠢᠵᠢᠩ ᠡᠪᠡᠳᠴᠢᠨ᠎ᠤ ᠡᠬᠢᠨ᠎ᠤ ᠬᠤᠭᠤᠴᠠᠭ᠎ᠠ ᠪᠣᠯ ᠨᠢᠭᠤᠭᠳᠠᠮᠠᠯ ᠪᠠᠶ᠋ᠢᠳᠠᠯ ᠲᠠᠢ᠂ ᠡᠨᠡ ᠦᠶ᠎ᠡ᠎ᠳᠤ ᠴᠢᠰᠤᠨ ᠰᠢᠬᠢᠷ᠎ᠤᠨ ᠬᠡᠮᠵᠢᠶ᠎ᠡ ᠨᠢ ᠬᠡᠳᠦᠶ᠋ᠢᠪᠡᠷ ᠬᠡᠪ᠎ᠤᠨ ᠬᠡᠪᠴᠢᠶ᠎ᠡ᠎ᠠᠴᠠ ᠥᠨᠳᠥᠷ ᠪᠠᠶ᠋ᠢᠳᠠᠭ ᠪᠣᠯᠪᠠᠴᠤ᠌ ᠰᠢᠬᠢᠷ ᠰᠢᠵᠢᠩ ᠡᠪᠡᠳᠴᠢᠨ᠎ᠤ ᠣᠨᠣᠰᠢᠯᠠᠬᠤ ᠪᠠᠷᠢᠮᠵᠢᠶ᠎ᠠ (6 . 1 mmol / L ≤ ᠥᠯᠥᠨ ᠦᠶ᠎ᠡ᠎ᠶᠢᠨ ᠴᠢᠰᠤᠨ ᠰᠢᠬᠢᠷ < 7 . 0 mmol / L᠂ 7 . 8 mmol/ L ≤ ᠬᠣᠭᠣᠯᠠᠨ᠎ᠤ ᠲᠠᠷᠠᠭ᠎ᠠ ᠬᠣᠶᠠᠷ ᠴᠠᠭ᠎ᠤᠨ ᠬᠤᠶ᠋ᠢᠨᠠᠬᠢ ᠴᠢᠰᠤᠨ ᠰᠢᠬᠢᠷ < 11 . 1 mmol / L) ᠳ᠋ᠤ ᠬᠦᠷᠴᠦ ᠲᠡᠶ᠋ᠢᠯᠬᠦ᠌ ᠦᠭᠡᠢ ᠪᠠᠶ᠋ᠢᠳᠠᠭ᠃ ᠡᠨᠡ ᠬᠦ᠌ ᠱᠠᠲᠤᠨ᠎ᠳᠤ ᠵᠣᠬᠢᠰᠲᠠᠢ ᠲᠤᠬᠢᠷᠠᠭᠤᠯᠤᠯᠳᠠ ᠬᠢᠭᠰᠡᠨ᠎ᠤ ᠲᠠᠷᠠᠭ᠎ᠠ ᠴᠢᠰᠤᠨ ᠰᠢᠬᠢᠷ᠎ᠢ ᠡᠷᠡᠭᠦᠯ ᠪᠣᠯᠭᠠᠬᠤ ᠪᠣᠯᠤᠯᠴᠠᠭ᠎ᠠ᠎ᠲᠠᠢ ᠶᠤᠮ᠂ ᠭᠡᠪᠡᠴᠦ᠍ ᠰᠠᠶ᠋ᠢᠨ ᠠᠷᠭ᠎ᠠ ᠬᠡᠮᠵᠢᠶ᠎ᠡ ᠠᠪᠬᠤ ᠦᠭᠡᠢ ᠪᠣᠯ ᠪᠦᠬᠦ᠌ ᠲᠠᠯ᠎ᠠ᠎ᠶᠢᠨ ᠰᠢᠬᠢᠷ ᠰᠢᠵᠢᠩ ᠡᠪᠡᠳᠴᠢᠨ ᠪᠣᠯᠵᠤ ᠬᠥᠭᠵᠢᠵᠦ᠍ ᠮᠡᠳᠡᠨ᠎ᠡ᠃

ᠰᠢᠬᠢᠷ ᠰᠢᠵᠢᠩ ᠡᠪᠡᠳᠴᠢᠨ᠎ᠤ ᠡᠬᠢᠨ᠎ᠤ ᠬᠤᠭᠤᠴᠠᠭᠠᠨ᠎ᠳᠤ᠂ ᠬᠥᠮᠦᠰ ᠪᠡᠶ᠎ᠡ ᠳ᠋ᠤᠨᠢ ᠵᠠᠷᠢᠮ ᠵᠢᠭᠠᠬᠠᠨ ᠬᠤᠪᠢᠷᠠᠯᠲᠠ ᠲᠠᠢ ᠪᠠᠶ᠋ᠢᠬᠤ ᠵᠢ ᠤᠯᠵᠤ ᠮᠡᠳᠡᠵᠦ᠍ ᠮᠠᠭᠠᠳ ᠦᠭᠡᠢ᠂ ᠭᠡᠬᠦ᠌ ᠳ᠋ᠡᠭᠡᠨ ᠡᠳᠡᠭᠡᠷ᠎ᠢ ᠶᠡᠷᠦ᠎ᠳᠡᠭᠡᠨ ᠠᠮᠠᠷᠬᠠᠨ ᠣᠮᠲᠣᠭᠠᠶ᠋ᠢᠯᠠᠳᠠᠭ ᠶᠤᠮ᠃ ᠵᠢᠱ᠌ᠢᠶᠡᠯᠡᠪᠡᠯ ᠬᠥᠩᠭᠡᠨ ᠰᠢᠭ ᠬᠠᠷᠠᠭ᠎ᠠ ᠪᠠᠯᠠᠷᠠᠬᠤ᠂ ᠪᠠᠶ᠋ᠢᠡᠭᠭᠤ ᠶᠠᠳᠠᠷᠠᠬᠤ᠂ ᠦᠷᠭᠦᠯᠵᠢ ᠤᠮᠳᠠᠭᠠᠰᠬᠤ ᠪᠠ ᠪᠠᠶ᠋ᠢᠨ ᠳᠠᠬᠢᠨ ᠰᠢᠭᠡᠬᠦ᠌ ᠵᠡᠷᠭᠡ ᠪᠠᠶ᠋ᠢᠳᠠᠯ ᠭᠠᠷᠳᠠᠭ᠃ ᠡᠳᠡᠭᠡᠷ ᠪᠠᠶ᠋ᠢᠳᠠᠯ ᠢ᠋ ᠠᠵᠢᠯ᠎ᠤᠨ ᠳᠠᠷᠤᠭᠠᠰᠤ ᠪᠤᠶᠤ ᠵᠢᠮ᠎ᠡ ᠶᠣᠰᠣ ᠦᠭᠡᠢ ᠠᠮᠢᠳᠤᠷᠠᠯ᠎ᠤᠨ ᠲᠠᠳᠬᠠᠯ᠎ᠠᠴᠠ ᠪᠣᠯᠤᠯ᠎ᠡ ᠭᠡᠵᠦ᠍ ᠪᠤᠳᠤᠳᠠᠭ᠃ ᠭᠡᠲᠡᠯ᠎ᠡ ᠡᠨᠡ᠎ᠨᠢ ᠶᠠᠭ ᠪᠢᠳᠡᠨ᠎ᠳᠤ ᠥᠭᠭᠦᠭᠰᠡᠨ ᠰᠢᠬᠢᠷ ᠰᠢᠵᠢᠩ ᠡᠪᠡᠳᠴᠢᠨ᠎ᠤ ᠡᠬᠢᠨ᠎ᠤ ᠬᠤᠭᠤᠴᠠᠭᠠᠨ ᠤ᠋ ᠰᠡᠷᠡᠮᠵᠢ᠎ᠶᠢᠨ ᠳᠣᠬᠢᠶ᠎ᠠ ᠪᠣᠯᠤᠨ᠎ᠠ᠃ ᠵᠢᠩᠬᠢᠨᠢ ᠰᠢᠬᠢᠷ ᠰᠢᠵᠢᠩ ᠡᠪᠡᠳᠴᠢᠨ ᠪᠣᠯᠵᠣ ᠬᠦᠭᠵᠢᠬᠦ᠌ ᠳ᠋ᠤ ᠯᠡ ᠬᠦᠷᠪᠡᠯ᠂ ᠪᠥᠬᠥ᠌ ᠪᠡᠶ᠎ᠡ᠎ᠶᠢᠨ ᠣᠯᠠᠨ ᠵᠦᠢᠯ᠎ᠤᠨ ᠲᠠᠪᠬᠤᠴᠠᠭᠰᠠᠨ ᠡᠪᠡᠳᠴᠢᠨ᠎ᠢ ᠡᠭᠦᠰᠭᠡᠵᠦ᠍ ᠮᠡᠳᠡᠨ᠎ᠡ᠃ ᠰᠢᠬᠢᠷ ᠰᠢᠵᠢᠩ ᠡᠪᠡᠳᠴᠢᠨ᠎ᠤ ᠳᠠᠪᠬᠤᠴᠠᠭᠰᠠᠨ ᠡᠪᠡᠳᠴᠢᠨ᠎ᠤ ᠰᠦᠷᠳᠡᠭᠦᠯᠦᠯ᠎ᠨᠢ ᠮᠠᠰᠢ ᠣᠯᠠᠨ ᠬᠥᠮᠦᠨ᠎ᠤ ᠵᠢᠱ᠌ᠢᠯᠲᠡ᠎ᠠᠴᠠ ᠬᠣᠯᠠ ᠲᠠᠪᠠᠬᠰᠠᠨ ᠪᠠᠶ᠋ᠢᠳᠠᠭ᠂ ᠲᠡᠷᠡ ᠨᠢ ᠵᠥᠪᠬᠡᠨ ᠨᠢᠭᠡ ᠯᠡ ᠡᠷᠬᠡᠲᠡᠨ᠎ᠢ ᠨᠥᠯᠥᠭᠡᠯᠡᠬᠦ᠌ ᠲᠡᠳᠦᠢ ᠪᠢᠰᠢ᠂ ᠬᠠᠷᠢᠨ ᠪᠦ᠋ᠬᠦ᠌ ᠪᠡᠶ᠎ᠡ᠎ᠶᠢ ᠨᠥᠯᠥᠭᠡᠯᠡᠵᠦ᠍ ᠮᠡᠳᠡᠨ᠎ᠡ᠂ ᠨᠢᠳᠦ᠎ᠠᠴᠠ ᠠᠪᠤᠭᠠᠳ ᠬᠥᠯ᠎ᠤᠨ ᠬᠤᠷᠤᠭᠤ ᠬᠦᠷᠲᠡᠯ᠎ᠡ ᠠᠯᠢ ᠡᠷᠬᠡᠳᠡᠨ ᠨᠢ ᠴᠤ᠌ ᠪᠦᠷ ᠡᠨᠡ ᠡᠪᠡᠳᠴᠢᠨ ᠡᠴᠠ ᠵᠠᠶ᠋ᠢᠯᠠᠵᠤ ᠳᠡᠶ᠋ᠢᠯᠬᠦ᠌ ᠦᠭᠡᠢ᠃

ᠰᠢᠬᠢᠷ ᠰᠢᠵᠢᠩ ᠡᠪᠡᠳᠴᠢᠨ᠎ᠤ ᠴᠢᠨᠠᠷᠲᠠᠢ ᠨᠢᠳᠦᠨ᠎ᠤ ᠡᠪᠡᠳᠴᠢᠨ ᠨᠢ ᠨᠢᠳᠦᠨ᠎ᠤ ᠲᠣᠣᠷᠯᠢᠭ ᠪᠦᠷᠬᠦᠪᠴᠢ᠎ᠵᠢᠨ ᠡᠪᠡᠳᠴᠢᠨ ᠢ᠋ ᠡᠭᠦᠰᠭᠡᠵᠦ᠍᠂ ᠬᠠᠷᠠᠭ᠎ᠠ᠎ᠶᠢ ᠪᠠᠯᠠᠷᠬᠠᠢ ᠪᠣᠯᠭᠠᠬᠤ ᠪᠤᠶᠤ ᠴᠢᠨᠠᠭᠰᠢᠯᠠᠪᠠᠯ ᠬᠠᠷᠠᠭ᠎ᠠ ᠠᠯᠳᠠᠭᠤᠯᠤᠨ᠎ᠠ; ᠬᠠᠷᠢᠨ ᠰᠢᠬᠢᠷ ᠰᠢᠵᠢᠩ ᠡᠪᠡᠳᠴᠢᠨ᠎ᠤ ᠴᠢᠨᠠᠷᠲᠠᠢ ᠪᠥᠭᠡᠷ᠎ᠡ ᠵᠢᠨ ᠡᠪᠡᠳᠴᠢᠨ ᠳ᠋ᠤ ᠨᠡᠷᠪᠡᠭᠳᠡᠪᠡᠯ᠂ ᠬᠦᠨᠳᠦᠷᠡᠬᠦ᠌ ᠦᠶ᠎ᠡ ᠳ᠋ᠡᠭᠡᠨ ᠪᠥᠭᠡᠷ᠎ᠡ ᠵᠢᠨ ᠳᠣᠷᠣᠶ᠋ᠢᠲᠠᠯ᠂ ᠰᠢᠭᠡᠰᠦᠨ ᠬᠣᠣᠷᠳᠠᠯᠭ᠎ᠠ ᠡᠭᠦᠰᠭᠡᠵᠦ᠍ ᠮᠡᠳᠡᠨ᠎ᠡ; ᠵᠢᠷᠦᠬᠡ ᠪᠠ ᠶᠡᠬᠡ ᠲᠠᠷᠢᠬᠢ᠎ᠶᠢ ᠳᠠᠭᠠᠷᠢᠪᠠᠯ ᠵᠢᠷᠦᠬᠡᠨ ᠲᠢᠲᠢᠮ᠎ᠤᠨ ᠡᠪᠡᠳᠴᠢᠨ᠂ ᠰᠠ ᠡᠪᠡᠳᠴᠢᠨ᠎ᠳᠤ ᠨᠡᠷᠪᠡᠭᠳᠡᠬᠦ᠌ ᠲᠦ᠋ᠭᠰᠢᠭᠦᠷᠢ᠎ᠶᠢ ᠨᠡᠮᠡᠭᠳᠡᠭᠦᠯᠦᠨ᠎ᠡ᠃ ᠡᠳᠡᠭᠡᠷ᠎ᠨᠢ ᠪᠦᠷ ᠨᠢᠭᠤᠭᠳᠠᠮᠠᠯ ᠠᠶᠤᠯ ᠲᠦᠭᠰᠢᠭᠦᠷᠢ ᠪᠤᠯᠬᠤ ᠶᠤᠮ᠃ ᠡᠭᠦᠨ᠎ᠢᠶᠠᠷ ᠵᠤᠬᠰᠤᠬᠤ ᠦᠭᠡᠢ᠂ ᠰᠢᠬᠢᠷ ᠰᠢᠵᠢᠩ ᠡᠪᠡᠳᠴᠢᠲᠡᠨ ᠪᠠᠰᠠ ᠠᠷᠠᠰᠤᠨ᠎ᠤ ᠬᠠᠯᠳᠠᠪᠤᠷᠢᠯᠠᠯ᠂ ᠮᠡᠳᠡᠷᠡᠯ᠎ᠤᠨ ᠭᠡᠮᠲᠦᠯ ᠵᠡᠷᠭᠡ ᠠᠰᠠᠭᠤᠳᠠᠯ᠎ᠳᠤ ᠲᠤᠯᠭᠠᠷᠠᠵᠤ ᠮᠡᠳᠡᠨ᠎ᠡ᠃ ᠮᠡᠳᠡᠷᠡᠯ᠎ᠤᠨ ᠭᠡᠮᠲᠦᠯ ᠡᠴᠠ ᠪᠤᠯᠵᠤ ᠬᠥᠯ᠎ᠤᠨ ᠬᠡᠰᠡᠭ᠎ᠤᠨ ᠰᠡᠷᠡᠯ᠎ᠢ ᠮᠠᠭᠤᠳᠠᠭᠤᠯᠵᠤ᠂ ᠴᠢᠨᠠᠭᠰᠢᠯᠠᠪᠠᠯ ᠰᠢᠬᠢᠷ ᠰᠢᠵᠢᠩ ᠡᠪᠡᠳᠴᠢᠨ ᠤ᠋ ᠴᠢᠨᠠᠷᠳᠠᠢ ᠬᠥᠯ ᠪᠣᠯᠵᠤ ᠮᠡᠳᠡᠨ᠎ᠡ᠂ ᠢᠡᠭᠭᠢᠬᠦ᠌ ᠳ᠋ᠤ ᠬᠦᠷᠪᠡᠯ ᠬᠦᠨᠳᠦ ᠬᠡᠴᠡᠭᠦᠦ ᠬᠠᠯᠳᠠᠪᠤᠷᠢᠯᠠᠯ᠎ᠢ ᠡᠭᠦᠰᠭᠡᠵᠦ᠍᠂ ᠴᠢᠨᠠᠭᠰᠢᠯᠠᠪᠠᠯ ᠬᠦᠯ ᠵᠢᠨᠨ ᠣᠭᠲᠣᠯᠤᠭᠤᠯᠬᠤ ᠳ᠋ᠤ ᠬᠦᠷᠴᠦ᠍ ᠮᠡᠳᠡᠨ᠎ᠡ᠃

ᠡᠢᠮᠤ ᠡᠴᠨ ᠪᠡᠨ ᠰᠢᠬᠢᠷ ᠰᠢᠵᠢᠩ ᠡᠪᠡᠳᠴᠢᠨ ᠡᠴᠨ ᠵᠠᠢᠯᠠᠰᠬᠢᠶ᠎ᠠ ᠬᠡᠪᠡᠯ᠂ ᠠᠮᠢᠳᠤᠷᠠᠯ᠎ᠤᠨ ᠲᠠᠳᠬᠠᠯ ᠵᠢᠠᠨ ᠵᠦᠪ ᠪᠠᠢᠯᠭᠠᠵᠤ᠂ ᠡᠳᠤᠷ ᠳᠤᠳᠤᠮ᠎ᠤᠨ ᠢᠳᠡᠬᠡᠨ ᠤᠮᠳᠠᠭᠠᠨ ᠪᠤᠯᠤᠨ ᠬᠤᠭᠤᠯᠠ ᠪᠤᠳᠠᠭ᠎ᠠ ᠪᠡᠨ ᠵᠦᠢ ᠵᠤᠬᠢᠰᠳᠠᠢ ᠳᠤᠬᠢᠷᠠᠭᠤᠯᠬᠤ ᠨᠢ ᠳᠤᠩ ᠴᠢᠬᠤᠯᠠ ᠶᠤᠮ᠃

(《ᠠᠷᠠᠳ᠎ᠤᠨ ᠰᠦᠯᠵᠢᠶ᠎ᠠ》 ᠡᠴᠨ ᠲᠠᠳᠤᠯᠭ᠎ᠠ ᠵᠢᠨ ᠰᠤᠷᠤᠭᠴᠢ ᠴᠠᠨ᠎ᠠ ᠤᠷᠴᠢᠭᠤᠯᠤᠨ ᠨᠠᠢᠷᠠᠭᠤᠯᠪᠠ)

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠵᠣᠣ ᠱᠦ᠍ ᠭᠤᠸᠠᠩ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面