2026-08-28 11:47:26
ᠲᠡᠮᠡᠬᠢ ᠪᠡᠨ ᠡᠷᠳᠡᠬᠡᠨ ᠵᠤᠭᠰᠤᠪᠠᠯ ᠪᠠᠶᠠᠨᠳᠤ ᠰᠠᠢᠨ
ᠲᠡᠮᠡᠬᠢ ᠲᠠᠳᠠᠬᠤ ᠨᠢ ᠠᠶᠤᠯ ᠦᠬᠡᠢ ᠬᠡᠰᠡᠨ ᠶᠠᠪᠤᠳᠠᠯ ᠪᠢᠰᠢ ᠂ ᠨᠢᠬᠡ ᠭᠤᠳᠤᠯᠢ ᠲᠡᠮᠡᠬᠢ ᠵᠢ ᠰᠤᠷᠤᠵᠤ ᠤᠷᠤᠭᠤᠯᠤᠭᠰᠠᠠ ᠴᠤ᠌ ᠬᠦᠮᠤᠨᠤ ᠪᠠᠶ᠎ᠠ ᠵᠢᠨ ᠡᠷᠡᠬᠦᠯ ᠮᠡᠨᠳᠤ ᠵᠢ ᠬᠤᠬᠢᠷᠠᠭᠤᠯᠳᠠᠭ ᠶᠤᠮ᠃
ᠲᠡᠮᠡᠬᠢ ᠲᠡᠳᠠᠬᠴᠢ ᠲᠡᠮᠡᠬᠢ ᠪᠡᠨ ᠵᠤᠭᠰᠤᠬᠤ ᠨᠢ ᠬᠡᠳᠤᠢ ᠡᠷᠳᠡ ᠪᠤᠯ ᠲᠡᠳᠤᠢ ᠰᠠᠢᠨ ᠪᠠᠢᠵᠤ᠂ ᠬᠡᠵᠢᠶ᠎ᠠ ᠵᠤᠭᠰᠤᠭᠰᠠᠠ ᠴᠤ᠌ ᠪᠦᠷ ᠤᠷᠤᠢᠳᠠᠬᠤ ᠦᠬᠡᠢ᠃ 35 ᠨᠠᠰᠤᠨ ᠡᠴᠨ ᠡᠮᠤᠨ᠎ᠠ ᠲᠡᠮᠡᠬᠢ ᠪᠡᠨ ᠵᠤᠭᠰᠤᠪᠠᠯ 90% ᠵᠢᠨ ᠲᠡᠮᠡᠬᠢ ᠲᠠᠳᠠᠬᠤ ᠡᠴᠨ ᠪᠤᠯᠵᠤ ᠵᠢᠷᠤᠬᠡᠨ ᠡᠪᠡᠳᠴᠢᠨ ᠡᠬᠦᠰᠬᠦ ᠡᠴᠨ ᠵᠠᠢᠯᠠᠰᠬᠢᠵᠤ ᠴᠢᠳᠠᠨ᠎ᠠ; 59 ᠨᠠᠰᠤᠨ ᠡᠴᠨ ᠡᠮᠤᠨ᠎ᠠ ᠲᠡᠮᠡᠬᠢ ᠪᠡᠨ ᠵᠤᠭᠰᠤᠪᠠᠯ 15 ᠵᠢᠯᠤᠨ ᠳᠤᠳᠤᠷ᠎ᠠ ᠡᠨᠳᠡᠬᠦ ᠪᠤᠯᠤᠯᠴᠠᠭ᠎ᠠ ᠨᠢ ᠵᠦᠪᠬᠡᠨ ᠦᠷᠬᠦᠯᠵᠢᠯᠠᠨ ᠲᠡᠮᠡᠬᠢ ᠲᠠᠳᠠᠭᠴᠢ ᠵᠢᠨ ᠬᠠᠭᠠᠰᠢ ᠡᠵᠡᠯᠡᠬᠦ ᠪᠤᠯᠤᠨ᠎ᠠ;60 ᠨᠠᠰᠤ ᠵᠢ ᠭᠠᠷᠤᠭᠠᠳ ᠰᠠᠶᠢ ᠲᠡᠮᠡᠬᠢ ᠪᠡᠨ ᠵᠤᠭᠰᠤᠪᠠᠴᠤ ᠠᠭᠤᠰᠬᠢᠨᠤ ᠦᠮᠡᠨ ᠡᠪᠡᠳᠴᠢᠨ ᠵᠢᠡᠷ ᠡᠨᠳᠡᠬᠦ ᠨᠤᠷᠮ᠎ᠠ ᠨᠢ ᠪᠠᠰᠠ ᠦᠷᠬᠦᠯᠵᠢᠯᠡᠨ ᠲᠡᠮᠡᠬᠢ ᠲᠠᠳᠠᠭᠴᠢ ᠡᠴᠨ ᠳᠤᠩ ᠳᠤᠤᠷ᠎ᠠ ᠪᠠᠢᠳᠠᠭ᠃
ᠲᠡᠮᠡᠬᠢ ᠪᠡᠨ ᠵᠤᠭᠰᠤᠬᠤ ᠵᠢᠨ ᠬᠠᠮᠤᠭᠤᠨ ᠶᠡᠬᠡ ᠠᠰᠢᠬᠳᠠᠢ ᠭᠠᠵᠡᠷ ᠬᠡᠪᠡᠯ ᠲᠡᠬᠢᠨ ᠡᠷᠡᠬᠦᠯ ᠮᠠᠨᠳᠤ ᠪᠡᠨ ᠪᠤᠴᠠᠭᠠᠵᠤ ᠠᠪᠴᠢᠷᠠᠬᠤ ᠶᠠᠪᠤᠳᠠᠯ ᠪᠤᠯᠤᠨ᠎ᠠ᠃ ᠲᠡᠮᠡᠬᠢ ᠪᠡᠨ ᠵᠤᠭᠰᠤᠬᠤ ᠵᠢᠨ ᠰᠠᠢᠨ ᠨᠢ ᠠᠯᠭᠤᠷ ᠵᠢᠡᠷ ᠢᠯᠡᠷᠡᠵᠤ ᠭᠠᠷᠴᠤ ᠢᠷᠡᠳᠡᠭ᠃ 6 ᠴᠠᠭ ᠲᠡᠮᠡᠬᠢ ᠲᠠᠳᠠᠬᠤ ᠪᠡᠨ ᠵᠤᠭᠰᠤᠭᠰᠠᠠᠤ ᠲᠠᠷᠠᠭ᠎ᠠ ᠵᠢᠷᠤᠬᠡᠨ ᠯᠤᠭᠰᠢᠯᠳᠠ ᠵᠢᠨ ᠨᠤᠷᠮ᠎ᠠ ᠳᠤᠷᠤᠭᠰᠢᠯᠠᠵᠤ᠂ ᠴᠢᠰᠤᠨ ᠲᠠᠷᠤᠯᠳᠠ ᠴᠤ᠌ ᠵᠢᠭᠠᠬᠠᠨ ᠪᠠᠭᠤᠷᠠᠳᠠᠭ ᠶᠤᠮ;12 ᠴᠠᠭᠤᠨ ᠲᠠᠷᠠᠭ᠎ᠠ ᠨᠢᠺᠤᠲ᠋ᠢᠨᠢ ᠪᠡᠶ᠎ᠠ ᠵᠢᠨ ᠭᠠᠳᠠᠨ᠎ᠠ ᠢᠯᠭᠠᠷᠠᠭᠤᠯᠤᠨ ᠭᠠᠷᠭᠠᠨ᠎ᠠ;24 ᠴᠠᠭᠤᠨ ᠲᠠᠷᠠᠭ᠎ᠠ ᠨᠡᠬᠦᠷᠠᠰᠦᠳᠦ᠋ᠷᠦᠭᠴᠢ ᠵᠢᠨ ᠲᠠᠩ ᠢᠰᠤᠯᠢ ᠠᠭᠤᠰᠬᠢᠨᠤ ᠬᠡᠰᠡᠭ ᠡᠴᠨ ᠭᠠᠷᠭᠠᠵᠤ᠂ ᠠᠮᠢᠰᠬᠤᠯᠤᠨ ᠠᠵᠢᠯᠯᠠᠭ᠎ᠠ ᠵᠢ ᠰᠠᠢᠵᠢᠷᠠᠭᠤᠯᠤᠨ᠎ᠠ᠃ ᠬᠤᠶᠠᠷ ᠡᠳᠤᠷᠤᠨ ᠲᠠᠷᠠᠭ᠎ᠠ ᠨᠢᠺᠦᠲ᠋ᠢᠨ ᠡᠴᠨ ᠪᠤᠯᠤᠭᠰᠠᠠ ᠮᠠᠭᠤ ᠤᠷᠪᠠᠯ ᠨᠢ ᠠᠷᠢᠯᠤᠨ᠎ᠠ᠃ 2 ᠰᠠᠷ᠎ᠠ ᠰᠢᠬᠠᠮ ᠪᠤᠯᠪᠠᠯ ᠭᠠᠷᠤᠨ ᠬᠡᠰᠡᠭ ᠪᠠ ᠬᠦᠯᠤᠨ ᠬᠡᠰᠡᠭᠤᠨ ᠴᠢᠰᠤᠨᠤ ᠡᠷᠬᠢᠯᠳᠠ ᠲᠦᠷᠬᠡᠰᠬᠦ ᠪᠤᠯᠤᠨ᠎ᠠ᠃ ᠲᠡᠮᠡᠬᠢ ᠪᠡᠨ ᠵᠤᠭᠰᠤᠭᠠᠳ 1 ᠵᠢᠯ ᠪᠤᠯᠤᠭᠰᠠᠠᠤ ᠲᠠᠷᠠᠭ᠎ᠠ ᠵᠢᠷᠤᠬᠡᠨ ᠡᠪᠡᠳᠴᠢᠨ ᠤᠯᠬᠤ ᠠᠶᠤᠯ ᠨᠢ ᠮᠡᠳᠡᠭᠳᠡᠮ᠎ᠠ ᠳᠤᠷᠤᠭᠰᠢᠯᠠᠨ᠎ᠠ᠃ ᠲᠡᠮᠡᠬᠢ ᠪᠡᠨ ᠵᠤᠭᠰᠤᠭᠠᠳ 10 ᠵᠢᠯ ᠪᠤᠯᠤᠭᠰᠠᠠᠤ ᠲᠠᠷᠠᠭ᠎ᠠ ᠡᠪᠡᠳᠴᠢᠨ ᠤᠯᠬᠤ ᠠᠶᠤᠯ ᠨᠢ ᠬᠤᠪᠢᠷᠠᠭᠠᠳ ᠲᠡᠮᠡᠬᠢ ᠲᠠᠳᠠᠳᠠᠭ ᠦᠬᠡᠢ ᠬᠦᠮᠤᠨ ᠲᠠᠢ ᠦᠨᠳᠤᠰᠤᠨ ᠳ᠋ᠡᠬᠡᠨ ᠨᠢᠬᠡ ᠯᠠ ᠠᠳᠠᠯᠢ ᠪᠤᠯᠳᠠᠭ᠃
ᠨᠢᠺᠦᠲ᠋ᠢᠨ ᠡᠴᠨ ᠪᠤᠯᠵᠤ ᠰᠢᠨᠤᠯ ᠲᠦᠷᠦᠳᠡᠭ᠂ ᠡᠢᠮᠤ ᠡᠴᠨ ᠲᠡᠮᠡᠬᠢ ᠪᠡᠨ ᠵᠤᠭᠰᠤᠬᠤ ᠨᠢ ᠲᠡᠢᠮᠤ ᠬᠢᠯᠪᠡᠷ ᠶᠠᠪᠤᠳᠠᠯ ᠪᠢᠰᠢ᠃ ᠲᠡᠮᠡᠬᠢ ᠪᠡᠨ ᠵᠤᠭᠰᠤᠬᠤ ᠡᠴᠨ ᠪᠡᠨ ᠡᠮᠤᠨ᠎ᠠ ᠵᠡᠪᠠᠯ ᠪᠦᠷᠢᠨ ᠬᠦᠢᠴᠡᠳ ᠪᠡᠯᠡᠳᠬᠡᠯ ᠬᠢᠬᠦ ᠬᠡᠷᠡᠭᠳᠡᠢ᠂ ᠲᠡᠮᠡᠬᠢ ᠪᠡᠨ ᠵᠤᠭᠰᠤᠬᠤ ᠬᠠᠳᠠᠭᠤ ᠵᠤᠷᠢᠬᠢ ᠰᠢᠭᠤᠳᠴᠤ᠂ ᠲᠡᠮᠡᠬᠢ ᠪᠡᠨ ᠵᠤᠭᠰᠤᠬᠤ ᠨᠢᠬᠡᠨ ᠡᠳᠤᠷ ᠬᠤᠭᠤᠴᠠᠭ᠎ᠠ ᠳᠤᠭᠳᠠᠭᠠᠵᠤ᠂ ᠡᠷᠬᠢᠨ ᠳᠤᠭᠤᠷᠢᠨᠤ ᠨᠠᠢᠵᠠ ᠳ᠋ᠠᠭᠠᠨ ᠬᠡᠯᠡᠵᠤ᠂ ᠲᠡᠳᠡ ᠨᠠᠷᠤᠨ ᠲᠡᠮᠵᠢᠯᠬᠡ ᠵᠢ ᠤᠯᠬᠤ ᠬᠡᠷᠡᠭᠳᠡᠢ᠂ ᠬᠡᠷᠤᠨ ᠬᠦᠮᠤᠰ ᠪᠠ ᠨᠠᠢᠵᠠ ᠨᠠᠷᠤᠨ ᠲᠡᠮᠵᠢᠯᠬᠡ ᠨᠢ ᠲᠡᠮᠡᠬᠢ ᠪᠡᠨ ᠵᠤᠭᠰᠤᠬᠤᠳᠤ ᠮᠠᠰᠢ ᠶᠡᠬᠡ ᠳᠤᠰᠠ ᠪᠤᠯᠤᠨ᠎ᠠ;ᠦᠪᠡᠷ ᠲᠡᠬᠡᠨ ᠨᠢᠬᠡ ᠬᠤᠪᠢ ᠲᠡᠮᠡᠬᠢ ᠵᠤᠭᠰᠤᠬᠤ ᠲᠠᠩᠭᠠᠷᠢᠬᠤᠨ ᠪᠢᠴᠢᠭ ᠪᠢᠴᠢᠬᠦ ᠪᠦᠬᠡᠳ ᠤᠷᠴᠢᠨ ᠳᠤᠭᠤᠷᠢᠨ ᠵᠢᠠᠨ ᠦᠬᠡᠷᠡᠴᠢᠯᠠᠵᠤ᠂ ᠬᠡᠷ᠂ ᠠᠵᠢᠯᠯᠠᠬᠤ ᠭᠠᠵᠡᠷ᠂ ᠮᠠᠰᠢᠨ ᠳᠤᠳᠤᠷᠡᠬᠢ ᠠᠯᠢᠪᠠ ᠲᠡᠮᠡᠬᠢ ᠪᠡ ᠦᠨᠡᠰᠤᠨᠤ ᠰᠠᠪᠠ ᠪᠡᠨ ᠪᠦᠬᠦᠨᠢ ᠬᠠᠶᠠᠵᠤ᠂ ᠪᠤᠰᠤᠳᠢ ᠬᠡᠷ ᠲᠡᠬᠡᠨ ᠲᠡᠮᠡᠬᠢ ᠲᠠᠳᠠᠭᠤᠯᠵᠤ ᠪᠤᠯᠬᠤ ᠦᠬᠡᠢ; ᠲᠡᠮᠡᠬᠢ ᠪᠡᠨ ᠵᠤᠬᠰᠤᠵᠤ ᠲᠡᠢᠯᠦᠭᠰᠡᠡ ᠦᠬᠡᠢ ᠰᠢᠯᠳᠠᠭᠠᠨ ᠵᠢᠠᠨ ᠵᠠᠳᠠᠯᠵᠤ᠂ ᠲᠡᠮᠡᠬᠢ ᠪᠡᠨ ᠵᠤᠭᠰᠤᠪᠠᠯ ᠨᠢᠬᠡ ᠠᠮᠠ ᠴᠤ᠌ ᠰᠤᠷᠤᠬᠤ ᠦᠬᠡᠢ ᠪᠠᠢᠵᠤ ᠴᠢᠳᠠᠬᠤ ᠬᠡᠷᠡᠭᠳᠡᠢ᠃
ᠲᠡᠮᠡᠬᠢ ᠪᠡᠨ ᠵᠤᠭᠰᠤᠬᠤ ᠪᠤᠯ ᠵᠠᠪᠠᠯ ᠬᠠᠳᠠᠨ ᠵᠤᠷᠢᠬ ᠪᠠ ᠬᠠᠳᠠᠭᠤ ᠰᠡᠳᠬᠢᠯ ᠪᠠᠢᠬᠤ ᠬᠡᠷᠡᠭᠳᠡᠢ᠂ ᠠᠮᠵᠢᠯᠳᠠ ᠲᠠᠢ ᠪᠡᠷ ᠲᠡᠮᠡᠬᠢ ᠪᠡᠨ ᠵᠤᠭᠰᠤᠭᠰᠠᠳ ᠲᠤ᠌ ᠪᠠᠰᠠ ᠦᠷᠬᠦᠯᠵᠢ ᠢᠯᠠᠭᠳᠠᠭᠰᠠᠠ ᠦᠩᠬᠡᠷᠡᠯᠳᠡ ᠲᠠᠢ ᠪᠠᠢᠳᠠᠭ᠂ ᠡᠢᠮᠤ ᠡᠴᠨ ᠲᠡᠮᠡᠬᠢ ᠪᠡᠨ ᠵᠤᠭᠰᠤᠵᠤ ᠲᠡᠢᠯᠬᠦ ᠦᠬᠡᠢ ᠢᠯᠠᠭᠳᠠᠪᠠᠴᠤ ᠪᠢᠳᠡᠬᠡᠢ ᠰᠡᠳᠬᠢᠯ ᠴᠦᠬᠦᠷᠡᠬᠡᠷᠡᠢ᠃ ᠲᠡᠮᠡᠬᠢ ᠲᠠᠳᠠᠭᠴᠢ ᠡᠴᠨ ᠬᠤᠯᠠ ᠵᠠᠢᠯᠠᠵᠤ᠂ ᠲᠠᠳᠡᠨᠡᠷᠤᠨ ᠦᠳᠤᠬᠡᠯᠬᠡ ᠵᠢ ᠬᠦᠷᠳᠡᠬᠦ ᠡᠴᠨ ᠵᠠᠢᠯᠠᠰᠬᠢᠬᠦ ᠬᠡᠷᠡᠭᠳᠡᠢ᠃
ᠲᠡᠮᠡᠬᠢ ᠪᠡᠨ ᠠᠮᠵᠢᠯᠳᠠ ᠲᠠᠢ ᠵᠤᠭᠰᠤᠭᠰᠠᠠ ᠪᠠᠢᠪᠠᠯ ᠦᠪᠡᠷᠢ ᠪᠡᠨ ᠬᠦᠬᠢᠬᠦᠯᠤᠨ ᠱᠠᠩᠨᠠᠵᠤ ᠪᠤᠯᠤᠨ᠎ᠠ᠃ ᠵᠢᠱ᠌ᠢᠶᠡᠯᠡᠪᠡᠯ᠂ ᠲᠡᠮᠡᠬᠢ ᠪᠡᠨ ᠵᠤᠭᠰᠤᠭᠠᠳ ᠠᠮᠵᠢᠯᠳᠠ ᠤᠯᠤᠭᠰᠠᠠ ᠨᠢᠬᠡ ᠭᠠᠷᠠᠭ ᠲᠠᠭᠠᠨ ᠨᠢᠬᠡ ᠵᠠᠬ᠎ᠠ ᠰᠠᠢᠬᠠᠨ ᠬᠠᠨᠳᠠᠭᠠᠰᠤ ᠠᠪᠬᠤ; ᠲᠡᠮᠡᠬᠢ ᠪᠡᠨ ᠵᠤᠭᠰᠤᠭᠠᠳ ᠠᠮᠵᠢᠯᠳᠠ ᠤᠯᠤᠭᠰᠠᠠ ᠨᠢᠬᠡ ᠰᠠᠷ᠎ᠠ ᠪᠤᠯᠪᠠᠯ ᠪᠠᠬᠠᠷᠬᠠᠳᠠᠭ ᠭᠠᠷ ᠤᠳᠠᠰᠤ᠂ ᠭᠠᠷ ᠴᠠᠭ ᠠᠪᠬᠤ; ᠲᠡᠮᠡᠬᠢ ᠪᠡᠨ ᠵᠤᠭᠰᠤᠭᠠᠳ ᠠᠮᠵᠢᠯᠳᠠ ᠤᠯᠤᠭᠰᠠᠠ ᠨᠢᠬᠡ ᠵᠢᠯ ᠪᠤᠯᠪᠠᠯ ᠬᠦᠰᠡᠨ ᠡᠷᠡᠮᠡᠯᠵᠡᠵᠤ ᠤᠳᠠᠭᠰᠠᠠ ᠭᠠᠵᠡᠷ ᠲᠠᠭᠠᠨ ᠵᠢᠭᠤᠯᠴᠢᠯᠠᠬᠤ ᠪᠡᠷ ᠶᠠᠪᠤᠵᠤ ᠪᠤᠯᠤᠨ᠎ᠠ᠃
ᠡᠢᠮᠤ ᠡᠴᠨ ᠪᠡᠨ ᠲᠡᠮᠡᠬᠢ ᠡᠴᠨ ᠬᠤᠯᠠ ᠵᠠᠢᠳᠠᠵᠤ᠂ ᠡᠷᠡᠬᠦᠯ ᠰᠠᠷᠠᠭᠤᠯ ᠠᠮᠢᠳᠤᠷᠠᠯᠢ ᠬᠦᠬᠡᠬᠡᠴᠡᠯᠳᠤᠬᠦ ᠨᠢ ᠪᠢᠳᠠᠨᠤ ᠳᠤᠰ ᠪᠠᠶᠠᠳᠤ ᠠᠰᠢᠬᠳᠠᠢ ᠮᠦᠷᠳᠡᠬᠡᠨ ᠬᠡᠷ ᠪᠦᠯᠢ ᠵᠢᠨ ᠬᠢᠨᠳᠤ ᠴᠤ᠌ ᠠᠰᠢᠬ ᠲᠠᠢ᠃ ᠡᠬᠦᠨᠤ ᠬᠠᠮᠳᠤ ᠲᠡᠮᠡᠬᠢ ᠲᠠᠳᠠᠳᠠᠭ ᠦᠬᠡᠢ ᠬᠦᠮᠤᠰ ᠲᠡᠮᠡᠬᠢ ᠲᠠᠳᠠᠭᠴᠢ ᠵᠢᠨ ᠦᠬᠡᠳᠡ ᠡᠴᠨ ᠵᠤᠷᠢᠬᠳᠠᠢ ᠪᠡᠷ ᠲᠡᠮᠡᠬᠢ ᠲᠠᠳᠠᠵᠤ ᠪᠤᠯᠬᠤ ᠦᠬᠡᠢ ᠬᠡᠵᠤ ᠬᠡᠯᠡᠵᠤ᠂ ᠲᠠᠮ ᠵᠢᠡᠷ ᠲᠡᠮᠡᠬᠢᠨᠳᠤ ᠬᠤᠤᠷᠳᠠᠭᠳᠠᠬᠤ ᠡᠴᠨ ᠵᠠᠢᠯᠠᠰᠬᠢᠬᠦ ᠬᠡᠷᠡᠭᠳᠡᠢ᠃
(《ᠡᠷᠡᠬᠦᠯ ᠮᠠᠨᠳᠤ ᠵᠢᠨ 66 ᠵᠤᠷᠪᠤᠰ》 ᠨᠤᠮ ᠡᠴᠨ ᠨᠠᠢᠷᠠᠭᠤᠯᠤᠨ ᠠᠪᠤᠪᠠ)
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠣᠷᠬᠢᠯ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃