2026-09-04 10:32:41
ᠣᠢᠷ᠎ᠠ᠎ᠳᠤ ᠵᠧᠵᠢᠶᠠᠩ ᠶᠡᠭᠡ ᠰᠤᠷᠭᠠᠭᠤᠯᠢ᠎ᠶ᠋ᠢᠨ ᠬᠠᠮᠤᠭ᠎ᠤᠨ ᠱᠢᠨ᠎ᠡ ᠰᠤᠳᠤᠯᠭᠠᠨ᠎ᠳᠤ᠂ ᠪᠢᠴᠢᠯ ᠳᠣᠯᠭᠢᠶᠠᠨ ᠵᠤᠤᠬ᠎ᠠ᠎ᠪᠠᠷ ᠰᠦᠯᠢᠶᠣᠣ ᠬᠠᠢᠷᠴᠠᠭ᠎ᠢ ᠬᠠᠯᠠᠭᠠᠪᠠᠯ᠂ ᠲᠡᠭᠦᠨ᠎ᠤ ᠢᠯᠭᠠᠷᠠᠭᠤᠯᠵᠤ ᠭᠠᠷᠭᠠᠭ᠍ᠰᠠᠨ ᠪᠢᠴᠢᠯ ᠰᠦᠯᠢᠶᠣᠣ᠎ᠶ᠋ᠢᠨ ᠲᠤᠭ᠎ᠠ ᠬᠡᠮᠵᠢᠶ᠎ᠡ᠎ᠨᠢ ᠱᠢᠭᠤᠳ ᠬᠡᠪ᠎ᠤᠨ ᠪᠠᠢᠳᠠᠯ ᠳᠤᠤᠷᠠᠬᠢ᠎ᠠᠴᠠ 125 ᠳᠠᠬᠢᠨ ᠪᠣᠯᠵᠣ ᠳᠡᠭᠡᠭ᠌ᠰᠢᠯᠡᠨᠡ᠂ ᠡᠨᠡ᠎ᠨᠢ ᠪᠡᠶ᠎ᠡ᠎ᠳᠡᠭᠡᠨ 《ᠬᠤᠤᠷ ᠥᠭ᠌ᠭᠦᠭ᠌ᠰᠡᠨ》 ᠲᠠᠢ ᠠᠳᠠᠯᠢ ᠶᠤᠮ ᠭᠡᠵᠦ᠍ ᠵᠢᠭᠠᠵᠤ ᠭᠠᠷᠭᠠᠪᠠ᠃ ᠡᠨᠡ ᠰᠤᠳᠤᠯᠭᠠᠨ᠎ᠳᠤ ᠵᠠᠬᠢᠶᠠᠯᠠᠭ᠎ᠠ᠎ᠶ᠋ᠢᠨ ᠬᠤᠭᠤᠯᠠ᠎ᠶ᠋ᠢᠨ ᠲᠣᠰᠣᠲᠠᠢ ᠰᠦᠯᠢᠶᠣᠣ ᠰᠠᠪᠠ᠎ᠶ᠋ᠢ ᠪᠢᠴᠢᠯ ᠳᠣᠯᠭᠢᠶᠠᠨ ᠵᠤᠤᠬ᠎ᠠ᠎ᠳᠤ ᠬᠢᠵᠦ᠍ 3 ᠮᠢᠨᠦ᠋ᠲ ᠬᠠᠯᠠᠭᠠᠪᠠᠯ ᠢᠯᠭᠠᠷᠠᠭᠤᠯᠤᠭ᠍ᠰᠠᠨ ᠪᠢᠴᠢᠯ ᠰᠦᠯᠢᠶᠣᠣ᠎ᠶ᠋ᠢᠨ ᠲᠤᠭ᠎ᠠ ᠬᠡᠮᠵᠢᠶ᠎ᠡ᠎ᠨᠢ ᠱᠢᠭᠤᠳ ᠵᠥᠪᠬᠡᠨ ᠤᠰᠤ ᠰᠠᠪᠠᠯᠠᠵᠤ ᠬᠠᠯᠠᠭᠠᠬᠤ ᠦᠶ᠎ᠡ᠎ᠶ᠋ᠢᠨ ᠬᠢ ᠡᠴᠨ 125 ᠳᠠᠬᠢᠨ ᠪᠣᠯᠵᠣ ᠳᠡᠭᠡᠭ᠌ᠰᠢᠯᠡᠨᠡ ᠬᠡᠪᠡ᠃

ᠪᠢᠴᠢᠯ ᠰᠦᠯᠢᠶᠣᠣ᠎ᠪᠠᠷ ᠵᠣᠭ᠍ᠰᠣᠬᠤ ᠦᠭᠡᠢ᠂ ᠬᠦᠨᠳᠦ ᠲᠡᠮᠦᠷᠯᠢᠭ᠎ᠤᠨ ᠲᠤᠭ᠎ᠠ ᠬᠡᠮᠵᠢᠶ᠎ᠡ ᠮᠥᠨ ᠬᠦ᠌ ᠰᠠᠨᠠᠭᠠᠨ᠎ᠠᠴᠠ ᠭᠠᠳᠠᠭᠤᠷ ᠪᠠᠢᠪᠠ᠃ ᠬᠠᠯᠠᠭᠠᠭ᠍ᠰᠠᠨᠤ ᠲᠠᠷᠠᠭ᠎ᠠ ᠲᠤᠰ᠎ᠤᠨ ᠳᠣᠲᠣᠷᠠᠬᠢ ᠵᠡᠰ᠂ ᠬᠠᠷ᠎ᠠ ᠲᠤᠭᠤᠯᠭ᠎ᠠ᠂ ᠴᠠᠢᠷ᠎ᠤᠨ ᠠᠭᠤᠯᠤᠭ᠍ᠳᠠᠴᠠ᠎ᠨᠢ ᠤᠰᠤᠨ ᠳᠣᠲᠣᠷᠠᠬᠢ᠎ᠠᠴᠠ ᠲᠤᠰ ᠲᠤᠰ 309 ᠲᠠᠬᠢᠨ᠂ 147 ᠲᠠᠬᠢᠨ᠂ 80 ᠲᠠᠬᠢᠨ ᠥᠨᠳᠥᠷ ᠪᠠᠢᠳᠠᠭ᠃ ᠡᠳᠡᠭᠡᠷ ᠪᠢᠴᠢᠯ ᠰᠦᠯᠢᠶᠣᠣ᠎ᠨᠢ ᠬᠥᠮᠦᠨ᠎ᠤ ᠪᠡᠶ᠎ᠡ᠎ᠶ᠋ᠢᠨ ᠨᠡᠬᠡᠳᠡᠰᠦ᠎ᠳᠤ ᠠᠮᠠᠷᠬᠠᠨ ᠣᠷᠣᠵᠤ᠂ ᠡᠰᠲᠤ ᠨᠡᠪᠳᠡᠷᠡᠨ ᠤᠷᠤᠬᠤ᠎ᠶ᠋ᠢᠨ ᠳᠡᠭᠡᠷ᠎ᠡ᠎ᠨᠢ ᠲᠤᠰᠤ᠎ᠪᠠᠷ ᠪᠤᠭᠤᠬ᠍ᠳᠠᠳᠠᠭ᠂ ᠢᠩᠬᠢᠪᠡᠯ ᠬᠤᠣᠷᠲᠤ ᠴᠢᠨᠠᠷ᠎ᠨᠢ ᠨᠡᠩ ᠥᠨᠳᠥᠷ ᠪᠤᠯᠵᠤ᠂ ᠡᠰ᠎ᠤᠨ ᠪᠦᠷᠬᠦᠭᠦᠯ᠎ᠢ ᠱᠢᠭᠤᠳ ᠡᠪᠳᠡᠵᠦ᠍᠂ ᠭᠡᠳᠡᠰᠦ᠎ᠶ᠋ᠢ ᠭᠡᠮᠲᠦᠭᠡᠳᠡᠭ ᠪᠠᠢᠨ᠎ᠠ᠃ ᠪᠢᠴᠢᠯ ᠳᠣᠯᠭᠢᠶᠠᠨ ᠵᠤᠤᠬ᠎ᠠ᠎ᠪᠠᠷ ᠢᠩᠭᠢᠵᠦ᠍ ᠨᠣᠭᠤᠭ᠎ᠠ ᠬᠠᠯᠠᠭᠤᠯᠬᠤ᠎ᠨᠢ ᠪᠡᠶ᠎ᠡ᠎ᠳᠡᠭᠡᠨ ᠬᠠᠷᠢᠭᠤᠴᠠᠯᠭ᠎ᠠ ᠦᠬᠡᠢ ᠶᠠᠪᠤᠳᠠᠯ ᠬᠢᠵᠤ ᠪᠠᠢᠨ᠎ᠡ ᠬᠡᠵᠤ ᠮᠡᠳᠡ᠃
ᠲᠠᠨ᠎ᠤ᠎ᠬᠢᠨ ᠦᠳᠡ᠎ᠳᠤ ᠢᠳᠡᠵᠦ᠍ ᠪᠠᠷᠠᠭ᠍ᠰᠠᠨ ᠦᠭᠡᠢ ᠬᠦᠵᠡᠭᠡ᠂ ᠨᠤᠭᠤᠰᠤᠨ ᠴᠢᠰᠤ ᠪᠤᠶᠤ ᠭᠠᠭ᠍ᠠᠶ᠎ᠶ᠋ᠢᠨ ᠴᠢᠰᠤ᠎ᠪᠠᠷ ᠬᠢᠭ᠌ᠰᠡᠨ ᠨᠤᠭᠤᠭ᠎ᠠ᠂ ᠲᠣᠰᠣᠨ᠎ᠳᠤ ᠪᠤᠴᠠᠯᠭᠠᠭ᠍ᠰᠠᠨ ᠮᠢᠬ᠎ᠠ᠂ ᠱᠥᠯᠥ᠎ᠪᠠᠨ ᠵᠠᠬᠢᠶᠠᠯᠠᠭ᠎ᠠ᠎ᠶ᠋ᠢᠨ ᠰᠦᠯᠢᠶᠣᠣ ᠰᠠᠪᠠ᠎ᠳᠤ ᠬᠢᠭᠡᠳ ᠬᠦᠷᠦᠭᠡᠭ᠌ᠴᠢᠳᠡᠭᠡᠨ ᠲᠠᠯᠪᠢᠭᠠᠳ ᠣᠷᠣᠢ᠎ᠨᠢ ᠲᠠᠬᠢᠨ ᠠᠪᠴᠤ᠌ ᠭᠠᠷᠭᠠᠭᠠᠳ ᠱᠢᠭᠤᠳ ᠪᠢᠴᠢᠯ ᠳᠣᠯᠭᠢᠶᠠᠨ᠎ᠤ ᠵᠤᠤᠬ᠎ᠠ᠎ᠪᠠᠷ ᠬᠠᠯᠠᠭᠤᠯᠳᠠᠭ ᠲᠠᠳᠭᠠᠯ ᠪᠠᠢᠳᠠᠭ ᠤᠤ ᠦᠭᠡᠢ ᠤᠤ? ᠡᠨᠡ ᠲᠠᠳᠭᠠᠯ᠎ᠢᠶᠠᠨ ᠬᠠᠯᠠᠭᠠᠷᠠᠢ᠂ ᠡᠨᠡ᠎ᠨᠢ ᠦᠨᠡᠨ᠎ᠳ᠋ᠡᠬᠡᠨ ᠲᠠ 《ᠰᠦᠯᠢᠶᠣᠣ ᠢᠳᠡᠵᠦ᠍》 ᠪᠠᠢᠬᠤ ᠲᠠᠢ ᠠᠳᠠᠯᠢ ᠶᠤᠮ᠃ ᠡᠢᠮᠤ ᠡᠴᠨ ᠪᠢᠴᠢᠯ ᠰᠦᠯᠢᠶᠣᠣ ᠬᠥᠮᠦᠨ᠎ᠤ ᠪᠡᠶ᠎ᠡ᠎ᠳᠤ ᠤᠷᠤᠭ᠍ᠰᠠᠨ᠎ᠤ ᠳᠠᠷᠠᠭ᠎ᠠ ᠶᠠᠮᠠᠷ ᠪᠠᠢᠳᠠᠯ ᠡᠭᠦᠰᠳᠡᠭ ᠪᠤᠢ?
1. ᠥᠮᠡᠨ ᠡᠪᠡᠳᠴᠢᠨ᠎ᠤ ᠠᠶᠤᠯ ᠲᠦᠭ᠌ᠰᠢᠭᠦᠷᠢ᠎ᠶ᠋ᠢ ᠨᠡᠮᠡᠭ᠌ᠳᠡᠭᠦᠯᠦᠨ᠎ᠡ;
2. ᠶᠡᠭᠡ ᠲᠠᠷᠢᠬᠢᠨ᠎ᠤ ᠠᠵᠢᠯᠯᠠᠭ᠎ᠠ᠎ᠶ᠋ᠢ ᠭᠡᠮᠲᠦᠭᠡᠨ᠎ᠡ;
3. ᠵᠢᠷᠦᠬᠡᠨ ᠡᠪᠡᠳᠴᠢᠨ᠎ᠤ ᠠᠶᠤᠯ ᠲᠦᠭ᠌ᠰᠢᠭᠦᠷᠢ᠎ᠶ᠋ᠢ ᠨᠡᠮᠡᠭ᠌ᠳᠡᠭᠦᠯᠦᠨ᠎ᠡ;
4.ᠲᠠᠷᠢᠬᠢᠨ᠎ᠤ ᠴᠢᠰᠤᠨ ᠪᠦᠯᠦᠩᠨᠡᠯ᠎ᠤᠨ ᠠᠶᠤᠯ ᠲᠦᠭ᠌ᠰᠢᠭᠦᠷᠢ᠎ᠶ᠋ᠢ ᠨᠡᠮᠡᠭ᠌ᠳᠡᠭᠦᠯᠦᠨ᠎ᠡ;
5. ᠭᠡᠳᠡᠰᠦᠨ᠎ᠤ ᠡᠪᠡᠳᠴᠢᠨ᠎ᠤ ᠠᠶᠤᠯ ᠲᠦᠭ᠌ᠰᠢᠭᠦᠷᠢ᠎ᠶ᠋ᠢ ᠨᠡᠮᠡᠭ᠌ᠳᠡᠭᠦᠯᠦᠨ᠎ᠡ;
6. ᠦᠰᠦ ᠤᠨᠠᠵᠦ᠍᠂ ᠲᠦᠷᠭᠡᠨ ᠥᠲᠡᠯᠦᠨ᠎ᠡ᠃
ᠪᠢᠴᠢᠯ ᠰᠦᠯᠢᠶᠣᠣ᠎ᠶ᠋ᠢ ᠢᠳᠡᠬᠦ ᠪᠡᠨ ᠪᠠᠭᠠᠰᠭᠠᠬᠤ ᠲᠠᠪᠤᠨ ᠳᠠᠳᠭᠠᠯ᠄
1. ᠬᠤᠭᠤᠯᠠ ᠪᠤᠳᠠᠭ᠎ᠠ ᠬᠠᠯᠠᠭᠠᠬᠤ᠎ᠳᠠᠭᠠᠨ ᠱᠢᠯ / ᠸᠠᠭᠠᠷ ᠱᠠᠭᠠᠵᠠᠩ ᠠᠶᠠᠭ᠎ᠠ᠎ᠳᠤ ᠬᠢᠵᠤ ᠬᠠᠯᠠᠭᠠᠭᠠᠷᠡᠢ;
2. ᠨᠢᠭᠡ ᠯᠡ ᠤᠳᠠᠭ᠎ᠠ ᠬᠡᠷᠡᠭ᠌ᠯᠡᠬᠦ᠌ ᠰᠦᠯᠢᠶᠣᠣ ᠬᠡᠷᠡᠭ᠌ᠰᠡᠯ᠎ᠢ ᠲᠤᠳᠠᠭᠤ ᠭᠡᠷᠡᠭ᠌ᠯᠡᠭᠡᠷᠠᠢ;
3. ᠴᠢᠳᠠᠬᠤ᠎ᠶ᠋ᠢᠨ ᠳᠣᠲᠣᠷ᠎ᠠ ᠥᠪᠡᠷ ᠲᠡᠭᠡᠨ ᠤᠰᠤ ᠪᠤᠴᠠᠯᠭᠠᠨ ᠤᠤᠭᠤᠵᠤ᠂ ᠯᠣᠩᠬᠤ᠎ᠲᠠᠢ ᠤᠰᠤ ᠵᠢ ᠪᠠᠭ᠎ᠠ ᠤᠤᠭᠤᠭᠠᠷᠠᠢ;
4. ᠳᠠᠯᠠᠢ᠎ᠶ᠋ᠢᠨ ᠢᠳᠡᠭᠡᠨ ᠢᠳᠡᠬᠦ᠌᠎ᠳᠡᠭᠡᠨ ᠴᠢᠳᠠᠬᠤ᠎ᠶ᠋ᠢᠨ ᠳᠣᠲᠣᠷ᠎ᠠ ᠠᠮᠢᠲᠠᠨ᠎ᠤ ᠳᠣᠲᠣᠷ ᠡᠷᠬᠡᠲᠡᠨ᠎ᠢ ᠪᠢᠳᠡᠭᠡᠢ ᠢᠳᠡᠬᠡᠷᠡᠢ᠃
(《ᠠᠷᠠᠳ᠎ᠤᠨ ᠰᠦᠯᠵᠢᠶ᠎ᠠ》 ᠡᠴᠨ ᠤᠷᠴᠢᠭᠤᠯᠤᠨ ᠠᠪᠤᠪᠠ)
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠬᠦᠰᠡᠯᠡᠩ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃