2026-10-09 10:40:41
ᠡᠮ ᠤᠤᠭᠤᠭᠠᠳ ᠡᠰᠡ ᠯᠡ ᠠᠮᠢ᠎ᠪᠠᠨ ᠠᠯᠳᠠᠬᠤ ᠱᠢᠬᠠᠯᠠ ᠬᠡᠨ᠎ᠠ ᠤᠤ? ᠡᠮᠴᠢ ᠵᠢᠨ ᠬᠡᠯᠡᠬᠦ ᠵᠢ ᠰᠠᠢᠨ ᠰᠤᠨᠤᠰᠴᠤ᠂ ᠡᠮ ᠤᠤᠭᠤᠬᠤ᠎ᠳᠠᠭᠠᠨ ᠬᠠᠷᠰᠢᠯᠳᠤᠬᠤ ᠵᠤᠢᠯ᠎ᠢ ᠠᠩᠬᠠᠷᠬᠤ ᠬᠡᠷᠡᠭᠳᠡᠢ᠃ ᠲᠡᠬᠡᠪᠡᠯ ᠵᠠᠷᠢᠮ ᠡᠮ᠎ᠨᠢ ᠦᠨᠢᠶᠡᠨ ᠰᠦ᠎ᠲᠠᠢ 《ᠬᠠᠷᠢᠯᠴᠠᠨ ᠬᠠᠷᠱᠢᠯᠳᠤᠨᠠ》 ᠬᠡᠵᠤ ᠡᠮᠴᠢ ᠰᠠᠨᠠᠭᠤᠯᠪᠡ᠃
ᠨᠢᠭᠡ ᠴᠣᠮᠣ ᠬᠠᠯᠠᠭᠤᠨ ᠰᠦ ᠪᠣᠯ ᠮᠠᠰᠢ ᠣᠯᠠᠨ ᠬᠥᠮᠦᠨ᠎ᠤ ᠨᠢᠳᠦᠨ᠎ᠳᠠᠬᠢ ᠡᠷᠡᠭᠦᠯ ᠮᠡᠨᠳᠦ᠍᠎ᠶ᠋ᠢᠨ ᠪᠠᠷᠢᠮᠵᠢᠶ᠎ᠠ ᠪᠤᠯᠤᠨ᠎ᠠ᠃ ᠥᠨᠥᠳᠦᠷ ᠪᠢᠳᠡ ᠦᠨᠢᠶᠡᠨ ᠰᠦ᠎ᠲᠠᠢ 《ᠬᠠᠷᠢᠯᠴᠠᠨ ᠬᠠᠷᠱᠢᠯᠳᠦᠬᠤ》 ᠡᠮ᠎ᠤᠨ ᠲᠤᠬᠠᠢ ᠰᠠᠢᠲᠤᠷ ᠵᠠᠳᠠᠯᠵᠤ ᠦᠵᠡᠶ᠎ᠡ᠂ ᠦᠨᠢᠶᠡᠨ ᠰᠦ᠎ᠶ᠋ᠢᠨ ᠨᠥᠯᠥᠭᠡ ᠰᠠᠨᠠᠭᠠᠨ᠎ᠡᠴᠠ ᠭᠠᠳᠠᠭᠤᠷ ᠪᠠᠢᠳᠠᠭ᠎ᠢ ᠮᠠᠰᠢ ᠣᠯᠠᠨ ᠬᠥᠮᠦᠨ ᠪᠠᠰᠠ ᠮᠡᠳᠡᠬᠦ᠌ ᠥᠬᠡᠶ ᠪᠠᠢᠬᠤ ᠮᠠᠭᠠᠳ᠃ ᠴᠢᠰᠤᠨ ᠲᠠᠷᠤᠯᠳᠠ ᠵᠢᠨ ᠡᠮ ᠵᠢᠠᠠ ᠡᠷᠬᠡᠪᠰᠢ ᠦᠨᠢᠶᠡᠨ ᠰᠦ ᠤᠤᠭᠤᠬᠤ ᠴᠠᠭ᠎ᠲᠠᠢ ᠬᠤᠭᠤᠷᠤᠨᠳᠦ᠍ᠨᠢ ᠬᠡᠳᠤᠨ ᠴᠠᠭ ᠵᠢᠡᠷ ᠠᠯᠤᠰᠯᠠᠬᠤ ᠬᠡᠷᠡᠭ᠌ᠲᠡᠶ᠃ ᠡᠬᠦᠨ᠎ᠢ ᠬᠠᠵᠠᠭᠤ ᠬᠠᠪᠢ ᠵᠢᠨ ᠬᠦᠮᠤᠰ ᠲᠤ᠌ ᠰᠠᠨᠠᠭᠤᠯᠵᠤ ᠪᠠᠢᠭᠠᠷᠠᠢ᠃
ᠡᠮ ᠲᠠᠩ᠎ᠤᠨ ᠬᠠᠷᠢᠯᠴᠠᠨ ᠤᠢᠯᠡᠴᠢᠯᠡᠯᠡᠴᠠ ᠠᠪᠴᠤ᠌ ᠦᠵᠡᠪᠡᠯ ᠴᠢᠰᠤᠨ ᠳᠠᠷᠤᠯᠲᠠ ᠥᠨᠳᠥᠷ ᠡᠪᠡᠳᠴᠢᠲᠡᠨ ᠳᠠᠷᠤᠯᠲᠠ ᠪᠠᠭᠤᠷᠠᠭᠤᠯᠬᠤ ᠡᠮ ᠤᠤᠭᠤᠭ᠍ᠰᠠᠨ᠎ᠤ ᠲᠠᠷᠠᠭ᠎ᠠ ᠦᠨᠢᠶᠡᠨ ᠰᠦ ᠤᠤᠭᠤᠪᠡᠯ ᠦᠨᠳᠦᠰᠦᠨ᠎ᠳᠡᠭᠡᠨ ᠢᠯᠡᠷᠬᠡᠶ ᠨᠥᠯᠥᠭᠡ ᠪᠣᠯᠬᠤ ᠥᠬᠡᠶ ᠶᠤᠮ᠃ ᠭᠡᠪᠡᠴᠦ᠍ ᠦᠨᠢᠶᠡᠨ ᠰᠦ᠎ᠪᠠᠷ ᠳᠠᠷᠤᠭᠤᠯᠵᠦ᠍ ᠤᠤᠭᠤᠪᠠᠯ ᠲᠡᠭᠦᠨ᠎ᠤ ᠳᠣᠲᠣᠷᠠᠬᠢ ᠪᠢᠱᠢᠯᠠᠭ᠎ᠤᠨ ᠤᠭᠤᠷᠠᠭ᠂ ᠺᠠᠯᠼ᠂ ᠮᠠᠭ᠍ᠨᠢ ᠵᠡᠷᠭᠡ ᠪᠦᠷᠢᠯᠳᠦᠬᠦᠨ᠎ᠨᠢ ᠡᠮ᠎ᠤᠨ ᠱᠢᠩᠭᠡᠭᠡᠯᠲᠡ᠎ᠶ᠋ᠢ ᠨᠥᠯᠥᠭᠡᠯᠡᠵᠦ᠍᠂ ᠳᠠᠷᠤᠯᠲᠠ᠎ᠶ᠋ᠢ ᠪᠠᠭᠤᠷᠠᠭᠤᠯᠬᠤ ᠦᠷ᠎ᠡ ᠳ᠋ᠦᠩ᠎ᠢ ᠢᠯᠡᠷᠬᠡᠢ ᠦᠬᠡᠢ ᠪᠤᠯᠭᠠᠵᠤ ᠮᠡᠳᠡᠨ᠎ᠡ; ᠪᠠᠰᠠ ᠵᠠᠷᠢᠮ ᠴᠢᠰᠤᠨ ᠳᠠᠷᠤᠯᠲᠠ᠎ᠶ᠋ᠢ ᠪᠠᠭᠤᠷᠠᠭᠤᠯᠬᠤ ᠡᠮ᠎ᠨᠢ ᠡᠯᠢᠭᠡ᠎ᠪᠠᠷ ᠳᠠᠮᠵᠢᠨ ᠰᠣᠯᠢᠯᠴᠠᠭ᠎ᠠ ᠬᠢᠬᠦ᠌ ᠴᠢᠬᠤᠯᠠᠲᠠᠢ᠂ ᠲᠡᠷᠡᠴᠢᠯᠡᠨ ᠦᠨᠢᠶᠡᠨ ᠰᠦ᠎ᠶ᠋ᠢᠨ ᠳᠣᠲᠣᠷᠠᠬᠢ ᠬᠡᠰᠡᠭ ᠤᠭᠤᠷᠠᠭ ᠵᠢᠴᠢ ᠪᠢᠴᠢᠯ ᠪᠦᠷᠢᠯᠳᠦᠬᠦᠨ᠎ᠨᠢ ᠡᠮ᠎ᠢ ᠱᠢᠩᠭᠡᠭᠡᠨ ᠠᠪᠬᠤ ᠬᠤᠷᠳᠤᠴᠠ᠎ᠶ᠋ᠢ ᠬᠤᠪᠢᠷᠠᠭᠤᠯᠬᠤ ᠮᠦᠷᠳᠡᠭᠡᠨ ᠡᠮ᠎ᠤᠨ ᠦᠢᠯᠡᠳᠦᠯ᠎ᠢ ᠨᠥᠯᠥᠭᠡᠯᠡᠳᠡᠭ᠃
ᠵᠥᠪ ᠠᠷᠭ᠎ᠠ᠄
1. ᠡᠮ ᠤᠤᠭᠤᠭ᠍ᠰᠠᠨ᠎ᠤ ᠳᠠᠷᠠᠭ᠎ᠠ ᠠᠳᠠᠭ᠎ᠲᠠᠭᠠᠨ 1 ᠡᠴᠠ 2 ᠴᠠᠭ ᠠᠯᠤᠰᠯᠨᠨ ᠪᠠᠢᠵᠤ ᠰᠦ ᠤᠤᠭᠤᠬᠤ ᠬᠡᠷᠡᠭ᠌ᠳᠡᠢ᠃
2. ᠪᠦᠯᠢᠶᠡᠨ ᠤᠰᠤ᠎ᠪᠠᠷ ᠡᠮᠢᠶᠠᠨ ᠤᠤᠭᠤᠬᠤ ᠬᠡᠷᠡᠭ᠌ᠳᠡᠢ᠃ ᠴᠠᠢ᠂ ᠵᠢᠮᠢᠰ᠎ᠤᠨ ᠱᠢᠭᠦᠰᠦ ᠵᠡᠷᠭᠡ ᠤᠮᠳᠠᠭᠠᠨ᠎ᠢᠶᠠᠷ ᠲᠠᠷᠤᠭᠤᠯᠤᠨ ᠤᠤᠭᠤᠵᠤ ᠪᠣᠯᠬᠤ ᠦᠭᠡᠢ᠃
(《ᠠᠷᠠᠳ᠎ᠤᠨ ᠰᠦᠯᠵᠢᠶ᠎ᠠ》 ᠡᠴᠨ ᠤᠷᠴᠢᠭᠤᠯᠤᠨ ᠠᠪᠤᠪᠠ)
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠵᠣᠣ ᠱᠦ᠍ ᠭᠤᠸᠠᠩ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃