ᠲᠡᠷᠢᠭᠦᠨ ᠨᠢᠭᠤᠷ>ᠠᠮᠢᠳᠤᠷᠠᠯ ᠥᠷᠲᠡᠭᠡ>ᠠᠩᠬᠠᠷᠤᠯ ᠦᠢᠯᠡᠴᠢᠯᠡᠭᠡ

2026-10-23 12:30:49

ᠵᠣᠬᠢᠶᠠᠭ᠍ᠴᠢ᠄ ᠣᠩᠱᠢᠭ᠍ᠰᠠᠨ ᠣᠳᠠᠭ᠎ᠠ᠄ 3

《ᠠᠮᠢᠳᠤᠷᠠᠯ ᠪᠦᠬᠦᠯᠢ᠎ᠳ᠋ᠡᠬᠡᠨ ᠳᠤᠷᠰᠢᠯᠳᠠ ᠵᠢᠨ ᠲᠡᠯᠠᠪᠤᠷ ᠂ ᠳᠤᠷᠰᠢᠨ ᠰᠤᠷᠬᠤ ᠳᠤᠳᠤᠮ ᠦᠷ᠎ᠠ ᠳ᠋ᠦᠩ ᠰᠠᠢᠳᠠᠢ》 ᠬᠡᠵᠤ ᠷᠠᠯᠢᠹ ᠤᠤᠲ᠋ᠤ ᠡᠮᠸᠷᠰᠤᠨ ᠶᠠᠷᠢᠵᠤ ᠪᠠᠢᠪᠠ᠃

ᠠᠮᠸᠷᠢᠺᠠ ᠵᠢᠨ ᠨᠢᠬᠡᠨ ᠡᠷᠳᠡᠮᠳᠡᠨ ᠬᠦᠮᠤᠨ᠎ᠤ ᠪᠠᠶ᠎ᠠ᠎ᠳᠤ ᠡᠳᠤᠷ ᠰᠦᠨᠢ ᠵᠢᠨ 24 ᠴᠠᠭ ᠲᠤ᠌ ᠶᠠᠮᠠᠷ ᠦᠬᠡᠷᠡᠴᠢᠯᠠᠯᠳᠠ ᠬᠤᠪᠢᠷᠠᠯᠳᠠ ᠭᠠᠷᠴᠤ ᠪᠠᠢᠳᠠᠭ᠎ᠢ ᠵᠠᠳᠠᠯᠤᠨ ᠰᠢᠨᠵᠢᠯᠡᠵᠤ ᠳᠤᠤᠷᠡᠬᠢ ᠦᠵᠡᠬᠦᠯᠬᠡ ᠨᠤᠬᠦᠳ᠎ᠢ ᠴᠠᠭ᠎ᠤᠨ ᠬᠡᠮᠨᠡᠯ ᠵᠢᠡᠷ ᠳᠤᠳᠤᠷᠬᠠᠢᠯᠠᠭᠰᠠᠠ᠎ᠢ  ᠨᠤᠮ ᠰᠡᠳᠬᠦᠯ ᠡᠴᠨ ᠤᠯᠵᠤ ᠦᠵᠡᠭᠰᠡᠡ ᠵᠢᠠᠨ ᠰᠡᠢᠷᠡᠬᠦᠯᠪᠠᠯ᠄

1. ᠰᠦᠨᠢ ᠵᠢᠨ 4 ᠴᠠᠭ ᠪᠤᠯᠬᠤ᠎ᠳᠤ ᠬᠦᠮᠤᠨ᠎ᠤ ᠪᠡᠶ᠎ᠠ ᠵᠢᠨ ᠶᠡᠬᠡᠩᠬᠢ ᠬᠡᠰᠡᠭ ᠠᠮᠠᠷᠠᠵᠤ ᠭᠠᠭᠴᠠᠬᠠᠨ ᠰᠤᠨᠤᠰᠬᠤ ᠰᠡᠷᠡᠯ ᠬᠠᠮᠤᠭ᠎ᠤᠨ ᠬᠤᠷᠴᠠ ᠰᠡᠷᠬᠡᠭ ᠪᠠᠢᠳᠠᠭ᠃

2. ᠦᠷᠯᠦᠬᠡᠨ᠎ᠤ 7 ᠴᠠᠭ ᠲᠤ᠌ ᠪᠦᠬᠡᠷ᠎ᠠ ᠵᠢᠨ ᠲᠡᠬᠡᠳᠤ ᠪᠤᠯᠴᠢᠷᠬᠠᠢ ᠬᠤᠷᠮᠤᠨ ᠤᠷᠬᠢᠯ᠎ᠳᠠᠭᠠᠨ ᠬᠦᠷᠴᠤ᠂ ᠵᠢᠷᠤᠬᠡᠨ᠎ᠤ ᠯᠤᠭᠰᠢᠯᠳᠠ ᠬᠤᠷᠳᠤᠰᠴᠤ᠂ ᠪᠠᠶ᠎ᠠ ᠵᠢᠨ ᠬᠠᠯᠠᠭᠤᠨ ᠲᠡᠬᠡᠭᠰᠢᠯᠡᠨ ᠴᠢᠰᠤᠨ᠎ᠤ ᠡᠷᠬᠢᠯᠳᠠ ᠲᠦᠷᠬᠡᠰᠳᠡᠭ᠃

3. ᠦᠷᠯᠦᠬᠡᠨ᠎ᠤ 8 ᠴᠠᠭ ᠲᠤ᠌ ᠡᠪᠡᠳᠬᠦ ᠰᠡᠷᠡᠯ ᠬᠠᠮᠤᠭ᠎ᠤᠨ ᠮᠠᠭᠤ ᠦᠶ᠎ᠠ ᠪᠠᠢᠳᠠᠭ᠃

4. ᠦᠷᠯᠦᠬᠡᠨ᠎ᠤ 10 ᠴᠠᠭ ᠲᠤ᠌ ᠠᠩᠬᠠᠷᠤᠯ ᠲᠦᠪᠯᠡᠷᠡᠵᠤ ᠴᠡᠬᠡᠵᠢᠯᠡᠬᠦ ᠴᠢᠳᠠᠪᠤᠷᠢ ᠤᠷᠬᠢᠯ᠎ᠳᠠᠭᠠᠨ ᠬᠦᠷᠴᠤ᠂ ᠠᠵᠢᠯᠯᠠᠬᠤ ᠴᠢᠳᠠᠪᠤᠷᠢ ᠬᠠᠮᠤᠭ᠎ᠤᠨ ᠰᠠᠢᠨ ᠪᠠᠢᠳᠠᠭ᠃

5. ᠦᠳᠡ᠎ᠳᠤ ᠬᠦᠮᠤᠨ᠎ᠤ ᠪᠠᠶ᠎ᠠ ᠰᠫᠢᠷᠲ᠎ᠢ ᠠᠮᠠᠷᠬᠠᠨ ᠰᠢᠩᠬᠡᠬᠡᠳᠡᠭ᠃

6. ᠦᠳᠠ ᠵᠢᠨ ᠬᠤᠢᠨᠡᠬᠢ14 ᠴᠠᠭ ᠲᠤ᠌ ᠤᠶᠤᠨ᠎ᠤ ᠮᠡᠳᠡᠷᠡᠯ ᠶᠠᠳᠠᠷᠠᠭᠰᠠᠠ ᠪᠠᠢᠳᠠᠯ ᠲᠠᠢ ᠪᠤᠯᠳᠠᠭ᠃

7. ᠦᠳᠡ ᠵᠢᠨ ᠬᠤᠢᠨᠡᠬᠢ 15 ᠴᠠᠭ ᠲᠤ᠌ ᠪᠦᠳᠤᠬᠡᠯᠴᠢ ᠴᠢᠳᠠᠪᠤᠷᠢ ᠬᠠᠮᠤᠭ᠎ᠤᠨ ᠰᠠᠢᠨ᠃

8. ᠦᠳᠡ ᠵᠢᠨ ᠬᠤᠢᠨᠡᠬᠢ 16 ᠴᠠᠭ ᠲᠤ᠌ ᠪᠠᠶ᠎ᠠ ᠵᠢᠨ ᠳᠤᠳᠤᠭᠠᠳᠤ ᠪᠤᠳᠠᠰ᠎ᠤᠨ ᠰᠤᠯᠢᠯᠴᠠᠭᠠᠨ᠎ᠳᠤ ᠬᠤᠪᠢᠷᠠᠯᠳᠠ ᠭᠠᠷᠴᠤ᠂ ᠴᠢᠷᠠᠢ ᠤᠯᠠᠢᠵᠤ᠂ ᠬᠦᠯᠤᠰᠤ ᠭᠠᠷᠬᠤ ᠦᠵᠡᠭᠳᠡᠯ ᠪᠤᠢ ᠪᠤᠯᠤᠨ᠎ᠠ᠃

9. ᠦᠳᠠ ᠵᠢᠨ ᠬᠤᠢᠨᠡᠬᠢ 17 ᠴᠠᠭ ᠲᠤ᠌ ᠦᠨᠤᠷᠯᠡᠬᠦ ᠪᠤᠯᠤᠨ ᠠᠮᠳᠠᠯᠠᠬᠤ ᠰᠠᠷᠠᠯ ᠬᠠᠮᠤᠭ᠎ᠤᠨ ᠰᠡᠷᠬᠡᠭ ᠪᠠᠢᠳᠠᠭ᠃

10. ᠦᠳᠡ ᠵᠢᠨ ᠬᠤᠢᠨᠡᠬᠢ18 ᠴᠠᠭ ᠲᠤ᠌ ᠪᠠᠶ᠎ᠠ ᠵᠢᠨ ᠬᠦᠴᠤ ᠲᠠᠮᠢᠷ ᠴᠢᠳᠠᠯ ᠲᠡᠩᠬᠡᠬᠡ ᠤᠷᠬᠢᠯ᠎ᠳᠠᠭᠠᠨ ᠬᠦᠷᠤᠨ᠎ᠠ᠂ ᠬᠡᠳᠡᠯ᠎ᠠ ᠤᠯᠠᠨ ᠬᠦᠮᠤᠰ ᠡᠨᠡ ᠵᠡᠪᠰᠢᠶᠠᠨ᠎ᠢ ᠠᠰᠢᠭᠯᠠᠵᠤ ᠴᠢᠳᠠᠯ ᠦᠬᠡᠢ ᠦᠩᠬᠡᠷᠡᠬᠦᠯᠳᠡᠭ᠃

11. ᠤᠷᠤᠢ ᠵᠢᠨ 19 ᠴᠠᠭ ᠲᠤ᠌ ᠰᠡᠳᠬᠢᠯ ᠰᠠᠨᠠᠭ᠎ᠠ ᠬᠠᠮᠤᠭ᠎ᠤᠨ ᠳᠤᠭᠳᠠᠪᠤᠷᠢ ᠦᠬᠡᠢ ᠪᠠᠢᠳᠠᠭ᠃

12. ᠤᠷᠤᠢ ᠵᠢᠨ 20 ᠴᠠᠭ ᠲᠤ᠌ ᠪᠠᠶ᠎ᠠ ᠵᠢᠨ ᠬᠦᠨᠳᠤ ᠬᠠᠮᠤᠭ᠎ᠤᠨ ᠶᠡᠬᠡ ᠬᠡᠮᠵᠢᠶᠠᠨ᠎ᠳᠤ ᠪᠠᠢᠳᠠᠭ᠃

13. ᠰᠦᠨᠢ ᠵᠢᠨ 22 ᠴᠠᠭ ᠲᠤ᠌ ᠪᠠᠶ᠎ᠠ ᠵᠢᠨ ᠪᠦᠬᠦ ᠴᠢᠳᠠᠪᠤᠷᠢ ᠳᠤᠤᠷᠡᠳᠤ ᠲᠦᠪᠰᠢᠨ᠎ᠳᠤ ᠪᠠᠭᠤᠵᠤ ᠡᠳ᠋ ᠡᠰ᠎ᠰᠢᠨ᠎ᠠ ᠪᠡᠷ ᠰᠤᠯᠢᠬᠳᠠᠵᠤ  ᠲᠠᠷᠠᠭ᠎ᠠ ᠵᠢᠨ ᠨᠢᠬᠡᠨ ᠡᠳᠤᠷ᠎ᠤᠨ ᠪᠡᠯᠡᠳᠬᠡᠯ᠎ᠢ ᠬᠠᠩᠭᠠᠳᠠᠭ᠃

ᠡᠨᠡ ᠰᠤᠳᠤᠯᠭ᠎ᠠ  ᠬᠦᠮᠤᠨ ᠦᠪᠡᠷ᠎ᠤᠨ ᠪᠠᠶ᠎ᠠ ᠤᠷᠭᠠᠨᠢᠬ ᠡᠰ᠎ᠢ ᠵᠦᠪ ᠠᠰᠢᠬᠯᠠᠬᠤ᠎ᠳᠤ ᠳᠤᠰᠠᠯᠠᠨ ᠠᠵᠢᠯ ᠬᠦᠳᠡᠯᠮᠤᠷᠢ ᠪᠡᠨ ᠵᠤᠬᠢᠴᠠᠭᠤᠯᠵᠤ᠂ ᠠᠴᠢᠶ᠎ᠠ᠎ᠵᠢ ᠨᠢ ᠬᠦᠩᠬᠡᠷᠡᠬᠦᠯᠵᠤ ᠦᠭᠬᠦ᠎ᠳᠤ ᠳᠤᠰᠠᠳᠠᠢ᠃

(《ᠰᠠᠢᠬᠠᠨ ᠠᠪᠴᠤ ᠶᠠᠪᠤᠭᠰᠠᠠ ᠡᠬᠡᠯ ᠪᠠᠶ᠎ᠠ ᠰᠠᠷᠠᠭᠤᠯ ᠤᠷᠴᠢᠯᠠᠩ᠎ᠳᠤ ᠵᠢᠷᠭᠠᠯ ᠲᠠᠢ》 ᠨᠤᠮ ᠡᠴᠨ ᠨᠠᠢᠷᠠᠭᠤᠯᠤᠨ ᠠᠪᠤᠪᠠ)

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠣᠷᠬᠢᠯ

ᠣᠷᠴᠢᠭᠤᠯᠤᠭ᠍ᠴᠢ᠄

ᠢᠷᠡᠯᠲᠡ᠄ ᠲᠤᠮᠳᠠᠳᠦ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ ᠎ᠤ ᠰᠦᠯᠵᠢᠶ᠎ᠡ
兼容浏览器的HTML页面