2026-11-06 11:49:51
ᠬᠡᠤᠬᠡᠳ ᠵᠢᠠᠨ ᠲᠦᠷᠦᠭᠰᠡᠡᠤ ᠲᠠᠷᠠᠭ᠎ᠠ ᠲᠠᠷᠤᠢᠬᠠᠨ ᠡᠬᠡ ᠵᠢᠨ ᠰᠦ ᠵᠢ ᠨᠢ ᠬᠦᠬᠦᠬᠦᠯᠵᠤ᠂ 6 ᠰᠠᠷ᠎ᠠ ᠪᠤᠯᠪᠠᠯ ᠵᠦᠢ ᠵᠤᠬᠢᠰᠳᠡᠢ ᠪᠡᠷ ᠳᠤᠰᠠᠯᠠᠬᠤ ᠢᠳᠡᠬᠡᠨ ᠦᠭᠪᠡᠯ ᠰᠠᠢᠨ ᠶᠤᠮ᠃
ᠡᠬᠡ ᠵᠢᠨ ᠰᠦ ᠪᠤᠯ ᠨᠢᠷᠡᠢ ᠬᠡᠤᠬᠡᠳ ᠲᠤ᠌ ᠬᠠᠮᠤᠭ ᠡᠴᠨ ᠳᠤᠬᠢᠷᠠᠮᠵᠢᠳᠡᠢ ᠢᠳᠡᠬᠡᠨ ᠨᠢ ᠶᠤᠮ᠃ ᠡᠬᠡ ᠵᠢᠨ ᠰᠦ ᠨᠢ ᠰᠠᠶᠢ ᠲᠦᠷᠦᠭᠰᠡᠡ ᠬᠡᠤᠬᠡᠳᠤᠨ ᠲᠡᠷᠢᠬᠦᠨ ᠢᠳᠡᠬᠡᠨ ᠮᠦᠨ᠃ ᠡᠨᠡ ᠨᠢ ᠡᠬᠡ ᠵᠢᠨ ᠰᠦ ᠵᠢᠨ ᠳᠤᠯᠠᠭᠠᠴᠠ ᠨᠢ ᠳᠤᠬᠢᠷᠠᠮᠵᠢᠳᠡᠢ᠂ ᠪᠠᠺᠲᠸᠷᠢ ᠦᠬᠡᠢ᠂ ᠬᠦᠬᠦᠬᠦᠯᠵᠤ ᠲᠡᠵᠢᠬᠡᠬᠦᠳᠤ ᠬᠢᠯᠪᠡᠷ ᠲᠡᠳᠤᠢ ᠦᠬᠡᠢ᠂ ᠨᠠᠩ ᠭᠤᠤᠯ ᠨᠢ ᠰᠢᠩᠬᠡᠬᠡᠬᠦᠳᠤ ᠰᠠᠢᠨ᠂ ᠦᠬᠡᠬᠦ᠂ ᠤᠭᠤᠷᠠᠭᠤᠨ ᠰᠢᠮ᠎ᠠ ᠪᠡᠷ ᠦᠨᠳᠤᠷ᠂ ᠰᠦᠨ ᠰᠢᠬᠢᠷᠤᠨ ᠠᠭᠤᠯᠤᠭᠳᠠᠴᠠ ᠪᠡᠷ ᠦᠨᠢᠶᠠᠨ ᠰᠦ ᠡᠴᠨ ᠦᠨᠳᠤᠷ᠂ ᠬᠡᠳᠡᠰᠤᠨᠤ ᠬᠦᠴᠢᠯᠯᠢᠭ ᠴᠢᠨᠠᠷᠢ ᠪᠦᠷᠢᠯᠳᠤᠬᠦᠯᠳᠡᠭ ᠵᠢᠡᠷ ᠬᠦᠮᠤᠨᠤ ᠪᠠᠶᠠᠳᠤ ᠬᠤᠤᠷ ᠲᠠᠢ ᠵᠠᠷᠢᠮ ᠪᠠᠺᠲᠸᠷᠢ ᠵᠢᠨ ᠦᠷᠡᠵᠢᠯᠳᠠᠳᠤ ᠠᠰᠢᠬ ᠦᠬᠡᠢ ᠮᠦᠷᠳᠡᠬᠡᠨ ᠺᠠᠯᠼᠢ ᠰᠢᠩᠬᠡᠬᠡᠬᠦ ᠵᠢ ᠠᠬᠢᠭᠤᠯᠳᠠᠭ᠃ ᠢᠯᠠᠩᠭᠤᠶ᠎ᠠ ᠡᠬᠡ ᠵᠢᠨ ᠰᠦ ᠬᠠᠷᠰᠢᠮᠠᠳᠠᠭᠠᠢ ᠤᠷᠪᠡᠯ ᠠᠮᠠᠷᠬᠠᠨ ᠡᠬᠦᠰᠬᠡᠳᠡᠭ ᠦᠬᠡᠢ᠂ ᠠᠭᠤᠯᠤᠭᠳᠠᠬᠤ ᠲᠠᠪᠤᠰᠤᠨᠤ ᠦᠳᠬᠡᠴᠡ ᠨᠢ ᠦᠨᠢᠶᠠᠨ ᠰᠦ ᠵᠢᠨ ᠰᠢᠭ ᠲᠡᠢᠮᠤ ᠦᠨᠳᠤᠷ ᠪᠢᠰᠢ ᠤᠴᠢᠷ ᠡᠴᠨ ᠳᠤᠳᠤᠷ ᠪᠦᠬᠡᠷ᠎ᠠ ᠳ᠋ᠤ ᠲᠠᠷᠤᠭᠠᠰᠤ ᠦᠭᠳᠡᠭ ᠦᠬᠡᠢ᠃
ᠡᠬᠡ ᠵᠢᠨ ᠰᠦ ᠵᠢ ᠰᠢᠮᠡᠬᠦ ᠪᠡᠷ ᠲᠠᠮᠵᠢᠨ ᠨᠢᠷᠠᠢ ᠬᠡᠤᠬᠡᠳ ᠦᠯᠦᠰᠬᠦᠯᠡᠩ ᠡᠴᠨ ᠪᠡᠨ ᠴᠠᠳᠬᠤ ᠹᠢᠽᠢᠤᠯᠤᠬᠢ ᠵᠢᠨ ᠮᠡᠳᠡᠷᠡᠮᠵᠢ ᠵᠢ ᠦᠩᠬᠡᠷᠡᠬᠡᠬᠦ ᠮᠦᠷᠳᠡᠬᠡᠨ ᠠᠮᠤᠷ ᠲᠠᠪᠠᠳᠠᠢᠬᠠᠨ ᠰᠡᠳᠬᠢᠴᠠ ᠵᠢᠨ ᠮᠡᠳᠡᠷᠡᠮᠵᠢ ᠠᠪᠳᠠᠭ᠃ ᠬᠦᠬᠦᠬᠦᠯᠬᠦ ᠦᠶ᠎ᠠ ᠵᠢᠨ ᠡᠬᠡ ᠨᠢᠯᠬ᠎ᠠ ᠵᠢᠨ ᠬᠦᠷᠤᠯᠴᠡᠯ ᠪᠤᠯᠤᠨ ᠬᠠᠷᠢᠯᠴᠠᠭ᠎ᠠ ᠨᠢ ᠰᠡᠳᠬᠢᠯᠬᠡ ᠵᠢᠨ ᠦᠷᠨᠢᠯᠤᠨ ᠦᠨᠳᠤᠰᠤ ᠪᠤᠯᠬᠤ ᠪᠡᠷ ᠪᠠᠷᠠᠬᠤ ᠦᠬᠡᠢ ᠤᠶᠤᠨᠤ ᠬᠦᠭᠵᠢᠯᠤᠨ ᠬᠤᠪᠢᠳᠤ ᠴᠤ᠌ ᠨᠢᠬᠡᠨ ᠰᠠᠢᠨ ᠠᠷᠭ᠎ᠠ ᠲᠠᠮ ᠪᠤᠯᠳᠠᠭ ᠪᠠᠢᠨ᠎ᠠ᠃ ᠢᠯᠠᠩᠭᠤᠶ᠎ᠠ ᠨᠢᠷᠠᠢ ᠬᠡᠤᠬᠡᠳᠤᠨ ᠲᠦᠷᠦᠭᠰᠡᠡ ᠭᠤᠷᠪᠡ ᠲᠦᠷᠪᠡᠨ ᠡᠳᠤᠷᠤᠨ ᠳᠤᠳᠤᠷ᠎ᠠ ᠡᠬᠡ ᠵᠢᠨ ᠰᠢᠬᠦᠷᠡᠬᠦᠯᠬᠦ ᠤᠭᠤᠷᠠᠭ ᠬᠡᠳᠤᠢᠪᠡᠷ ᠬᠡᠮᠵᠢᠶ᠎ᠠ ᠪᠡᠷ ᠪᠠᠭ᠎ᠠ ᠪᠤᠯᠪᠠᠴᠤ ᠤᠭᠤᠷᠠᠭ᠂ ᠸᠢᠲ᠋ᠠᠮᠢᠨ A᠂ ᠲᠠᠮᠤᠷ᠂ ᠴᠠᠢᠷ᠂ ᠵᠠᠰ ᠵᠡᠷᠬᠡ ᠤᠯᠠᠨ ᠵᠤᠢᠯᠤᠨ ᠪᠠᠺᠲᠸᠷᠢ ᠵᠢ ᠡᠰᠡᠷᠬᠦᠴᠡᠬᠦ ᠪᠦᠷᠢᠯᠳᠤᠬᠦᠨ ᠲᠠᠢ ᠪᠠᠢᠵᠤ᠂ ᠨᠢᠷᠠᠢ ᠬᠡᠤᠬᠡᠳ ᠡᠪᠡᠳᠴᠢᠨᠳᠤ ᠬᠠᠯᠳᠠᠪᠤᠷᠢᠯᠠᠭᠳᠠᠬᠤ ᠡᠴᠨ ᠰᠡᠷᠬᠡᠢᠯᠡᠳᠡᠭ᠂ ᠡᠬᠡ ᠵᠢᠨ ᠰᠦ᠋ ᠨᠢᠷᠠᠢ ᠬᠡᠤᠬᠡᠳᠤᠨ ᠵᠤᠩᠭᠠᠭᠢ ᠡᠷᠳᠡᠯᠡᠨ ᠭᠠᠳᠠᠭᠰᠢᠯᠠᠭᠤᠯᠵᠤ᠂ ᠰᠢᠷᠠᠯᠠᠭ᠎ᠠ ᠤᠯᠬᠤ ᠪᠤᠯᠤᠮᠵᠢ ᠵᠢ ᠪᠠᠭᠠᠰᠬᠠᠳᠠᠭ᠃ ᠡᠢᠮᠤ ᠡᠴᠨ ᠤᠭᠤᠷᠠᠭ ᠨᠢ ᠨᠢᠷᠠᠢ ᠬᠡᠤᠬᠡᠳ ᠲᠤ᠌ ᠮᠠᠰᠢ ᠰᠠᠢᠨ᠂ ᠪᠢᠳᠡᠬᠡᠢ ᠯᠠ ᠬᠡᠮᠵᠢᠶ᠎ᠠ ᠵᠢ ᠨᠢ ᠴᠢᠮᠠᠯᠠᠭᠠᠳ ᠬᠦᠩᠬᠡᠨ ᠬᠠᠭᠤᠮᠠᠭᠠᠢ ᠲᠠᠶᠠᠭᠳᠠᠭᠠᠷᠠᠢ᠃
ᠨᠢᠷᠠᠢ ᠬᠡᠤᠬᠡᠳᠢ ᠲᠦᠷᠦᠭᠰᠡᠡᠤ ᠬᠠᠭᠠᠰ ᠴᠠᠭᠤᠨ ᠲᠠᠷᠠᠭ᠎ᠠ ᠡᠬᠡ ᠵᠢᠨ ᠬᠢᠨᠢ ᠬᠦᠬᠦ ᠵᠢ ᠰᠢᠮᠡᠬᠦᠯᠤᠨᠠ᠃ ᠡᠬᠡ ᠨᠢ ᠬᠡᠤᠬᠡᠳ ᠲᠠᠢ ᠪᠡᠨ 24 ᠴᠠᠭ ᠲᠤ᠌ ᠬᠠᠮᠳᠤ ᠪᠠᠢᠵᠤ᠂ 《ᠴᠠᠭ》 ᠵᠢᠡᠷ ᠪᠢᠰᠢ《ᠬᠡᠷᠡᠭᠴᠡᠬᠡ》 ᠪᠡᠷ ᠨᠢ ᠬᠦᠬᠦᠬᠦᠯᠪᠡᠯ ᠵᠤᠢᠳᠠᠢ᠃ ᠡᠳᠤᠷ ᠰᠦᠨᠢ ᠬᠡᠵᠤ ᠢᠯᠭᠠᠯ ᠦᠬᠡᠢ ᠬᠡᠤᠬᠡᠳᠤᠨ ᠳᠤᠷᠠᠰᠢᠯᠢ ᠲᠠᠭᠠᠨ ᠬᠦᠬᠦᠬᠦᠯᠬᠦ ᠶᠤᠰᠤᠳᠠᠢ᠃ ᠬᠡᠤᠬᠡᠳᠤᠨ ᠲᠦᠷᠦᠭᠰᠡᠡ 6 ᠰᠠᠷ᠎ᠠ ᠵᠢᠨ ᠳᠤᠳᠤᠷ᠎ᠠ ᠡᠷᠬᠡᠪᠰᠢ ᠴᠤᠯ ᠡᠬᠡ ᠵᠢᠨ ᠰᠦ ᠵᠢ ᠬᠦᠬᠦᠬᠦᠯᠵᠤ᠂ ᠬᠦᠷᠤᠯᠴᠡᠬᠦᠢᠴᠠ ᠬᠡᠮᠵᠢᠶᠠᠨᠤ ᠡᠬᠡ ᠵᠢᠨ ᠰᠦ ᠬᠠᠩᠭᠠᠬᠤ ᠵᠢᠨ ᠳᠤᠯᠠᠳᠠ ᠡᠳᠤᠷ ᠪᠦᠷᠢ ᠬᠠᠮᠤᠭᠤᠨ ᠴᠦᠬᠡᠨᠳ᠋ᠡᠬᠡᠨ 8 ᠤᠳᠠᠭ᠎ᠠ ᠬᠦᠬᠦᠬᠦᠯᠬᠦ ᠬᠡᠷᠡᠭᠳᠡᠢ᠃
ᠡᠬᠡ ᠨᠢ ᠬᠡᠷᠪᠡ ᠠᠭᠤᠰᠬᠢᠨ ᠰᠦᠷᠢᠶ᠎ᠠ᠂ ᠡᠯᠢᠬᠡᠨᠤ B ᠦᠷᠪᠢᠰᠤᠯ᠂ ᠠᠢᠽ ᠡᠪᠡᠳᠴᠢᠨᠳᠤ ᠨᠡᠷᠪᠡᠭᠳᠡᠭᠰᠡᠡ ᠪᠤᠯ ᠡᠪᠡᠳᠴᠢᠨ ᠨᠢ ᠡᠬᠡ ᠵᠢᠨ ᠰᠦ ᠪᠡᠷ ᠲᠠᠮᠵᠢᠨ ᠬᠡᠤᠬᠡᠳ ᠲᠤ᠌ ᠬᠠᠯᠳᠠᠪᠤᠷᠢᠯᠠᠵᠤ ᠮᠡᠳᠡᠨ᠎ᠠ᠃ ᠡᠬᠡ ᠨᠢ ᠬᠡᠷᠪᠡ ᠪᠠᠮᠪᠠᠢ ᠪᠤᠯᠴᠢᠷᠬᠠᠢ ᠵᠢ ᠡᠰᠡᠷᠬᠦᠴᠡᠬᠦ ᠡᠮ᠂ ᠴᠢᠰᠤᠨᠤ ᠡᠬᠡᠳᠡᠷᠡᠯᠢ ᠡᠰᠡᠷᠬᠦᠴᠡᠬᠦ ᠡᠮ ᠤᠤᠭᠤᠵᠤ ᠪᠠᠢᠪᠠᠯ ᠬᠡᠤᠬᠡᠳ ᠵᠢᠠᠨ ᠤᠬᠵᠢᠬᠤ ᠨᠢ ᠵᠤᠢᠳᠠᠢ᠂ ᠵᠢᠷᠤᠬᠡᠨᠤ ᠡᠪᠡᠳᠴᠢᠳᠠᠨ ᠮᠡᠳᠤ ᠵᠢᠨ ᠲᠡᠩᠳᠡᠬᠦᠤ ᠲᠡᠮᠢᠷᠳᠠᠭᠰᠠᠠ ᠬᠦᠩᠬᠡᠵᠢᠭᠰᠡᠳ ᠬᠡᠤᠬᠡᠳ ᠬᠦᠬᠦᠬᠦᠯᠬᠦ ᠨᠢ ᠮᠠᠭᠤ ᠤᠴᠢᠷ ᠡᠴᠨ ᠬᠡᠤᠬᠡᠳ ᠵᠢᠠᠨ ᠮᠦᠨ ᠤᠬᠵᠢᠪᠡᠯ ᠵᠤᠬᠢᠨ᠎ᠠ᠃
ᠨᠢᠷᠠᠢ ᠬᠡᠤᠬᠡᠳ 6 ᠰᠠᠷ᠎ᠠ ᠵᠢᠨ ᠲᠠᠷᠠᠭ᠎ᠠ ᠡᠬᠡ ᠵᠢᠨ ᠰᠦ ᠨᠢ ᠬᠡᠤᠬᠡᠳᠤᠨ ᠬᠡᠷᠡᠭᠰᠡᠬᠦ ᠡᠨ᠋ᠸᠷᠬᠢ ᠪᠤᠯᠤᠨ ᠰᠢᠮ᠎ᠠ ᠲᠡᠵᠢᠬᠡᠯᠢ ᠬᠠᠩᠭᠠᠵᠤ ᠴᠢᠳᠠᠬᠤ ᠪᠡᠨ ᠪᠤᠯᠢᠨ᠎ᠠ᠃ ᠡᠢᠮᠤ ᠡᠴᠨ ᠡᠬᠡ ᠵᠢᠨ ᠰᠦ ᠪᠡᠨ ᠦᠷᠬᠦᠯᠵᠢᠯᠡᠨ ᠬᠦᠬᠦᠬᠦᠯᠬᠦ ᠵᠢᠨ ᠬᠠᠮᠳᠤ ᠴᠠᠭ ᠳᠤᠬᠠᠢᠳᠤᠨᠢ ᠳᠤᠰᠠᠯᠠᠬᠤ ᠢᠳᠡᠬᠡᠨ ᠨᠠᠮᠠᠵᠤ ᠦᠭᠬᠦᠨ᠎ᠠ᠃ ᠡᠬᠡ ᠵᠢᠨ ᠰᠦ ᠪᠡᠷ ᠬᠤᠶᠠᠷ ᠨᠠᠰᠤ ᠪᠤᠶᠤ ᠲᠠᠬᠦᠨ ᠡᠴᠨ ᠳᠤᠮᠤ ᠪᠤᠯᠳᠠᠯ᠎ᠠ ᠬᠦᠬᠦᠬᠦᠯᠤᠨ ᠲᠡᠵᠢᠬᠡᠵᠤ ᠪᠤᠯᠤᠨ᠎ᠠ᠃
ᠳᠤᠰᠠᠯᠠᠬᠤ ᠢᠳᠡᠬᠡᠨ ᠬᠡᠳᠡᠭ ᠨᠢ ᠡᠬᠡ ᠵᠢᠨ ᠰᠦ ᠡᠴᠨ ᠪᠤᠰᠤᠳ ᠨᠡᠮᠡᠵᠤ ᠢᠳᠡᠬᠦᠯᠬᠦ ᠢᠳᠡᠬᠡᠨᠢ ᠵᠢᠭᠠᠳᠠᠭ ᠪᠦᠬᠡᠳ ᠲᠡᠬᠦᠨᠢ ᠶᠡᠬᠡ ᠲᠦᠯᠦᠪ 4 ᠲᠦᠷᠤᠯᠳᠤ ᠠᠩᠬᠢᠯᠠᠳᠠᠭ᠄ ᠨᠢᠬᠡ᠂ ᠪᠤᠳᠠᠭ᠎ᠠ᠂ ᠭᠤᠯᠢᠷ ᠵᠡᠷᠬᠡ ᠠᠮᠤ ᠪᠤᠳᠠᠭ᠎ᠠ; ᠬᠤᠶᠠᠷ᠂ ᠵᠢᠭᠠᠰᠤ᠂ ᠮᠢᠬ᠎ᠠ᠂ ᠰᠦ᠂ ᠡᠯᠢᠬᠡ᠂ ᠴᠢᠰᠤ ᠵᠡᠷᠬᠡ ᠠᠮᠢᠳᠠᠨᠤ ᠤᠭᠤᠷᠠᠭ ᠪᠤᠯᠤᠨ ᠰᠢᠷ᠎ᠠ ᠪᠤᠷᠴᠠᠭᠤᠨ ᠪᠦᠳᠤᠬᠡᠭᠳᠡᠬᠦᠨ ᠵᠡᠷᠬᠡ ᠰᠢᠯᠢᠳᠡᠭ ᠤᠷᠭᠤᠮᠠᠯᠤᠨ ᠤᠭᠤᠷᠠᠭ; ᠭᠤᠷᠪᠡ᠂ ᠢᠳᠡᠰᠢᠨ ᠨᠤᠭᠤᠭ᠎ᠠ ᠪᠤᠯᠤᠨ ᠵᠢᠮᠢᠰᠤᠨ ᠵᠤᠢᠯ; ᠲᠦᠷᠪᠡ᠂ ᠳᠤᠰᠤ ᠪᠤᠯᠤᠨ ᠰᠢᠬᠢᠷ᠂ ᠡᠬᠦᠨᠳᠤ ᠤᠷᠭᠤᠮᠠᠯᠤᠨ ᠳᠤᠰᠤ ᠰᠠᠢᠨ ᠪᠠᠢᠳᠠᠭ᠃
ᠳᠤᠰᠠᠯᠠᠬᠤ ᠢᠳᠡᠬᠡᠨ ᠨᠠᠮᠠᠵᠤ ᠦᠭᠬᠦ ᠳ᠋ᠡᠬᠡᠨ ᠴᠠᠭ ᠳᠤᠨᠢ ᠬᠦᠷᠤᠯᠴᠡᠬᠦᠢᠴᠡ ᠬᠡᠮᠵᠢᠶ᠎ᠠ ᠪᠡᠷ᠂ ᠠᠶᠤᠯ ᠦᠬᠡᠢ ᠮᠦᠷᠳᠡᠬᠡᠨ ᠵᠤᠬᠢᠰᠳᠡᠢ ᠪᠠᠢᠯᠭᠠᠬᠤ ᠵᠠᠷᠴᠢᠮᠢ ᠪᠠᠷᠢᠨ᠎ᠠ᠃ ᠴᠤᠯ ᠡᠬᠡ ᠵᠢᠨ ᠰᠦ ᠬᠦᠬᠦᠬᠦᠯᠬᠦ ᠨᠢ ᠨᠢᠷᠡᠢ ᠬᠡᠤᠬᠡᠳ ᠲᠤ᠌ ᠱᠠᠭᠠᠷᠳᠠᠭᠳᠠᠬᠤ ᠡᠨ᠋ᠸᠷᠬᠢ ᠪᠤᠯᠤᠨ ᠰᠢᠮ᠎ᠠ ᠲᠡᠵᠢᠬᠡᠯᠤᠨ ᠬᠡᠷᠡᠭᠴᠡᠬᠡ ᠵᠢ ᠬᠠᠩᠭᠠᠵᠤ ᠴᠢᠳᠠᠬᠤ ᠦᠬᠡᠢ ᠪᠤᠯᠬᠤ ᠦᠶᠠᠰ ᠴᠠᠭ ᠳᠤᠬᠠᠢ ᠳ᠋ᠤᠨᠢ ᠳᠤᠰᠠᠯᠠᠬᠤ ᠢᠳᠡᠬᠡᠨ ᠦᠭᠴᠤ᠂ ᠬᠡᠷᠡᠭᠴᠡᠬᠡ ᠪᠦᠬᠦᠢ ᠰᠢᠮ᠎ᠠ ᠲᠡᠵᠢᠬᠡᠯᠢ ᠨᠢ ᠨᠦᠬᠦᠪᠤᠷᠢᠯᠡᠨ᠎ᠠ᠃ ᠳᠤᠰᠠᠯᠠᠬᠤ ᠢᠳᠡᠬᠡᠨᠢ ᠬᠢᠵᠤ ᠬᠠᠳᠠᠭᠠᠯᠠᠬᠤᠳᠠᠭᠠᠨ ᠠᠷᠢᠭᠤᠨ ᠴᠡᠪᠠᠷ ᠪᠠᠢᠬᠤ ᠵᠢ ᠪᠠᠳᠤᠯᠠᠵᠤ᠂ ᠬᠡᠤᠬᠡᠳᠤᠨ ᠨᠠᠰᠤ ᠵᠢᠯ᠂ ᠬᠤᠭᠤᠯᠠᠨᠤ ᠳᠤᠷᠠᠰᠢᠯ ᠪᠤᠯᠤᠨ ᠴᠠᠳᠤᠭᠰᠠᠠ ᠳᠤᠬᠢᠶ᠎ᠠ ᠳᠡᠮᠳᠡᠭᠢ ᠦᠨᠳᠤᠰᠤᠯᠠᠨ ᠢᠳᠡᠬᠡᠨ ᠬᠠᠩᠭᠠᠪᠠᠯ ᠵᠤᠬᠢᠨ᠎ᠠ᠃
ᠳᠤᠰᠠᠯᠠᠬᠤ ᠢᠳᠡᠬᠡᠨ ᠨᠡᠮᠡᠵᠤ ᠦᠭᠬᠦᠳ᠋ᠡᠬᠡᠨ ᠭᠠᠭᠴᠠ ᠲᠦᠷᠤᠯ ᠡᠴᠨ ᠤᠯᠠᠨ ᠲᠦᠷᠤᠯ ᠤᠷᠤᠭᠤ᠂ ᠪᠠᠭ᠎ᠠ ᠬᠡᠮᠵᠢᠶ᠎ᠠ ᠲᠠᠢ ᠡᠴᠨ ᠶᠡᠬᠡ ᠬᠡᠮᠵᠢᠶ᠎ᠠ ᠤᠷᠤᠭᠤ᠂ ᠨᠠᠷᠢᠯᠢᠬ ᠠᠮᠤ ᠡᠴᠨ ᠪᠦᠳᠤᠬᠦᠯᠢᠭ ᠠᠮᠤ ᠤᠷᠤᠭᠤ ᠠᠯᠭᠤᠷ ᠬᠤᠪᠢᠷᠠᠭᠠᠪᠠᠯ ᠵᠤᠢᠳᠠᠢ᠃ ᠡᠬᠢᠯᠡᠬᠡᠳ ᠭᠠᠭᠴᠠ ᠲᠦᠷᠤᠯᠤᠨ ᠦᠨᠳᠡᠬᠡᠨᠤ ᠰᠢᠷ᠎ᠠ ᠪᠤᠶᠤ ᠳᠤᠳᠤᠷᠭᠠᠨ ᠭᠤᠯᠢᠷ ᠵᠢᠡᠷ ᠭᠤᠤᠯᠳᠠᠭᠤᠯᠵᠤ᠂ ᠨᠢᠷᠠᠢ ᠬᠡᠤᠬᠡᠳ ᠲᠠᠳᠤᠭᠰᠠᠠᠤ ᠲᠠᠷᠠᠭ᠎ᠠ ᠬᠤᠶᠠᠳᠡᠬᠢ ᠲᠦᠷᠤᠯᠢ ᠨᠡᠮᠡᠵᠤ ᠦᠭᠬᠦᠨ᠎ᠠ᠃ ᠨᠢᠬᠡ ᠲᠦᠷᠤᠯᠤᠨ ᠢᠳᠡᠬᠡᠨᠳᠤ ᠶᠡᠬᠡᠪᠴᠢᠯᠠᠨ 7 — 10 ᠬᠤᠨᠤᠭ ᠪᠤᠯᠤᠭᠠᠳ ᠰᠠᠶᠢ ᠳᠠᠰᠳᠠᠭ᠃ ᠰᠢᠨ᠎ᠠ ᠨᠢᠬᠡ ᠲᠦᠷᠤᠯᠤᠨ ᠢᠳᠡᠬᠡᠨ ᠵᠢᠠᠨ ᠬᠠᠮᠤᠭᠤᠨ ᠰᠠᠢᠨ ᠨᠢ ᠬᠡᠤᠬᠡᠳᠤᠨ ᠡᠪᠡᠳᠴᠢᠯᠡᠭᠰᠡᠡ ᠦᠬᠡᠢ ᠡᠷᠡᠬᠦᠯ ᠦᠶᠠᠳᠤ ᠰᠤᠯᠢᠵᠤ ᠦᠭᠬᠦᠨ᠎ᠠ᠃ ᠳᠤᠰᠠᠯᠠᠬᠤ ᠢᠳᠡᠬᠡᠨ ᠡᠬᠢᠯᠡᠵᠤ ᠦᠭᠬᠦᠳ᠋ᠡᠬᠡᠨ ᠲᠡᠬᠦᠨᠢ ᠰᠢᠩᠬᠡᠯᠡᠵᠤ ᠪᠠᠢᠬᠰᠠᠠ ᠡᠴᠨ ᠪᠡᠨ ᠠᠭᠠᠵᠢᠮ ᠵᠢᠡᠷ ᠦᠳᠬᠡᠷᠡᠬᠦᠯᠵᠤ ᠪᠤᠯᠤᠨ᠎ᠠ᠃ ᠳᠤᠰᠠᠯᠠᠬᠤ ᠢᠳᠡᠬᠡᠨ ᠦᠭᠬᠦ ᠶᠠᠪᠤᠴᠠᠳᠤ ᠬᠡᠤᠬᠡᠳᠤᠨ ᠢᠯᠭᠠᠳᠠᠰᠤ ᠬᠡᠪᠤᠨ ᠪᠠᠢᠬᠤ ᠡᠰᠡᠬᠦ ᠵᠢ ᠠᠵᠢᠭᠯᠠᠨ᠎ᠠ᠃ ᠢᠳᠡᠬᠡᠨᠢ ᠲᠦᠷᠤᠯ ᠵᠤᠢᠯ ᠵᠢᠡᠷ ᠤᠯᠠᠨ ᠪᠠᠢᠯᠭᠠᠵᠤ ᠬᠡᠤᠬᠡᠳᠤᠨ ᠢᠳᠡᠰᠢ ᠭᠤᠯᠤᠬᠤ ᠪᠤᠶᠤ ᠬᠤᠭᠤᠯᠠ ᠵᠢᠭᠰᠢᠬᠦ ᠡᠴᠨ ᠰᠡᠷᠬᠡᠢᠯᠡᠪᠡᠯ ᠵᠤᠢᠳᠠᠢ᠃
(《ᠡᠷᠡᠬᠦᠯ ᠮᠡᠨᠳᠤ ᠵᠢᠨ 66 ᠵᠤᠷᠪᠤᠰ》 ᠨᠤᠮ ᠡᠴᠨ ᠨᠠᠢᠷᠠᠭᠤᠯᠤᠨ ᠠᠪᠤᠪᠠ)
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠵᠣᠣ ᠱᠦ᠍ ᠭᠤᠸᠠᠩ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃