2026-11-20 11:06:57
ᠣᠷᠣᠢ ᠤᠨᠲᠠᠵᠤ ᠣᠷᠣᠢ ᠪᠤᠰᠬᠤ ᠨᠢ ᠰᠦᠨᠢ ᠲᠦᠯᠢᠬᠦ᠎ᠳ᠋ᠤ ᠲᠤᠭᠠᠴᠠᠬ᠍ᠳᠠᠨᠠ ᠦᠦ ?
ᠨᠡᠢᠰᠯᠡᠯ᠎ᠤᠨ ᠠᠨᠠᠭᠠᠬᠤ ᠤᠬᠠᠭᠠᠨ᠎ᠤ ᠶᠡᠭᠡ ᠰᠤᠷᠭᠠᠭᠤᠯᠢ᠎ᠶ᠋ᠢᠨ ᠬᠠᠷᠢᠶᠠᠲᠤ ᠪᠡᠭᠡᠵᠢᠩ᠎ᠤᠨ ᠠᠨ ᠳ᠋ᠢᠩ ᠡᠮᠨᠡᠯᠭᠡ ᠵᠢᠨ ᠬᠤᠷᠢᠶᠠᠨ᠎ᠤ ᠳᠡᠳ᠋ ᠡᠷᠬᠢᠯᠡᠭ᠌ᠴᠢ ᠡᠮᠴᠢ᠂ ᠰᠡᠳᠭᠢᠴᠡ᠎ᠶ᠋ᠢᠨ ᠪᠠᠢᠴᠠᠭᠠᠯᠲᠠ᠎ᠶ᠋ᠢᠨ ᠰᠠᠯᠠᠭᠠᠨ᠎ᠤ ᠡᠷᠬᠢᠯᠡᠭ᠌ᠴᠢ ᠮᠸᠡᠭ ᠹᠠᠨ ᠴᠢᠶᠠᠩ ᠬᠡᠯᠡᠬᠦᠳ᠋ᠡᠬᠡᠨ᠄ ᠰᠦᠨᠢ ᠲᠦᠯᠢᠬᠦ᠌ ᠪᠤᠯ ᠨᠢᠭᠡᠨ ᠲᠦᠭᠡᠮᠡᠯ ᠲᠣᠮᠢᠶᠠᠯᠠᠯ ᠮᠦᠨ᠂ ᠰᠠᠨᠠᠭᠠᠴᠢᠯᠠᠭ᠎ᠠ᠎ᠲᠠᠢ᠎ᠪᠠᠷ ᠣᠷᠣᠶ ᠤᠨᠲᠠᠬᠤ ᠮᠥᠷᠲᠡᠭᠡᠨ ᠤᠨᠲᠠᠯᠭ᠎ᠠ ᠵᠢᠨ ᠶᠡᠷᠤᠩᠬᠡᠢ ᠴᠠᠭ ᠨᠢ ᠲᠠᠢᠮᠤ ᠤᠷᠳᠤ ᠪᠢᠰᠢ᠃《ᠬᠡᠷᠪᠡ ᠨᠢᠭᠡ ᠬᠥᠮᠦᠨ ᠤᠤᠯ ᠨᠢ ᠪᠦᠷ ᠰᠦᠨᠢ᠎ᠶ᠋ᠢᠨ 11 ᠴᠠᠭ᠎ᠲᠤ ᠤᠨᠲᠠᠳᠠᠭ ᠪᠠᠢᠬ᠍ᠰᠠᠨ ᠪᠤᠯ ᠤᠢᠷ᠎ᠡ᠎ᠶ᠋ᠢᠨ ᠡᠳᠤᠷ᠎ᠤᠳ ᠡᠴᠨ ᠡᠬᠢᠯᠠᠨ ᠨᠡᠯᠢᠶᠡᠳ ᠤᠷᠲᠤ ᠬᠤᠭᠤᠴᠠᠭᠠᠨ᠎ᠳᠤ ᠪᠦᠷ ᠰᠦᠨᠢ᠎ᠶ᠋ᠢᠨ 1 ᠴᠠᠭ᠎ᠲᠤ ᠤᠨᠲᠠᠳᠠᠭ ᠪᠤᠯᠪᠠ᠂ ᠭᠡᠪᠡᠴᠦ᠍ ᠪᠣᠰᠭᠤ ᠴᠠᠭ ᠵᠢᠠᠨ ᠬᠤᠢᠱᠢᠯᠠᠭᠤᠯᠤᠭᠰᠠᠠ ᠪᠤᠯᠪᠠᠴᠤ ᠡᠳᠦᠷ ᠪᠦᠷᠢ ᠵᠢᠨ ᠤᠨᠲᠠᠵᠤ ᠪᠣᠰᠭᠤ ᠴᠠᠭ᠎ᠨᠢ ᠪᠦᠷ ᠵᠢᠮ᠎ᠡ ᠬᠠᠤᠯᠢ᠎ᠲᠠᠢ ᠪᠠᠢᠪᠠᠯ ᠤᠨᠲᠠᠯᠭ᠎ᠠ᠎ᠨᠢ ᠲᠡᠮᠡᠢ ᠬᠠᠷᠱᠢᠯᠠᠭ᠍ᠳᠠᠳᠠᠭ ᠦᠭᠡᠢ᠂ ᠵᠢᠱ᠌ᠢᠶᠡᠯᠡᠪᠡᠯ ᠰᠥᠨᠢ ᠲᠤᠮᠳᠠ ᠲᠠᠩᠳᠠ ᠰᠡᠷᠡᠬᠦ ᠨᠢ ᠨᠤᠢᠷ ᠬᠤᠯᠵᠢᠬᠤ ᠲᠠᠢ ᠠᠳᠠᠯᠢ ᠦᠬᠡᠢ ᠳᠤᠯᠠ ᠪᠡᠶ᠎ᠡ ᠵᠢᠨ ᠡᠷᠡᠬᠦᠯ ᠮᠡᠨᠳᠤ ᠵᠢ ᠲᠡᠢᠮᠦ᠍ ᠶᠡᠭᠡ ᠨᠥᠯᠥᠭᠡᠯᠡᠬᠦ ᠦᠭᠡᠢ ᠶᠤᠮ》 ᠬᠡᠪᠡ᠃
《8 ᠴᠠᠭ᠎ᠤᠨ ᠤᠨᠳᠠᠯᠭ᠎ᠠ ᠪᠣᠯ ᠰᠠᠢᠨ ᠤᠨᠲᠠᠬᠤ᠎ᠶ᠋ᠢ ᠮᠠᠭᠠᠳᠯᠠᠬᠤ ᠪᠠᠷᠢᠮᠵᠢᠶ᠎ᠠ ᠮᠥᠨ》 ᠭᠡᠬᠦ᠌ ᠬᠡᠯᠡᠯᠭᠡ᠎ᠳᠤ ᠴᠢᠭ᠌ᠯᠡᠭᠦᠯᠦᠨ᠂ ᠮᠸᠡᠭ ᠹᠠᠨ ᠴᠢᠶᠠᠩ ᠡᠮᠴᠢ ᠡᠴᠨ ᠬᠥᠮᠦᠨ ᠪᠣᠯᠭᠠᠨ᠎ᠤ ᠤᠨᠲᠠᠬᠤ ᠵᠠᠩ ᠵᠠᠩᠰᠢᠯ᠂ ᠴᠠᠭ ᠴᠡᠭ᠎ᠨᠢ ᠠᠳᠠᠯᠢ ᠥᠬᠡᠶ ᠪᠠᠢᠳᠠᠭ ᠡᠴᠨ ᠵᠠᠪᠠᠯ 8 ᠴᠠᠭ ᠤᠨᠳᠠᠪᠡᠯ ᠰᠠᠶᠢ ᠨᠤᠢᠷ ᠬᠠᠨᠤᠨ᠎ᠠ ᠬᠡᠰᠡᠨ ᠶᠠᠪᠤᠳᠠᠯ ᠪᠢᠰᠢ ᠬᠡᠪᠡ᠃
ᠣᠯᠠᠩᠬᠢ ᠨᠠᠰᠤᠨ᠎ᠳᠤ ᠬᠦᠷᠦᠭ᠌ᠰᠡᠳ ᠲᠤ᠌ ᠠᠪᠴᠤ᠌ ᠬᠡᠯᠡᠪᠡᠯ᠂ ᠵᠥᠪᠬᠡᠨ 7 ᠴᠠᠭ ᠣᠷᠴᠢᠮ ᠤᠨᠲᠠᠪᠠᠯ ᠪᠣᠯᠴᠢᠬᠠᠨ᠎ᠠ᠂ ᠬᠡᠤᠬᠡᠳ ᠲᠤ᠌ ᠠᠪᠴᠤ ᠬᠡᠯᠡᠪᠡᠯ᠂ ᠰᠠᠢᠨ ᠤᠨᠳᠠᠵᠤ ᠪᠠᠢᠪᠡᠯ ᠪᠠᠶ᠎ᠠ ᠨᠢ ᠦᠰᠴᠤ ᠪᠠᠢᠭ᠎ᠠ ᠵᠢᠨ ᠢᠯᠡᠷᠡᠯ ᠶᠤᠮ᠃ ᠰᠠᠢᠨ ᠤᠨᠲᠠᠬ᠍ᠰᠠᠨ ᠡᠰᠡᠬᠦ᠌᠎ᠶ᠋ᠢ ᠮᠠᠭᠠᠳᠯᠠᠬᠤ ᠬᠠᠮᠤᠭ᠎ᠤᠨ ᠭᠤᠣᠯ ᠪᠠᠷᠢᠮᠵᠢᠶ᠎ᠠ ᠪᠣᠯ ᠬᠠᠱᠢᠯᠠ ᠪᠣᠰᠤᠭ᠍ᠰᠠᠨᠤ ᠪᠡᠨ ᠳᠠᠷᠠᠭ᠎ᠠ ᠴᠤᠭ ᠵᠢᠪᠬᠤᠭ᠎ᠠ᠎ᠲᠠᠢ ᠪᠠᠢᠬᠤ ᠡᠰᠡᠬᠦ᠂ ᠲᠠᠮᠢᠷ ᠲᠡᠩᠬᠡᠭᠡ ᠲᠠᠢ ᠪᠠᠢᠬᠤ ᠡᠰᠡᠬᠦ᠌᠎ᠶ᠋ᠢ ᠦᠵᠡᠨ᠎ᠡ᠂ ᠬᠠᠷᠢᠨ ᠵᠥᠪᠬᠡᠨ ᠴᠠᠭ᠎ᠤᠨ ᠤᠷᠲᠤ ᠤᠬᠤᠷᠢ ᠦᠵᠡᠬᠦ᠌ ᠪᠢᠰᠢ ᠶᠤᠮ ᠭᠡᠵᠦ᠍ ᠬᠡᠯᠡᠪᠡ᠃ ᠤᠨᠳᠠᠵᠦ᠍ ᠬᠠᠨᠤᠬ᠍ᠰᠠᠨ ᠦᠭᠡᠢ᠎ᠡᠴᠠ ᠪᠣᠯᠤᠭ᠍ᠰᠠᠨ ᠬᠤᠤᠷ ᠬᠥᠨᠥᠭᠡᠯ᠎ᠢ ᠴᠢᠳᠠᠬᠤ᠎ᠶ᠋ᠢᠨ ᠬᠢᠷᠢ᠎ᠪᠠᠷ ᠪᠠᠭᠠᠰᠭᠠᠬᠤ ᠵᠢᠨ ᠲᠥ᠋ᠯᠥᠭᠡ᠂ ᠵᠠᠷᠢᠮ ᠬᠥᠮᠦᠨ ᠦᠳᠡ᠎ᠳᠤ ᠤᠨᠲᠠᠬᠤ ᠪᠤᠶᠤ ᠭᠠᠷᠠᠭ᠎ᠤᠨ ᠰᠡᠭᠦᠯᠴᠢ᠎ᠳᠤ ᠬᠠᠨᠤᠳᠠᠯ᠎ᠠ ᠤᠨᠲᠠᠵᠤ᠂ ᠨᠤᠢᠷ ᠵᠢᠠᠨ ᠨᠦᠬᠦᠳᠡᠭ ᠪᠠᠢᠨ᠎ᠠ᠃ ᠮᠸᠡᠭ ᠹᠠᠨ ᠴᠢᠶᠠᠩ ᠡᠭᠦᠨ᠎ᠤ ᠲᠤᠬᠠᠢ ᠲᠠᠢᠯᠪᠤᠷᠢᠯᠠᠵᠤ ᠬᠡᠯᠡᠬᠦᠳ᠋ᠡᠬᠡᠨ᠂ ᠦᠳᠡ᠎ᠶ᠋ᠢᠨ ᠤᠨᠲᠠᠯᠭ᠎ᠠ᠎ᠨᠢ ᠶᠠᠳᠠᠷᠠᠭ᠎ᠠ᠎ᠶ᠋ᠢ ᠲᠠᠢᠯᠵᠤ᠂ ᠦᠳᠡ᠎ᠶ᠋ᠢᠨ ᠬᠤᠢᠨᠠᠬᠢ ᠠᠵᠢᠯ᠎ᠤᠨ ᠦᠷ᠎ᠡ ᠪᠦᠲᠦᠮᠵᠢ᠎ᠶ᠋ᠢ ᠳᠡᠭᠡᠭ᠌ᠰᠢᠯᠡᠭᠦᠯᠬᠦ᠌ ᠪᠣᠯᠤᠨ᠎ᠠ᠂ ᠭᠡᠪᠡᠴᠦ᠍ ᠬᠥᠮᠦᠨ ᠪᠦᠬᠦᠨ᠎ᠳᠤ ᠳᠣᠭᠢᠷᠠᠬᠤ ᠪᠢᠰᠢ ᠶᠤᠮ᠃
ᠨᠦᠢᠷ ᠬᠤᠯᠵᠢᠳᠠᠭ ᠡᠪᠡᠳᠴᠢᠲᠡᠨ ᠵᠢᠡᠷ ᠠᠪᠴᠤ᠌ ᠬᠡᠯᠡᠪᠡᠯ᠂ ᠣᠷᠳᠣ ᠬᠤᠭᠤᠴᠠᠭ᠎ᠠ᠎ᠪᠠᠷ ᠦᠳᠡ᠎ᠳᠤ ᠤᠨᠲᠠᠵᠤ ᠪᠣᠯᠬᠤ ᠥᠬᠡᠶ᠂ ᠤᠨᠳᠠᠬᠤ ᠴᠠᠭ ᠵᠢᠠᠨ ᠭᠤᠴᠢ ᠳᠥᠴᠢᠨ ᠮᠢᠨᠦ᠋ᠲ᠎ᠲᠤ ᠬᠢᠵᠠᠭᠠᠷᠯᠠᠵᠤ᠂ ᠴᠢᠳᠠᠬᠤ᠎ᠶ᠋ᠢᠨ ᠳᠣᠲᠣᠷ᠎ᠠ ᠬᠦᠨ ᠤᠨᠲᠠᠬᠤ ᠥᠬᠡᠶ ᠪᠠᠢᠪᠠᠯ ᠵᠣᠬᠢᠨ᠎ᠠ᠃ ᠭᠠᠷᠠᠭ᠎ᠤᠨ ᠰᠡᠭᠦᠯᠴᠢ᠎ᠳᠤ ᠨᠦᠢᠷ᠎ᠢᠶᠠᠨ ᠨᠥᠬᠦᠬᠦ᠌ ᠲᠤᠬᠠᠶ ᠮᠸᠡᠭ ᠹᠠᠨ ᠴᠢᠶᠠᠩ ᠰᠠᠨᠠᠭᠤᠯᠬᠤ᠎ᠳᠠᠭᠠᠨ᠄《ᠨᠤᠢᠷ ᠵᠢᠠᠨ ᠵᠣᠬᠢᠰᠲᠠᠶ ᠳᠤᠬᠢᠷᠠᠭᠤᠯᠪᠠᠯ ᠵᠤᠬᠢᠨ᠎ᠡ᠂ ᠵᠢᠱ᠌ᠢᠶᠡᠯᠡᠪᠡᠯ ᠶᠠᠷᠤ ᠵᠢᠨ ᠦᠶᠠᠰ ᠲᠤ᠌ ᠡᠳᠦᠷ ᠪᠦᠷᠢ 7 ᠴᠠᠭ ᠲᠤ᠌ ᠪᠤᠰᠳᠠᠭ ᠪᠤᠯ ᠭᠠᠷᠠᠭ᠎ᠤᠨ ᠰᠡᠭᠦᠯᠴᠢ ᠪᠤᠯᠬᠤ᠎ᠳ᠋ᠤ 8 ᠴᠠᠭ᠎ᠲᠤ ᠪᠣᠰᠴᠤ᠂ ᠤᠨᠳᠠᠯᠭ᠎ᠠ ᠪᠡᠨ ᠨᠢᠭᠡ ᠯᠠ ᠴᠠᠭᠬᠤᠢᠱᠢᠯᠠᠭᠤᠯᠪᠠᠯ ᠪᠤᠯᠴᠢᠬᠠᠨ᠎ᠠ᠂ ᠦᠳᠡ᠎ᠳᠤ ᠤᠨᠲᠠᠬᠤ᠎ᠳᠠᠭᠠᠨ ᠪᠠᠰᠠ ᠭᠤᠴᠢ ᠳᠥᠴᠢᠨ ᠮᠢᠨᠦ᠋ᠲ ᠵᠢᠡᠷ ᠬᠢᠵᠠᠭᠠᠷᠯᠠᠵᠦ᠍᠂ ᠨᠢᠭᠡ ᠯᠡ ᠲᠡᠭᠡᠷ᠎ᠡ ᠬᠠᠭᠠᠰ ᠡᠳᠦᠷ ᠵᠢᠨᠷ ᠵᠢᠨᠨ ᠤᠨᠲᠠᠵᠤ ᠪᠣᠯᠬᠤ ᠦᠭᠡᠢ᠃ ᠤᠷᠲᠤ ᠴᠠᠭ ᠵᠢᠡᠷ ᠨᠦᠢᠷ ᠨᠥᠬᠦᠵᠤ ᠤᠨᠲᠠᠬᠤ᠎ᠨᠢ ᠨᠤᠢᠷ ᠰᠠᠢᠨ ᠬᠥᠮᠦᠨ᠎ᠳᠤ ᠪᠤᠯ ᠪᠣᠯᠤᠨ᠎ᠠ᠂ ᠭᠡᠪᠡᠴᠦ᠍ ᠬᠡᠷᠪᠡ ᠤᠷᠲᠤ ᠬᠤᠭᠤᠴᠠᠭ᠎ᠠ᠎ᠪᠠᠷ ᠨᠦᠢᠷ ᠠᠯᠳᠠᠬ᠍ᠰᠠᠨ ᠬᠥᠮᠦᠨ᠎ᠳᠤ ᠠᠪᠴᠤ᠌ ᠬᠡᠯᠡᠪᠡᠯ᠂ ᠢᠩᠭᠢᠵᠦ᠍ ᠨᠦᠢᠷ ᠨᠥᠬᠦᠬᠦ᠌᠎ᠨᠢ ᠭᠡᠳᠡᠷᠭᠦ᠎ᠪᠠᠨ ᠲᠠᠷᠤᠭᠠᠰᠤ ᠪᠤᠯᠵᠤ᠂ ᠲᠡᠭᠦᠨ᠎ᠤ ᠳᠠᠷᠠᠭ᠎ᠠ ᠨᠢᠭᠡ ᠭᠠᠷᠠᠭ᠎ᠤᠨ ᠤᠨᠲᠠᠯᠭ᠎ᠠ ᠵᠢᠨ ᠪᠠᠢᠳᠠᠯ᠎ᠳᠤ ᠬᠤᠪᠢᠷᠠᠯᠲᠠ ᠭᠠᠷᠴᠤ᠂ ᠤᠨᠳᠠᠯᠭ᠎ᠠ ᠵᠢᠨ ᠴᠢᠨᠠᠷ᠎ᠢ ᠨᠦᠯᠦᠬᠡᠯᠡᠬᠦ ᠪᠤᠯᠤᠨ᠎ᠠ》 ᠬᠡᠪᠡ᠃
(《ᠠᠷᠠᠳ᠎ᠤᠨ ᠰᠦᠯᠵᠢᠶ᠎ᠠ》 ᠡᠴᠨ ᠤᠷᠴᠢᠭᠤᠯᠤᠨ ᠠᠪᠤᠪᠠ)
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠣᠷᠬᠢᠯ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃