ᠲᠡᠷᠢᠭᠦᠨ ᠨᠢᠭᠤᠷ>ᠴᠠᠭ ᠲᠦᠷᠦ> ᠬᠠᠤᠯᠢ ᠳᠦᠷᠢᠮ

2026-11-16 14:03:47

ᠵᠣᠬᠢᠶᠠᠭ᠍ᠴᠢ᠄ ᠰᠢᠨᠡᠪᠢᠯᠢᠭ ᠣᠩᠱᠢᠭ᠍ᠰᠠᠨ ᠣᠳᠠᠭ᠎ᠠ᠄ 3

 ᠤᠷᠤᠬ ᠢᠨᠠᠬ ᠤ᠋ᠨ ᠶᠠᠪᠤᠯᠴᠠᠭ᠎ᠠ ᠪᠡᠷ ᠰᠢᠯᠳᠠᠬᠯᠠᠨ᠂ ᠤᠯᠠᠨᠳᠠ ᠡᠯ᠎ᠡ ᠵᠦᠢᠯ ᠤ᠋ᠨ ᠰᠢᠯᠳᠠᠬ ᠵᠢᠡᠷ ᠨᠠᠢᠵᠠ ᠵᠠᠯᠠᠭᠤ ᠵᠢᠨ ᠵᠢᠡᠨ ᠶᠡᠬᠡ ᠲᠤᠭᠠᠨ ᠤ᠋ ᠵᠤᠭᠤᠰ ᠮᠦᠩᠬᠦ ᠵᠢ ᠮᠡᠬᠡᠯᠡᠨ ᠠᠪᠴᠤ᠂ ᠴᠢᠨᠠᠬᠰᠢᠯᠠᠭᠠᠳ ᠪᠤᠰᠤᠳ ᠬᠦᠮᠦᠨ ᠲᠠᠢ ᠬᠤᠷᠢᠮᠯᠠᠬᠰᠠᠨ ᠤ᠋ ᠲᠠᠷᠠᠭ᠎ᠠ ᠪᠠᠰᠠ ᠦᠷᠬᠦᠯᠵᠢᠯᠡᠨ ᠮᠡᠬᠡᠯᠡᠵᠡᠢ᠃ ᠤᠢᠷ᠎ᠠ ᠵᠢᠨ ᠡᠳᠦᠷ᠂ ᠰᠢᠬᠦᠬᠦ ᠬᠤᠷᠢᠶ᠎ᠠ ᠡᠴᠨ ᠬᠠᠤᠯᠢ ᠶᠤᠰᠤᠭᠠᠷ ᠮᠡᠬᠡᠯᠡᠭᠴᠢ ᠳ᠋ᠸ᠋ ᠰᠢᠢᠳᠬᠡᠯ ᠦᠭᠴᠡᠢ᠃

2020 ᠤᠨ ᠤ᠋ 9 ᠰᠠᠷ᠎ᠠ ᠳ᠋ᠸ᠋᠂ ᠴᠸᠩ ᠤᠪᠤᠬᠳᠤ ᠡᠮᠡᠭᠳᠡᠢ ᠰᠢᠯᠢ ᠵᠢᠨ ᠭᠤᠤᠯ ᠠᠢᠮᠠᠬ ᠤ᠋ᠨ ᠨᠢᠬᠡᠨ ᠵᠢᠯᠤᠭᠤᠴᠢ ᠵᠢᠨ ᠰᠤᠷᠭᠠᠭᠤᠯᠢ ᠳ᠋ᠸ᠋ ᠮᠠᠰᠢᠨ ᠲᠡᠷᠬᠡ ᠵᠢᠯᠤᠭᠤᠳᠬᠤ ᠵᠢ ᠰᠤᠷᠴᠤ ᠪᠠᠢᠬᠤ ᠳ᠋ᠠᠭᠠᠨ ᠰᠢᠦ ᠤᠪᠤᠬᠳᠤ ᠲᠠᠢ ᠲᠠᠨᠢᠯᠴᠠᠵᠤ᠂ ᠲᠠᠷᠠᠭ᠎ᠠ ᠨᠢ ᠬᠤᠶᠠᠷ ᠲᠠᠯ᠎ᠠ ᠪᠡᠷ ᠵᠢᠡᠨ ᠵᠢᠷᠬᠢᠶ᠎ᠡ ᠵᠢᠨ ᠨᠠᠢᠵᠠ ᠪᠤᠯᠤᠯᠴᠠᠵᠤ ᠦᠷᠭᠦᠯᠵᠢᠯᠡᠨ ᠬᠠᠷᠢᠯᠴᠠᠪᠠ᠃ 2021 ᠤᠨ ᠤ᠋ 7 ᠰᠠᠷ᠎ᠠ ᠳ᠋ᠸ᠋᠂ ᠬᠤᠶᠠᠭᠤᠯᠠ ᠪᠡᠨ ᠢᠨᠠᠬ᠎ᠤᠨ ᠬᠠᠷᠢᠴᠠᠭ᠎ᠠ ᠪᠠᠢᠭᠤᠯᠤᠨ᠂ ᠲᠡᠮᠡᠢ ᠤᠳᠠᠯ ᠦᠬᠡᠢ ᠴᠸᠩ ᠤᠪᠤᠬᠳᠤ ᠲᠦᠩᠯᠢᠶᠤᠤ ᠳ᠋ᠸ᠋ ᠬᠦᠷᠴᠦ ᠠᠮᠢᠳᠤᠷᠠᠵᠤ᠂ ᠰᠢᠦ ᠤᠪᠤᠬᠳᠤ  ᠮᠦᠨ ᠯᠡ ᠲᠠᠢᠪᠤᠰᠸ ᠬᠤᠰᠢᠭᠤᠨ᠎ᠳᠠᠭᠠᠨ ᠪᠠᠢᠵᠦ᠂ ᠬᠤᠶᠠᠭᠤᠯᠠ ᠪᠡᠨ ᠭᠤᠤᠯᠳᠠᠭᠤ ᠵᠢᠷᠬᠢᠶ᠎ᠡ ᠪᠡᠷ ᠬᠠᠷᠢᠯᠴᠠᠵᠤ ᠪᠠᠢᠪᠠ᠃ ᠶᠠᠪᠤᠯᠴᠠᠬᠤ ᠲᠤᠮᠳᠠ ᠪᠡᠨ ᠴᠸᠩ ᠤᠪᠤᠬᠳᠤ ᠦᠪᠡᠷ ᠢ᠋ ᠪᠡᠨ ᠲᠤᠷᠤᠨᠠᠳᠤ ᠵᠢᠨ ᠠᠭᠠᠷ ᠤ᠋ᠨ ᠠᠶᠠᠯᠠᠯ ᠤ᠋ᠨ ᠺᠤᠮᠫᠠᠨᠢ ᠵᠢᠨ ᠠᠵᠢᠯᠳᠠᠨ ᠬᠡᠮᠡᠵᠦ᠂ ᠪᠠᠰᠠ ᠰᠠᠨᠠᠭᠠᠴᠢᠯᠠᠭ᠎ᠠ ᠲᠠᠢ ᠪᠡᠷ ᠰᠢᠦ ᠤᠪᠤᠬᠳᠤ ᠳ᠋ᠸ᠋ ᠬᠤᠷᠢᠮᠯᠠᠬᠤ ᠠᠮᠠᠯᠠᠯᠳᠠ ᠭᠠᠷᠭᠠᠵᠤ᠂ ᠬᠤᠶᠠᠷ ᠲᠠᠯ᠎ᠠ ᠪᠡᠷ ᠵᠢᠡᠨ ᠬᠤᠷᠢᠮᠯᠠᠬᠤ ᠬᠡᠯᠡᠯᠴᠡᠬᠡᠷ ᠲᠦ᠍ ᠭᠠᠷ ᠤ᠋ᠨ ᠦᠰᠦᠭ ᠵᠢᠷᠤᠵᠤ ᠲᠤᠬᠳᠠᠵᠠᠢ᠃ 2022 ᠤᠨ ᠤ᠋ 6 ᠰᠠᠷ᠎ᠠ ᠪᠤᠯᠳᠠᠯ᠎ᠠ᠂ ᠴᠸᠩ ᠤᠪᠤᠬᠳᠤ ᠠᠵᠢᠯ ᠤ᠋ᠨ ᠴᠢᠯᠦᠬᠡ ᠴᠠᠬ ᠵᠢᠡᠷ ᠵᠢᠡᠨ ᠰᠢᠭᠤᠳ ᠨᠡᠪᠳᠡᠷᠡᠬᠦᠯᠬᠡ ᠬᠢᠵᠦ ᠦᠢᠯᠡᠰ ᠪᠤᠰᠬᠠᠬᠤ᠂ ᠡᠪᠡᠳᠴᠢᠨ ᠤᠯᠵᠤ ᠮᠡᠰᠡ  ᠵᠠᠰᠠᠯ ᠬᠢᠯᠬᠡᠬᠦ ᠵᠡᠷᠭᠡ ᠰᠢᠯᠳᠠᠬ ᠵᠢᠡᠷ ᠰᠢᠦ ᠤᠪᠤᠬᠳᠤ ᠡᠴᠨ ᠨᠡᠢᠳᠡ 7.8 ᠲᠦᠮᠡ ᠭᠠᠷᠤᠢ ᠲᠦᠬᠦᠷᠢᠭ ᠠᠪᠤᠪᠠ᠃

2022 ᠤᠨ ᠤ᠋ 7 ᠰᠠᠷ᠎ᠠ ᠳ᠋ᠸ᠋᠂ ᠴᠸᠩ ᠤᠪᠤᠬᠳᠤ ᠯᠢ ᠤᠪᠤᠬᠳᠤ ᠲᠠᠢ ᠲᠠᠩᠰᠠᠯᠠᠭᠤᠯᠤᠨ ᠬᠤᠷᠢᠮᠯᠠᠬᠰᠠᠨ ᠴᠦ᠍ ᠮᠦᠨ ᠯᠡ ᠰᠢᠦ ᠤᠪᠤᠬᠳᠤ ᠲᠠᠢ ᠢᠨᠠᠭ᠎ᠤᠨ ᠬᠠᠷᠢᠴᠠᠭ᠎ᠠ ᠪᠡᠷ ᠶᠠᠪᠤᠯᠴᠠᠵᠤ ᠪᠠᠢᠪᠠ᠃ ᠪᠠᠰᠠ ᠱᠤᠷᠤᠯᠭ᠎ᠠ ᠵᠢᠨ ᠲᠡᠯᠬᠡᠬᠦᠷ ᠨᠡᠬᠡᠬᠡᠬᠦ᠂ ᠡᠩᠬᠦᠷᠡᠢ ᠠᠮᠢᠳᠠᠨ ᠨᠢ ᠡᠪᠡᠳᠴᠢᠯᠡᠵᠦ ᠡᠮᠨᠡᠬᠦᠯᠬᠦ᠂ ᠬᠡᠷ ᠤ᠋ᠨ ᠲᠦᠷᠢᠶᠡᠰᠦᠨ ᠮᠦᠩᠬᠦ ᠲᠤᠰᠢᠶᠠᠬᠤ ᠵᠡᠷᠬᠡ ᠰᠢᠯᠳᠠᠬ ᠵᠢᠡᠷ᠂ ᠰᠢᠦ ᠤᠪᠤᠬᠳᠤ ᠡᠴᠨ 61 ᠲᠦᠮᠡ ᠭᠠᠷᠤᠢ ᠲᠦᠬᠦᠷᠢᠭ ᠠᠪᠴᠠᠢ᠃ ᠨᠢᠬᠡᠨ ᠤᠳᠠᠭ᠎ᠠ᠂ ᠴᠸᠩ ᠤᠪᠤᠬᠳᠤ ᠡᠷ᠎ᠡ ᠨᠦᠬᠦᠷ ᠯᠢ ᠤᠪᠤᠬᠳᠤ ᠲᠠᠢ ᠪᠡᠨ ᠬᠡᠷᠡᠯᠳᠦᠵᠦ ᠭᠠᠷ ᠤᠳᠠᠰᠤ ᠪᠡᠨ ᠰᠠᠪᠠᠵᠤ ᠡᠪᠳᠡᠯᠡᠬᠡᠳ ᠰᠠᠶᠢ ᠰᠢᠦ ᠤᠪᠤᠬᠳᠤ ᠲᠠᠢ ᠬᠠᠷᠢᠯᠴᠠᠬᠤ ᠪᠡᠨ ᠪᠤᠯᠢᠵᠠᠢ᠃

ᠰᠢᠦ ᠤᠪᠤᠬᠳᠤ ᠵᠢᠨ ᠴᠸᠩ ᠤᠪᠤᠬᠳᠤ ᠳ᠋ᠸ᠋ ᠦᠭᠬᠦᠭᠰᠡᠨ ᠵᠤᠭᠤᠰ ᠮᠦᠩᠬᠦ ᠨᠢ ᠴᠦᠮ ᠵᠢᠬᠡᠯᠡᠯᠬᠡ ᠡᠴᠨ ᠢᠷᠡᠵᠦ᠂ ᠴᠸᠩ ᠤᠪᠤᠬᠳᠤ ᠤᠷᠳᠤ ᠬᠤᠭᠤᠴᠠᠭ᠎ᠠ ᠪᠡᠷ ᠬᠠᠷᠢᠯᠴᠠᠭ᠎ᠠ ᠲᠠᠰᠤᠷᠠᠵᠤ᠂ ᠤᠷᠤᠬ ᠤ᠋ᠨ ᠪᠤᠯᠵᠤᠭ᠎ᠠ ᠪᠠᠰᠠ ᠪᠦᠳᠦᠬᠦ ᠦᠬᠡᠢ ᠪᠤᠯᠪᠠ᠃ ᠵᠤᠭᠤᠰ ᠮᠦᠩᠬᠦ ᠪᠡᠨ ᠪᠤᠴᠠᠭᠠᠬᠤ ᠲᠠᠷᠤᠯᠳᠠ ᠵᠢᠨ ᠡᠮᠦᠨ᠎ᠡ ᠰᠢᠦ ᠤᠪᠤᠬᠳᠤ ᠠᠯᠭᠤᠷ ᠠᠭᠠᠵᠢᠮ ᠵᠢᠡᠷ ᠮᠡᠬᠡᠯᠡᠭᠳᠡᠭᠰᠡᠨ ᠵᠢᠡᠨ ᠰᠡᠷᠡᠵᠦ ᠮᠡᠳᠡᠬᠡᠳ 2024 ᠤᠨ ᠤ᠋ 12 ᠰᠠᠷ᠎ᠠ ᠳ᠋ᠸ᠋ ᠲᠤᠳᠤᠭᠠᠳᠤ ᠵᠢ ᠬᠠᠮᠠᠭᠠᠯᠠᠬᠤ ᠪᠠᠢᠭᠤᠯᠭ᠎ᠠ ᠳ᠋ᠸ᠋ ᠬᠡᠷᠡᠭ ᠮᠡᠳᠡᠬᠦᠯᠵᠡᠢ᠃ ᠲᠤᠳᠤᠭᠠᠳᠤ ᠵᠢ ᠬᠠᠮᠠᠭᠠᠯᠠᠬᠤ ᠪᠠᠢᠭᠤᠯᠭ᠎ᠠ ᠡᠴᠨ  ᠲᠡᠮᠡᠢ ᠤᠳᠠᠯ ᠦᠬᠡᠢ ᠴᠸᠩ ᠤᠪᠤᠬᠳᠤ ᠵᠢ ᠪᠠᠷᠢᠪᠴᠢᠯᠠᠪᠠ᠃ ᠪᠠᠢᠴᠠᠭᠠᠯᠳᠠ ᠪᠡᠷ ᠳᠠᠮᠵᠢᠨ᠂ ᠴᠸᠩ ᠤᠪᠤᠬᠳᠤ  ᠠᠭᠠᠷ ᠤ᠋ᠨ ᠠᠶᠠᠯᠠᠯ᠎ᠤᠨ ᠠᠪᠠᠬᠠᠢ ᠪᠡᠷ ᠤᠪᠯᠠᠨ᠂ ᠤᠷᠤᠬ ᠢᠨᠠᠬ ᠤ᠋ᠨ ᠨᠡᠷ᠎ᠡ ᠪᠡᠷ ᠰᠢᠦ ᠤᠪᠤᠬᠳᠤ ᠵᠢᠨ ᠵᠤᠭᠤᠰ ᠮᠦᠩᠬᠦ ᠵᠢ ᠮᠡᠬᠡᠯᠡᠭᠰᠡᠨ ᠪᠦᠬᠦᠢᠯᠡ ᠶᠠᠯᠠᠳᠤ ᠬᠡᠷᠡᠭ ᠵᠢᠡᠨ ᠦᠴᠢᠭᠯᠡᠨ ᠲᠤᠰᠢᠶᠠᠪᠠ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠣᠷᠬᠢᠯ

ᠣᠷᠴᠢᠭᠤᠯᠤᠭ᠍ᠴᠢ᠄

ᠢᠷᠡᠯᠲᠡ᠄ ᠲᠤᠮᠳᠠᠳᠦ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ ᠎ᠤ ᠰᠦᠯᠵᠢᠶ᠎ᠡ
兼容浏览器的HTML页面