2026-08-14 10:04:16
ᠶᠠᠫᠣᠨ᠎ᠳᠦ ᠨᠢᠳᠤᠨᠤᠨ ᠪᠠᠭᠠᠪᠠᠭᠠᠢ᠎ᠶ᠋ᠢᠨ ᠲᠠᠭᠠᠷᠢᠯᠳᠠ ᠡᠴᠡ ᠪᠤᠯᠵᠤ ᠡᠨᠳᠡᠭᠰᠡᠨ ᠬᠥᠮᠦᠨ᠎ᠦ ᠲᠣᠭ᠎ᠠ ᠲᠡᠦᠬᠡ᠎ᠶ᠋ᠢᠨ ᠱᠢᠨ᠎ᠡ ᠲᠡᠮᠳᠡᠭ᠌ᠯᠡᠯ᠎ᠢ ᠡᠭᠦᠳᠬᠦ᠌᠎ᠶ᠋ᠢ ᠲᠠᠭᠠᠯᠳᠤᠨ᠂ ᠶᠠᠫᠣᠨ᠎ᠤ ᠳᠠᠭᠤᠷᠢᠶᠠᠮᠠᠯ ᠮᠠᠱᠢᠨ ᠴᠢᠨᠣ᠎ᠠ ᠦᠢᠯᠡᠳᠪᠦᠷᠢᠯᠡᠭ᠌ᠦ ᠠᠵᠤ ᠠᠬᠤᠢᠯᠠᠯ ᠤᠨ ᠵᠠᠬᠢᠶᠠᠯᠠᠭ᠎ᠠ ᠡᠨᠡ ᠵᠢᠯ ᠶᠡᠬᠡᠪᠡᠷ ᠨᠡᠮᠡᠭ᠌ᠳᠡᠵᠦ᠍᠂ ᠥᠩᠭᠡᠷᠡᠭ᠌ᠰᠡᠨ ᠨᠢᠭᠡ ᠵᠢᠯ᠎ᠦᠨ ᠵᠠᠬᠢᠶᠠᠯᠠᠭ᠎ᠠ᠎ᠶ᠋ᠢᠨ ᠬᠠᠭᠤᠳᠠᠰᠤ ᠡᠴᠡ ᠤᠯᠠᠨ ᠪᠣᠯᠵᠠᠢ᠃ ᠡᠢᠮᠦ᠍ ᠮᠠᠱᠢᠨ ᠴᠢᠨᠣ᠎ᠠ᠎ᠶ᠋ᠢᠨ ᠭᠠᠳᠠᠷ ᠬᠡᠯᠪᠡᠷᠢ ᠨᠢ ᠳᠣᠭ᠍ᠰᠢᠨ ᠪᠠᠢᠵᠤ᠂ ᠰᠣᠨᠣᠰᠭᠤᠯᠠᠷ ᠪᠠᠭᠠᠪᠠᠭᠠᠶ ᠵᠡᠷᠭᠡ ᠬᠡᠭᠡᠷ᠎ᠡ᠎ᠶ᠋ᠢᠨ ᠠᠮᠢᠲᠠᠨ᠎ᠢ ᠠᠶᠤᠯᠭᠠᠵᠤ ᠴᠢᠳᠠᠨ᠎ᠠ᠃
ᠹᠷᠠᠨᠼᠢ᠎ᠶ᠋ᠢᠨ ᠰᠣᠨᠢᠨ ᠮᠡᠳᠡᠭᠡᠨ᠎ᠦ ᠬᠣᠷᠢᠶ᠎ᠠ᠎ᠶ᠋ᠢᠨ 13 ᠤ᠋ ᠡᠳᠦᠷ ᠮᠡᠳᠡᠭᠡᠯᠡᠭ᠌ᠰᠡᠨᠢᠶᠡᠷ᠂ ᠮᠠᠱᠢᠨ ᠴᠢᠨᠣ᠎ᠠ᠎ᠶ᠋ᠢᠨ ᠠᠷᠤᠭ ᠶᠠᠰᠤ᠎ᠶ᠋ᠢ ᠬᠣᠭᠣᠯᠠᠶ᠎ᠪᠠᠷ ᠤᠭ᠍ᠰᠠᠷᠠᠵᠤ᠂ ᠭᠠᠳᠠᠷ ᠲᠠᠯ᠎ᠠ᠎ᠳᠤᠨᠢ ᠬᠢᠮᠡᠯ ᠠᠷᠠᠰᠤ ᠨᠥᠮᠥᠷᠦᠭᠦᠯᠵᠦ᠂ ᠬᠣᠶᠠᠷ ᠨᠢᠳᠦ᠍᠎ᠶ᠋ᠢ ᠨᠢ LED ᠳ᠋ᠧᠩ᠎ᠦᠨ ᠫᠣᠣᠰᠠ᠎ᠪᠠᠷ ᠭᠡᠷᠡᠯᠲᠦᠭᠦᠯᠵᠦ᠍ ᠪᠣᠯᠤᠨ᠎ᠠ᠃ ᠮᠠᠱᠢᠨ ᠴᠢᠨᠣ᠎ᠠ᠎ᠶᠢᠨ ᠪᠦᠷᠢᠶ᠎ᠡ ᠨᠢ ᠬᠥᠮᠦᠨ᠎ᠦ ᠲᠠᠭᠤ ᠪᠠ ᠡᠯᠧᠺᠲ᠋ᠷᠣᠨ ᠱᠤᠤᠬᠢᠶᠠᠨ᠎ᠢ ᠪᠠᠭ᠍ᠲᠠᠭᠠᠭ᠍ᠰᠠᠨ 50 ᠭᠠᠷᠤᠶ ᠵᠦᠶ᠋ᠯ᠎ᠦᠨ ᠲᠠᠭᠤ ᠭᠠᠷᠭᠠᠵᠤ᠂ ᠡᠷᠬᠢᠨ ᠲᠣᠭᠣᠷᠢᠨ᠎ᠤ 1 ᠺᠢᠯᠣᠮᠧᠲ᠋ᠷ᠎ᠦᠨ ᠳᠣᠲᠣᠷ᠎ᠠ ᠣᠯᠵᠤ ᠰᠣᠨᠣᠰᠳᠠᠭ᠃ ᠮᠠᠱᠢᠨ ᠴᠢᠨᠣ᠎ᠠ᠎ᠳᠤ ᠠᠰᠲᠠᠭᠠᠨ ᠳ᠋ᠢᠶᠠᠨ ᡂᠢ᠂ ᠨᠡᠷᠡᠨ ᠡᠨᠧᠷᠭᠢ᠎ᠶ᠋ᠢᠨ ᠬᠠᠪᠲᠠᠰᠤ ᠪᠠ ᠨᠦᠯᠦᠭᠡᠯᠡᠭᠦᠷ ᠵᠡᠷᠭᠡ ᠰᠡᠯᠪᠢᠭ ᠲᠣᠨᠣᠭ ᠲᠣᠬᠢᠷᠠᠭᠤᠯᠵᠤ᠂ ᠬᠤᠳᠠᠯᠳᠤᠬᠤ ᠦᠨ᠎ᠡ ᠨᠢ ᠠᠳᠠᠭ ᠳᠠᠭᠠᠨ 4000 ᠳ᠋ᠣᠯᠯᠠᠷ᠎ᠲᠦ ᠬᠦᠷᠳᠡᠭ᠃
ᠡᠨᠡ ᠬᠦ᠌ ᠮᠠᠱᠢᠨ ᠴᠢᠨᠣ᠎ᠠ ᠦᠶ᠋ᠯᠡᠳᠬᠦ᠌ ᠺᠣᠮᠫᠠᠨᠢ ᠬᠤᠺᠺᠠᠢᠳᠣᠣ᠋ᠳ᠋ᠤ ᠪᠠᠢᠷᠢᠯᠠᠵᠤ᠂ ᠡᠨᠡ ᠵᠢᠯ᠎ᠡᠴᠡ ᠨᠠᠭᠠᠰᠢ ᠨᠢᠭᠡᠨᠲᠡ 50 ᠱᠢᠬᠠᠮ ᠬᠤᠪᠢ ᠵᠠᠬᠢᠶᠠᠯᠠᠭ᠎ᠠ ᠳᠤᠰᠴᠦ ᠭᠤᠤᠯᠳᠠᠭᠤ ᠲᠠᠷᠢᠶᠠᠴᠢᠨ᠂ ᠭᠤᠯᠹ ᠪᠥᠮᠪᠥᠭᠡ᠎ᠶ᠋ᠢᠨ ᠲᠠᠯᠠᠪᠤᠷ᠎ᠤᠨ ᠡᠵᠡᠩᠨᠡᠭ᠌ᠴᠢ ᠵᠡᠷᠭᠡ᠎ᠡᠴᠡ ᠢᠷᠡᠯᠲᠡ᠎ᠲᠡᠶ᠃ ᠭᠡᠪᠡᠴᠦ᠍ ᠮᠠᠱᠢᠨ ᠴᠢᠨᠣ᠎ᠠ᠎ᠶ᠋ᠢ ᠴᠥᠮ ᠭᠠᠷ᠎ᠢᠶᠠᠷ ᠦᠶ᠋ᠯᠡᠳᠬᠦ᠌ ᠪᠣᠯᠬᠣᠷ ᠬᠡᠷᠡᠭᠯᠡᠭᠴᠢ 2 ~ 3 ᠰᠠᠷ᠎ᠠ ᠬᠦᠯᠢᠶᠡᠵᠦ ᠪᠠᠢᠮ᠎ᠠ᠎ᠵᠢᠨ ᠰᠠᠶᠢ ᠪᠠᠷᠠᠭ᠎ᠠ ᠵᠢ ᠳᠤᠰᠴᠤ ᠤᠯᠳᠠᠭ᠃
ᠶᠠᠫᠣᠨ᠎ᠤ ᠣᠷᠴᠢᠨ ᠲᠣᠭᠣᠷᠢᠨ᠎ᠤ ᠶᠠᠮᠤᠨ᠎ᠤ 4 ᠰᠠᠷ᠎ᠠ᠎ᠶ᠋ᠢᠨ 7 ᠤ᠋ ᠡᠳᠦᠷ ᠨᠡᠢᠲᠡᠯᠡᠭ᠌ᠰᠡᠨ ᠠᠩᠬ᠎ᠠ ᠠᠯᠬᠤᠮ᠎ᠤᠨ ᠲᠣᠭ᠎ᠠ ᠪᠠᠷᠢᠮᠲᠠ᠎ᠳᠤ ᠢᠯᠡᠷᠡᠭᠦᠯᠦᠭ᠌ᠰᠡᠨ᠎ᠢᠶᠡᠷ᠂ 2025 ᠣᠨ᠎ᠤ 4 ᠰᠠᠷ᠎ᠠ ᠡᠴᠡ 2026 ᠣᠨ᠎ᠤ 3 ᠰᠠᠷ᠎ᠠ ᠪᠣᠯᠲᠠᠯᠠᠬᠢ ᠡᠳ᠋᠎ᠦᠨ ᠵᠠᠰᠠᠭ᠎ᠤᠨ ᠤᠨ᠎ᠤ ᠳᠣᠲᠣᠷ᠎ᠠ᠂ ᠶᠠᠫᠣᠨ᠎ᠤ ᠪᠥᠬᠥ᠌ ᠤᠯᠤᠰ᠎ᠲᠤ ᠨᠡᠢᠲᠡ 238 ᠬᠥᠮᠦᠨ ᠪᠠᠭᠠᠪᠠᠭᠠᠶ᠎ᠳᠤ ᠳᠠᠭᠠᠷᠢᠭ᠍ᠳᠠᠵᠤ ᠱᠢᠷᠬᠠᠲᠤᠵᠠᠶ᠂ ᠡᠭᠦᠨ᠎ᠳᠦ 13 ᠬᠥᠮᠦᠨ ᠦᠬᠦᠵᠦ᠂ ᠬᠣᠶᠠᠷ ᠵᠦᠶ᠋ᠯ᠎ᠦᠨ ᠲᠣᠭ᠎ᠠ ᠪᠠᠷᠢᠮᠲᠠ᠎ᠨᠢ ᠴᠥᠮ ᠲᠡᠦᠬᠡ᠎ᠶ᠋ᠢᠨ ᠱᠢᠨ᠎ᠡ ᠲᠡᠮᠳᠡᠭ᠌ᠯᠡᠯ᠎ᠢ ᠡᠭᠦᠳᠪᠡ᠃
ᠢᠷᠡᠯᠳᠡ᠄ ᠰᠢᠨᠬᠤᠸᠠ ᠬᠤᠷᠢᠶ᠎ᠠ
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠵᠣᠣ ᠱᠦ᠍ ᠭᠤᠸᠠᠩ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃