ᠲᠡᠷᠢᠭᠦᠨ ᠨᠢᠭᠤᠷ>ᠴᠠᠭ ᠲᠦᠷᠦ>ᠮᠠᠯ ᠲᠠᠷᠢᠶᠠᠯᠠᠩ

2026-10-20 10:52:59

ᠵᠣᠬᠢᠶᠠᠭ᠍ᠴᠢ᠄ ᠣᠩᠱᠢᠭ᠍ᠰᠠᠨ ᠣᠳᠠᠭ᠎ᠠ᠄ 3

10 ᠰᠠᠷ᠎ᠠ᠎ᠶᠢᠨ 17 ᠎ᠤ᠋ ᠡᠳᠦᠷ᠂ ᠰᠤᠷᠪᠤᠯᠵᠢᠯᠠᠭᠴᠢ ᠤᠯᠠᠭᠠᠨᠴᠠᠪ ᠬᠣᠲᠠ᠎ᠶᠢᠨ ᠴᠠᠬᠠᠷ ᠪᠠᠷᠠᠭᠤᠨ ᠭᠠᠷᠤᠨ ᠡᠮᠦᠨᠡᠲᠦ᠍ ᠬᠣᠰᠢᠭᠤᠨ᠎ᠤ ᠬᠣᠩ ᠹᠦ᠋ ᠣᠲᠣ ᠦᠶ᠎ᠡ᠎ᠶᠢᠨ ᠲᠠᠷᠢᠶᠠᠯᠠᠩ᠎ᠤᠨ ᠠᠵᠤ ᠦᠢᠯᠡᠰ᠎ᠦᠨ ᠬᠦᠷᠢᠶᠡᠯᠡᠩ᠎ᠳᠦ ᠬᠥᠷᠪᠡ᠃ ᠨᠠᠮᠤᠷ᠎ᠤᠨ ᠪᠣᠷᠣᠭᠠᠨ ᠰᠢᠪᠡᠷᠡᠭᠰᠡᠭᠡᠷ ᠪᠠᠢᠬᠰᠡᠨ ᠴᠤ᠌᠂ ᠬᠦᠯᠡᠮᠵᠢ ᠵᠢᠨ ᠳᠣᠲᠣᠷ᠎ᠠ ᠬᠠᠷᠢᠨ ᠤᠨᠴᠠ ᠵᠢᠨ ᠰᠠᠢᠬᠠᠨ ᠥᠩᠭᠡ ᠦᠵᠡᠮᠵᠢ᠎ᠲᠡᠶ ᠪᠠᠢᠯ᠎ᠠ᠃ ᠬᠦᠯᠡᠮᠵᠢ ᠵᠢᠨ ᠳᠣᠲᠣᠷ᠎ᠠ ᠦᠴᠤᠭᠡᠨ ᠴᠤ᠌ ᠰᠢᠪᠠᠷ ᠰᠢᠷᠣᠶ ᠬᠠᠷᠠᠭᠳᠠᠬᠤ ᠦᠭᠡᠢ᠂ ᠬᠡᠯᠬᠢᠶᠠᠵᠢᠵᠤ ᠪᠤᠯᠪᠠᠰᠤᠷᠠᠬᠰᠡᠨ ᠤᠯᠠᠭᠠᠨ ᠲᠥᠪᠡᠳ ᠬᠠᠰᠢ ᠬᠣᠶᠠᠷ ᠬᠥᠮᠦᠨ᠎ᠤ᠋ ᠵᠡᠷᠭᠡ ᠥᠨᠳᠥᠷ ᠣᠷᠢᠶᠠᠩᠭᠤ ᠳᠡᠭᠡᠷ᠎ᠡ ᠲᠡᠬᠦᠵᠢᠨᠭᠨᠡᠨ᠎ᠠ᠃

ᠬᠦᠯᠡᠮᠵᠢ᠎ᠶᠢᠨ ᠤᠷᠳᠤ ᠬᠤᠩᠬᠢᠯ᠎ᠳᠤ᠂ ᠤᠯᠠᠨ᠎ᠢᠶᠠᠷ᠎ᠢᠶᠠᠨ ᠠᠵᠢᠯ᠎ᠤᠨ ᠰᠡᠯᠡᠬᠦᠤ ᠪᠡᠨ ᠠᠮᠵᠢᠵᠤ ᠨᠢᠭᠡ ᠳᠣᠣᠷ᠎ᠠ ᠴᠤᠭᠯᠠᠷᠠᠨ᠂ ᠡᠮᠦᠨ᠎ᠡ ᠨᠢᠭᠡ ᠡᠳᠦᠷ ᠶᠡᠷᠦᠩᠬᠡᠢ ᠱᠦᠵᠢ ᠰᠢ ᠵᠢᠨ ᠫᠢᠩ᠎ᠦᠨ ᠤᠯᠠᠭᠠᠨᠴᠠᠪ ᠬᠤᠳᠠ᠎ᠳᠤ ᠰᠢᠨᠵᠢᠯᠡᠨ ᠪᠠᠶ᠋ᠢᠴᠠᠭᠠᠬᠰᠡᠨ ᠲᠤᠬᠠᠢ ᠶᠠᠷᠢᠯᠴᠠᠵᠤ᠂ ᠶᠠᠷᠢᠯᠴᠠᠬᠤ ᠲᠤᠳᠤᠮ ᠠᠵᠢᠯ ᠤ᠋ᠨ ᠡᠷᠴᠢ ᠵᠣᠷᠢᠭ᠎ᠨᠢ ᠬᠦᠪᠴᠢᠯᠡᠭᠳᠡᠨ᠎ᠠ᠃

53 ᠨᠠᠰᠤᠲᠠᠢ ᠳ᠋ᠦ᠋ ᠴᠢᠩ ᠹᠸᠩ ᠬᠦᠯᠡᠮᠵᠢ᠎ᠡᠴᠡ ᠭᠠᠷᠴᠤ᠌ ᠢᠷᠡᠭᠡᠳ᠄ 《ᠶᠡᠷᠦᠩᠬᠡᠢ ᠱᠦᠵᠢ ᠰᠢ ᠵᠢᠨ ᠫᠢᠩ 〈ᠮᠠᠯᠴᠢᠨ ᠲᠠᠷᠢᠶᠠᠴᠢᠨ᠎ᠤ ᠣᠷᠣᠯᠭ᠎ᠠ᠎ᠪᠠᠨ ᠨᠡᠮᠡᠭᠳᠡᠭᠦᠯᠵᠦ᠍ ᠪᠠᠶᠠᠵᠢᠬᠤ᠎ᠶᠢ ᠠᠬᠢᠭᠤᠯᠤᠨ᠎ᠠ〉 ᠭᠡᠵᠦ᠍ ᠳᠤᠷᠠᠳᠤᠭᠰᠠᠨ᠎ᠢ ᠰᠣᠨᠣᠰᠤᠭᠠᠳ ᠮᠢᠨᠤ ᠰᠡᠳᠬᠢᠯ ᠮᠠᠰᠢ ᠲᠤᠬᠳᠤᠯᠵᠠᠢ᠃ ᠣᠳᠣ᠎ᠶᠢᠨ ᠲᠠᠷᠢᠶᠠᠴᠢᠳ ᠤ᠋ᠨ ᠠᠮᠢᠳᠤᠷᠠᠯ ᠮᠠᠰᠢ ᠵᠤᠯ ᠵᠢᠷᠭᠠᠯ ᠲᠠᠢ ᠪᠠᠢᠨ᠎ᠠ᠂ ᠪᠢ ᠨᠢᠭᠡᠨᠲᠡ ᠴᠠᠬᠢᠯᠭᠠᠨ ᠱᠠᠲᠤ᠌ ᠤᠬᠰᠠᠷᠠᠬᠰᠡᠨ 100 ᠲᠡᠭᠰᠢ ᠲᠦᠷᠪᠡᠯᠵᠢᠨ ᠮᠧᠲ᠋ᠷ᠎ᠦᠨ ᠲᠡᠯᠡᠪᠡᠢ ᠲᠠᠢ ᠠᠰᠠᠷ ᠬᠤᠳᠠᠯᠳᠤᠨ ᠠᠪᠤᠪᠠ᠃ ᠳᠠᠷᠠᠭ᠎ᠠ ᠨᠢᠭᠡ ᠠᠯᠬᠤᠮ ᠳ᠋ᠤ ᠮᠠᠰᠢᠨ ᠲᠡᠷᠭᠡ ᠪᠡᠨ ᠰᠣᠯᠢᠬᠤ ᠰᠠᠨᠠᠭ᠎ᠠ᠎ᠲᠠᠶ᠂ ᠲᠣᠰᠣ ᠴᠠᠬᠢᠯᠭᠠᠨ ᠬᠣᠯᠢᠯᠳᠤᠭᠰᠠᠨ ᠬᠦᠳᠡᠯᠭᠡᠬᠦ ᠬᠦᠴᠤᠨ ᠤ᠋ ᠬᠢ ᠵᠢ ᠰᠣᠩᠭᠣᠬᠤ ᠪᠡᠷ ᠪᠠᠢᠨ᠎ᠠ》 ᠭᠡᠵᠤ ᠰᠡᠳᠬᠢᠯ ᠲᠤᠬᠳᠤᠯᠤᠨ ᠬᠡᠯᠡᠪᠡ᠃

《ᠳ᠋ᠦ᠋ ᠡᠭᠡᠴᠢ ᠡ᠂ ᠬᠣᠶᠠᠷ ᠵᠢᠯ᠎ᠤ᠋ᠨ ᠲᠤᠳᠤᠷ᠎ᠠ ᠬᠤᠳᠠᠯᠳᠤᠨ ᠠᠪᠴᠤ᠌ ᠲᠠᠢᠯᠤᠨ᠎ᠠ ᠦᠦ?》

《ᠲᠠᠢᠯᠤᠨ᠎ᠠ ᠡ! ᠮᠢᠨᠦ᠍ ᠰᠠᠷ᠎ᠠ᠎ᠶᠢᠨ ᠴᠠᠯᠢᠩ ᠳᠣᠯᠣᠭ᠎ᠠ ᠨᠠᠢ᠍ᠮᠠᠨ ᠮᠢᠩᠭ᠎ᠠ᠂ ᠬᠣᠶᠠᠷ ᠵᠢᠯ ᠬᠠᠳᠠᠭᠠᠯᠠᠪᠠᠯ ᠠᠷᠪᠠᠨ ᠬᠡᠳᠦᠨ ᠲᠦᠮᠡᠨ ᠵᠤᠭᠤᠰ ᠤ᠋ᠨ ᠮᠠᠰᠢᠨ ᠲᠡᠷᠭᠡ ᠬᠤᠳᠠᠯᠳᠤᠨ ᠠᠪᠴᠢᠬᠠᠨ᠎ᠠ》᠃ ᠳ᠋ᠦ᠋ ᠴᠢᠩ ᠹᠸᠩ᠂ 《ᠪᠠᠰᠠ ᠵᠢᠭᠠᠬᠠᠨ ᠨᠠᠰᠤᠵᠢᠯ᠎ᠤᠨ ᠠᠰᠠᠷᠠᠮᠵᠢ᠎ᠶᠢᠨ ᠵᠣᠭᠣᠰ ᠬᠠᠳᠠᠭᠠᠯᠠᠴᠢᠬᠠᠪᠡᠯ ᠦᠳᠡᠯᠤᠭᠡ ᠨᠠᠰᠤᠨ ᠤ᠋ ᠠᠮᠢᠳᠤᠷᠠᠯ ᠪᠠᠲᠤᠯᠠᠭ᠎ᠠ᠎ᠲᠠᠶ ᠪᠣᠯᠴᠢᠬᠠᠨ᠎ᠠ》 ᠭᠡᠪᠡ᠃

ᠢᠩᠬᠢᠵᠦ ᠶᠠᠷᠢᠬᠤ ᠵᠢᠨ ᠲᠠᠭᠠᠤ ᠲᠡᠷᠡ ᠲᠦᠷ ᠵᠤᠬᠰᠤᠰᠬᠢᠭᠠᠤᠨ᠄《ᠬᠥᠮᠦᠨ ᠤ᠋ ᠠᠮᠢᠳᠤᠷᠠᠯ ᠭᠡᠳᠡᠭ ᠴᠢᠨᠢ  ᠬᠦᠰᠡᠯ ᠡᠷᠡᠮᠡᠯᠵᠡᠯ᠎ᠲᠡᠶ ᠪᠠᠶ᠋ᠢᠬᠤ ᠬᠡᠷᠡᠭᠲᠡᠢ᠂ ᠬᠦᠰᠡᠯ ᠡᠷᠡᠮᠡᠯᠵᠡᠯ᠎ᠲᠡᠶ ᠪᠠᠶ᠋ᠢᠪᠠᠯ ᠰᠠᠶᠢ ᠡᠷᠴᠢ ᠬᠦᠴᠤ ᠲᠠᠢ ᠠᠮᠢᠳᠤᠷᠠᠵᠤ ᠴᠢᠳᠠᠨ᠎ᠠ》 ᠭᠡᠵᠤ ᠬᠡᠯᠡᠨ᠎ᠠ᠃

ᠳᠡᠮᠡᠢ ᠬᠤᠯᠠ ᠦᠭᠡᠢ ᠭᠠᠵᠠᠷ᠂ ᠠᠵᠢᠯᠴᠢᠨ ᠸᠠᠩ ᠳ᠋ᠸ ᠪᠠᠰᠠ ᠬᠦᠯᠡᠮᠵᠢ᠎ᠡᠴᠡ ᠭᠠᠷᠴᠤ᠌ ᠢᠷᠡᠭᠡᠳ ᠬᠥᠯᠥᠰᠥ᠎ᠪᠡᠨ ᠠᠷᠴᠢᠵᠤ᠄ 《ᠪᠢ ᠡᠨᠳᠡ ᠬᠦᠯᠤᠰᠤᠨ ᠠᠵᠢᠯ ᠬᠢᠵᠤ ᠰᠠᠷ᠎ᠠ ᠪᠦᠷᠢ 8000 ᠭᠠᠷᠤᠢ ᠵᠣᠭᠣᠰ ᠣᠯᠵᠤ ᠪᠤᠢ᠂ ᠥᠩᠭᠡᠷᠡᠭᠰᠡᠨ᠎ᠳᠦ ᠵᠡᠬᠦᠳᠦᠨ ᠳ᠋ᠦ ᠴᠦ᠍ ᠤᠷᠤᠬᠤ ᠦᠭᠡᠢ ᠶᠤᠮ!》 ᠭᠡᠪᠡ᠃

ᠬᠠᠵᠠᠭᠤ᠎ᠳᠤᠨᠢ᠂ ᠬᠦᠷᠢᠶᠡᠯᠡᠩ ᠲᠣᠭᠣᠷᠢᠭ᠎ᠤᠨ ᠠᠷᠢᠭᠤᠨ ᠴᠡᠪᠡᠷ᠎ᠢ ᠬᠠᠮᠠᠭᠠᠯᠠᠬᠤ ᠠᠵᠢᠯ ᠬᠢᠵᠦ᠍ ᠪᠠᠶ᠋ᠢᠭ᠎ᠠ ᠰᠢᠨ ᠰᠢᠤᠸᠠᠢ ᠴᠢᠩ ᠡᠭᠡᠴᠢ ᠰᠠᠷᠠᠪᠴᠢᠨ ᠳᠣᠲᠣᠷᠠᠬᠢ ᠲᠥᠬᠥᠭᠡᠷᠦᠮᠵᠢ᠎ᠶᠢ ᠵᠢᠭᠠᠵᠤ᠄ 《ᠬᠦᠯᠡᠮᠵᠢ᠎ᠶᠢ ᠪᠦᠷ ᠠᠦ᠋ᠲ᠋ᠣ᠋ ᠬᠠᠮᠢᠶᠠᠷᠤᠯᠳᠠ ᠭᠢᠵᠤ  ᠪᠠᠶ᠋ᠢᠨ᠎ᠠ᠂ ᠬᠠᠯᠠᠭᠤᠨ ᠡᠳᠦᠷ ᠪᠤᠯᠪᠠᠯ ᠲᠡᠷᠡ ᠥᠪᠡᠷᠲᠡᠭᠡᠨ ᠤᠰᠤ ᠰᠦᠷᠴᠢᠵᠦ᠍ ᠳᠤᠯᠠᠭᠠᠨ᠎ᠢ ᠪᠠᠭᠤᠷᠠᠭᠤᠯᠵᠤ᠂ ᠬᠦᠢᠳᠡᠨ ᠡᠳᠦᠷ ᠪᠤᠯᠪᠠᠯ ᠥᠪᠡᠷ᠎ᠵᠢᠡᠨ ᠳᠤᠯᠠᠭᠠᠨ᠎ᠤ ᠬᠡᠮᠵᠢᠶ᠎ᠡ᠎ᠪᠡᠨ ᠲᠣᠬᠢᠷᠠᠭᠤᠯᠵᠤ᠂ ᠬᠥᠮᠦᠨ ᠬᠠᠷᠠᠵᠤ ᠰᠠᠭᠤᠬᠤ ᠬᠡᠷᠡᠭ ᠥᠬᠡᠶ᠃ ᠡᠭᠦᠨ᠎ᠳᠦ ᠬᠠᠮᠤᠭ᠎ᠤᠨ ᠶᠡᠬᠡ ᠮᠡᠷᠭᠡᠵᠢᠯ᠎ᠦᠨ ᠠᠭᠤᠯᠤᠭᠳᠠᠴᠠ᠎ᠲᠠᠶ ᠨᠢ ᠡᠨᠡ ᠬᠦ᠌ ᠬᠦᠷᠦᠰᠦ ᠰᠢᠷᠤᠢ ᠥᠬᠡᠶ᠎ᠪᠡᠷ ᠳᠠᠷᠢᠵᠤ ᠪᠣᠶ᠋ᠢᠵᠢᠭᠤᠯᠬᠤ ᠶᠠᠪᠤᠳᠠᠯ ᠪᠣᠯᠤᠨ᠎ᠠ》 ᠭᠡᠵᠤ ᠬᠡᠯᠡᠨ᠎ᠠ᠃

《ᠪᠢᠳᠡ ᠬᠥᠷᠥᠰᠥ᠍ ᠰᠢᠷᠣᠶ ᠥᠬᠡᠶ᠎ᠪᠡᠷ ᠳᠠᠷᠢᠵᠤ ᠤᠷᠭᠤᠭᠤᠯᠬᠤ ᠮᠡᠷᠭᠡᠵᠢᠯ᠎ᠢ ᠬᠡᠷᠡᠭᠯᠡᠨ᠂ ᠡᠪᠡᠳᠴᠢᠨ ᠬᠣᠷᠣᠬᠠᠶ᠎ᠶᠢᠨ ᠬᠥᠨᠥᠭᠡᠯ᠎ᠢ ᠪᠠᠭᠠᠰᠬᠠᠵᠤ᠂ ᠲᠥᠪᠡᠳ ᠬᠠᠰᠢ᠎ᠶᠢᠨ ᠶᠠᠰᠤ ᠴᠢᠨᠠᠷ᠎ᠢ ᠳᠡᠭᠡᠭᠰᠢᠯᠡᠭᠦᠯᠦᠭᠰᠡᠨ᠎ᠵᠢᠡᠷ ᠪᠠᠷᠠᠬᠤ ᠥᠬᠡᠶ ᠪᠠᠰᠠ ᠤᠨᠠᠯᠲᠠ᠎ᠶᠢ ᠳᠡᠭᠡᠭᠰᠢᠯᠡᠭᠦᠯᠪᠡ᠃ ᠲᠠᠷᠢᠭᠰᠠᠨ ᠲᠥᠪᠡᠳ ᠬᠠᠰᠢ᠎ᠶᠢᠨ ᠬᠦᠴᠢᠯᠯᠢᠭ ᠰᠢᠬᠢᠷᠯᠢᠭ ᠠᠮᠳᠠ ᠨᠢ ᠲᠤᠬᠢᠷᠠᠵᠤ ᠬᠡᠷᠡᠭᠯᠡᠭᠴᠢᠳ ᠪᠦᠷ ᠳᠤᠷᠠᠲᠠᠶ ᠪᠠᠢᠳᠠᠭ》᠃ ᠬᠦᠷᠢᠶᠡᠯᠡᠩ ᠲᠣᠭᠣᠷᠢᠭ᠎ᠤᠨ ᠵᠡᠭᠦᠨ ᠨᠢᠭᠡᠳᠦᠭᠡᠷ ᠲᠣᠭᠣᠷᠢᠭ᠎ᠤᠨ ᠳᠤᠭᠤᠶ᠋ᠢᠯᠠᠩ᠎ᠤᠨ ᠳᠠᠷᠤᠭ᠎ᠠ ᠯᠢᠦ ᠯᠢ ᠴᠧᠨ ᠦᠭᠡ᠎ᠶᠢ ᠲᠤᠰᠴᠤ᠌ ᠠᠪᠤᠭᠠᠳ᠄《ᠬᠦᠢᠲᠡᠨ ᠬᠡᠯᠬᠢᠶᠡᠲᠦ᠍ ᠲᠣᠬᠢᠷᠠᠭᠤᠯᠤᠨ ᠬᠦᠷᠭᠡᠬᠦ᠌ ᠦᠢᠯᠡᠴᠢᠯᠡᠭᠡ᠎ᠲᠡᠶ ᠪᠣᠯᠪᠠᠯ ᠮᠠᠨ᠎ᠤ ᠡᠨᠡ ᠲᠥᠪᠡᠳ ᠬᠠᠰᠢ ᠲᠦᠷᠭᠡᠨ ᠵᠢᠡᠷ ᠭᠠᠳᠠᠭᠰᠢ ᠪᠤᠷᠤᠯᠠᠭᠤᠯᠤᠭᠳᠠᠵᠤ᠂ ᠪᠣᠷᠣᠯᠠᠭᠤᠯᠭ᠎ᠠ᠎ᠶᠢᠨ ᠵᠠᠮ᠎ᠳᠤ ᠵᠣᠪᠠᠬᠤ ᠵᠦᠢᠯ ᠥᠬᠡᠶ᠂ ᠲᠠᠷᠢᠶᠠᠴᠢᠳ ᠴᠤ᠌ ᠦᠯᠡᠮᠵᠢ ᠠᠰᠢᠭ ᠣᠯᠵᠤ ᠴᠢᠳᠠᠨ᠎ᠠ》 ᠭᠡᠪᠡ᠃

ᠨᠥᠭᠥᠭᠡ ᠲᠠᠯ᠎ᠠ᠎ᠶᠢᠨ ᠪᠣᠭᠣᠳᠠᠯᠯᠠᠬᠤ ᠲᠠᠰᠤᠭ᠎ᠲᠤ᠌ 61 ᠨᠠᠰᠤᠲᠠᠶ ᠭᠦᠸᠧ ᠨᠠᠰᠤᠲᠠᠨ ᠲᠥᠪᠡᠳ ᠬᠠᠰᠢ᠎ᠶᠢᠨ ᠪᠣᠭᠣᠳᠠᠯᠯᠠᠬᠤ ᠬᠠᠶ᠋ᠢᠷᠴᠠᠭ᠎ᠢ ᠡᠪᠬᠡᠵᠦ᠍ ᠤᠭᠰᠠᠷᠠᠵᠤ ᠪᠠᠶ᠋ᠢᠪᠠ᠃ 《ᠪᠢ ᠣᠶ᠋ᠢᠷ᠎ᠠ ᠬᠠᠪᠢ᠎ᠶᠢᠨ ᠲᠣᠰᠬᠣᠨ᠎ᠳᠤ ᠰᠠᠭᠤᠵᠤ᠂ ᠭᠡᠷ᠎ᠲᠡᠬᠡᠨ ᠳᠣᠯᠣᠭ᠎ᠠ ᠨᠠᠢ᠍ᠮᠠᠨ ᠮᠥ᠍ ᠡᠷᠳᠡᠨᠢ ᠰᠢᠰᠢ ᠳᠠᠷᠢᠵᠤ᠂ ᠵᠢᠯ ᠪᠦᠷᠢ᠎ᠶᠢᠨ ᠨᠠᠮᠤᠷ᠎ᠤᠨ ᠬᠤᠷᠢᠶᠠᠯᠲᠠ᠎ᠳᠤ ᠬᠠᠳᠤᠵᠤ ᠬᠤᠷᠢᠶᠠᠬᠤ ᠮᠠᠰᠢᠨ ᠬᠥᠯᠥᠰᠥᠯᠡᠨ᠂ ᠡᠩ᠎ᠦᠨ ᠦᠶ᠎ᠡ᠎ᠳᠦ ᠬᠦᠷᠢᠶᠡᠯᠡᠩ ᠲᠣᠭᠣᠷᠢᠭ᠎ᠲᠤ᠌ ᠢᠷᠡᠵᠦ᠍ ᠬᠦᠴᠦ᠍ ᠶᠠᠪᠤᠳᠠᠭ᠃ ᠲᠠᠷᠢᠶ᠎ᠠ ᠲᠠᠷᠢᠬᠤ᠎ᠶᠢᠨ ᠳᠡᠭᠡᠷ᠎ᠡ ᠬᠦᠷᠢᠶᠡᠯᠡᠩ ᠲᠣᠭᠣᠷᠢᠭ᠎ᠲᠤ᠌ ᠬᠦᠴᠦ᠍ ᠶᠠᠪᠤᠭᠰᠠᠨ ᠬᠣᠶᠠᠷ ᠬᠤᠪᠢ ᠣᠷᠣᠯᠭ᠎ᠠ᠎ᠶᠢ ᠨᠡᠮᠡᠪᠡᠯ᠂ ᠨᠢᠭᠡ ᠵᠢᠯ᠎ᠳᠦ ᠨᠡᠯᠢᠶᠡᠳ ᠤᠷᠤᠯᠭ᠎ᠠ ᠤᠯᠴᠢᠬᠠᠨ᠎ᠠ》 ᠭᠡᠪᠡ᠃

ᠶᠠᠷᠢᠯᠴᠠᠭᠠᠨ᠎ᠤ ᠳᠤᠮᠳᠠ ᠭᠦᠧᠧ ᠨᠠᠰᠤᠳᠠᠨ ᠴᠠᠭᠠᠰᠤᠨ ᠬᠠᠶ᠋ᠢᠷᠴᠠᠭ᠎ᠢ ᠲᠦᠷᠭᠡᠭᠡᠨ ᠨᠠᠭᠠᠵᠤ᠂ ᠲᠠᠷᠢ ᠲᠡᠭᠰᠢ ᠲᠠᠯᠪᠢᠪᠠ᠃ ᠡᠳᠡᠭᠡᠷ ᠴᠠᠭᠠᠰᠤᠨ ᠬᠠᠢᠷᠴᠠᠭ ᠲᠦ᠍ ᠤᠳᠠᠯ ᠦᠭᠡᠢ ᠤᠯᠠᠭᠠᠨ ᠵᠢᠵᠢᠭ ᠲᠥᠪᠡᠳ ᠬᠠᠰᠢ ᠰᠠᠪᠠᠯᠠᠨ ᠲᠦᠭᠦᠷᠭᠡᠵᠦ᠂ ᠲᠡᠷᠭᠡ ᠪᠡᠷ ᠭᠠᠳᠠᠭᠰᠢ ᠲᠡᠭᠡᠭᠡᠪᠦᠷᠢᠯᠡᠬᠦ᠌ ᠪᠤᠯᠤᠨ᠎ᠠ᠃

《ᠪᠢᠳᠡ ᠡᠨᠳᠡ ᠨᠤᠳᠤᠬᠰᠢᠬᠰᠠᠨ ᠨᠢ ᠭᠡᠨᠡᠳᠲᠡ᠎ᠶᠢᠨ ᠶᠠᠪᠤᠳᠠᠯ ᠪᠢᠰᠢ》᠃ ᠤᠯᠠᠭᠠᠨᠴᠠᠪ᠎ᠤᠨ ᠬᠣᠩ ᠹᠦ᠋ ᠲᠠᠷᠢᠶᠠᠯᠠᠩ᠎ᠤᠨ ᠬᠢᠵᠠᠭᠠᠷᠲᠤ᠌ ᠺᠣᠮᠫᠠᠨᠢ᠎ᠶᠢᠨ ᠶᠡᠷᠦᠩᠬᠡᠶ ᠳᠠᠭᠠᠭᠠᠮᠠᠯ ᠸᠠᠩ ᠸᠧᠶ᠂ 《ᠤᠯᠠᠭᠠᠨᠴᠠᠪ᠎ᠤᠨ ᠠᠭᠤᠷ ᠠᠮᠢᠰᠬᠤᠯ ᠣᠨᠴᠠ ᠰᠡᠷᠢᠭᠦᠨ᠂ ᠡᠳᠦᠷ ᠰᠥᠨᠢ᠎ᠶᠢᠨ ᠳᠤᠯᠠᠭᠠᠨ᠎ᠤ ᠵᠥᠷᠢᠶ᠎ᠡ ᠶᠡᠬᠡ᠂ ᠨᠡᠷᠡᠨ᠎ᠦ ᠲᠤᠰᠤᠯᠲᠠ ᠭᠦᠢᠴᠡᠳ᠂ ᠠᠭᠤᠷ ᠠᠮᠢᠰᠬᠤᠯ ᠬᠠᠭᠤᠷᠠᠶ᠂ ᠡᠨᠡ ᠨᠢ ᠵᠢᠮᠢᠰ ᠢᠳᠡᠰᠢᠨ ᠨᠣᠭᠣᠭ᠎ᠠ ᠵᠢᠨ ᠤᠷᠭᠤᠯᠲᠠ᠎ᠳᠤ ᠠᠰᠢᠭᠲᠠᠶ᠃ ᠡᠨᠳᠡ ᠪᠠᠰᠠ ᠪᠡᠭᠡᠵᠢᠩ᠎ᠲᠡᠶ ᠤᠢᠷᠠᠯᠴᠠᠭ᠎ᠠ ᠪᠠᠢᠵᠤ᠂ ᠵᠠᠮ ᠬᠠᠷᠢᠯᠴᠠᠭ᠎ᠠ ᠳᠥᠭᠥᠮ ᠳᠥᠲᠡ ᠪᠠᠶ᠋ᠢᠳᠠᠭ᠃ ᠵᠢᠵᠢᠭ ᠲᠥᠪᠡᠳ ᠬᠠᠰᠢ᠎ᠶᠢ ᠲᠡᠭᠦᠭᠰᠡᠨ᠎ᠦ ᠳᠠᠷᠠᠭ᠎ᠠ 4 ᠡᠴᠡ 6 ᠴᠠᠭ᠎ᠲᠤ᠌ ᠪᠡᠭᠡᠵᠢᠩ᠎ᠦᠨ ᠵᠠᠬ᠎ᠠ ᠳᠡᠯᠭᠡᠭᠦᠷ᠎ᠲᠦ᠍ ᠣᠷᠣᠵᠤ᠂ 24 ᠴᠠᠭ᠎ᠲᠤ᠌ ᠱᠠᠩᠬᠠᠢ᠎ᠳᠤ ᠬᠦᠷᠦᠨ᠎ᠡ᠃ ᠣᠳᠣᠬᠠᠨ᠎ᠳᠤ ᠦᠢᠯᠡᠳᠬᠦᠨ ᠨᠢ ᠨᠢᠭᠡᠨᠲᠡ ᠱᠠᠨ ᠮᠤ᠌᠂ ᠾᠧ ᠮᠠ᠂ ᠵᠢᠩ ᠳ᠋ᠦᠩ ᠵᠡᠷᠭᠡ ᠪᠣᠷᠣᠯᠠᠭᠤᠯᠭ᠎ᠠ᠎ᠶᠢᠨ ᠵᠠᠮ᠎ᠢ ᠰᠤᠨᠭᠭᠤᠵᠤ᠂ ᠪᠦᠬᠦ᠌ ᠤᠯᠤᠰ᠎ᠤᠨ 50 ᠭᠠᠷᠤᠶ ᠬᠣᠲᠠ᠂ 3600 ᠭᠠᠷᠤᠶ ᠳᠡᠯᠭᠡᠭᠦᠷ᠎ᠲᠦ᠍ ᠪᠣᠷᠣᠯᠠᠭᠤᠯᠤᠭᠳᠠᠵᠤ ᠪᠠᠶ᠋ᠢᠨ᠎ᠠ》 ᠭᠡᠵᠦ ᠲᠠᠨᠢᠯᠴᠠᠭᠤᠯᠪᠠ᠃

ᠸᠠᠩ ᠸᠧᠢ᠄ 《ᠤᠮᠠᠷᠠᠲᠤ ᠣᠷᠣᠨ᠎ᠤ ᠬᠦᠯᠡᠮᠵᠢ᠎ᠶᠢᠨ ᠳᠤᠯᠠᠭᠠᠯᠠᠭ᠎ᠠ᠎ᠶᠢᠨ ᠥᠪᠡᠷ᠎ᠦᠨ ᠦᠷᠲᠡᠭ ᠥᠨᠳᠥᠷ᠂ ᠥᠪᠡᠷ᠎ᠢᠶᠡᠨ ᠨᠡᠭᠦᠷᠡᠰᠦ ᠰᠢᠲᠠᠭᠠᠬᠤ᠂ ᠰᠢᠲᠠᠮᠠᠬᠠᠢ ᠬᠡᠢ᠎ᠪᠡᠷ ᠳᠤᠯᠠᠭᠠᠯᠠᠭ᠎ᠠ ᠬᠠᠩᠭᠠᠬᠤ᠎ᠳᠤ ᠵᠠᠷᠤᠯᠭ᠎ᠠ ᠶᠡᠬᠡ ᠮᠥᠷᠲᠡᠭᠡᠨ ᠡᠨᠧᠷᠭᠢ᠎ᠶᠢᠨ ᠬᠣᠷᠣᠭᠳᠠᠯ ᠴᠤ᠌ ᠶᠡᠬᠡ ᠪᠠᠢᠳᠠᠭ᠃ ᠲᠢᠶᠠᠨ ᠫᠢ ᠱᠠᠨ ᠠᠵᠤ ᠦᠢᠯᠡᠳᠪᠦᠷᠢ᠎ᠶᠢᠨ ᠲᠣᠭᠣᠷᠢᠭ᠋᠎ᠤᠨ ᠲᠡᠮᠦᠷ᠎ᠦᠨ ᠬᠠᠢᠯᠤᠰᠢ᠎ᠶᠢᠨ ᠦᠢᠯᠡᠳᠪᠦᠷᠢᠯᠡᠯ ᠨᠢ ᠶᠡᠬᠡ ᠬᠡᠮᠵᠢᠶᠡᠨ᠎ᠦ ᠦᠯᠡᠳᠡᠪᠦᠷᠢ ᠢᠯᠴᠢ ᠡᠭᠦᠰᠬᠡᠨ᠎ᠡ᠂ ᠡᠨᠡ ᠬᠡᠰᠡᠭ ᠢᠯᠴᠢ᠎ᠶᠢ ᠲᠠᠯᠠᠭᠠᠷ ᠰᠦᠢᠳᠬᠡᠬᠦ ᠦᠭᠡᠢ᠎ᠶᠢᠨ ᠲᠥᠯᠥᠭᠡ᠂ ᠲᠤᠬᠠᠢ᠎ᠶᠢᠨ ᠭᠠᠵᠠᠷ᠎ᠤᠨ ᠵᠠᠰᠠᠭ᠎ᠤᠨ ᠣᠷᠳᠣᠨ 14 ᠺᠢᠯᠣᠮᠧᠲᠷ᠎ᠦᠨ ᠬᠣᠭᠣᠯᠠᠢ ᠤᠭᠰᠠᠷᠠᠵᠦ᠂ ᠦᠯᠡᠳᠡᠪᠦᠷᠢ ᠢᠯᠴᠢ᠎ᠶᠢ ᠬᠦᠯᠡᠮᠵᠢ᠎ᠳᠦ ᠣᠷᠣᠭᠤᠯᠤᠨ᠂ ᠡᠪᠦᠯ᠎ᠦᠨ ᠤᠯᠠᠷᠢᠯ᠎ᠤᠨ ᠳᠤᠯᠠᠭᠠᠯᠠᠭ᠎ᠠ᠎ᠶᠢᠨ ᠥᠪᠡᠷ᠎ᠦᠨ ᠥᠷᠲᠡᠭ᠎ᠢ ᠲᠡᠭᠰᠢ ᠳᠥᠷᠪᠡᠯᠵᠢᠨ ᠮᠧᠲᠷ ᠪᠦᠷᠢ᠎ᠳᠦ 30 ᠲᠥᠭᠥᠷᠢᠭ᠎ᠦᠨ ᠳᠣᠲᠣᠷ᠎ᠠ ᠪᠠᠭᠤᠷᠠᠭᠤᠯᠵᠠᠢ》 ᠭᠡᠪᠡ᠃

ᠰᠤᠷᠪᠤᠯᠵᠢᠯᠠᠭ᠍ᠴᠢ᠎ᠶᠢᠨ ᠣᠢᠯᠠᠭᠠᠭᠰᠠᠨ᠎ᠢᠶᠠᠷ᠂ ᠠᠵᠤ ᠦᠢᠯᠡᠰ᠎ᠦᠨ ᠬᠦᠷᠢᠶᠡᠯᠡᠩ ᠪᠠᠢᠭᠤᠯᠤᠭᠳᠠᠭᠠᠳ 200 ᠭᠠᠷᠤᠢ ᠲᠣᠭᠲᠠᠮᠠᠯ ᠠᠵᠢᠯ᠎ᠤᠨ ᠪᠠᠢᠷᠢ᠂ 300 ᠭᠠᠷᠤᠢ ᠤᠯᠠᠷᠢᠯ᠎ᠤᠨ ᠴᠢᠨᠠᠷᠲᠠᠢ ᠠᠵᠢᠯ᠎ᠤᠨ ᠪᠠᠢᠷᠢ᠎ᠵᠢ ᠬᠠᠩᠭᠠᠵᠦ᠂ 52 ᠶᠠᠳᠠᠭᠤ᠎ᠡᠴᠡ ᠠᠩᠭᠢᠵᠢᠷᠠᠭᠰᠠᠨ ᠠᠷᠠᠤᠨ ᠭᠡᠷ᠎ᠤᠨ ᠡᠬᠦᠳᠡᠨ ᠡᠮᠦᠨ᠎ᠠ ᠠᠵᠢᠯ ᠤᠯᠵᠦ᠂ ᠲᠣᠭᠲᠠᠭᠤᠨ ᠣᠷᠣᠯᠭ᠎ᠠ ᠲᠠᠢ ᠪᠤᠯᠵᠠᠢ᠃ ᠠᠵᠤ ᠦᠢᠯᠡᠰ᠎ᠦᠨ ᠠᠪᠴᠢᠷᠠᠭᠰᠠᠨ ᠠᠰᠢᠭ᠋ ᠨᠢ ᠵᠥᠪᠬᠡᠨ ᠬᠥᠯᠥᠰᠦᠨ ᠠᠵᠢᠯ ᠬᠢᠵᠦ ᠴᠠᠯᠢᠩ ᠤᠯᠬᠤ᠎ᠳᠦ ᠪᠠᠢᠬᠤ ᠪᠢᠰᠢ᠃ ᠪᠡᠭᠡᠵᠢᠩ ᠥᠪᠥᠷ ᠮᠣᠩᠭᠣᠯ᠎ᠤᠨ ᠬᠠᠮᠵᠢᠯᠴᠠᠭ᠎ᠠ᠎ᠳᠤ ᠲᠦᠰᠢᠭᠯᠡᠨ᠂ ᠴᠠᠬᠠᠷ ᠪᠠᠷᠠᠭᠤᠨ ᠭᠠᠷᠤᠨ ᠡᠮᠦᠨᠡᠲᠦ ᠬᠣᠰᠢᠭᠤᠨ᠎ᠤ ᠵᠠᠰᠠᠭ᠎ᠤᠨ ᠣᠷᠳᠣᠨ ᠡᠷᠬᠢᠨ ᠲᠣᠭᠣᠷᠢᠨ᠎ᠤ 18 ᠠᠢᠯ ᠲᠣᠰᠬᠣᠨ᠎ᠤ ᠬᠠᠮᠲᠤ᠎ᠶᠢᠨ ᠪᠡᠯᠡ ᠮᠥᠩᠭᠥ᠎ᠶᠢ 3500 ᠲᠦᠮᠡᠨ ᠲᠥᠭᠥᠷᠢᠭ ᠡᠮᠬᠢᠯᠡᠨ ᠨᠡᠢᠯᠡᠭᠦᠯᠵᠦ᠂ 2 ᠲᠦᠮᠡᠨ ᠲᠡᠭᠰᠢ ᠳᠥᠷᠪᠡᠯᠵᠢᠨ ᠮᠧᠲᠷ ᠡᠳ᠋ᠰᠢᠭᠦᠯᠵᠦ ᠪᠣᠭᠣᠳᠠᠯᠯᠠᠬᠤ ᠦᠢᠯᠡᠳᠪᠦᠷᠢ᠎ᠶᠢᠨ ᠲᠠᠰᠤᠭ᠎ᠢ ᠬᠠᠮᠲᠤ᠎ᠪᠠᠷ ᠪᠠᠢᠭᠤᠯᠵᠤ᠂ ᠠᠵᠤ ᠠᠬᠤᠢᠯᠠᠯ᠎ᠳᠤ ᠲᠤᠰᠢᠶᠠᠨ ᠲᠦᠷᠢᠶᠡᠰᠦᠯᠡᠭᠦᠯᠦᠨ ᠡᠵᠡᠩᠨᠡᠭᠦᠯᠵᠦ᠂ ᠵᠢᠯ ᠪᠦᠷᠢ 180 ᠲᠦᠮᠡᠨ ᠲᠥᠭᠥᠷᠢᠭ᠎ᠢ ᠲᠣᠰᠬᠣᠨ᠎ᠤ ᠬᠠᠮᠲᠤ ᠨᠡᠶ᠋ᠢᠲᠡ᠎ᠳᠦ ᠠᠰᠢᠭ᠋ ᠬᠤᠪᠢᠶᠠᠷᠢᠯᠠᠭᠤᠯᠵᠤ᠂ 729 ᠡᠷᠦᠬᠡ᠂ 1510 ᠶᠠᠳᠠᠭᠤ᠎ᠡᠴᠡ ᠠᠩᠭᠢᠵᠢᠷᠠᠭᠰᠠᠨ ᠡᠷᠦᠬᠡ᠎ᠳᠦ ᠠᠵᠤ ᠦᠢᠯᠡᠰ᠎ᠦᠨ ᠨᠡᠮᠡᠭᠳᠡᠯ ᠥᠷᠲᠡᠭ᠎ᠦᠨ ᠠᠰᠢᠭ᠋ ᠣᠷᠣᠯᠭ᠎ᠠ᠎ᠶᠢ ᠦᠷᠭᠦᠯᠵᠢᠯᠡᠨ ᠡᠳ᠋ᠯᠡᠭᠦᠯᠪᠡ᠃

ᠪᠣᠷᠣᠭᠠᠨ ᠵᠣᠭᠰᠣᠯ᠎ᠠ᠂ ᠬᠦᠯᠡᠮᠵᠢ᠎ᠳᠦ ᠳᠤᠯᠠᠭᠠᠨ ᠪᠣᠯᠪᠠ᠃ ᠬᠦᠯᠡᠮᠵᠢ᠎ᠳᠡᠬᠢ ᠲᠥᠪᠡᠳ ᠬᠠᠰᠢ ᠨᠢ ᠵᠥᠪᠬᠡᠨ 《ᠤᠯᠠᠭᠠᠨᠴᠠᠪ ᠎ᠤᠨ ᠬᠠᠭᠤᠴᠢᠨ ᠦᠨᠤᠷ ᠠᠮᠳᠡ》᠎ᠤ᠋ᠨ ᠮᠠᠰᠢ ᠣᠯᠠᠨ ᠣᠨᠴᠠᠯᠢᠭ᠍ᠲᠤ ᠲᠠᠷᠢᠶᠠᠯᠠᠩ ᠮᠠᠯ ᠠᠵᠤ ᠠᠬᠤᠢ᠎ᠶᠢᠨ ᠪᠦᠲᠦᠭᠡᠭᠳᠡᠬᠦᠨ᠎ᠦ ᠳᠣᠲᠣᠷᠠᠬᠢ ᠨᠢᠭᠡ ᠵᠦᠢᠯ ᠨᠢ ᠪᠣᠯᠣᠨ᠎ᠠ᠃ ᠲᠥᠮᠥᠰᠥ᠂ ᠨᠣᠬᠠᠢ᠎ᠶᠢᠨ ᠬᠣᠰᠢᠭᠤ᠎ᠡᠴᠡ ᠲᠠᠯ᠎ᠠ ᠨᠤᠲᠤᠭ᠎ᠤᠨ ᠡᠭᠡᠳᠡᠭᠰᠡᠨ ᠰᠦ᠂ ᠵᠤᠰᠤᠳᠦ᠎ᠶᠢᠨ ᠠᠭᠤᠯᠠ᠎ᠶᠢᠨ ᠤᠲᠤᠮᠠᠯ ᠲᠠᠬᠢᠶ᠎ᠠ ᠬᠦᠷᠲᠡᠯ᠎ᠡ᠂ ᠨᠠᠩ ᠣᠯᠠᠨ ᠤᠯᠠᠭᠠᠨᠴᠠᠪ᠎ᠤᠨ ᠦᠨᠦᠷ ᠠᠮᠲᠠ ᠲᠠᠷᠢᠶᠠᠨ ᠭᠠᠵᠠᠷ᠎ᠡᠴᠡ ᠬᠣᠭᠣᠯᠠᠨ ᠰᠢᠷᠡᠭᠡᠨ᠎ᠳᠦ ᠭᠠᠷᠴᠤ᠂ ᠭᠠᠷᠤᠯᠲᠠ᠎ᠶᠢᠨ ᠣᠷᠣᠨ᠎ᠡᠴᠡ  ᠪᠥᠬᠥ ᠤᠯᠤᠰ᠎ᠲᠤ ᠪᠤᠷᠤᠯᠠᠭᠤᠯᠤᠬᠳᠠᠵᠦ ᠪᠠᠢᠨ᠎ᠠ᠃ ᠡᠨᠡ ᠨᠢ ᠤᠯᠠᠭᠠᠨᠴᠠᠪ᠎ᠤᠨ ᠦᠨᠦᠷ ᠠᠮᠲᠠ ᠪᠣᠯᠬᠤ ᠪᠥᠭᠡᠳ ᠪᠠᠰᠠ ᠴᠤ᠌ ᠠᠷᠠᠳ᠎ᠤᠨ ᠠᠮᠢᠳᠤᠷᠠᠯ᠎ᠤᠨ ᠰᠠᠢᠨ ᠰᠠᠢᠬᠠᠨ ᠦᠵᠡᠮᠵᠢ ᠵᠢᠷᠤᠭ  ᠪᠣᠯᠣᠨ᠎ᠠ᠃

(ᠰᠤᠷᠪᠤᠯᠵᠢᠯᠠᠨ ᠮᠡᠳᠡᠬᠡᠯᠡᠭᠰᠡᠨ ᠪᠦᠯᠬᠦᠮ ᠄  ᠵᠤᠤ ᠨᠠ     ᠯᠢ ᠵᠦᠸᠸ     ᠮᠥᠩᠬᠡᠴᠢᠯᠠᠭᠤ    ᠭᠸᠩ ᠰᠢᠨ    ᠬᠠᠢ ᠵᠢᠶᠦ᠋ᠨ )

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠬᠦᠰᠡᠯᠡᠩ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤᠨ ᠮᠣᠩᠭᠣᠯ ᠬᠡᠯᠡᠨ᠎ᠦ ᠰᠣᠨᠢᠨ ᠮᠡᠳᠡᠭᠡ᠎ᠶᠢᠨ ᠰᠦᠯᠵᠢᠶ᠎ᠡ
兼容浏览器的HTML页面