2026-10-22 12:17:11
ᠰᠢ ᠰᠸᠨ ᠪᠦᠯᠦᠭᠯᠡᠯ ᠤ᠋ᠨ ᠤᠯᠤᠰ ᠤ᠋ᠨ ᠲᠦᠮᠦᠰᠤ ᠵᠢᠨ ᠢᠨᠵᠸᠨ᠋ᠧᠷᠢᠡᠭ ᠤ᠋ᠨ ᠮᠡᠷᠭᠡᠵᠢᠯ ᠤ᠋ᠨ ᠰᠤᠳᠤᠯᠭᠠᠨ ᠤ᠋ ᠲᠦᠪ ᠤ᠋ᠨ ᠰᠠᠨᠰᠠᠷ ᠲᠤ᠌ ᠡᠭᠦᠯᠳᠡᠷ ᠪᠤᠢᠵᠢᠭᠤᠯᠬᠤ ᠲᠤᠷᠰᠢᠯᠲᠡ ᠵᠢᠨ ᠲᠠᠰᠤᠭ ᠤ᠋ᠨ ᠰᠢᠨᠵᠢᠯᠡᠬᠦ ᠤᠬᠠᠭᠠᠨ ᠤ᠋ ᠰᠤᠳᠤᠯᠭᠠᠨ ᠤ᠋ ᠪᠦᠯᠬᠦᠮ ᠤᠢᠷ᠎ᠠ ᠵᠢᠨ ᠡᠳᠤᠷ ᠤᠯᠠᠭᠠᠨᠴᠠᠪ ᠬᠤᠲᠠ ᠵᠢᠨ ᠱᠠᠡᠭᠳᠤ ᠰᠢᠶᠠᠨ ᠤ᠋ ︽ᠰᠠᠨᠰᠡᠷ ᠤ᠋ᠨ ᠲᠦᠮᠦᠰᠤ︾ ᠵᠢᠨ ᠲᠤᠷᠰᠢᠯᠲᠡ ᠵᠢᠨ ᠲᠠᠷᠢᠶᠠᠨ ᠳ᠋ᠡᠬᠢ ᠲᠦᠮᠦᠰᠦ ᠪᠠᠨ ᠡᠮᠬᠢ ᠲᠢᠭᠯᠢᠮ ᠲᠠᠢ ᠬᠤᠷᠢᠶᠠᠵᠤ ᠡᠬᠢᠯᠡᠪᠡ᠃ ᠠᠵᠢᠯᠲᠡᠳ ᠲᠦᠮᠤᠰᠤᠨᠤ ᠤᠷᠭᠤᠯᠳᠠ᠂ ᠤᠨᠠᠯᠲᠠ᠂ ᠭᠡᠮᠢ ᠡᠰᠡᠷᠭᠦᠴᠡᠬᠦ ᠴᠢᠨᠠᠷ ᠵᠡᠷᠭᠡ ᠵᠠᠡᠭᠬᠢᠯᠠᠭᠠ ᠵᠢᠨ ᠰᠢᠨᠵᠢ ᠪᠠᠢᠳᠠᠯ ᠢ᠋ ᠨᠢᠭᠡᠳ ᠨᠢᠭᠡ ᠪᠡᠷ ᠨᠠᠷᠢᠨ ᠨᠢᠮᠪᠠᠢ ᠠᠵᠢᠭᠯᠠᠨ᠂ ᠪᠦᠬᠦ ᠲᠠᠯ᠎ᠠ ᠪᠡᠷ ᠦᠨᠡᠯᠡᠨ ᠵᠢᠱ᠌ᠢᠵᠤ᠂ ᠴᠢᠨᠠᠷ ᠰᠠᠢᠲᠠᠢ ᠲᠦᠮᠦᠰᠤᠨ ᠦᠷ᠎ᠠ ᠵᠢ ᠨᠠᠷᠢᠯᠢᠭ ᠤᠨᠤᠪᠴᠢᠲᠠᠢ ᠰᠢᠯᠢᠨ ᠰᠤᠡᠭᠭᠤᠵᠤ᠂ ᠰᠢᠯᠢᠳᠡᠭ ᠡᠭᠦᠯᠳᠡᠷ ᠢ᠋ ᠪᠤᠢᠵᠢᠭᠤᠯᠤᠨ ᠲᠡᠯᠭᠡᠷᠡᠭᠦᠯᠬᠦ ᠳ᠋ᠤ ᠲᠤᠭ᠎ᠠ ᠪᠠᠷᠢᠮᠳᠠ ᠵᠢᠨ ᠦᠨᠳᠤᠰᠤᠯᠠᠯ ᠬᠠᠡᠭᠭᠠᠨᠠ᠃
ᠰᠢ ᠰᠸᠨ ᠪᠦᠯᠦᠭᠯᠡᠯ ᠤ᠋ᠨ ᠤᠯᠤᠰ ᠤ᠋ᠨ ᠲᠦᠮᠦᠰᠤ ᠵᠢᠨ ᠢᠨᠵᠸᠨ᠋ᠸᠷᠢᠡᠭ ᠤ᠋ᠨ ᠮᠡᠷᠭᠡᠵᠢᠯ ᠤ᠋ᠨ ᠰᠤᠳᠤᠯᠭᠠᠨ ᠤ᠋ ᠲᠦᠪ ᠤ᠋ᠨ ᠰᠠᠨᠰᠠᠷ ᠲᠤ᠌ ᠡᠭᠦᠯᠳᠡᠷ ᠪᠤᠢᠵᠢᠭᠤᠯᠬᠤ ᠲᠤᠷᠰᠢᠯᠲᠠ ᠵᠢᠨ ᠲᠠᠰᠤᠭ ᠤ᠋ᠨ ᠡᠷᠬᠢᠯᠡᠭᠴᠢ ᠸᠠᠡᠭ ᠵᠸᠨ ᠵᠸᠨ ᠬᠤᠪᠢᠯᠭᠠᠨ ᠤᠡᠭᠭᠤᠴᠠ ᠠᠷᠪᠠᠨ ᠲᠦᠷᠪᠡᠳᠦᠭᠡᠷ ᠲᠤ᠌ ᠠᠴᠢᠭᠳᠠᠭᠰᠠᠨ ᠲᠦᠮᠦᠰᠤᠨ ᠤ᠋ ᠦᠷ᠎ᠠ ᠵᠢ ᠲᠠᠷᠢᠶᠠᠨ ᠭᠠᠵᠠᠷ ᠲᠤ᠌ ᠭᠤᠷᠪᠠᠨ ᠵᠢᠯ ᠲᠠᠷᠠᠭᠠᠯᠠᠨ ᠠᠮᠵᠢᠯᠲᠠ ᠲᠠᠢ ᠲᠠᠷᠢᠵᠠᠢ᠃ ᠲᠦᠷᠦᠬᠦᠦ ᠵᠢᠯ ᠳ᠋ᠤ 15000 ᠬᠤᠪᠢ ᠦᠷ᠎ᠡ ᠵᠢᠨ ᠲᠤᠳᠤᠷ᠎ᠠ ᠡᠴᠡ 212 ᠬᠤᠪᠢ ᠪᠠᠷᠢᠮᠵᠢᠶ᠎ᠠ ᠳ᠋ᠤ ᠬᠦᠷᠦᠭᠰᠡᠨ ᠢ᠋ ᠨᠢ ᠰᠤᠡᠭᠭᠤᠵᠤ ᠭᠠᠷᠭᠠᠪᠠ; ᠬᠤᠶᠠᠳᠡᠬᠢ ᠵᠢᠯ ᠳ᠋ᠤ ᠲᠠᠬᠢᠨ ᠰᠤᠡᠭᠭᠤᠵᠤ ᠰᠢᠯᠢᠳᠡᠭᠵᠢᠭᠦᠯᠬᠦ ᠪᠡᠷ ᠲᠠᠮᠵᠢᠨ᠂ 23 ᠬᠤᠪᠢ ᠴᠢᠨᠠᠷ ᠰᠠᠢᠲᠠᠢ ᠦᠷ᠎ᠡ ᠵᠢ ᠦᠯᠡᠳᠡᠭᠡᠨ ᠬᠠᠳᠠᠭᠠᠯᠠᠪᠠ; ᠦᠨᠤ ᠵᠢᠯ 6 ᠬᠤᠪᠢ ᠴᠢᠨᠠᠷ ᠰᠠᠢᠲᠠᠢ ᠦᠷ᠎ᠡ ᠵᠢ ᠰᠤᠡᠭᠭᠤᠵᠤ ᠭᠠᠷᠭᠠᠵᠠᠢ᠃ ᠲᠡᠭᠦᠨᠤ ᠬᠡᠯᠡᠬᠦ ᠪᠡᠷ᠂ ᠡᠳᠡᠭᠡᠷ ᠦᠷ᠎ᠡ ᠵᠢ ᠢᠷᠡᠬᠦ ᠵᠢᠯ ᠳ᠋ᠤ ᠵᠠᠯᠭᠠᠭᠠᠳ ᠰᠤᠡᠭᠭᠤᠨ ᠪᠤᠢᠵᠢᠭᠤᠯᠬᠤ ᠲᠤᠷᠰᠢᠯᠲᠡ ᠳ᠋ᠤ ᠬᠡᠷᠡᠭᠯᠡᠬᠦ ᠪᠤᠯᠤᠨ᠎ᠠ᠃
ᠡᠬᠦᠨ ᠤ᠋ ᠲᠠᠭᠠᠤ᠂ ᠬᠤᠪᠢᠯᠭᠠᠨ ᠤᠡᠭᠭᠤᠴᠠ ᠠᠷᠪᠠᠨ ᠵᠢᠷᠭᠤᠳᠤᠭᠠᠷ ᠲᠤ᠌ ᠠᠴᠢᠭᠳᠠᠭᠰᠠᠨ ᠲᠦᠮᠦᠰᠤᠨ ᠤ᠋ ᠲᠤᠷᠰᠢᠯᠲᠠ ᠵᠢᠨ ᠦᠷ᠎ᠡ ᠵᠢ ᠲᠠᠷᠢᠶᠠᠨ ᠭᠠᠵᠠᠷ ᠲᠤ᠌ ᠰᠤᠡᠭᠭᠤᠨ ᠪᠤᠢᠵᠢᠭᠤᠯᠬᠤ ᠬᠤᠷᠢᠶᠠᠬᠤ ᠠᠵᠢᠯ ᠢ᠋ ᠵᠠᠷᠭᠡ ᠪᠡᠷ ᠦᠷᠨᠢᠭᠦᠯᠪᠠ᠃ ᠸᠠᠡᠭ ᠵᠸᠨ ᠵᠸᠨᠤ ᠲᠡᠨᠢᠯᠴᠠᠭᠤᠯᠬᠤ ᠪᠡᠷ᠂ ᠲᠦᠷᠦᠭᠦᠤ ᠵᠢᠯ ᠳ᠋ᠤ ᠬᠤᠪᠢᠯᠭᠠᠨ ᠤᠡᠭᠭᠤᠴᠠ ᠠᠷᠪᠠᠨ ᠵᠢᠷᠭᠤᠳᠤᠭᠠᠷ ᠲᠤ᠌ ᠠᠴᠢᠭᠳᠠᠭᠰᠠᠨ 15000 ᠬᠤᠪᠢ ᠲᠦᠮᠦᠰᠦᠨ ᠦᠷ᠎ᠡ ᠵᠢᠨ ᠲᠤᠳᠤᠷ᠎ᠠ ᠡᠴᠡ 194 ᠬᠤᠪᠢ ᠪᠠᠷᠢᠮᠵᠢᠶ᠎ᠠ ᠳ᠋ᠤ ᠬᠦᠷᠦᠭᠰᠡᠨ ᠢ᠋ ᠨᠢ ᠰᠤᠡᠭᠭᠤᠨ ᠭᠠᠷᠭᠠᠵᠠᠢ᠃ ᠦᠨᠦ ᠵᠢᠯ 18 ᠬᠤᠪᠢ ᠰᠢᠯᠢᠳᠡᠭ ᠦᠷ᠎ᠡ ᠨᠢ ᠪᠤᠢᠵᠢᠭᠤᠯᠬᠤ ᠪᠠᠷᠢᠮᠵᠢᠶ᠎ᠠ ᠳ᠋ᠤ ᠨᠡᠢᠴᠡᠵᠤ᠂ ᠦᠷᠭᠦᠯᠵᠢᠯᠡᠨ ᠰᠤᠡᠭᠭᠤᠨ ᠪᠤᠢᠵᠢᠭᠤᠯᠬᠤ ᠲᠤᠷᠰᠢᠯᠲᠡ ᠦᠷᠨᠢᠭᠦᠯᠤᠨ᠎ᠠ᠃
ᠤᠢᠯᠡᠭᠠᠭᠰᠠᠨ ᠵᠢᠡᠷ᠂ ᠡᠨᠡ ᠵᠢᠯ ᠤ᠋ᠨ ᠱᠠᠡᠭᠳᠤ ᠰᠢᠶᠠᠨ ᠤ᠋ ︽ᠰᠠᠨᠰᠠᠷ ᠤ᠋ᠨ ᠲᠦᠮᠦᠰᠤ︾ ᠵᠢᠨ ᠲᠤᠷᠰᠢᠯᠲᠠ ᠵᠢᠨ ᠲᠠᠷᠢᠶᠠᠨ ᠭᠠᠵᠠᠷ ᠲᠦ᠍ ᠲᠠᠷᠢᠬᠰᠠᠨ ᠲᠠᠯᠠᠪᠠᠢ ᠨᠢ ᠨᠡᠢᠲᠡ 150 ᠮᠤ᠌ ᠪᠠᠢᠵᠤ᠂ ᠤᠷᠭᠤᠯᠲᠠ ᠵᠢᠨ ᠬᠤᠭᠤᠴᠠᠭᠠᠨ ᠳ᠋ᠤ ᠡᠯ᠎ᠠ ᠲᠤᠷᠰᠢᠯᠲᠠ ᠵᠢᠨ ᠲᠦᠮᠦᠰᠦᠨᠤ ᠤᠷᠭᠤᠴᠠ ᠨᠢ ᠲᠡᠡᠭᠴᠡᠭᠦᠷᠢᠲᠠᠢ ᠪᠦᠭᠡᠳ ᠰᠠᠢᠨ ᠪᠠᠢᠵᠤ᠂ ᠪᠤᠢᠵᠢᠭᠤᠯᠬᠤ ᠠᠵᠢᠯ ᠨᠢ ᠢᠯᠡᠳᠲᠡ ᠦᠷ᠎ᠠ ᠪᠦᠲᠦᠮᠵᠢ ᠤᠯᠵᠠᠢ᠃ ᠤᠯᠤᠰ ᠤ᠋ᠨ ᠲᠦᠮᠦᠰᠤᠨ ᠤ᠋ ᠢᠨᠵᠸᠨ᠋ᠸᠷᠢᠡᠭ ᠤ᠋ᠨ ᠮᠡᠷᠭᠡᠵᠢᠯ ᠤ᠋ᠨ ᠰᠤᠳᠤᠯᠭᠠᠨ ᠤ᠋ ᠲᠦᠪ ᠤ᠋ᠨ ᠡᠷᠬᠢᠯᠡᠭᠴᠢ ᠬᠤ᠌ ᠪᠠᠢ ᠭᠸᠡᠭ᠄︽ᠰᠠᠨᠰᠠᠷ ᠲᠤ᠌ ᠡᠭᠦᠯᠳᠡᠷ ᠪᠤᠢᠵᠢᠭᠤᠯᠬᠤ ᠮᠡᠷᠭᠡᠵᠢᠯ ᠳ᠋ᠤ ᠲᠦᠰᠢᠭᠯᠡᠨ ᠰᠤᠡᠭᠭᠤᠨ ᠪᠤᠢᠵᠢᠭᠤᠯᠤᠭᠰᠠᠨ ᠲᠦᠮᠦᠰᠤᠨ ᠤ᠋ ᠦᠷ᠎ᠠ ᠵᠢᠨ ᠡᠬᠢ ᠪᠠᠶᠠᠯᠢᠭ ᠢ᠋ ᠤᠯᠠᠨ ᠵᠢᠯ ᠠᠷᠪᠢᠨ ᠡᠭᠡᠯᠵᠢ ᠵᠢᠨ ᠰᠢᠯᠢᠨ ᠰᠤᠡᠭᠭᠤᠬᠤ ᠲᠤᠷᠰᠢᠯᠲᠠ ᠪᠡᠷ ᠲᠠᠮᠵᠢᠭᠠᠳ᠂ ᠤᠳᠤᠬᠠᠨ ᠳ᠋ᠤ ᠨᠢᠭᠡᠨᠲᠡ ᠲᠤᠭᠳᠠᠪᠤᠷᠢᠳᠤ ᠴᠢᠨᠠᠷ ᠵᠢᠡᠷ ᠴᠢᠡᠭᠭ᠎ᠠ ᠰᠢᠯᠢᠳᠡᠭ ᠡᠭᠦᠯᠳᠡᠷ ᠪᠤᠢᠵᠢᠭᠤᠯᠬᠤ ᠦᠷ᠎ᠡ ᠵᠢ ᠪᠤᠢᠵᠢᠭᠤᠯᠵᠤ ᠭᠠᠷᠭᠠᠵᠠᠢ᠃ ᠲᠠᠷᠠᠭᠠᠴᠢ ᠪᠡᠷ ᠪᠢᠳᠡ ᠤᠯᠠᠭᠠᠨᠴᠠᠪ ᠵᠢᠴᠢ ᠦᠪᠦᠷ ᠮᠤᠡᠭᠭᠤᠯ ᠤ᠋ᠨ ᠤᠷᠤᠨ ᠪᠦᠰᠡ ᠳ᠋ᠤ ᠲᠤᠬᠢᠷᠠᠭᠰᠠᠨ ᠲᠦᠮᠦᠰᠤᠨ ᠤ᠋ ᠰᠢᠯᠢᠳᠡᠭ ᠡᠭᠦᠯᠳᠡᠷ ᠢ᠋ ᠪᠤᠢᠵᠢᠭᠤᠯᠵᠤ᠂ ᠲᠦᠮᠦᠰᠤᠨ ᠤ᠋ ᠰᠠᠢᠨ ᠡᠭᠦᠯᠳᠡᠷ ᠢ᠋ ᠪᠤᠢᠵᠢᠭᠤᠯᠬᠤ ᠲᠦᠪᠰᠢᠨ ᠢ᠋ ᠲᠡᠭᠡᠭᠰᠢᠯᠡᠭᠦᠯᠵᠤ᠂ ᠤᠷᠤᠨ ᠨᠤᠲᠤᠭ ᠤ᠋ᠨ ᠲᠦᠮᠦᠰᠤᠨ ᠤ᠋ ᠠᠵᠤ ᠤᠢᠯᠡᠰ ᠤ᠋ᠨ ᠶᠠᠰᠤ ᠴᠢᠨᠠᠷ ᠢ᠋ ᠲᠡᠭᠡᠭᠰᠢᠯᠡᠭᠦᠯᠵᠤ ᠦᠷ᠎ᠠ ᠠᠰᠢᠭ ᠢ᠋ ᠨᠡᠮᠡᠭᠳᠡᠭᠦᠯᠬᠦ ᠳ᠋ᠤ ᠬᠦᠴᠦᠨ ᠨᠡᠮᠡᠷᠢᠯᠡᠨ᠎ᠠ︾ᠭᠡᠵᠤ ᠰᠤᠷᠪᠤᠯᠵᠢᠯᠠᠭᠴᠢᠳᠤ ᠢᠯᠡᠳᠭᠡᠭᠰᠡᠨ ᠪᠠᠢᠨ᠎ᠠ᠃
ᠤᠢᠷ᠎ᠠ ᠵᠢᠨ ᠵᠢᠯ ᠳ᠋ᠤ᠂ ᠱᠠᠡᠭᠳᠤ ᠰᠢᠶᠠᠨ ᠤ᠋ ︽ᠰᠠᠨᠰᠠᠷ ᠤ᠋ᠨ ᠲᠦᠮᠦᠰᠤ︾ ᠵᠢᠨ ᠲᠤᠷᠰᠢᠯᠲᠠ ᠵᠢᠨ ᠲᠠᠷᠢᠶ᠎ᠠ ᠰᠠᠨᠰᠠᠷ ᠲᠤ᠌ ᠡᠭᠦᠯᠳᠡᠷ ᠪᠤᠢᠵᠢᠭᠤᠯᠬᠤ ᠮᠡᠷᠭᠡᠵᠢᠯ ᠳ᠋ᠤ ᠲᠦᠰᠢᠭᠯᠡᠨ᠂ ᠬᠤᠪᠢᠯᠭᠠᠨ ᠤᠡᠭᠭᠤᠴᠠ ᠠᠷᠪᠠᠨ ᠲᠦᠷᠪᠡᠳᠦᠭᠡᠷ᠂ ᠬᠤᠪᠢᠯᠭᠠᠨ ᠤᠡᠭᠭᠤᠴᠠ ᠠᠷᠪᠠᠨ ᠵᠢᠷᠭᠤᠳᠤᠭᠠᠷ ᠲᠤ᠌ ᠠᠴᠢᠭᠳᠠᠭᠰᠠᠨ ᠲᠦᠮᠦᠰᠤᠨ ᠤ᠋ ᠦᠷ᠎ᠠ ᠵᠢ ᠲᠤᠬᠠᠢ ᠵᠢᠨ ᠭᠠᠵᠠᠷ ᠲᠤ᠌ ᠤᠯᠠᠨ ᠵᠢᠯ ᠲᠤᠷᠰᠢᠨ ᠰᠤᠡᠭᠭᠤᠨ ᠪᠤᠢᠵᠢᠭᠤᠯᠤᠭᠠᠳ᠂ ᠰᠢᠯᠢᠳᠡᠭ ᠡᠭᠦᠯᠳᠡᠷ ᠪᠤᠢᠵᠢᠭᠤᠯᠬᠤ ᠦᠷ᠎ᠡ ᠲᠠᠢ ᠪᠤᠯᠵᠤ᠂ ᠰᠢᠶᠠᠨ ᠤ᠋ ᠬᠡᠪᠴᠢᠶᠠᠨ ᠤ᠋ ᠲᠦᠮᠦᠰᠤᠨᠤ ᠠᠵᠤ ᠤᠢᠯᠠᠰ ᠤ᠋ᠨ ᠴᠢᠨᠠᠷ ᠰᠠᠢᠲᠠᠢ ᠬᠦᠭᠵᠢᠯᠲᠡ ᠳ᠋ᠤ ᠰᠢᠨᠵᠢᠯᠡᠬᠦ ᠤᠬᠠᠭᠠᠨ ᠲᠸᠭᠨᠢᠭ ᠮᠡᠷᠭᠡᠵᠢᠯ ᠤ᠋ᠨ ᠬᠦᠳᠡᠯᠭᠡᠬᠦ ᠬᠦᠴᠦᠨ ᠨᠡᠮᠡᠷᠢᠯᠡᠵᠤ ᠪᠠᠢᠨ᠎ᠠ᠃
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠬᠦᠰᠡᠯᠡᠩ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃