2026-10-29 10:54:01
ᠰᠦᠨ ᠬᠦᠴᠢᠯ᠎ᠤᠨ ᠪᠠᠺᠲ᠋ᠸᠷᠢ ᠬᠠᠢᠭᠰᠠᠨ 37 ᠵᠢᠯ᠎ᠤᠨ ᠠᠶᠠᠨ
ᠪᠠᠺᠲᠸᠷᠢ ᠬᠡᠬᠰᠡᠬᠡᠷ ᠬᠦᠮᠦᠰ ᠡᠩ ᠳᠡᠷᠢᠬᠦᠨ ᠳ᠋ᠤ ᠡᠪᠡᠳᠴᠢᠨ ᠡᠬᠦᠰᠬᠡᠬᠦ ᠬᠤᠤᠷᠳᠤ ᠪᠠᠺᠲᠧᠷᠢ ᠵᠢ ᠪᠤᠳᠤᠵᠤ ᠤᠯᠬᠤ ᠪᠠᠢᠬᠤ ᠡ᠃ ᠭᠡᠪᠡᠴᠦ᠂ ᠲᠡᠯᠡᠭᠡᠢ ᠵᠢᠨ ᠪᠦᠮᠪᠦᠷᠴᠡᠭ᠎ᠤᠨ ᠠᠮᠢ ᠠᠬᠤᠢ ᠵᠢᠨ ᠰᠢᠰᠲ᠋ᠸᠮ ᠳ᠋ᠤ ᠪᠠᠺᠲᠸᠷᠢ ᠵᠢᠨ ᠰᠦᠷᠦᠭᠵᠢᠯ ᠪᠤᠯ ᠲᠤᠢᠯ᠎ᠤᠨ ᠮᠤᠨᠳᠠᠭ ᠶᠡᠭᠡ᠂ ᠡᠬᠦᠨ ᠳ᠋ᠤ ᠵᠤᠩᠬᠢᠯᠠᠬᠤ ᠤᠯᠠᠨ ᠲᠤᠭᠠᠨ᠎ᠤ ᠪᠠᠺᠲ᠋ᠸᠷᠢ ᠨᠢ ᠬᠤᠤᠷ ᠦᠭᠡᠢ᠂ ᠬᠠᠷᠢᠨ ᠬᠦᠮᠦᠨ ᠲᠦᠷᠦᠯᠬᠢᠳᠡᠨ ᠪᠠ ᠠᠮᠢ ᠠᠬᠤᠢ ᠳ᠋ᠤ ᠠᠰᠢᠭᠳᠠᠢ ᠪᠠᠢᠳᠠᠭ᠃ ᠰᠦᠨ ᠬᠦᠴᠢᠯ᠎ᠤᠨ ᠪᠠᠺᠲ᠋ᠸᠷᠢ ᠪᠤᠯ ᠶᠠᠭ ᠡᠢᠮᠦᠷᠬᠦᠦ ᠠᠰᠢᠭᠳᠤ ᠪᠠᠺᠲᠧᠷᠢ ᠪᠤᠯᠤᠨ᠎ᠠ᠃ ᠦᠪᠦᠷ ᠮᠤᠩᠭᠤᠯ᠎ᠤᠨ ᠳᠠᠷᠢᠶᠠᠯᠠᠩ᠎ᠤᠨ ᠶᠡᠬᠡ ᠰᠤᠷᠭᠠᠭᠤᠯᠢ᠎ᠶᠢᠨ ᠴᠠᠭᠠᠨ ᠢᠳᠡᠭᠡᠨ᠎ᠦ ᠠᠮᠢᠳᠤ ᠪᠣᠳᠠᠰ᠎ᠤᠨ ᠮᠡᠷᠭᠡᠵᠢᠯ ᠬᠢᠭᠡᠳ ᠢᠨᠵᠧᠨᠧᠷᠢᠩ᠎ᠦᠨ ᠰᠤᠷᠭᠠᠨ ᠬᠥᠮᠦᠵᠢᠯ᠎ᠦᠨ ᠶᠠᠮᠤᠨ᠎ᠤ ᠳᠡᠰ᠎ᠤᠨ ᠭᠣᠣᠯᠳᠠᠯᠭ᠎ᠠ᠎ᠲᠠᠢ ᠲᠤᠷᠰᠢᠯᠲᠠ᠎ᠶᠢᠨ ᠲᠠᠰᠤᠭ᠎ᠤᠨ ᠫᠷᠤᠹᠸᠰᠰᠤᠷ ᠵᠠᠩ ᠾᠧ ᠫᠢᠩ᠎ᠤᠨ ᠰᠤᠳᠤᠯᠭᠠᠨ᠎ᠤ ᠪᠦᠯᠬᠦᠮ᠎ᠦᠨ ᠬᠢᠨ ᠭᠢᠨᠵᠢᠯᠢᠭ ᠪᠥᠮᠪᠥᠭᠡᠨ ᠪᠠᠺᠲᠧᠷᠢ᠎ᠶᠢᠨ ᠲᠥᠷᠥᠯ᠎ᠦᠨ ᠰᠢᠨ᠎ᠡ ᠲᠦᠷᠰᠦ ᠵᠢ ᠢᠯᠡᠷᠡᠬᠦᠯᠵᠦ᠂《ᠬᠥᠮᠥᠨ᠎ᠦ ᠭᠡᠳᠡᠰᠦᠨ᠎ᠦ ᠭᠢᠨᠵᠢᠯᠢᠭ ᠪᠥᠮᠪᠥᠭᠡᠨ ᠪᠠᠺᠲᠧᠷᠢ》 ᠬᠡᠵᠦ ᠨᠡᠷᠡᠢᠳᠪᠡ᠃ ᠡᠨᠡ ᠪᠤᠯ ᠳᠤᠰ ᠪᠦᠯᠬᠦᠮ᠎ᠤᠨ ᠢᠯᠡᠷᠡᠬᠦᠯᠦᠭᠰᠡᠨ ᠵᠢᠷᠭᠤᠳᠡᠬᠢ ᠰᠦᠨ ᠬᠦᠴᠢᠯ᠎ᠤᠨ ᠪᠠᠺᠲᠧᠷᠢ ᠵᠢᠨ ᠰᠢᠨ᠎ᠡ ᠲᠦᠷᠰᠦ ᠪᠠᠢᠵᠤ᠂ ᠰᠦᠨ ᠬᠦᠴᠢᠯ᠎ᠤᠨ ᠪᠠᠺᠲᠧᠷᠢ ᠵᠢᠨ ᠦᠷ᠎ᠠ ᠡᠳ᠋᠎ᠤᠨ ᠡᠬᠢ ᠪᠠᠶᠠᠯᠢᠭ᠎ᠤᠨ ᠬᠦᠮᠦᠷᠬᠡ ᠵᠢ ᠴᠢᠨᠠᠭᠰᠢᠳᠠ ᠪᠠᠶᠠᠯᠢᠭᠵᠢᠭᠤᠯᠤᠭᠰᠠᠨ ᠪᠠᠢᠨ᠎ᠠ᠃
ᠰᠦ ᠵᠢᠨ ᠦᠢᠯᠡᠳᠬᠦᠨ᠎ᠤ 《ᠡᠬᠢ ᠴᠢᠫ》
ᠨᠢᠭᠡᠨ ᠤᠳᠠᠭ᠎ᠠ ᠵᠢᠨ ᠲᠤᠭᠤᠷᠢᠨ ᠰᠤᠷᠤᠯᠴᠠᠬᠤ ᠲᠤᠮᠳᠠ ᠭᠠᠳᠠᠭᠠᠳᠤ ᠵᠢᠨ ᠠᠵᠤ ᠠᠬᠤᠢᠯᠠᠯ᠎ᠤᠨ ᠬᠢᠨ ᠰᠦᠨ ᠬᠦᠴᠢᠯ᠎ᠤᠨ ᠪᠠᠺᠲᠧᠷᠢ ᠵᠢ ᠦᠢᠯᠡᠳᠬᠦ ᠭᠤᠤᠯᠯᠠᠬᠤ ᠮᠡᠷᠬᠡᠵᠢᠯ᠎ᠤᠨ ᠳᠠᠰᠤᠭ ᠲᠠᠭᠠᠨ ᠤᠷᠤᠭᠤᠯᠬᠤ ᠵᠢ ᠲᠡᠪᠴᠢᠭᠰᠡᠨ ᠶᠠᠪᠤᠳᠠᠯ ᠡᠴᠡ ᠰᠡᠳᠡᠯᠳᠡ ᠤᠯᠵᠤ ᠵᠠᠩ ᠾᠸ ᠫᠢᠩ ᠤᠯᠤᠰ᠎ᠤᠨ ᠳᠣᠲᠣᠭᠠᠳᠤ᠎ᠶᠢᠨ ᠰᠦᠨ ᠬᠦᠴᠢᠯ᠎ᠦᠨ ᠪᠠᠺᠲᠧᠷᠢ᠎ᠶᠢᠨ ᠦᠷᠡᠡᠳ᠋ᠤᠨ ᠬᠦᠮᠦᠷᠬᠡ ᠵᠢ ᠪᠠᠢᠭᠤᠯᠵᠤ᠂ ᠭᠠᠳᠠᠭᠠᠳᠤ ᠵᠢᠨ ᠴᠢᠨᠠᠷ ᠰᠠᠢᠳᠠᠢ ᠪᠠᠺᠲᠧᠷᠢ ᠵᠢᠨ ᠭᠠᠭᠴᠠᠭᠠᠷ ᠡᠵᠡᠮᠰᠢᠯ᠎ᠤᠨ ᠪᠠᠢᠳᠠᠯ᠎ᠢ ᠬᠤᠪᠢᠷᠠᠭᠤᠯᠬᠤ ᠪᠡᠷ ᠵᠤᠷᠢᠭ ᠰᠢᠢᠳᠴᠡᠢ᠃ ᠡᠢᠨ ᠬᠦ᠌ ᠵᠠᠩ ᠾᠧ ᠫᠢᠩ 1989 ᠤᠨ ᠡᠴᠡ ᠡᠬᠢᠯᠡᠵᠦ ᠰᠤᠳᠤᠯᠭᠠᠨ᠎ᠤ ᠪᠦᠯᠬᠦᠮᠵᠢᠡᠨ ᠲᠠᠭᠠᠭᠤᠯᠤᠨ ᠰᠦᠨ ᠬᠦᠴᠢᠯ᠎ᠤᠨ ᠪᠠᠺᠲᠧᠷᠢ ᠵᠢᠨ ᠦᠯᠢᠬᠡᠷ ᠡᠳ᠋᠎ᠢ ᠴᠤᠭᠯᠠᠭᠤᠯᠬᠤ ᠠᠶᠠᠨ ᠵᠢᠡᠨ ᠡᠬᠢᠯᠡᠬᠦᠯᠵᠦ᠂ ᠤᠯᠠᠮᠵᠢᠯᠠᠯᠳᠤ ᠢᠰᠭᠡᠭᠰᠡᠨ ᠢᠳᠡᠬᠡᠨ ᠤᠮᠳᠠᠭᠠᠨ ᠪᠠ ᠡᠬᠡ ᠪᠠᠢᠭᠠᠯᠢ ᠳ᠋ᠤ ᠨᠢᠭᠤᠭᠳᠠᠵᠤ ᠪᠠᠢᠭ᠎ᠠ ᠰᠦᠨ ᠬᠦᠴᠢᠯ᠎ᠤᠨ ᠪᠠᠺᠲᠧᠷᠢ ᠵᠢᠨ ᠦᠯᠢᠬᠡᠷ ᠡᠳ᠋ ᠢ᠋ ᠨᠢᠬᠡᠳ ᠨᠢᠬᠡ ᠪᠡᠷ ᠬᠠᠢᠨ ᠴᠤᠭᠯᠠᠭᠤᠯᠵᠤ ᠬᠦᠮᠦᠷᠬᠡᠯᠡᠵᠡᠢ᠃
ᠰᠦᠨ ᠬᠦᠴᠢᠯ᠎ᠦᠨ ᠪᠠᠺᠲᠧᠷᠢ᠎ᠶᠢᠨ ᠦᠷ᠎ᠡ ᠡᠳ᠋᠎ᠦᠨ ᠡᠬᠢ ᠪᠠᠶᠠᠯᠢᠭ᠋ ᠪᠣᠯ ᠦᠢᠯᠡᠳᠦᠯᠳᠤ ᠴᠢᠨᠠᠷ ᠳᠠᠢ ᠢᠰᠬᠡᠭᠰᠡᠨ ᠰᠦ᠂ ᠠᠰᠢᠭᠳᠤ ᠪᠠᠺᠲᠧᠷᠢ᠎ᠲᠠᠢ ᠰᠦ ᠵᠢᠨ ᠤᠮᠳᠠᠭᠠᠨ ᠪᠠ ᠪᠢᠰᠢᠯᠠᠭ ᠵᠡᠷᠭᠡ ᠵᠢ ᠰᠤᠳᠤᠯᠤᠨ ᠨᠡᠬᠡᠬᠡᠬᠦ 《ᠡᠬᠢ ᠴᠢᠫ》 ᠮᠦᠨ ᠃ ᠳᠡᠬᠡᠷ᠎ᠡ ᠵᠠᠭᠤᠨ᠎ᠤ ᠨᠠᠶᠠᠭᠠᠳ ᠤᠨ ᠪᠤᠯᠳᠠᠯ᠎ᠠ ᠤᠯᠤᠰ᠎ᠤᠨ ᠳᠤᠳᠤᠭᠠᠳᠤ ᠵᠢᠨ ᠰᠦ ᠵᠢᠨ ᠦᠢᠯᠡᠰ᠎ᠤᠨ ᠠᠵᠤ ᠠᠬᠤᠢᠯᠠᠯ᠎ᠤᠳ ᠭᠤᠤᠯᠳᠠᠭᠤ ᠭᠠᠳᠠᠭᠠᠳᠤ ᠵᠢᠨ ᠰᠦᠨ ᠬᠦᠴᠢᠯ᠎ᠤᠨ ᠪᠠᠺᠲ᠋ᠧᠷᠢ ᠳ᠋ᠤ ᠲᠦᠰᠢᠭᠯᠡᠵᠦ ᠪᠠᠢᠵᠠᠢ᠃ 37 ᠵᠢᠯ᠎ᠤᠨ ᠳᠤᠷᠰᠢ ᠰᠤᠳᠤᠯᠭᠠᠨ᠎ᠤ ᠪᠦᠯᠬᠦᠮ᠎ᠤᠨ ᠬᠢᠨ ᠪᠦᠬᠦ ᠪᠥᠮᠪᠥᠷᠴᠡᠭ᠎ᠦᠨ 48 ᠤᠯᠤᠰ ᠪᠠ ᠭᠠᠵᠠᠷ ᠤᠷᠤᠨ ᠵᠢᠡᠷ ᠴᠦᠬᠦᠷᠡᠯ ᠦᠭᠡᠢ ᠬᠠᠢᠵᠤ᠂ ᠠᠭᠤᠯᠠ ᠵᠢᠯᠠᠭ᠎ᠠ ᠳ᠋ᠤ ᠤᠨᠠᠵᠤ ᠤᠢᠴᠢᠬᠤ ᠠᠶᠤᠯ ᠲᠦᠭᠰᠢᠬᠦᠷᠢ ᠵᠢ ᠲᠤᠭᠤᠯᠵᠤ ᠶᠠᠪᠤᠯ᠎ᠠ᠂ ᠰᠢᠪᠠᠷ ᠱᠠᠯᠴᠢᠭ ᠲᠠᠢ ᠡᠩᠬᠦᠯ ᠲᠤᠩᠬᠤᠯ ᠵᠠᠮ ᠵᠢᠡᠷ ᠰᠠᠵᠢᠯᠠᠭᠤᠯᠤᠨ ᠠᠶᠠᠯᠠᠵᠤ᠂ ᠨᠦᠭᠡᠨ ᠭᠡᠷ ᠲᠸ᠋ ᠴᠸ᠋ ᠬᠤᠨᠤᠭᠯᠠᠵᠤ ᠦᠵᠡᠯ᠎ᠡ᠂ ᠦᠯᠦᠰᠴᠦ ᠤᠮᠳᠠᠭᠠᠰᠬᠤ ᠵᠢ ᠲᠡᠰᠪᠦᠷᠢᠯᠡᠨ ᠮᠢᠩᠭᠠᠨ ᠭᠠᠵᠠᠷ ᠠᠶᠠᠯᠠᠭᠠᠳ ᠭᠠᠷ ᠬᠤᠭᠤᠰᠤᠨ ᠪᠤᠴᠠᠵᠤ ᠴᠸ᠋ ᠦᠩᠭᠡᠷᠡᠯ᠎ᠡ ᠁ ᠵᠠᠮ ᠬᠡᠳᠦᠢ ᠬᠤᠯᠠ ᠬᠡᠳᠦᠢ ᠪᠠᠷᠳᠠᠭ᠎ᠠ ᠲᠠᠢ ᠪᠠᠢᠭᠰᠠᠨ ᠴᠸ᠋᠂ ᠡᠬᠦᠷᠭᠡ ᠬᠡᠳᠦᠢ ᠬᠦᠨᠳᠦ ᠬᠡᠳᠦᠢ ᠬᠦᠴᠢᠷ ᠪᠠᠢᠭᠰᠠᠨ ᠴᠸ᠋ ᠳᠡᠳᠡ ᠵᠤᠷᠢᠭ ᠮᠤᠬᠤᠭ᠎ᠠ ᠦᠭᠡᠢ᠂ ᠤᠳᠤᠬᠠᠨ ᠪᠤᠯᠳᠠᠯ᠎ᠠ 6702 ᠬᠤᠪᠢ ᠦᠯᠢᠬᠡᠷ ᠡᠳ᠋ ᠴᠤᠭᠯᠠᠭᠤᠯᠵᠤ᠂ 57484 ᠰᠠᠭᠤᠷᠢ ᠪᠠᠺᠲᠧᠷᠢ᠎ᠶᠢ ᠰᠠᠯᠭᠠᠨ ᠬᠠᠳᠠᠭᠠᠯᠠᠵᠤ᠂ ᠪᠥᠬᠥ ᠳᠡᠯᠡᠬᠡᠢ᠎ᠶᠢᠨ ᠬᠡᠪᠴᠢᠶ᠎ᠡ᠎ᠪᠡᠷ ᠬᠠᠮᠤᠭ᠎ᠤᠨ ᠲᠣᠮᠣ᠌ ᠰᠦᠨ ᠬᠦᠴᠢᠯ᠎ᠦᠨ ᠪᠠᠺᠲᠧᠷᠢ᠎ᠶᠢᠨ ᠦᠷ᠎ᠡ ᠡᠳ᠋᠎ᠦᠨ ᠡᠬᠢ ᠪᠠᠶᠠᠯᠢᠭ᠋᠎ᠤᠨ ᠬᠥᠮᠥᠷᠭᠡ ᠵᠢ ᠪᠠᠢᠭᠤᠯᠵᠤ᠂ ᠤᠯᠤᠰ᠎ᠤᠨ ᠬᠦᠳᠡᠭᠡ ᠠᠵᠤ ᠠᠬᠤᠢ ᠵᠢᠨ ᠮᠢᠺᠷᠣᠪ᠎ᠤᠨ ᠦᠷ᠎ᠡ ᠡᠳ᠋᠎ᠦᠨ ᠡᠬᠢ ᠪᠠᠶᠠᠯᠢᠭ᠋᠎ᠤᠨ ᠬᠥᠮᠥᠷᠭᠡ (ᠥᠪᠥᠷ ᠮᠣᠩᠭᠣᠯ) ᠪᠠᠷ ᠵᠦᠪᠰᠢᠶᠡᠷᠡᠬᠦᠯᠵᠡᠢ᠃
ᠮᠠᠯᠴᠢᠳ᠎ᠤᠨ ᠠᠮᠢᠳᠤᠷᠠᠯ᠎ᠤᠨ ᠠᠷᠭ᠎ᠠ ᠬᠡᠯᠪᠡᠷᠢ ᠵᠢᠨ ᠬᠤᠪᠢᠷᠠᠯᠳᠠ ᠵᠢ ᠲᠠᠭᠠᠯᠳᠤᠨ ᠠᠶᠠᠨᠳᠠᠭᠠᠨ ᠢᠰᠬᠡᠭᠰᠡᠨ ᠰᠦ ᠵᠢᠨ ᠪᠦᠳᠦᠬᠡᠭᠳᠡᠬᠦᠨ᠎ᠢ ᠬᠢᠵᠦ ᠡᠳ᠋ᠯᠡᠬᠦ ᠨᠢ ᠡᠳᠦᠷ ᠡᠴᠡ ᠡᠳᠦᠷ ᠪᠠᠭᠠᠰᠴᠤ ᠪᠠᠢᠭ᠎ᠠ ᠪᠠᠢᠳᠠᠯ ᠲᠤᠤᠷ᠎ᠠ᠂ ᠰᠦᠨ ᠬᠦᠴᠢᠯ᠎ᠤᠨ ᠪᠠᠺᠲᠧᠷᠢ ᠵᠢᠨ ᠦᠷ᠎ᠠ ᠡᠳ᠋᠎ᠤᠨ ᠴᠤᠭᠯᠠᠭᠤᠯᠭ᠎ᠠ ᠨᠢ ᠦᠨᠡᠨ ᠳ᠋ᠡᠭᠡᠨ ᠰᠦᠨ ᠬᠦᠴᠢᠯ᠎ᠤᠨ ᠪᠠᠺᠲᠧᠷᠢ ᠵᠢ ᠠᠪᠤᠷᠠᠵᠤ ᠬᠠᠮᠠᠭᠠᠯᠠᠵᠤ ᠪᠠᠢᠭ᠎ᠠ ᠪᠡᠷ ᠪᠠᠷᠠᠬᠤ ᠦᠬᠡᠢ᠂ ᠮᠦᠨᠴᠤ ᠰᠦᠨ ᠬᠦᠴᠢᠯ᠎ᠤᠨ ᠪᠠᠺᠲ᠋ᠸᠷᠢ ᠵᠢᠨ ᠰᠢᠨ᠎ᠡ ᠲᠦᠷᠰᠦ ᠪᠠᠢᠳᠠᠯ᠎ᠢ ᠢᠯᠡᠷᠡᠬᠦᠯᠬᠦ ᠪᠠ ᠠᠰᠢᠬᠯᠠᠬᠤ ᠳ᠋ᠤ ᠦᠷᠭᠡᠨ ᠪᠤᠯᠤᠮᠵᠢ ᠬᠠᠩᠭᠠᠵᠤ ᠪᠠᠢᠭ᠎ᠠ ᠶᠤᠮ᠃ ᠵᠠᠩ ᠾᠸ ᠫᠢᠩ᠎ᠤᠨ ᠪᠦᠯᠬᠦᠮ᠎ᠤᠨ ᠬᠢᠨ ᠤᠳᠤ ᠪᠤᠯᠳᠠᠯ᠎ᠠ ᠬᠥᠮᠥᠨ᠎ᠦ ᠭᠡᠳᠡᠰᠦᠨ᠎ᠦ ᠭᠢᠨᠵᠢᠯᠢᠭ ᠪᠥᠮᠪᠥᠭᠡᠨ ᠪᠠᠺᠲᠧᠷᠢ᠂ ᠰᠠᠷᠯᠤᠭ᠎ᠤᠨ ᠰᠦ᠎ᠶᠢᠨ ᠭᠢᠨᠵᠢᠯᠢᠭ ᠪᠥᠮᠪᠥᠭᠡᠨ ᠪᠠᠺᠲᠧᠷᠢ᠂ ᠵᠦᠬᠡᠢ ᠵᠢᠨ ᠡᠬᠦᠷ ᠵᠥᠭᠡᠢ᠎ᠶᠢᠨ ᠪᠠᠯ᠎ᠤᠨ ᠬᠣᠣᠰ ᠰᠠᠯᠠᠭᠠᠲᠤ ᠰᠠᠪᠬᠠᠨ ᠪᠠᠺᠲᠧᠷᠢ᠂ ᠬᠦᠮᠦᠨ᠎ᠦ ᠰᠦ ᠵᠢᠨ ᠬᠢᠨᠵᠢᠯᠢᠭ ᠪᠥᠮᠪᠥᠭᠡᠨ ᠪᠠᠺᠲᠧᠷᠢ᠂ ᠬᠥᠬᠡᠬᠣᠲᠠ᠎ᠶᠢᠨ ᠭᠢᠨᠵᠢᠯᠢᠭ ᠪᠥᠮᠪᠥᠭᠡᠨ ᠪᠠᠺᠲᠧᠷᠢ᠂ ᠵᠢᠶᠠᠩᠴᠠ ᠬᠤᠷᠤᠬᠠᠢ ᠵᠢᠨ ᠤᠳᠠᠭᠠᠯᠢᠭ ᠰᠦᠨ ᠰᠠᠪᠬᠠᠨ ᠪᠠᠺᠲᠧᠷᠢ᠎ᠶᠢᠨ ᠴᠠᠭᠠᠨ ᠢᠳᠡᠭᠡᠨ᠎ᠦ ᠳᠡᠳ᠋ ᠲᠦᠷᠦᠯ ᠵᠡᠷᠬᠡ 6 ᠰᠦᠨ ᠬᠦᠴᠢᠯ᠎ᠤᠨ ᠪᠠᠺᠲᠧᠷᠢ ᠵᠢᠨ ᠰᠢᠨ᠎ᠡ ᠲᠦᠷᠰᠦ ᠵᠢ ᠢᠯᠡᠷᠡᠬᠦᠯᠵᠦ᠂ ᠰᠢᠨᠵᠢᠯᠡᠬᠦ ᠤᠬᠠᠭᠠᠨ᠎ᠤ ᠰᠤᠳᠤᠯᠤᠯ᠎ᠳᠤ ᠰᠢᠨ᠎ᠡ ᠮᠢᠺᠷᠣᠪ᠎ᠤᠨ ᠡᠬᠢ ᠪᠠᠶᠠᠯᠢᠭ᠋᠎ᠢ ᠬᠠᠩᠭᠠᠭᠰᠠᠨ ᠪᠠᠢᠨ᠎ᠠ᠃《ᠡᠳᠡᠭᠡᠷ ᠰᠢᠨ᠎ᠡ ᠪᠡᠷ ᠢᠯᠡᠷᠡᠬᠦᠯᠦᠭᠰᠡᠨ ᠰᠦᠨ ᠬᠦᠴᠢᠯ᠎ᠤᠨ ᠪᠠᠺᠲ᠋ᠸᠷᠢ ᠵᠢᠨ ᠰᠢᠨ᠎ᠡ ᠲᠦᠷᠰᠦ ᠨᠤᠬᠦᠳ ᠲᠸ᠋ ᠬᠦᠮᠦᠰ᠎ᠤᠨ ᠬᠠᠷᠠᠬᠠᠨ ᠰᠤᠳᠤᠯᠤᠭ᠎ᠠ ᠦᠭᠡᠢ ᠰᠢᠨ᠎ᠡ ᠭᠧᠨ᠂ ᠭᠧᠨ᠎ᠦ ᠪᠦᠯᠦᠭ᠂ ᠢᠰᠬᠡᠭᠦᠷ᠎ᠦᠨ ᠰᠢᠰᠲᠧᠮ᠎ᠢ ᠪᠠᠭᠳᠠᠭᠠᠵᠤ ᠪᠠᠢᠳᠠᠭ ᠵᠢᠡᠷ ᠠᠮᠢᠳᠤ ᠪᠣᠳᠠᠰ᠎ᠤᠨ ᠡᠭᠦᠯᠳᠡᠷ ᠪᠣᠢᠵᠢᠭᠤᠯᠬᠤ᠂ ᠨᠡᠢᠯᠡᠯᠭᠡ ᠵᠢᠨ ᠠᠮᠢᠳᠤ ᠪᠣᠳᠠᠰ᠎ᠤᠨ ᠤᠬᠠᠭᠠᠨ᠎ᠤ ᠰᠤᠳᠤᠯᠤᠯ᠂ ᠰᠢᠨ᠎ᠡ ᠡᠬᠢ ᠪᠠᠶᠠᠯᠢᠭ᠋᠎ᠤᠨ ᠮᠠᠲᠧᠷᠢᠶᠠᠯ ᠰᠢᠨ᠎ᠡ ᠡᠮ᠎ᠦᠨ ᠵᠦᠢᠯ᠎ᠢ ᠰᠤᠳᠤᠯᠤᠨ ᠨᠡᠬᠡᠬᠡᠬᠦ ᠤᠤᠭᠠᠯ ᠬᠥᠮᠥᠷᠭᠡ ᠪᠣᠯᠣᠨ᠎ᠠ᠃ ᠤᠤᠭᠠᠯ ᠡᠬᠦᠳᠦᠯᠳᠡ ᠵᠢ ᠪᠡᠶᠡᠯᠡᠭᠦᠯᠬᠦ ᠴᠢᠬᠤᠯᠠ ᠪᠣᠷᠣ᠌ ᠮᠠᠲᠧᠷᠢᠶᠠᠯ ᠪᠠᠢᠵᠤ᠂ ᠤᠯᠤᠰ᠎ᠤᠨ ᠦᠷ᠎ᠡ᠎ᠶᠢᠨ ᠦᠢᠯᠡᠰ᠎ᠦᠨ ᠠᠮᠤᠷ ᠲᠦᠪᠰᠢᠨ ᠪᠣᠯᠣᠨ ᠢᠰᠬᠡᠯᠲᠡ᠎ᠶᠢᠨ ᠮᠡᠷᠭᠡᠵᠢᠯ᠎ᠢ ᠪᠡᠶ᠎ᠡ᠎ᠪᠡᠨ ᠳᠠᠭᠠᠭᠠᠵᠤ ᠡᠵᠡᠮᠳᠡᠬᠦ᠎ᠳ᠋ᠤ ᠴᠢᠬᠤᠯᠠ ᠦᠢᠯᠡᠳᠦᠯ ᠲᠠᠢ》 ᠬᠡᠵᠦ ᠲᠤᠰ ᠰᠤᠳᠤᠯᠭᠠᠨ᠎ᠤ ᠪᠦᠯᠬᠦᠮ᠎ᠤᠨ ᠯᠢᠦ ᠸᠧᠨ ᠵᠢᠶᠦ᠋ᠨ ᠰᠤᠳᠤᠯᠤᠭᠠᠴᠢ ᠳᠠᠨᠢᠯᠴᠠᠭᠤᠯᠪᠠ᠃
ᠠᠰᠢᠭᠳᠤ ᠪᠠᠺᠲ᠋ᠸᠷᠢ ᠵᠢ ᠢᠯᠭᠠᠬᠤ 《ᠪᠢᠯᠢᠭ᠎ᠤᠨ ᠨᠢᠳᠦ》
《ᠥᠩᠭᠡᠷᠡᠭᠰᠡᠨ᠎ᠳᠦ ᠨᠢᠭᠡ ᠰᠠᠭᠤᠷᠢ ᠰᠢᠯᠢᠳᠡᠭ ᠰᠦᠨ ᠬᠦᠴᠢᠯ᠎ᠦᠨ ᠪᠠᠺᠲᠧᠷᠢ᠎ᠶᠢ ᠰᠢᠯᠢᠨ ᠰᠣᠩᠭᠣᠬᠤ᠎ᠳᠤ 3᠎ᠡᠴᠡ 6 ᠰᠠᠷ᠎ᠠ᠎ᠶᠢᠨ ᠴᠠᠭ ᠬᠡᠷᠡᠭᠰᠡᠳᠡᠭ ᠪᠠᠢᠵᠠᠢ᠂ ᠣᠳᠣ᠌ ᠵᠥᠪᠬᠡᠨ 2 ᠴᠠᠭ ᠬᠡᠷᠡᠭᠰᠡᠨ᠎ᠡ》᠃ ᠯᠢᠦ ᠸᠧᠨ ᠵᠢᠶᠦ᠋ᠨ ᠰᠤᠳᠤᠯᠤᠭᠠᠴᠢ ᠵᠢᠨ ᠲᠠᠨᠢᠯᠴᠠᠭᠤᠯᠤᠭᠰᠠᠨ ᠵᠢᠡᠷ᠂ ᠵᠠᠩ ᠾᠧ ᠫᠢᠩ ᠤᠨ ᠰᠤᠳᠤᠯᠭᠠᠨ᠎ᠤ ᠪᠦᠯᠬᠦᠮ᠎ᠦᠨ ᠪᠡᠶ᠎ᠠ ᠪᠠᠨ ᠳᠠᠭᠠᠭᠠᠵᠤ ᠰᠤᠳᠤᠯᠤᠨ ᠡᠭᠦᠳᠦᠭᠰᠡᠨ 《ᠪᠢᠯᠢᠭ᠎ᠦᠨ ᠨᠢᠳᠦ ᠪᠡᠷ ᠪᠠᠺᠲᠧᠷᠢ᠎ᠶᠢ ᠢᠯᠭᠠᠨ ᠲᠠᠨᠢᠬᠤᠢ》 AI ᠠᠰᠢᠭ᠍ᠲᠤ ᠪᠠᠺᠲᠧᠷᠢ᠎ᠶᠢ ᠰᠢᠯᠢᠨ ᠰᠣᠩᠭᠣᠬᠤ ᠲᠠᠪᠴᠠᠩ ᠨᠢ ᠠᠰᠢᠭ᠍ᠲᠤ ᠪᠠᠺᠲᠧᠷᠢ ᠶ᠋ᠢᠨ ᠰᠢᠯᠢᠯᠲᠡ ᠵᠢᠨ ᠦᠷ᠎ᠡ ᠪᠦᠲᠦᠮᠵᠢ ᠶ᠋ᠢ 1080 ᠳᠠᠬᠢᠨ ᠳᠡᠭᠡᠭᠰᠢᠯᠡᠭᠦᠯᠵᠦ᠂ ᠣᠨᠣᠪᠴᠢ ᠶ᠋ᠢᠨ ᠬᠡᠮᠵᠢᠶ᠎ᠡ ᠶ᠋ᠢ 97.77% ᠳ᠋ᠥ ᠬᠦᠷᠬᠡᠵᠦ᠂ ᠭᠠᠳᠠᠭᠠᠳᠤ ᠵᠢᠨ ᠠᠰᠢᠭᠳᠤ ᠪᠠᠺᠲᠧᠷᠢ ᠵᠢᠨ ᠬᠦᠷᠢᠶᠡᠨ᠎ᠤ ᠤᠷᠳᠤ ᠬᠤᠭᠤᠴᠠᠭᠠᠨ᠎ᠤ ᠭᠠᠭᠴᠠᠭᠠᠷ ᠡᠵᠡᠮᠰᠢᠯ᠎ᠢ ᠬᠤᠪᠢᠷᠠᠭᠤᠯᠵᠠᠢ᠃
ᠵᠠᠩ ᠡᠾᠧ ᠫᠢᠩ᠎ᠤᠨ ᠰᠤᠳᠤᠯᠭᠠᠨ᠎ᠤ ᠪᠦᠯᠬᠦᠮ᠎ᠤᠨ ᠬᠢᠨ ᠰᠦᠨ ᠬᠦᠴᠢᠯ᠎ᠤᠨ ᠪᠠᠺᠲ᠋ᠸᠷᠢ ᠵᠢ ᠰᠤᠩᠭᠤᠬᠤ ᠪᠤᠢᠵᠢᠭᠤᠯᠬᠤ ᠬᠡᠷᠡᠭᠯᠡᠬᠦ ᠪᠦᠬᠦ ᠬᠡᠯᠬᠢᠶ᠎ᠡ᠎ᠶᠢᠨ ᠰᠢᠨ᠎ᠡ᠎ᠶᠢ ᠡᠭᠦᠳᠬᠦ ᠰᠢᠰᠲ᠋ᠧᠮ᠎ᠢ ᠡᠬᠦᠳᠦᠨ᠂ ᠰᠦᠨ ᠬᠦᠴᠢᠯ᠎ᠤᠨ ᠪᠠᠺᠲᠧᠷᠢ ᠵᠢ ᠤᠯᠠᠮᠵᠢᠯᠠᠯᠲᠤ ᠬᠥᠮᠥᠨ᠎ᠦ ᠬᠦᠴᠦ᠎ᠪᠡᠷ ᠰᠢᠯᠢᠨ ᠰᠣᠩᠭᠣᠵᠤ ᠪᠠᠢᠭᠰᠠᠨ ᠪᠠᠢᠳᠠᠯ᠎ᠢ᠋ ᠬᠤᠪᠢᠷᠠᠭᠤᠯᠵᠤ᠂ ᠪᠢᠰᠢᠯᠠᠭ᠎ᠤᠨ ᠰᠠᠪᠬᠠᠨᠴᠢᠷ ᠪᠠᠺᠲᠧᠷᠢ Zhang᠂ ᠤᠷᠭᠤᠮᠠᠯ᠎ᠤᠨ ᠰᠦᠨ ᠰᠠᠪᠬᠠᠨᠴᠢᠷ ᠪᠠᠺᠲᠧᠷᠢ P-8 ᠵᠡᠷᠭᠡ 72 ᠦᠨᠳᠦᠷ ᠴᠢᠳᠠᠮᠵᠢᠳᠤ ᠪᠠᠺᠲᠧᠷᠢ᠎ᠵᠢ ᠰᠢᠯᠢᠨ ᠭᠠᠷᠭᠠᠪᠠ᠃ ᠴᠢᠨᠠᠷ ᠰᠠᠢᠳᠠᠢ ᠰᠦᠨ ᠬᠦᠴᠢᠯ᠎ᠦᠨ ᠪᠠᠺᠲᠧᠷᠢ᠎ᠶᠢ ᠪᠣᠢᠵᠢᠭᠤᠯᠬᠤ᠎ᠳᠤ ᠬᠦᠴᠢᠷ᠂ ᠦᠢᠯᠡᠳᠪᠦᠷᠢᠯᠡᠯ᠎ᠦᠨ ᠦᠷ᠎ᠡ ᠠᠰᠢᠭ᠋ ᠳᠣᠣᠷ᠎ᠠ᠂ ᠠᠵᠢᠯ ᠲᠦᠷᠦᠯ᠎ᠤᠨ ᠬᠦᠭᠵᠢᠯᠳᠡ ᠵᠢ ᠬᠢᠵᠠᠭᠠᠷᠯᠠᠵᠤ ᠪᠠᠢᠬᠤ ᠪᠠᠢᠳᠠᠯ ᠳ᠋ᠤ ᠴᠢᠭᠯᠡᠬᠦᠯᠦᠨ᠂ ᠥᠨᠳᠥᠷ ᠨᠢᠭ᠍ᠲᠠᠴᠠ᠎ᠲᠠᠢ ᠪᠤᠢᠵᠢᠭᠤᠯᠬᠤ ᠵᠠᠭᠪᠤᠷ᠎ᠢ ᠡᠭᠦᠳᠴᠦ᠂ ᠪᠤᠢᠵᠢᠭᠤᠯᠬᠤ ᠰᠢᠩᠭᠡᠨᠳ᠋ᠡᠬᠢ ᠠᠮᠢᠳᠤ ᠪᠠᠺᠲᠧᠷᠢ᠎ᠶᠢᠨ ᠲᠣᠭ᠎ᠠ᠎ᠶᠢ 8 ︱ 10 ᠳ᠋ᠦᠩᠰᠢᠭᠤᠷ ᠪᠠᠢᠭᠰᠠᠨ᠎ᠠᠴᠠ 150 ︱ 400 ᠳ᠋ᠦᠩᠰᠢᠭᠤᠷ CFU/mL ᠪᠣᠯᠭᠠᠨ ᠳᠡᠭᠡᠭᠰᠢᠯᠡᠭᠦᠯᠵᠦ᠂ 《ᠰᠢᠯᠢᠳᠡᠭ ᠪᠠᠺᠲᠧᠷᠢ》 ᠶ᠋ᠢ ᠪᠥᠭᠡᠮ᠎ᠢᠶᠡᠷ ᠪᠣᠢᠵᠢᠭᠤᠯᠵᠤ ᠴᠢᠳᠠᠬᠤ ᠪᠤᠯᠪᠠ᠃ ᠰᠦᠨ ᠬᠦᠴᠢᠯ᠎ᠦᠨ ᠪᠠᠺᠲᠧᠷᠢ᠎ᠶᠢ ᠬᠠᠳᠠᠭᠠᠬᠤ ᠶᠠᠪᠤᠴᠠ᠎ᠳᠤ ᠠᠮᠢᠳᠤ ᠪᠠᠺᠲᠧᠷᠢ ᠨᠢ ᠠᠮᠠᠷᠬᠠᠨ ᠠᠯᠳᠠᠭᠳᠠᠬᠤ ᠪᠠᠢᠳᠠᠯ ᠳ᠋ᠤ ᠴᠢᠭᠯᠡᠬᠦᠯᠦᠨ᠂ ᠪᠢᠴᠢᠯ ᠪᠦᠷᠬᠦᠭᠦᠯᠦᠨ ᠢᠳᠡᠪᠬᠢ ᠴᠢᠨᠠᠷ᠎ᠢ ᠲᠣᠭᠲᠠᠪᠤᠷᠢᠵᠢᠭᠤᠯᠤᠨ ᠡᠵᠡᠮᠳᠡᠬᠦ ᠮᠡᠷᠭᠡᠵᠢᠯ᠎ᠢ ᠰᠤᠳᠤᠯᠤᠨ ᠨᠡᠭᠡᠭᠡᠵᠦ᠂ ᠬᠥᠯᠳᠡᠭᠡᠨ ᠬᠠᠳᠠᠭᠠᠬᠤ ᠮᠡᠷᠭᠡᠵᠢᠯ᠎ᠢ ᠡᠬᠦᠳᠦᠨ᠂ ᠪᠠᠺᠲᠧᠷᠢ᠎ᠶᠢᠨ ᠠᠮᠢᠳᠤᠷᠠᠬᠤ ᠨᠣᠷᠮ᠎ᠠ᠎ᠶᠢ 60% ᠪᠠᠢᠭᠰᠠᠨ᠎ᠠᠴᠠ 90% ᠪᠣᠯᠭᠠᠨ ᠳᠡᠬᠡᠭᠰᠢᠯᠡᠬᠦᠯᠵᠦ᠂ ᠭᠠᠳᠠᠭᠠᠳᠤ ᠵᠢᠨ ᠮᠡᠷᠬᠡᠵᠢᠯ᠎ᠤᠨ ᠭᠠᠭᠴᠠᠭᠠᠷ ᠡᠵᠡᠮᠰᠢᠯ᠎ᠢ ᠲᠦᠢᠯᠪᠦᠷᠢᠳᠡᠢ ᠬᠤᠪᠢᠷᠠᠭᠤᠯᠤᠭᠰᠠᠨ ᠪᠠᠢᠨ᠎ᠠ᠃ ᠰᠢᠨᠵᠢᠯᠡᠬᠦ ᠤᠬᠠᠭᠠᠨ᠎ᠤ ᠰᠤᠳᠤᠯᠭᠠᠨ ᠨᠢ ᠶᠡᠷᠦ᠎ᠨᠢ ᠪᠦᠬᠦ ᠬᠦᠮᠦᠨ ᠲᠦᠷᠦᠯᠬᠢᠳᠡᠨ ᠳ᠋ᠤ ᠦᠢᠯᠡᠴᠢᠯᠡᠬᠦ ᠵᠢᠨ ᠲᠦᠯᠦᠭᠡ ᠶᠤᠮ᠃ ᠰᠤᠳᠤᠯᠭᠠᠨ᠎ᠤ ᠪᠦᠯᠬᠦᠮ ᠤᠨ ᠬᠢᠨ ᠨᠡᠭᠡᠭᠡᠯᠲᠡ᠎ᠲᠠᠢ ᠬᠠᠮᠲᠤ ᠪᠠᠷ ᠡᠳ᠋ᠯᠡᠬᠦ᠎ᠶᠢ ᠪᠠᠷᠢᠮᠲᠠᠯᠠᠵᠤ᠂ 45 ᠰᠢᠨᠵᠢᠯᠡᠬᠦ ᠤᠬᠠᠭᠠᠨ᠎ᠤ ᠰᠤᠳᠤᠯᠭᠠᠨ᠎ᠤ ᠪᠠᠢᠭᠤᠯᠤᠮᠵᠢ᠂ 131 ᠠᠵᠤ ᠠᠬᠤᠢᠯᠠᠯ᠎ᠳᠤ ᠨᠡᠢ᠍ᠢᠳᠡ 9774 ᠪᠠᠺᠲᠧᠷᠢ ᠵᠢ ᠬᠠᠩᠭᠠᠨ ᠬᠠᠮᠲᠤ ᠪᠠᠷ ᠠᠰᠢᠬᠯᠠᠬᠤ ᠵᠢ ᠪᠡᠶᠡᠯᠡᠬᠦᠯᠵᠦ᠂ ᠪᠦᠬᠦ ᠤᠯᠤᠰ᠎ᠤᠨ 29 ᠮᠤᠵᠢ ᠣᠷᠣᠨ ᠬᠤᠳᠠ᠎ᠶᠢ ᠨᠥᠯᠥᠭᠡᠯᠡᠵᠦ᠂ ᠤᠯᠤᠰ ᠤᠨ ᠳᠣᠲᠣᠭᠠᠳᠤ᠎ᠶᠢᠨ ᠰᠦᠨ ᠬᠦᠴᠢᠯ᠎ᠦᠨ ᠪᠠᠺᠲᠧᠷᠢ᠎ᠶᠢᠨ ᠠᠵᠤ ᠦᠢᠯᠡᠰ᠎ᠦᠨ ᠰᠢᠨ᠎ᠡ᠎ᠶᠢ ᠡᠭᠦᠳᠬᠦ ᠭᠣᠣᠯ ᠲᠤᠯᠭᠠᠭᠤᠷᠢᠯᠠᠬᠤ ᠲᠠᠪᠴᠠᠩ ᠪᠣᠯᠤᠭᠰᠠᠨ ᠪᠠᠢᠨ᠎ᠠ᠃
《 AI ᠠᠰᠢᠭ᠍ᠲᠤ ᠪᠠᠺᠲᠧᠷᠢ᠎ᠶᠢ ᠰᠢᠯᠢᠨ ᠰᠣᠩᠭᠣᠬᠤ ᠲᠠᠪᠴᠠᠩ ᠨᠢ ᠪᠠᠺᠲᠧᠷᠢ ᠵᠢ ᠰᠤᠳᠤᠯᠤᠨ ᠨᠡᠬᠡᠬᠡᠬᠦ ᠦᠷ᠎ᠡ ᠪᠦᠳᠦᠮᠵᠢ ᠵᠢ ᠶᠡᠬᠡ ᠪᠡᠷ ᠳᠡᠬᠡᠭᠰᠢᠯᠡᠬᠦᠯᠵᠦ᠂ ᠰᠤᠳᠤᠯᠤᠨ ᠨᠡᠬᠡᠬᠡᠬᠦ ᠦᠪᠡᠷ᠎ᠤᠨ ᠦᠷᠳᠡᠭ᠎ᠢ ᠪᠠᠭᠤᠷᠠᠭᠤᠯᠵᠤ᠂ ᠰᠢᠯᠢᠳᠡᠭ ᠪᠠᠺᠲᠧᠷᠢ ᠵᠢ ᠢᠯᠡᠷᠡᠬᠦᠯᠬᠦ ᠬᠤᠷᠳᠤᠴᠠ ᠵᠢ ᠲᠦᠷᠬᠡᠳᠬᠡᠨ᠂ ᠰᠠᠭᠤᠷᠢ ᠰᠤᠳᠤᠯᠭᠠᠨ᠎ᠢ ᠠᠬᠢᠭᠤᠯᠬᠤ ᠳ᠋ᠤ ᠴᠢᠬᠤᠯᠠ ᠠᠴᠢ ᠬᠤᠯᠪᠤᠭᠳᠠᠯ ᠳᠠᠢ᠃ ᠢᠯᠠᠩᠭᠤᠶ᠎ᠠ ᠰᠤᠳᠤᠯᠭᠠᠨ᠎ᠤ ᠳᠠᠪᠴᠠᠩ ᠨᠢ ᠤᠯᠤᠰ᠎ᠤᠨ ᠳᠤᠳᠤᠭᠠᠳᠤ ᠵᠢᠨ ᠪᠢᠴᠢᠯ ᠠᠮᠢᠳᠤ ᠪᠤᠳᠠᠰ᠎ᠤᠨ ᠰᠤᠳᠤᠯᠭᠠᠨ ᠳ᠋ᠤ ᠴᠢᠯᠦᠬᠡᠳᠡᠢ ᠳᠤᠭ᠎ᠠ ᠪᠠᠷᠢᠮᠳᠠ ᠵᠢᠨ ᠡᠬᠢ ᠪᠠᠶᠠᠯᠢᠭ ᠬᠠᠩᠭᠠᠵᠤ᠂ ᠰᠢᠨᠵᠢᠯᠡᠬᠦ ᠤᠬᠠᠭᠠᠨ᠎ᠤ ᠰᠢᠨ᠎ᠡ ᠵᠢ ᠡᠬᠦᠳᠬᠦ ᠬᠦᠭᠵᠢᠯᠳᠡ ᠵᠢ ᠠᠬᠢᠭᠤᠯᠵᠤ ᠪᠠᠢᠨ᠎ᠠ》 ᠬᠡᠵᠦ ᠯᠢᠦ ᠸᠧᠨ ᠵᠢᠶᠦ᠋ᠨ ᠰᠤᠳᠤᠯᠤᠭᠠᠴᠢ ᠳᠠᠨᠢᠯᠴᠠᠭᠤᠯᠤᠯ᠎ᠠ᠃
ᠲᠡᠯᠡᠭᠡᠢ ᠵᠤᠷᠢᠭᠰᠠᠨ 《 ᠪᠠᠺᠲ᠋ᠸᠷᠢ P8》
ᠰᠦᠨ ᠬᠦᠴᠢᠯ᠎ᠦᠨ ᠪᠠᠺᠲᠧᠷᠢ᠎ᠶᠢᠨ ᠦᠷ᠎ᠡ ᠡᠳ᠋᠎ᠦᠨ ᠡᠬᠢ ᠪᠠᠶᠠᠯᠢᠭ ᠢ᠋ ᠦᠷᠬᠡᠨ ᠬᠡᠪᠴᠢᠶᠡᠨ ᠳ᠋ᠤ ᠠᠰᠢᠭᠯᠠᠵᠤ ᠪᠤᠯᠳᠠᠭ᠃ ᠢᠰᠬᠡᠭᠰᠡᠨ ᠰᠦ ᠵᠢᠨ ᠪᠦᠳᠦᠭᠡᠭᠳᠡᠬᠦᠨ᠂ ᠴᠢᠨᠠᠷ ᠰᠠᠢᠳᠠᠢ ᠢᠰᠬᠡᠭᠰᠡᠨ ᠢᠳᠡᠭᠡᠨ᠎ᠳ᠋ᠤ ᠬᠡᠷᠡᠭᠯᠡᠵᠤ ᠪᠤᠯᠬᠤ ᠪᠡᠷ ᠪᠠᠷᠠᠬᠤ ᠦᠬᠡᠢ᠂ ᠬᠦᠬᠡ ᠳᠠᠷᠤᠰᠢ ᠵᠢ ᠢᠰᠬᠡᠬᠦ᠂ ᠰᠠᠭᠠᠯᠢ᠎ᠶᠢᠨ ᠦᠨᠢᠶ᠎ᠡ᠎ᠶᠢᠨ ᠭᠡᠳᠡᠰᠦᠨ᠎ᠦ ᠪᠢᠴᠢᠯ ᠠᠮᠢ ᠠᠬᠤᠢ᠎ᠶᠢ ᠰᠠᠢᠵᠢᠷᠠᠭᠤᠯᠬᠤ ᠨᠠᠢᠷᠠᠯᠭ᠎ᠠ᠎ᠶᠢᠨ ᠡᠳ᠋᠎ᠢ ᠰᠤᠳᠤᠯᠤᠨ ᠨᠡᠬᠡᠬᠡᠬᠦ ᠵᠡᠷᠭᠡ ᠳ᠋ᠤ ᠪᠦᠷ ᠬᠡᠷᠡᠭᠯᠡᠵᠦ ᠪᠤᠯᠳᠠᠭ᠃《ᠴᠢᠨᠠᠷ ᠰᠠᠢᠳᠠᠢ ᠰᠦᠨ ᠬᠦᠴᠢᠯ᠎ᠤᠨ ᠪᠠᠺᠲᠧᠷᠢ ᠨᠢ ᠬᠦᠬᠡ ᠳᠠᠷᠤᠰᠢ ᠵᠢᠨ ᠴᠢᠨᠠᠷ ᠢ᠋ ᠰᠠᠢᠵᠢᠷᠠᠭᠤᠯᠬᠤ᠂ ᠰᠦ ᠵᠢᠨ ᠭᠠᠷᠤᠯᠲᠠ᠎ᠶᠢ ᠨᠡᠮᠡᠭᠳᠡᠭᠦᠯᠬᠦ᠎ᠳᠦ ᠪᠦᠷ ᠢᠳᠡᠪᠬᠢᠲᠡᠢ ᠦᠢᠯᠡᠳᠦᠯ᠎ᠲᠠᠢ ᠶᠤᠮ᠃ ᠢᠯᠠᠩᠭᠤᠶ᠎ᠠ ᠴᠢᠨᠠᠷ ᠰᠠᠢᠳᠠᠢ ᠰᠦᠨ ᠬᠦᠴᠢᠯ᠎ᠦᠨ ᠠᠰᠢᠭᠳᠤ ᠪᠠᠺᠲᠧᠷᠢ᠎ᠨᠢ ᠰᠠᠭᠠᠯᠢ᠎ᠶᠢᠨ ᠦᠨᠢᠶᠡᠨ᠎ᠦ ᠭᠡᠳᠡᠰᠦᠨ᠎ᠦ ᠠᠵᠢᠯᠯᠠᠭ᠎ᠠ᠎ᠨᠢ ᠪᠦᠲᠦᠮᠵᠢᠲᠡᠶ ᠰᠠᠢᠵᠢᠷᠠᠭᠤᠯᠵᠤ᠂ ᠬᠥᠬᠥᠨᠦ ᠦᠷᠪᠢᠰᠦᠯ᠎ᠢ ᠰᠡᠷᠭᠡᠢᠯᠡᠨ᠂ ᠲᠦᠭᠦᠬᠡᠢ ᠰᠦ ᠵᠢᠨ ᠶᠠᠰᠤ ᠴᠢᠨᠠᠷ᠎ᠢ ᠳᠡᠭᠡᠭᠰᠢᠯᠡᠭᠦᠯᠬᠦ᠎ᠳᠦ ᠠᠰᠢᠭᠳᠠᠢ》 ᠬᠡᠵᠦ ᠯᠢᠦ ᠸᠧᠨ ᠵᠢᠶᠦ᠋ᠨ ᠰᠤᠳᠤᠯᠤᠭᠠᠴᠢ ᠰᠦᠨ ᠬᠦᠴᠢᠯ᠎ᠤᠨ ᠪᠠᠺᠲᠧᠷᠢ ᠵᠢᠨ ᠬᠡᠷᠡᠭᠯᠡᠬᠡᠨ᠎ᠤ ᠦᠨ᠎ᠡ ᠦᠷᠳᠡᠭ᠎ᠤᠨ ᠳᠤᠬᠠᠢ ᠳᠠᠨᠢᠯᠴᠠᠭᠤᠯᠬᠤ ᠳ᠋ᠠᠭᠠᠨ 《 ᠪᠠᠭᠰᠢ ᠵᠢᠨ ᠮᠢᠨᠢ ᠰᠢᠯᠢ ᠶ᠋ᠢᠨ ᠭᠣᠣᠯ ᠠᠢᠮᠠᠭ᠎ᠤᠨ ᠮᠠᠯᠴᠢᠨ ᠠᠢᠯ᠎ᠤᠨ ᠠᠢᠷᠠᠭ ᠠ᠋ᠴᠠ ᠰᠠᠯᠭᠠᠨ ᠭᠠᠷᠭᠠᠭᠰᠠᠨ ᠪᠢᠰᠢᠯᠠᠭ ᠤᠨ ᠰᠠᠪᠬᠠᠨᠴᠢᠷ ᠪᠠᠺᠲᠧᠷᠢ Zhang ᠨᠢ ᠣᠳᠣ᠌ ᠨᠢᠭᠡᠨᠲᠡ ᠤᠯᠤᠰ᠎ᠤᠨ ᠳᠣᠲᠣᠭᠠᠳᠤ ᠭᠠᠳᠠᠭᠠᠳᠤ᠎ᠳᠤ ᠠᠯᠳᠠᠷᠲᠠᠢ〈ᠨᠡᠷᠡᠲᠦ ᠪᠠᠺᠲᠧᠷᠢ〉 ᠪᠣᠯᠤᠭᠰᠠᠨ ᠪᠠᠢᠨ᠎ᠠ》 ᠬᠡᠵᠦ ᠤᠮᠤᠭᠳᠠᠢᠬᠠᠨ ᠶᠠᠷᠢᠨ᠎ᠠ᠃
ᠵᠠᠩ ᠾᠧ ᠫᠢᠩ᠎ᠤᠨ ᠰᠤᠳᠤᠯᠭᠠᠨ᠎ᠤ ᠪᠦᠯᠬᠦᠮ ᠤᠯᠠᠨ ᠵᠢᠯ ᠲᠤᠷᠰᠢ ᠮᠠᠯᠵᠢᠬᠤ ᠣᠷᠣᠨ᠎ᠵᠢᠡᠷ ᠬᠦᠨᠵᠡᠬᠡᠢᠷᠡᠬᠦ ᠳ᠋ᠡᠬᠡᠨ ᠬᠦᠭᠡ ᠳᠠᠷᠤᠰᠢ᠎ᠶᠢᠨ ᠶᠠᠰᠤ ᠴᠢᠨᠠᠷ ᠠᠨᠠᠢ᠂ ᠮᠠᠯ ᠵᠢᠭᠦᠷᠲᠡᠨ᠎ᠦ ᠡᠭᠡᠯᠢᠯᠡᠭᠡ᠎ᠶᠢᠨ ᠴᠢᠳᠠᠪᠤᠷᠢ ᠬᠦᠷᠦᠯᠴᠡᠬᠦ ᠦᠭᠡᠢ᠂ ᠦᠨᠳᠦᠰᠦᠲᠡᠨ᠎ᠦ ᠴᠠᠭᠠᠨ ᠢᠳᠡᠭᠡᠨ᠎ᠦ ᠦᠢᠯᠡᠳᠬᠡᠯ᠎ᠦᠨ ᠦᠢᠯᠡᠳᠪᠦᠷᠢᠯᠡᠯ᠎ᠦᠨ ᠴᠢᠳᠠᠪᠤᠷᠢ ᠪᠠᠭᠤᠷᠠᠢ ᠵᠡᠷᠭᠡ ᠦᠨᠳᠦᠰᠦᠨ ᠱᠠᠲᠤᠨ᠎ᠤ ᠲᠦᠪᠡᠭᠲᠡᠢ ᠠᠰᠠᠭᠤᠳᠠᠯ᠎ᠢ ᠤᠢᠯᠠᠭᠠᠵᠤ᠂ ᠬᠠᠨᠳᠤᠯᠭ᠎ᠠ ᠳᠠᠢ ᠪᠡᠷ ᠰᠤᠳᠤᠯᠭᠠᠨ ᠵᠢᠡᠨ ᠦᠷᠨᠢᠬᠦᠯᠦᠭᠰᠡᠬᠡᠷ ᠢᠷᠡᠭᠰᠡᠨ ᠶᠤᠮ᠃ ᠤᠳᠤᠬᠠᠨ ᠪᠤᠯᠳᠠᠯ᠎ᠠ ᠳᠡᠳᠡ 7 ᠵᠦᠢᠯ᠎ᠤᠨ ᠬᠦᠭᠡ ᠳᠠᠷᠤᠰᠢ᠎ᠶᠢᠨ ᠢᠰᠬᠡᠬᠦᠷᠢ 319 ᠲᠡᠵᠢᠭᠡᠨ ᠦᠷᠡᠵᠢᠭᠦᠯᠬᠦ ᠠᠵᠤ ᠠᠬᠤᠢᠯᠠᠯ ᠳ᠋ᠤ ᠬᠠᠩᠭᠠᠨ᠂ ᠴᠢᠨᠠᠷ ᠰᠠᠢᠲᠠᠢ ᠬᠦᠭᠡ ᠳᠠᠷᠤᠰᠢ᠎ᠵᠢᠨ ᠭᠠᠷᠤᠯᠳᠠ ᠵᠢ ᠵᠢᠯ ᠲᠤᠮᠳᠠᠴᠢ ᠪᠡᠷ 1140 ᠲᠦᠮᠡᠨ ᠲᠣᠨ ᠳ᠋ᠤ ᠬᠦᠷᠭᠡᠵᠡᠢ᠃ ᠡᠨᠡ ᠨᠢ ᠪᠥᠬᠥ ᠤᠯᠤᠰ᠎ᠤᠨ ᠬᠦᠭᠡ ᠲᠠᠷᠤᠰᠢ ᠵᠢᠨ ᠦᠢᠯᠡᠳᠪᠦᠷᠢᠯᠡᠯ᠎ᠤᠨ ᠠᠷᠪᠠᠨᠤ᠋ ᠭᠤᠷᠪᠠᠨ ᠬᠤᠪᠢ ᠠ᠋ᠴᠠ ᠳᠡᠭᠡᠭᠰᠢᠬᠢ᠎ᠶᠢ ᠡᠵᠡᠯᠡᠪᠡ᠃ 13 ᠵᠦᠢᠯ᠎ᠤ᠋ᠨ ᠪᠢᠴᠢᠯ ᠠᠮᠢ ᠠᠬᠤᠢ᠎ᠶᠢᠨ ᠨᠠᠢᠷᠠᠯᠭ᠎ᠠ ᠨᠢ ᠪᠥᠬᠥ ᠤᠯᠤᠰ᠎ᠤᠨ 86%᠎ᠶᠢᠨ ᠬᠡᠪᠴᠢᠶᠡᠵᠢᠭᠰᠡᠨ ᠮᠠᠯᠵᠢᠯ᠎ᠤᠨ ᠲᠠᠯᠠᠪᠠᠶ᠎ᠳ᠋ᠤ ᠬᠡᠷᠡᠭᠯᠡᠭᠳᠡᠵᠦ᠂ ᠦᠷ᠎ᠡ ᠠᠰᠢᠭ᠋᠎ᠢ ᠨᠡᠮᠡᠭᠳᠡᠭᠦᠯᠵᠦ᠂ ᠨᠤᠲᠤᠭ ᠪᠡᠯᠴᠢᠭᠡᠷ᠎ᠦᠨ ᠠᠮᠢ ᠠᠬᠤᠢ᠎ᠶᠢ ᠰᠠᠢᠵᠢᠷᠠᠭᠤᠯᠪᠠ᠃
ᠥᠪᠥᠷ ᠮᠣᠩᠭᠣᠯ᠂ ᠰᠢᠨᠵᠢᠶᠠᠩ᠂ ᠲᠥᠪᠡᠳ ᠵᠡᠷᠭᠡ ᠭᠠᠵᠠᠷ ᠣᠷᠣᠨ᠎ᠤ ᠤᠯᠠᠮᠵᠢᠯᠠᠯᠲᠤ ᠴᠠᠭᠠᠨ ᠢᠳᠡᠭᠡᠨ᠎ᠦ ᠠᠵᠤ ᠦᠢᠯᠡᠰ᠎ᠲᠦ ᠴᠢᠭᠯᠡᠬᠦᠯᠦᠨ ᠰᠤᠳᠤᠯᠭᠠᠨ᠎ᠤ ᠪᠦᠯᠬᠦᠮ᠎ᠤᠨ ᠬᠢᠨ ᠢᠰᠬᠡᠬᠦᠷ ᠵᠢᠴᠢ ᠢᠵᠢ ᠪᠦᠷᠢᠳᠦᠭᠰᠡᠨ ᠦᠢᠯᠡᠳᠪᠦᠷᠢᠯᠡᠯ ᠦᠨ ᠲᠥᠬᠦᠭᠡᠷᠦᠮᠵᠢ᠎ᠶᠢ ᠰᠤᠳᠤᠯᠤᠨ ᠨᠡᠭᠡᠭᠡᠵᠦ᠂ 23 ᠮᠡᠷᠭᠡᠵᠢᠯ᠎ᠦᠨ ᠵᠢᠱ᠌ᠢᠶ᠎ᠡ ᠦᠵᠡᠭᠦᠯᠬᠦ ᠴᠡᠭ᠎ᠢ ᠪᠠᠢᠭᠤᠯᠤᠨ᠂ ᠮᠠᠯᠴᠢᠨ ᠲᠠᠷᠢᠶᠠᠴᠢᠨ ᠳ᠋ᠤ 3900 ᠭᠠᠷᠤᠢ ᠬᠥᠮᠥᠨ ᠤᠳᠠᠭ᠎ᠠ ᠪᠤᠯᠪᠠᠰᠤᠷᠠᠯ ᠬᠦᠷᠳᠡᠬᠡᠵᠦ᠂ ᠤᠯᠠᠮᠵᠢᠯᠠᠯᠲᠤ ᠭᠠᠷ ᠦᠢᠯᠡᠳᠬᠡᠯ᠎ᠦᠨ ᠭᠠᠵᠠᠷ᠎ᠢ ᠪᠠᠷᠢᠮᠵᠢᠶᠠᠵᠢᠭᠤᠯᠤᠭᠰᠠᠨ ᠦᠢᠯᠡᠳᠪᠦᠷᠢ᠎ᠶᠢᠨ ᠲᠠᠰᠤᠭ ᠪᠣᠯᠭᠠᠨ ᠪᠦᠳᠦᠭᠡᠨ ᠪᠠᠢᠭᠤᠯᠵᠤ᠂ ᠭᠠᠵᠠᠷ ᠤᠷᠤᠨ᠎ᠤ ᠣᠨᠴᠠᠯᠢᠭᠳᠤ ᠴᠠᠭᠠᠨ ᠢᠳᠡᠭᠡᠨ ᠢ᠋ ᠪᠦᠬᠦ ᠤᠯᠤᠰ ᠪᠠ ᠬᠠᠷᠢ ᠭᠠᠳᠠᠭᠠᠳᠤ᠎ᠳᠤ ᠬᠦᠷᠳᠡᠯ᠎ᠡ ᠪᠣᠷᠣᠯᠠᠭᠤᠯᠪᠠ᠃ 19 ᠵᠦᠢᠯ᠎ᠦᠨ ᠢᠰᠭᠡᠭᠴᠢ ᠪᠠᠺᠲᠧᠷᠢ᠎ᠶᠢᠨ ᠨᠠᠢᠷᠠᠯᠭ᠎ᠠ᠎ᠶᠢ ᠪᠡᠶ᠎ᠡ ᠪᠡᠨ ᠲᠠᠭᠠᠭᠠᠨ ᠰᠤᠳᠤᠯᠤᠨ ᠨᠡᠭᠡᠭᠡᠵᠦ ᠮᠧᠩ ᠨᠢᠦ ᠵᠡᠷᠭᠡ 101 ᠠᠵᠤ ᠠᠬᠤᠢᠯᠠᠯ᠎ᠳᠤ ᠬᠠᠩᠭᠠᠨ᠂ ᠭᠠᠳᠠᠭᠠᠳᠤ᠎ᠠᠴᠠ ᠣᠷᠣᠭᠤᠯᠬᠤ ᠨᠠᠢᠷᠠᠯᠭ᠎ᠠ ᠵᠢᠨ ᠡᠳ᠋᠎ᠢ ᠪᠦᠬᠦ ᠲᠠᠯ᠎ᠠ᠎ᠪᠠᠷ ᠣᠷᠣᠯᠠᠭᠤᠯᠵᠤ᠂ ᠭᠠᠳᠠᠭᠠᠳᠤ᠎ᠡᠴᠡ ᠤᠷᠤᠭᠤᠯᠬᠤ ᠢᠰᠭᠡᠭᠴᠢ ᠪᠠᠺᠲᠧᠷᠢ᠎ᠶᠢᠨ ᠨᠠᠢᠷᠠᠯᠭ᠎ᠠ᠎ᠶᠢᠨ ᠦᠨ᠎ᠡ᠎ᠶᠢ ᠶᠡᠬᠡ ᠪᠡᠷ ᠪᠠᠭᠤᠷᠠᠭᠤᠯᠤᠭᠰᠠᠨ ᠪᠠᠢᠨ᠎ᠠ᠃ ᠪᠡᠶ᠎ᠠ ᠪᠠᠨ ᠳᠠᠭᠠᠭᠠᠭᠵᠤ ᠰᠤᠳᠤᠯᠤᠨ ᠨᠡᠬᠡᠬᠡᠭᠰᠡᠨ ᠰᠦᠨ ᠬᠦᠴᠢᠯ᠎ᠤᠨ ᠪᠠᠺᠲᠧᠷᠢ᠎ᠵᠢᠨ ᠲᠦᠷᠦᠯ᠎ᠢ ᠬᠡᠷᠡᠭᠯᠡᠭᠰᠡᠨ ᠮᠧᠩ ᠨᠢᠦ ᠶᠢᠦ ᠢ C ᠪᠦᠳᠦᠭᠡᠭᠳᠡᠬᠦᠨ᠎ᠤ ᠵᠢᠯ᠎ᠦᠨ ᠪᠣᠷᠤᠯᠠᠭᠤᠯᠭ᠎ᠠ 15 ᠳ᠋ᠦᠩᠰᠢᠭᠤᠷ ᠲᠥᠭᠥᠷᠢᠭ᠎ᠢ ᠳᠠᠪᠠᠪᠠ᠃ ᠣᠳᠣᠬᠠᠨ᠎ᠳᠤ 17 ᠵᠦᠢᠯ᠎ᠤᠨ ᠰᠦᠨ ᠬᠦᠴᠢᠯ᠎ᠤᠨ ᠪᠠᠺᠲᠧᠷᠢ᠎ᠵᠢᠨ ᠠᠵᠤ ᠦᠢᠯᠡᠰᠵᠢᠯᠳᠡ᠎ᠶᠢ ᠪᠡᠶᠡᠯᠡᠭᠦᠯᠵᠦ᠂ ᠮᠡᠷᠭᠡᠵᠢᠯ᠎ᠤᠨ ᠤᠯᠠᠷᠢᠭᠤᠯᠤᠯᠳᠠ ᠨᠢ 7500 ᠲᠦᠮᠡᠨ ᠲᠥᠭᠥᠷᠢᠭ᠎ᠲᠦ ᠬᠦᠷᠴᠦ᠂ ᠪᠦᠬᠦ ᠤᠯᠤᠰ᠎ᠤᠨ 560 ᠠᠵᠤ ᠠᠬᠤᠢᠯᠠᠯ᠎ᠳᠤ ᠦᠢᠯᠡᠴᠢᠯᠡᠵᠦ᠂ ᠠᠵᠤ ᠦᠢᠯᠡᠰ᠎ᠦᠨ ᠬᠡᠯᠬᠢᠶᠡᠨ᠎ᠤ ᠡᠬᠢᠨ᠎ᠤ ᠪᠠ ᠡᠴᠦᠰ᠎ᠤᠨ ᠦᠢᠯᠡᠳᠬᠦᠨ᠎ᠦ ᠦᠷᠳᠡᠭ᠎ᠢ 600 ᠳ᠋ᠦᠩᠰᠢᠭᠤᠷ ᠲᠥᠭᠥᠷᠢᠭ ᠡᠴᠡ ᠳᠠᠪᠠᠭᠤᠯᠵᠠᠢ; ᠪᠠᠺᠲᠧᠷᠢ P8 ᠶ᠋ᠢ ᠡᠸᠦ᠋ᠷᠦᠫᠡ ᠠᠮᠧᠷᠢᠺᠠ᠎ᠳᠤ ᠡᠷᠬᠡ ᠣᠯᠭᠣᠨ ᠬᠡᠷᠡᠭᠯᠡᠭᠦᠯᠵᠦ᠂ ᠮᠠᠨ᠎ᠤ ᠤᠯᠤᠰ᠎ᠤᠨ ᠰᠦᠨ ᠬᠦᠴᠢᠯ᠎ᠦᠨ ᠪᠠᠺᠲᠧᠷᠢ᠎ᠶᠢᠨ ᠮᠡᠷᠭᠡᠵᠢᠯ᠎ᠢ ᠭᠠᠳᠠᠭᠠᠳᠤ᠎ᠵᠢᠨ ᠬᠥᠭᠵᠢᠭᠰᠡᠨ ᠤᠯᠤᠰ ᠲᠤ᠌ ᠭᠠᠷᠭᠠᠭᠰᠠᠨ ᠲᠡᠦᠬᠡᠲᠦ ᠴᠢᠨᠠᠷᠲᠠᠢ ᠰᠢᠪᠲᠤᠯᠤᠯᠲᠠ᠎ᠶᠢ ᠪᠡᠶᠡᠯᠡᠭᠦᠯᠪᠡ᠃
ᠦᠷ᠎ᠡ ᠡᠳ᠋᠎ᠦᠨ ᠡᠬᠢ ᠪᠠᠶᠠᠯᠢᠭ᠋ ᠬᠣᠭᠣᠰᠤᠨ ᠪᠠᠢᠭᠰᠠᠨ᠎ᠠᠴᠠ ᠪᠦᠬᠦ ᠪᠥᠮᠪᠥᠷᠴᠡᠭ ᠲᠤ᠌ ᠤᠷᠤᠢᠯᠠᠭᠰᠠᠨ ᠪᠠᠺᠲᠧᠷᠢ᠎ᠶᠢᠨ ᠬᠥᠮᠥᠷᠭᠡ᠎ᠶᠢ ᠪᠠᠢᠭᠤᠯᠤᠭᠰᠠᠨ᠂ ᠢᠵᠢ ᠪᠦᠷᠢᠨ ᠮᠡᠷᠭᠡᠵᠢᠯ ᠦᠬᠡᠢ ᠪᠠᠢᠭᠰᠠᠨ ᠡᠴᠡ ᠪᠡᠶ᠎ᠡ᠎ᠪᠡᠨ ᠳᠠᠭᠠᠭᠠᠭᠰᠠᠨ ᠠᠵᠤ ᠦᠢᠯᠡᠰᠵᠢᠯᠲᠡ᠎ᠶᠢᠨ ᠰᠢᠰᠲ᠋ᠧᠮ᠎ᠢ ᠪᠠᠶ᠋ᠢᠭᠤᠯᠤᠭᠰᠠᠨ᠂ ᠪᠦᠷᠢᠮᠦᠰᠦᠨ ᠭᠠᠳᠠᠭᠠᠳᠤ᠎ᠠᠴᠠ ᠣᠷᠣᠭᠤᠯᠬᠤ᠎ᠳᠤ ᠲᠦᠰᠢᠭᠯᠡᠵᠦᠪᠠᠢᠭᠰᠠᠨ ᠡᠴᠡ ᠮᠡᠷᠭᠡᠵᠢᠯ᠎ᠢ ᠭᠠᠳᠠᠭᠠᠳᠤ᠎ᠳᠤ ᠭᠠᠷᠭᠠᠬᠤ ᠪᠤᠯᠤᠭᠰᠠᠨ ᠬᠦᠷᠲᠡᠯ᠎ᠡ᠂ ᠦᠪᠦᠷ ᠮᠤᠩᠭᠤᠯ᠎ᠤᠨ ᠲᠠᠷᠢᠶᠠᠯᠠᠩ᠎ᠤᠨ ᠶᠡᠭᠡ ᠰᠤᠷᠭᠠᠭᠤᠯᠢ ᠵᠢᠨ ᠢᠳᠡᠭᠡᠨ᠎ᠦ ᠰᠢᠨᠵᠢᠯᠡᠬᠦ ᠤᠬᠠᠭᠠᠨ ᠬᠢᠭᠡᠳ ᠢᠨᠵᠧᠨᠧᠷᠢᠩ᠎ᠦᠨ ᠰᠤᠳᠤᠯᠭᠠᠨ᠎ᠤ ᠪᠦᠯᠬᠦᠮ᠎ᠤᠨ ᠬᠢᠨ ᠥᠪᠡᠷᠮᠢᠴᠡ ᠣᠨᠴᠠᠯᠢᠭ᠋᠎ᠲᠠᠢ ᠰᠢᠨᠵᠢᠯᠡᠬᠦ ᠤᠬᠠᠭᠠᠨ᠎ᠤ ᠰᠢᠨ᠎ᠡ᠎ᠶᠢ ᠡᠭᠦᠳᠬᠦ ᠵᠠᠮ᠎ᠢ ᠨᠡᠬᠡᠬᠡᠵᠦ᠂ ᠮᠢᠺᠷᠤᠪ᠎ᠤᠨ ᠡᠬᠢ ᠪᠠᠶᠠᠯᠢᠭ᠎ᠤᠨ ᠰᠢᠨ᠎ᠡ ᠵᠢ ᠡᠬᠦᠳᠬᠦ ᠪᠠ ᠤᠨᠳᠤᠤᠰᠢᠭᠤᠯᠬᠤ᠂ ᠰᠦ ᠵᠢᠨ ᠦᠢᠯᠡᠰ᠎ᠤᠨ ᠪᠡᠶ᠎ᠠ ᠳᠠᠭᠠᠭᠠᠭᠰᠠᠨ ᠦᠷᠢᠰᠦᠯᠳᠦᠬᠦ ᠬᠦᠴᠦᠨ᠎ᠢ ᠦᠷᠬᠦᠯᠵᠢᠯᠡᠨ ᠳᠡᠬᠡᠭᠰᠢᠯᠡᠬᠦᠯᠬᠦ᠂ ᠤᠯᠤᠰ ᠤᠨ ᠴᠢᠬᠤᠯᠠ ᠮᠠᠯ᠎ᠤᠨ ᠠᠰᠢᠭ ᠰᠢᠮ᠎ᠡ ᠳᠠᠷᠢᠶᠠᠯᠠᠩ᠎ᠤᠨ ᠪᠦᠳᠦᠬᠡᠭᠳᠡᠬᠦᠨ᠎ᠤ ᠴᠢᠨᠠᠷ ᠰᠠᠢᠳᠠᠢ ᠬᠦᠭᠵᠢᠯᠳᠡ ᠳ᠋ᠤ ᠰᠢᠨᠵᠢᠯᠡᠬᠦ ᠤᠬᠭᠠᠨᠤ ᠳᠤᠯᠠᠭᠠᠭᠤᠷᠢᠯᠠᠯ ᠬᠠᠩᠭᠠᠵᠠᠢ᠃
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠰᠠᠢᠨ᠎ᠠ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃