ᠲᠡᠷᠢᠭᠦᠨ ᠨᠢᠭᠤᠷ>ᠴᠠᠭ ᠲᠦᠷᠦ>ᠵᠢᠷᠤᠭᠲᠤ ᠮᠡᠳᠡᠭᠡ

2026-10-23 12:33:18

ᠵᠣᠬᠢᠶᠠᠭ᠍ᠴᠢ᠄ ᠰᠤᠳᠤᠪᠠᠶᠠᠷ ᠣᠩᠱᠢᠭ᠍ᠰᠠᠨ ᠣᠳᠠᠭ᠎ᠠ᠄ 3

ᠠᠯᠠᠱᠠ ᠨᠤᠲᠤᠭ᠎ᠤᠨ ᠬᠠᠴᠢᠨ ᠴᠢᠯᠠᠭᠤᠨ᠎ᠤ ᠲᠤᠲᠤᠷ᠎ᠠ ᠬᠦᠮᠦᠨ ᠠᠮᠢᠳᠠᠨ᠎ᠤ ᠳᠦᠷᠰᠦ᠎ᠲᠠᠢ ᠴᠢᠯᠠᠭᠤ ᠮᠤᠩᠳᠠᠬᠤ ᠦᠭᠡᠢ᠃ ᠡᠳᠡᠭᠡᠷ ᠲᠦᠷᠰᠦᠳᠦ ᠴᠢᠯᠠᠭᠤᠨ᠎ᠤ ᠲᠤᠳᠤᠷ᠎ᠠ ᠠᠶ᠎ᠠ  ᠲᠠᠭᠤ ᠭᠠᠷᠭᠠᠵᠦ᠍ ᠴᠢᠳᠠᠳᠠᠭ᠎ᠨᠢ ᠬᠠᠷᠢᠨ ᠬᠤᠪᠤᠷᠬᠠᠨ ᠪᠠᠢᠬ᠎ᠠ᠃



ᠪᠤᠤ ᠪᠤᠤ ᠢᠤᠢ᠎ᠶ᠋ᠢᠨ ᠬᠠᠳᠠᠭᠠᠯᠠᠵᠦ᠍ ᠪᠠᠢᠭ᠎ᠠ ᠶᠠᠰᠤᠳᠤ ᠮᠡᠯᠡᠬᠡᠢ᠎ᠶ᠋ᠢᠨ ᠲᠦᠷᠰᠦ᠎ᠲᠠᠢ ᠲᠤᠮᠤᠬᠠᠨ ᠴᠢᠯᠠᠭᠤ᠎ᠨᠢ ᠨᠡᠭᠡᠷᠡᠨ ᠠᠶ᠎ᠠ ᠲᠠᠭᠤ ᠭᠠᠷᠭᠠᠵᠦ᠍ ᠴᠢᠳᠠᠳᠠᠭ᠎ᠢᠶᠠᠷ᠎ᠢᠶᠠᠨ ᠬᠦᠮᠦᠰ᠎ᠤᠨ ᠪᠠᠭ᠍ᠠᠷᠬᠠᠯ᠎ᠢ ᠲᠠᠳᠠᠵᠦ᠍᠂ 《ᠲᠠᠪᠬᠤᠷ》 ᠦᠨ᠎ᠡ ᠦᠷᠳᠡᠭ᠎ᠢᠶᠠᠨ ᠭᠠᠢᠬᠠᠭᠤᠯᠵᠦ᠍ ᠪᠠᠢᠨ᠎ᠠ᠃ ᠶᠡᠷᠤ ᠨᠢ ᠠᠯᠠᠱᠠ ᠨᠤᠳᠤᠭ᠎ᠤᠨ ᠭᠤᠪᠢ᠎ᠶ᠋ᠢᠨ ᠬᠠᠴᠢᠨ ᠴᠢᠯᠠᠭᠤᠳ᠎ᠨᠢ 《ᠦᠭᠡ ᠬᠡᠯᠡᠵᠦ᠍ ᠴᠢᠳᠠᠳᠠᠭ》 ᠭᠡᠮᠡᠨ ᠠᠯᠳᠠᠷᠱᠢᠵᠦ᠍ ᠪᠠᠢᠳᠠᠭ᠎ᠢ ᠪᠢᠳᠠ ᠮᠡᠳᠡᠬᠦ᠌᠎ᠪᠠᠷ ᠪᠠᠷᠠᠬᠤ ᠦᠭᠡᠢ ᠴᠢᠯᠠᠭᠤᠨ ᠬᠦᠭ᠌ᠵᠢᠮ᠎ᠨᠢ ᠴᠤ᠌ ᠬᠤᠯᠠ ᠤᠢᠷ᠎ᠠ᠎ᠳᠠᠭᠠᠨ ᠨᠡᠷ᠎ᠡ᠎ᠠᠯᠳᠠᠷ ᠵᠢᠠᠨ ᠲᠠᠭᠤᠷᠢᠰᠭᠠᠵᠦ᠍᠂ ᠨᠠᠢᠷ ᠴᠤᠭ᠍ᠯᠠᠭᠠᠨ᠎ᠤ ᠬᠤᠢᠮᠤᠷ᠎ᠠᠴᠠ ᠴᠤᠤᠷᠢᠶᠠᠳᠤᠬᠤ ᠪᠤᠯᠵᠡᠢ᠃ ᠦᠨᠡᠨ᠎ᠳᠡᠭᠡᠨ ᠴᠢᠯᠠᠭᠤ ᠦᠭᠡ ᠬᠡᠯᠡᠨ᠎ᠡ ᠭᠡᠭ᠌ᠴᠢ ᠢᠳᠡᠭᠡᠰᠢ ᠦᠭᠡᠢ ᠬᠡᠷᠡᠭ᠂ ᠬᠠᠷᠢᠨ ᠴᠢᠯᠠᠭᠤᠨ᠎ᠤ ᠦᠩᠭᠡ ᠲᠦᠷᠰᠤ ᠵᠢᠴᠢ ᠤᠯᠠᠨ ᠮᠢᠩᠭᠠᠨ ᠵᠢᠯ᠎ᠢ ᠲᠤᠭᠤᠯᠬᠤ᠎ᠳᠠᠭᠠᠨ ᠨᠠᠷᠠ ᠰᠠᠯᠬᠢᠨ᠎ᠤ ᠢᠳᠡᠭ᠌ᠳᠡᠯ ᠱᠢᠷᠠᠭ᠍ᠳᠤᠯ᠎ᠢᠶᠠᠷ ᠡᠬᠡ ᠪᠠᠢᠭᠠᠯᠢ᠎ᠠᠴᠠ ᠰᠤᠶᠤᠷᠬᠠᠭ᠍ᠰᠠᠨ ᠭᠤᠸ᠎ᠠ ᠰᠠᠢᠬᠠᠨ ᠪᠦᠳᠦᠭᠡᠯ ᠪᠤᠯᠵᠦ᠍᠂ ᠡᠨᠡ᠎ᠨᠢ ᠶᠠᠭ ᠯᠠ ᠬᠦᠮᠦᠰ᠎ᠤᠨ ᠬᠠᠷᠠᠭᠠᠨ᠎ᠳᠤ ᠤᠨ ᠵᠢᠯ᠎ᠤᠨ ᠤᠯᠠᠷᠢᠯ ᠲᠤᠮᠳᠠᠬᠢ ᠡᠬᠡ ᠪᠠᠢᠭᠠᠯᠢ᠎ᠶ᠋ᠢᠨ ᠦᠩᠭᠡᠷᠡᠯᠳᠡ ᠬᠤᠪᠢᠷᠠᠯᠳᠠ᠎ᠶ᠋ᠢ ᠦᠬᠦᠯᠡᠵᠦ᠍ ᠪᠠᠢᠭ᠎ᠠ ᠱᠢᠭ᠋ ᠪᠠᠢᠳᠠᠭ ᠪᠤᠯᠬᠤᠷ ᠠᠯᠠᠱᠠ ᠨᠤᠳᠤᠭ᠎ᠤᠨ ᠴᠢᠯᠠᠭᠤ ᠦᠭᠡ ᠬᠡᠯᠡᠵᠦ᠍ ᠴᠢᠳᠠᠳᠠᠭ ᠭᠡᠮᠡᠨ ᠤᠯᠠᠨ᠎ᠠ ᠲᠠᠨᠢᠭ᠍ᠳᠠᠭ᠍ᠰᠠᠨ ᠪᠠᠢᠬ᠎ᠠ᠃ ᠮᠦᠨ ᠬᠦ᠌ ᠭᠤᠪᠢ᠎ᠶ᠋ᠢᠨ ᠴᠢᠯᠠᠭᠤᠳ᠎ᠨᠢ ᠠᠶ᠎ᠠ ᠬᠦᠭ᠌ᠵᠢᠮ᠎ᠤᠨ ᠬᠠᠩᠬᠢᠨᠠᠮ᠎ᠠ ᠴᠠᠩᠬᠢᠨᠠᠮ᠎ᠠ ᠲᠠᠭᠤ ᠭᠠᠷᠭᠠᠵᠦ᠍ ᠴᠢᠳᠠᠳᠠᠭ᠎ᠨᠢ ᠴᠤ᠌ ᠡᠬᠡ ᠪᠠᠢᠭᠠᠯᠢ᠎ᠶ᠋ᠢᠨ ᠭᠠᠢᠬᠠᠮᠱᠢᠭ ᠪᠤᠯᠬᠤ ᠠᠵᠢ᠃ ᠲᠡᠷᠡ᠎ᠨᠢ ᠴᠢᠯᠠᠭᠤᠨ᠎ᠳᠤ ᠲᠡᠮᠦᠷᠯᠢᠭ ᠡᠯᠧᠮᠧᠨ᠋ᠲ ᠢᠯᠡᠬᠦᠴᠡ ᠠᠭᠤᠯᠤᠭ᠍ᠳᠠᠵᠦ᠍ ᠪᠠᠢᠭ᠎ᠠ᠎ᠠᠴᠠ ᠪᠤᠯᠤᠭ᠍ᠰᠠᠨ ᠶᠤᠮ᠃

ᠪᠤᠤ ᠪᠤᠤ ᠢᠤᠢ᠎ᠶ᠋ᠢᠨ ᠬᠠᠴᠢᠨ ᠴᠢᠯᠠᠭᠤᠨ᠎ᠤ ᠠᠷᠠᠯᠵᠢᠶᠠᠨ᠎ᠤ ᠭᠠᠵᠠᠷ ᠬᠦᠷᠬᠦ᠌᠎ᠳᠤ ᠡᠨᠡ ᠬᠦ᠌ 《ᠶᠠᠰᠤᠲᠤ ᠮᠡᠯᠡᠬᠡᠢ》 ᠨᠢ ᠲᠡᠳᠡᠨ᠎ᠤ ᠱᠢᠷᠡᠭᠡ᠎ᠨᠢ ᠪᠤᠯᠵᠦ᠍᠂ ᠨᠢᠷᠤᠭᠤᠨ ᠲᠡᠭᠡᠷ᠎ᠡ᠎ᠨᠢ ᠴᠠᠢ᠎ᠶ᠋ᠢᠨ ᠲᠡᠪᠤᠷ᠎ᠡ᠂ ᠠᠶᠠᠭ᠎ᠠ ᠴᠤᠮᠤ ᠦᠷᠦᠭᠡᠰᠦᠳᠠᠢ ᠪᠠᠢᠯ᠎ᠠ᠃ ᠤᠷᠳᠤ᠎ᠨᠢ 1.4 ᠮᠧᠲᠷ᠂ ᠦᠷᠭᠡᠨ᠎ᠨᠢ 0.6 ᠮᠧᠲᠷ᠂ ᠦᠨᠳᠦᠷ᠎ᠨᠢ 0.8 ᠮᠧᠲᠷ᠂ ᠬᠦᠨᠳᠦ᠍᠎ᠪᠠᠷ᠎ᠢᠶᠠᠨ ᠮᠢᠩᠭᠠᠨ ᠵᠢᠩ᠂ ᠨᠢᠷᠤᠭᠤ᠎ᠨᠢ ᠲᠡᠭ᠌ᠰᠢ ᠱᠢᠷᠡᠭᠡᠨ ᠨᠢᠭᠤᠷ ᠮᠡᠳᠦ᠂ ᠬᠦᠵᠦᠬᠦᠤ ᠲᠤᠯᠤᠭᠠᠢ᠎ᠨᠢ ᠰᠤᠨᠤᠨ ᠭᠠᠷᠴᠦ᠍ ᠶᠠᠭ ᠯᠠ ᠶᠠᠰᠤᠲᠤ ᠮᠡᠯᠡᠬᠡᠢ ᠱᠢᠭ ᠬᠠᠷᠠᠭ᠍ᠳᠠᠨ᠎ᠠ᠃ ᠤᠢᠷ᠎ᠠ᠎ᠶ᠋ᠢᠨ ᠬᠤᠶᠠᠷ ᠵᠢᠯ᠎ᠠᠴᠠ ᠠᠯᠠᠱᠠ ᠨᠤᠳᠤᠭ᠎ᠤᠨ ᠬᠠᠴᠢᠨ ᠴᠢᠯᠠᠭᠤᠨ᠎ᠤ ᠵᠠᠬ᠎ᠠ᠎ᠳᠤ《ᠴᠢᠯᠠᠭᠤᠨ ᠵᠡᠪᠰᠡᠭ》ᠭᠡᠮᠡᠨ ᠨᠡᠷᠡᠯᠡᠭ᠌ᠳᠡᠭ᠌ᠰᠡᠨ ᠨᠢᠭᠡ ᠪᠦᠯᠦᠭ ᠬᠠᠷ᠎ᠠ ᠪᠤᠷᠤ ᠦᠩᠭᠡ᠎ᠲᠠᠢ ᠴᠢᠯᠠᠭᠤᠳ ᠤᠷᠤᠨ ᠪᠠᠢᠷᠢ ᠡᠵᠡᠯᠡᠵᠦ᠍᠂ ᠨᠢᠭᠡᠨ ᠦᠶ᠎ᠡ ᠬᠦᠮᠦᠰ᠎ᠤᠨ ᠪᠤᠯᠢᠶᠠᠯᠳᠤᠨ ᠠᠪᠬᠤ ᠬᠠᠯᠠᠭᠤᠷᠠᠯ ᠪᠤᠯᠵᠠᠢ᠃ ᠡᠳᠡᠭᠡᠷ ᠴᠢᠯᠠᠭᠤᠳ᠎ᠤᠨ ᠵᠠᠷᠢᠮ᠎ᠨᠢ ᠡᠷᠳᠡᠨ᠎ᠤ ᠴᠢᠯᠠᠭᠤᠨ ᠵᠡᠪᠰᠡᠭ ᠪᠤᠶᠤ ᠴᠢᠯᠠᠭᠤᠨ ᠡᠳ᠋ᠯᠡᠯ ᠬᠡᠷᠡᠭ᠌ᠰᠡᠯ᠎ᠲᠠᠢ ᠠᠳᠠᠯᠢᠪᠳᠤᠷ ᠪᠠᠢᠵᠤ᠂ ᠰᠦᠬᠡ᠂ ᠰᠤᠮᠤᠨ᠎ᠤ ᠦᠵᠦᠬᠦᠷ᠂ ᠤᠩᠭᠤᠴᠠ᠂ ᠨᠦᠳᠦᠬᠦᠷ ᠮᠡᠳᠦ ᠲᠦᠷᠰᠦ᠎ᠲᠠᠢ ᠪᠠᠢᠳᠠᠭ᠎ᠠᠴᠠ ᠢᠩᠬᠢᠵᠦ᠍ ᠨᠡᠷᠡᠯᠡᠭ᠌ᠳᠡᠭ᠌ᠰᠡᠨ ᠪᠠᠢᠬ᠎ᠠ᠃ᠠᠶ᠎ᠠ ᠲᠠᠭᠤ ᠭᠠᠷᠭᠠᠵᠦ᠍ ᠴᠢᠳᠠᠳᠠᠭ《ᠶᠠᠰᠤᠲᠤ ᠮᠡᠯᠡᠬᠡᠢ》 ᠴᠤ᠌ ᠶᠠᠭ ᠡᠳᠡᠭᠡᠷ ᠴᠢᠯᠠᠭᠤᠳ᠎ᠤᠨ ᠲᠤᠮᠳᠠ᠎ᠠᠴᠠ ᠪᠤᠤ ᠪᠤᠤ ᠢᠤᠢ᠎ᠶ᠋ᠢᠨ ᠬᠠᠷᠠᠭᠠᠨ᠎ᠳᠤ ᠤᠷᠤᠭ᠍ᠰᠠᠨ ᠠᠵᠢ᠃

ᠪᠤᠤ ᠪᠤᠤ ᠢᠤᠢ ᠲᠦᠩᠯᠢᠶᠤᠤ ᠨᠤᠳᠤᠭ᠎ᠲᠠᠢ᠂ 2002 ᠤᠨ᠎ᠳᠤ ᠠᠯᠠᠱᠠ᠎ᠳᠤ ᠢᠷᠡᠵᠦ᠍ ᠬᠠᠴᠢᠨ ᠴᠢᠯᠠᠭᠤᠨ᠎ᠤ ᠠᠷᠠᠯᠵᠢᠶ᠎ᠠ ᠬᠢᠭᠡᠳ ᠤᠳᠤ ᠪᠤᠯᠬᠤ᠎ᠳᠤ ᠨᠢᠭᠡᠨᠳᠡ ᠬᠤᠷᠢ ᠭᠠᠷᠤᠢ ᠵᠢᠯ ᠪᠤᠯᠵᠡᠢ᠃ ᠲᠡᠷᠡ 《ᠴᠢᠯᠠᠭᠤ ᠲᠠᠨᠢᠳᠠᠭ》 ᠲᠤᠷᠱᠢᠯᠭ᠎ᠠ᠎ᠲᠠᠢ ᠠᠷᠠᠯᠵᠢᠶᠠᠴᠢᠨ ᠪᠤᠯᠤᠭ᠍ᠰᠠᠨ ᠪᠤᠯᠬᠤᠷ ᠡᠨᠡ ᠬᠦ᠌ 《ᠶᠠᠰᠤᠳᠤ ᠮᠡᠯᠡᠭᠡᠢ》 ᠶ᠋ᠢ ᠬᠡᠷᠬᠢᠨ ᠬᠠᠷᠠᠭ᠍ᠰᠠᠭᠠᠷ ᠪᠠᠢᠭᠠᠳ ᠠᠯᠳᠠᠵᠦ᠍ ᠶᠠᠪᠤᠭᠤᠯᠬᠤ ᠪᠢᠯᠡ⁉

— ᠡᠨᠡ ᠴᠢᠯᠠᠭᠤ᠎ᠶ᠋ᠢ ᠪᠢ ᠨᠢᠳᠤᠨᠤᠨ ᠨᠢᠭᠡᠨ ᠮᠠᠯᠴᠢᠨ᠎ᠤ ᠭᠠᠷ᠎ᠠᠴᠠ ᠬᠤᠷᠢᠶᠠᠨ ᠠᠪᠤᠭ᠍ᠰᠠᠨ ᠶᠤᠮ᠂ ᠡᠵᠡᠨ᠎ᠡ ᠬᠤᠱᠢᠭᠤᠨ᠎ᠤ ᠮᠠᠽᠦ᠋ᠩᠱᠠᠨ ᠰᠤᠮᠤᠨ᠎ᠤ ᠬᠠᠷᠢᠶᠠᠨ᠎ᠤ ᠭᠤᠪᠢ᠎ᠶ᠋ᠢᠨ ᠴᠢᠯᠠᠭᠤ᠂ ᠲᠦᠷᠦᠬᠦᠬᠡᠨ ᠨᠢᠭᠡ ᠠᠷᠠᠯᠵᠢᠶᠠᠴᠢᠨ 6 ᠲᠦᠮᠡᠨ ᠲᠦᠭᠦᠷᠢᠭ᠎ᠤᠨ ᠦᠨ᠎ᠡ ᠦᠭ᠌ᠬᠦᠭ᠌ᠡᠳ ᠬᠤᠳᠠᠯᠳᠤᠭ᠎ᠠ ᠦᠭᠡᠢ᠂ 10 ᠲᠦᠮᠡᠨ ᠲᠦᠭᠦᠷᠢᠭ ᠬᠦᠷᠭᠡᠬᠦ᠌ ᠰᠠᠨᠠᠭ᠎ᠠ᠎ᠲᠠᠢ᠂ ᠬᠡᠳᠦᠢᠪᠡᠷ ᠮᠠᠨᠤ ᠴᠢᠯᠠᠭᠤ ᠱᠢᠭ᠋ ᠬᠢᠯᠠᠭᠠᠷ ᠦᠩᠭᠡ ᠦᠭᠡᠢ ᠴᠤ᠌ ᠰᠠᠢᠬᠠᠨ ᠠᠶ᠎ᠠ ᠲᠠᠭᠤ ᠭᠠᠷᠭᠠᠵᠦ᠍ ᠴᠢᠳᠠᠨ᠎ᠠ ᠱᠢᠤ ᠭᠡᠮᠡᠨ ᠪᠤᠤ ᠪᠤᠤ ᠢᠤᠢ 《ᠶᠠᠰᠤᠲᠤ ᠮᠡᠯᠡᠬᠡᠢ》 ᠪᠠᠨ ᠨᠠᠷᠢᠨ ᠬᠠᠷ᠎ᠠ ᠴᠢᠯᠠᠭᠤ᠎ᠪᠠᠷ ᠡ᠊ᠨᠳᠡ ᠲᠡᠨᠳᠡ᠎ᠨᠢ ᠲᠤᠭ᠍ᠰᠢᠵᠦ᠍ ᠠᠳᠠᠯᠢ ᠪᠤᠰᠤ ᠲᠠᠭᠤ ᠭᠠᠷᠭᠠᠵᠦ᠍ ᠰᠤᠨᠤᠰᠭᠠᠨ᠎ᠠ ᠪᠢᠯᠡ᠃ ᠨᠡᠭᠡᠷᠡᠨ ᠠᠶ᠎ᠠ ᠨᠤᠲ ᠮᠡᠳᠡᠳᠡᠭ ᠬᠦᠮᠦᠨ ᠲᠤᠭ᠍ᠰᠢᠪᠠᠯ ᠨᠢᠭᠡᠨ ᠪᠦᠷᠢᠨ ᠪᠦᠳᠦᠨ ᠠᠶ᠎ᠠ ᠬᠦᠭ᠌ᠵᠢᠮᠳᠡᠨ ᠭᠠᠷᠭᠠᠵᠦ᠍ ᠴᠤ᠌ ᠮᠡᠳᠡᠬᠦ ᠶᠤᠮ᠃

ᠪᠤᠤ ᠪᠤᠤ ᠢᠤᠢ ᠭᠤᠸᠠᠢ ᠪᠠᠰᠠ ᠠᠯᠠᠱᠠ ᠨᠤᠳᠤᠭ᠎ᠤᠨ ᠤᠨᠴᠠᠯᠢᠭ᠎ᠲᠤ ᠨᠡᠢᠴᠡᠬᠦᠯᠦᠨ ᠲᠡᠮᠡᠭᠡᠨ᠎ᠤ ᠲᠦᠷᠰᠦ᠎ᠲᠠᠢ ᠭᠤᠪᠢ᠎ᠶ᠋ᠢᠨ ᠴᠢᠯᠠᠭᠤ᠎ᠶ᠋ᠢ ᠬᠤᠷᠢᠶᠠᠨ ᠴᠤᠭ᠍ᠯᠠᠭᠤᠯᠳᠠᠭ ᠶᠤᠮ ᠪᠠᠢᠨ᠎ᠠ᠃ ᠤᠳᠤ ᠲᠡᠬᠦᠨ᠎ᠤ ᠬᠠᠳᠠᠭᠠᠯᠠᠵᠦ᠍ ᠪᠠᠢᠭ᠎ᠠ ᠲᠡᠮᠡᠭᠡᠨ᠎ᠤ ᠲᠦᠷᠰᠦ᠎ᠲᠠᠢ ᠴᠢᠯᠠᠭᠤ ᠪᠠᠷᠤᠭ 300 ᠎ᠳ᠋ᠤ ᠬᠦᠷᠴᠦ᠍ ᠪᠤᠢ ᠭᠡᠨ᠎ᠡ᠃

ᠠᠯᠠᠱᠠ ᠨᠤᠳᠤᠭ᠎ᠤᠨ ᠭᠤᠪᠢ᠎ᠶ᠋ᠢᠨ ᠴᠢᠯᠠᠭᠤᠨ᠎ᠤ ᠭᠠᠢᠬᠠᠮᠱᠢᠭ ᠭᠡᠭ᠌ᠴᠢ ᠡᠨᠡ ᠪᠤᠶᠤ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠣᠷᠬᠢᠯ

ᠣᠷᠴᠢᠭᠤᠯᠤᠭ᠍ᠴᠢ᠄

ᠢᠷᠡᠯᠲᠡ᠄ ᠲᠤᠮᠳᠠᠳᠦ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ ᠎ᠤ ᠰᠦᠯᠵᠢᠶ᠎ᠡ
兼容浏览器的HTML页面