ᠲᠡᠷᠢᠭᠦᠨ ᠨᠢᠭᠤᠷ>ᠴᠠᠭ ᠲᠦᠷᠦ>ᠴᠠᠭ᠎ᠤᠨ ᠰᠢᠭᠦᠮᠵᠢ

2026-10-16 16:54:31

ᠵᠣᠬᠢᠶᠠᠭ᠍ᠴᠢ᠄ ᠹᠸᠩ ᠴᠢ ᠣᠩᠱᠢᠭ᠍ᠰᠠᠨ ᠣᠳᠠᠭ᠎ᠠ᠄ 3

ᠤᠷᠠᠨ ᠲᠠᠷᠬᠠᠨ᠎ᠦ ᠵᠤᠷᠢᠭ ᠰᠠᠨᠠᠭ᠎ᠠ ᠮᠢᠨᠭᠭᠠᠨ ᠦᠶ᠎ᠠ ᠤᠯᠠᠮᠵᠢᠯᠠᠭᠳᠠᠨᠠᠮ᠃ ᠬᠠᠰᠠᠭ ᠲᠡᠷᠭᠡ ᠨᠢ ᠡᠷᠳᠡᠨ᠎ᠦ ᠭᠦᠮᠦᠰ᠎ᠤᠨ ᠤᠷᠠᠨ ᠨᠠᠷᠢᠨ ᠤᠷ᠎ᠠ ᠮᠡᠷᠭᠡᠵᠢᠯ᠎ᠤᠨ ᠢᠯᠡᠷᠡᠭᠦᠯᠦᠯ ᠲᠡᠳᠦᠢ ᠪᠢᠰᠢ ᠬᠠᠷᠢᠨ ᠨᠡᠩ ᠴᠤ᠌ ᠦᠶ᠎ᠠ ᠤᠯᠠᠷᠢᠨ ᠤᠯᠠᠮᠵᠢᠯᠠᠭᠰᠠᠨ ᠵᠤᠷᠢᠭ ᠰᠠᠨᠠᠭᠠᠨ᠎ᠦ ᠵᠠᠯᠭᠠᠮᠵᠢᠯᠠᠯ ᠮᠦᠨ᠃ ᠴᠠᠭ ᠦᠶ᠎ᠠ ᠵᠢᠨ ᠬᠤᠪᠢᠷᠠᠯᠳᠠ᠂ ᠰᠢᠨᠵᠢᠯᠡᠭᠦ ᠤᠬᠠᠭᠠᠨ᠎ᠦ ᠭᠦᠭᠵᠢᠯᠳᠡ᠂ ᠤᠳᠤᠭᠢᠴᠢᠯᠠᠭᠰᠠᠨ ᠵᠠᠮ ᠬᠠᠷᠢᠯᠴᠠᠭᠠᠨ᠎ᠦ ᠪᠠᠭᠠᠵᠢ ᠵᠢᠨ ᠲᠦᠭᠡᠮᠯᠡᠵᠢᠭᠦ ᠵᠢ ᠲᠠᠭᠠᠯᠳᠤᠨ ᠬᠠᠰᠠᠭ ᠲᠡᠷᠭᠡ ᠨᠢ ᠲᠡᠦᠭᠡ ᠵᠢᠨ ᠲᠠᠪᠴᠠᠩ ᠡᠴᠡ ᠠᠭᠠᠵᠢᠮ ᠵᠢᠡᠷ ᠠᠶᠠᠷᠯᠠᠭᠰᠠᠨ ᠴᠤ᠌ ᠲᠡᠭᠦᠨ᠎ᠦ ᠰᠤᠶᠤᠯ᠎ᠤᠨ ᠦᠨ᠎ᠠ ᠦᠷᠳᠡᠭ᠂ ᠦᠵᠡᠯ  ᠰᠠᠨᠠᠭᠠᠨ᠎ᠦ ᠲᠤᠳᠤᠭᠠᠳᠤ  ᠠᠭᠤᠯᠬᠤᠨ ᠨᠢ ᠦᠨᠭᠭᠡ ᠪᠠᠨ ᠠᠯᠳᠠᠭᠠᠳᠤᠢ ᠭᠡᠪ ᠵᠢᠡᠷ ᠵᠢᠡᠨ ᠪᠠᠢᠭᠰᠠᠭᠠᠷ᠃

ᠤᠳᠤᠬᠠᠨ᠎ᠳᠤ ᠮᠤᠨᠭᠭᠤᠯ ᠦᠨᠳᠦᠰᠦᠳᠡᠨ᠎ᠦ ᠬᠠᠰᠠᠭ ᠲᠡᠷᠭᠡ ᠬᠢᠭᠦ ᠤᠷ᠎ᠠ ᠮᠡᠷᠭᠡᠵᠢᠯ᠎ᠢ ᠬᠠᠮᠠᠭᠠᠯᠠᠬᠤ ᠨᠢ ᠲᠡᠦᠭᠡ ᠵᠢ ᠬᠠᠮᠠᠭᠠᠯᠠᠵᠤ᠂ ᠦᠨᠳᠦᠰᠦᠳᠡᠨ᠎ᠦ ᠵᠤᠷᠢᠭ ᠰᠠᠨᠠᠭ᠎ᠠ ᠵᠢ ᠤᠯᠠᠮᠵᠢᠯᠠᠬᠤ ᠤᠳᠬ᠎ᠠ ᠠᠭᠤᠯᠭ᠎ᠠ ᠲᠠᠢ ᠪᠠᠢᠵᠤ᠂ ᠪᠠᠴᠢᠮ ᠠᠪᠤᠷᠠᠯᠳᠠ ᠭᠢᠵᠤ ᠲᠠᠨᠭᠰᠠ ᠡᠪᠭᠡᠮᠡᠯ ᠪᠠᠢᠭᠤᠯᠤᠨ᠂ ᠠᠮᠢᠳᠤᠯᠢᠭ ᠵᠢᠡᠷ ᠵᠠᠯᠭᠠᠮᠵᠢᠯᠠᠬᠤ ᠮᠡᠳᠦ ᠵᠢᠨ ᠤᠯᠠᠨ ᠶᠠᠨᠭᠵᠤ ᠪᠡᠷ ᠰᠢᠰᠲᠸᠮ ᠲᠠᠢ ᠬᠠᠮᠠᠭᠠᠯᠠᠯᠳᠠ ᠭᠢᠭᠦ ᠭᠡᠷᠡᠭᠳᠡᠢ᠃

ᠪᠦᠷᠢᠨ ᠪᠦᠳᠦᠨ ᠲᠡᠨᠭᠰᠡ ᠡᠪᠭᠡᠮᠡᠯ ᠭᠢᠭᠦ ᠭᠡᠷᠡᠭᠳᠡᠢ᠃ ᠮᠠᠲᠸᠷᠢᠶᠠᠯ ᠰᠤᠨᠭᠭᠤᠬᠤ᠂ ᠮᠤᠳᠤᠨ ᠮᠠᠲᠸᠷᠢᠶᠠᠯ᠎ᠢ ᠡᠭᠡᠭᠡᠵᠤ ᠬᠠᠳᠠᠭᠠᠭᠠᠳ ᠭᠦᠷᠳᠦ ᠭᠢᠭᠦ ᠮᠡᠳᠦ ᠵᠢᠨ ᠦᠢᠯᠡᠳᠪᠦᠷᠢᠯᠡᠭᠦ ᠤᠯᠠᠨ ᠶᠠᠪᠤᠴᠠ ᠵᠢ ᠦᠰᠦᠭ ᠪᠢᠴᠢᠭ᠂ ᠭᠡᠷᠡᠯ ᠵᠢᠷᠤᠭ᠂ ᠸᠢᠳᠢᠤ᠋ ᠪᠡᠷ ᠪᠦᠷᠢᠨ ᠪᠦᠳᠦᠨ ᠲᠡᠮᠳᠡᠭᠯᠡᠵᠤ᠂ ᠪᠤᠳᠠᠰ᠎ᠤᠨ ᠪᠤᠰᠤ ᠰᠤᠶᠤᠯ᠎ᠤᠨ ᠦᠪ᠎ᠤᠨ ᠲᠤᠭᠠᠴᠢᠯᠠᠭᠰᠨᠨ ᠲᠠᠨᠭᠰᠡ ᠡᠪᠭᠡᠮᠡᠯ᠎ᠤᠨ ᠭᠦᠮᠦᠷᠭᠡ ᠪᠠᠢᠭᠤᠯᠵᠤ᠂ ᠠᠬᠠᠮᠠᠳ ᠤᠷᠠᠴᠤᠳ᠎ᠢ ᠰᠤᠷᠪᠤᠯᠵᠢᠯᠠᠨ ᠲᠡᠮᠳᠡᠭᠯᠡᠭᠦ ᠠᠵᠢᠯ᠎ᠢ ᠦᠷᠨᠢᠭᠦᠯᠵᠤ᠂ ᠤᠷ᠎ᠠ ᠮᠡᠷᠭᠡᠵᠢᠯ ᠪᠤᠯᠤᠨ ᠠᠷᠠᠳ᠎ᠤᠨ ᠵᠠᠩ ᠵᠠᠨᠭᠰᠢᠯ᠎ᠤᠨ ᠰᠤᠶᠤᠯ᠎ᠢ ᠴᠤᠭᠭᠠᠷ ᠬᠠᠳᠠᠭᠠᠯᠠᠵᠤ᠂ ᠠᠬᠠᠮᠠᠳ ᠤᠷᠠᠴᠤᠳ᠎ᠤᠨ ᠨᠠᠰᠤ ᠪᠠᠷᠠᠬᠤ ᠵᠢ ᠲᠠᠭᠠᠯᠳᠤᠨ ᠠᠯᠠᠭ᠎ᠠ ᠪᠤᠯᠬᠤ ᠡᠴᠡ ᠰᠡᠷᠭᠡᠢᠯᠡᠭᠦ ᠭᠡᠷᠡᠭᠳᠡᠢ᠃ ᠮᠦᠽᠸᠢ᠂ ᠲᠤᠷᠠᠰᠬᠠᠯ᠎ᠤᠨ ᠤᠷᠳᠤᠨ ᠵᠡᠷᠭᠡ ᠨᠢ ᠡᠳ᠋ ᠪᠤᠳᠠᠰ᠎ᠢ ᠰᠠᠢᠳᠤᠷ ᠬᠠᠳᠠᠭᠠᠯᠠᠵᠤ᠂ ᠬᠠᠭᠤᠴᠢᠨ ᠬᠠᠰᠠᠭ ᠲᠡᠷᠭᠡ ᠵᠢᠴᠢ ᠬᠠᠰᠠᠭ ᠲᠡᠷᠭᠡ ᠭᠢᠭᠦ ᠪᠠᠭᠠᠵᠢ ᠭᠡᠷᠡᠭᠰᠡᠯ᠎ᠢ ᠴᠤᠭᠯᠠᠭᠤᠯᠤᠨ ᠰᠠᠢᠳᠤᠷ ᠬᠠᠳᠠᠭᠠᠯᠠᠬᠤ ᠭᠡᠷᠡᠭᠳᠡᠢ᠃

ᠬᠠᠮᠢᠶ᠎ᠠ ᠪᠦᠭᠦᠢ ᠲᠦᠷᠦ ᠵᠢᠨ ᠪᠤᠳᠤᠯᠭ᠎ᠠ ᠵᠢ ᠲᠤᠭᠤᠱᠢᠯᠠᠭᠤᠯᠤᠨ᠂ ᠤᠯᠤᠰ᠂ ᠤᠷᠤᠨ᠂ ᠠᠢᠮᠠᠭ᠂ ᠬᠤᠰᠢᠭᠤ ᠰᠢᠶᠠᠨ᠎ᠦ ᠲᠡᠰ᠎ᠤᠨ ᠤᠯᠠᠮᠵᠢᠯᠠᠭᠴᠢ ᠵᠢ ᠭᠦᠮᠦᠵᠢᠭᠦᠯᠵᠤ᠂ ᠲᠡᠳᠡᠨᠡᠷ᠎ᠤᠨ ᠢᠯᠡ ᠪᠡᠷ ᠱᠠᠪᠢ ᠡᠯᠰᠡᠭᠦ ᠵᠢ ᠵᠤᠷᠢᠭᠵᠢᠭᠤᠯᠬᠤ ᠭᠡᠷᠡᠭᠳᠡᠢ᠃ ᠪᠠᠰᠠ ᠲᠤᠮᠳᠠᠳᠤ ᠪᠠᠭ᠎ᠠ ᠰᠤᠷᠭᠠᠭᠤᠯᠢ᠎ᠳᠤ ᠬᠠᠮᠢᠶ᠎ᠠ ᠪᠦᠭᠦᠢ ᠭᠢᠴᠢᠶᠠᠯ ᠨᠡᠭᠡᠭᠡᠵᠤ᠂ ᠰᠤᠷᠤᠭᠴᠢᠳ ᠲᠤ᠌ ᠤᠯᠠᠮᠵᠢᠯᠠᠯ ᠵᠠᠯᠭᠠᠮᠵᠢᠯᠠᠯ᠎ᠤᠨ ᠦᠷ᠎ᠠ ᠵᠢ ᠰᠠᠴᠤᠬᠤ ᠭᠡᠷᠡᠭᠳᠡᠢ᠃

ᠪᠤᠳᠠᠰ᠎ᠤᠨ ᠪᠤᠰᠤ ᠰᠤᠶᠤᠯ᠎ᠤᠨ ᠦᠪ᠎ᠤᠨ ᠨᠡᠢᠭᠡᠮ᠎ᠤᠨ ᠨᠦᠯᠦᠭᠡ ᠵᠢ ᠦᠷᠭᠡᠳᠭᠡᠨ᠎ᠠ᠃ ᠮᠦᠽᠸᠢ᠂ ᠰᠤᠶᠤᠯ᠎ᠤᠨ ᠤᠷᠳᠤᠨ ᠲᠠᠢ ᠬᠠᠮᠳᠤᠪᠠᠷ ᠲᠤᠰᠬᠠᠢ ᠰᠡᠳᠦᠪᠳᠦ ᠲᠡᠯᠭᠡᠨ ᠦᠵᠡᠭᠦᠯᠭᠡ ᠭᠢᠵᠤ᠂ ᠮᠤᠨᠭᠭᠤᠯ ᠦᠨᠳᠦᠰᠦᠳᠡᠨ᠎ᠦ ᠬᠠᠰᠠᠭ ᠲᠡᠷᠭᠡ ᠬᠢᠭᠦ  ᠮᠡᠷᠭᠡᠵᠢᠯ ᠪᠤᠯᠤᠨ ᠨᠡᠭᠦᠳᠡᠯ ᠠᠮᠢᠳᠤᠷᠠᠯ ᠦᠢᠯᠡᠳᠪᠦᠷᠢᠯᠡᠯ᠎ᠢ ᠲᠤᠮᠳᠠᠳᠤ ᠵᠢᠨ ᠦᠨᠳᠦᠰᠦᠳᠡᠨ᠎ᠦ ᠬᠠᠮᠳᠤ ᠵᠢᠨ ᠴᠤᠭᠴᠠ ᠵᠢᠨ ᠤᠬᠠᠮᠰᠠᠷ᠎ᠢ ᠴᠤᠭᠴᠠᠯᠠᠬᠤ ᠭᠤᠤᠯ ᠰᠡᠳᠦᠪ ᠲᠠᠢ ᠤᠶᠠᠯᠳᠤᠭᠤᠯᠵᠤ᠂ ᠤᠯᠠᠨ ᠦᠨᠳᠦᠰᠦᠳᠡᠨ ᠬᠠᠷᠢᠯᠴᠠᠨ ᠶᠠᠪᠤᠯᠴᠠᠵᠤ᠂ ᠬᠠᠷᠢᠯᠴᠠᠨ ᠰᠤᠯᠢᠯᠴᠠᠵᠤ᠂ ᠬᠠᠷᠢᠯᠴᠠᠨ ᠠᠭᠤᠰᠤᠯᠴᠠᠭᠰᠠᠨ ᠲᠡᠦᠭᠡ ᠵᠢᠨ ᠠᠭᠤᠯᠬᠤᠨ᠎ᠢ ᠠᠭᠤᠳᠠᠯᠤᠨ᠎ᠠ᠃ ᠨᠠᠭᠠᠳᠤᠮ᠎ᠤᠨ ᠬᠤᠷᠠᠯ᠎ᠢ ᠠᠰᠢᠭᠯᠠᠵᠤ᠂ ᠰᠤᠶᠤᠯ ᠪᠠ ᠦᠪ ᠰᠤᠶᠤᠯ᠎ᠤᠨ ᠡᠳᠦᠷᠯᠢᠭ᠂ ᠵᠠᠩ ᠵᠠᠨᠭᠰᠢᠯ᠎ᠤᠨ ᠡᠳᠦᠷ᠎ᠢ ᠲᠤᠭᠢᠶᠠᠯᠳᠤᠭᠤᠯᠤᠨ ᠠᠬᠤᠢ ᠲᠠᠯᠠᠪᠠᠢ᠎ᠳᠤ ᠬᠠᠰᠠᠭ ᠲᠡᠷᠭᠡ ᠦᠢᠯᠡᠳᠦᠨ ᠦᠵᠡᠭᠦᠯᠵᠤ᠂ ᠦᠵᠡᠭᠴᠢᠳ ᠲᠤ᠌ ᠤᠯᠠᠮᠵᠢᠯᠠᠯᠳᠤ ᠮᠤᠳᠤᠨ ᠤᠷᠠᠯᠠᠯ ᠬᠢᠭᠦ ᠶᠠᠪᠤᠴᠠ ᠵᠢ ᠬᠠᠷᠠᠭᠤᠯᠤᠨ᠎ᠠ᠃

ᠮᠤᠳᠤᠨ ᠤᠷᠠᠯᠠᠯ ᠴᠠᠭ ᠦᠶ᠎ᠠ ᠵᠢᠨ ᠤᠷᠤᠰᠬᠠᠯ᠎ᠢ ᠲᠤᠭᠤᠯᠵᠤ᠂ ᠲᠡᠦᠭᠡ ᠰᠤᠶᠤᠯ᠎ᠢ ᠰᠡᠢᠯᠦᠨ ᠦᠯᠡᠳᠡᠭᠡᠭᠰᠡᠭᠡᠷ᠃ ᠮᠤᠨᠭᠭᠤᠯ ᠦᠨᠳᠦᠰᠦᠳᠡᠨ᠎ᠦ ᠬᠠᠰᠠᠭ ᠲᠡᠷᠭᠡ ᠭᠢᠭᠦ ᠤᠷ᠎ᠠ ᠮᠡᠷᠭᠡᠵᠢᠯ ᠨᠢ ᠰᠢᠨ᠎ᠠ ᠴᠠᠭ ᠦᠶ᠎ᠠ᠎ᠳᠤ ᠰᠢᠨ᠎ᠠ ᠠᠮᠢᠵᠢᠷᠠᠯ ᠵᠢᠨ ᠤᠯᠬᠤ ᠎ᠳ᠋ᠤ᠌ ᠬᠠᠮᠢᠶ᠎ᠠ ᠪᠦᠭᠦᠢ ᠬᠦᠮᠦᠰ᠎ᠤᠨ ᠵᠢᠳᠭᠦᠯ ᠴᠢᠷᠮᠠᠢᠯᠭ᠎ᠠ ᠭᠡᠷᠡᠭᠳᠡᠢ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠵᠣᠣ ᠱᠦ᠍ ᠭᠤᠸᠠᠩ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ ᠎ᠤᠨ ᠮᠤᠩᠭᠤᠯ ᠬᠡᠯᠡᠨ᠎ᠦ ᠰᠤᠨᠢᠨ ᠮᠡᠳᠡᠭᠡ ᠎ᠶ᠋ᠢᠨ ᠰᠦᠯᠵᠢᠶ᠎ᠡ
兼容浏览器的HTML页面