2026-10-22 11:23:11
ᠳᠤᠮᠳᠠᠳᠤ ᠵᠢᠨ ᠦᠬᠡᠨ᠎ᠳᠤ 《ᠠᠴᠢᠯᠠᠯ ᠡᠯᠪᠡᠷᠢᠯ ᠪᠤᠯ ᠵᠠᠭᠤᠨ ᠰᠠᠢᠨ ᠦᠢᠯᠡ ᠵᠢᠨ ᠲᠡᠷᠢᠭᠦᠨ ᠪᠤᠯᠠᠢ》 ᠬᠡᠮᠡᠳᠡᠭ᠃ ᠲᠡᠤᠬᠡ ᠰᠤᠶᠤᠯ᠎ᠤᠨ ᠤᠯᠠᠮᠵᠢᠯᠠᠯ ᠡᠴᠨ ᠠᠪᠴᠤ ᠬᠡᠯᠡᠪᠡᠯ ᠨᠠᠰᠤᠲᠠᠨ᠎ᠢᠶᠠᠨ ᠠᠴᠢᠯᠠᠨ ᠬᠦᠨᠳᠦᠯᠡᠵᠦ᠍᠂ ᠬᠠᠯᠠᠮᠵᠢᠯᠠᠨ ᠬᠠᠢᠷᠠᠯᠠᠬᠤ ᠪᠣᠯ ᠳᠤᠮᠳᠠᠳᠤ᠎ᠶ᠋ᠢᠨ ᠦᠨᠳᠦᠰᠦᠲᠡᠨ᠎ᠤ ᠤᠯᠠᠮᠵᠢᠯᠠᠯᠲᠤ ᠰᠠᠢᠬᠠᠨ ᠰᠤᠷᠲᠠᠯ᠂ ᠬᠥᠮᠦᠨ ᠨᠢᠭᠡᠪᠦᠷᠢ᠎ᠶ᠋ᠢᠨ ᠪᠠᠲᠤ ᠰᠠᠬᠢᠬᠤ ᠶᠣᠰᠣᠲᠠᠢ ᠶᠣᠰᠣ ᠰᠤᠷᠲᠠᠬᠤᠨ᠎ᠤ ᠬᠤᠷᠢᠭ᠎ᠠ ᠱᠤᠭᠤᠮ ᠮᠥᠨ᠃ ᠡᠨᠡ ᠨᠢ ᠲᠠᠷᠤᠢ ᠡᠪᠦᠭᠡᠳ᠎ᠤᠨ ᠲᠠᠩᠳᠠ ᠶᠠᠷᠢᠳᠠᠭ 《ᠠᠬᠠᠰ ᠵᠠᠬᠠᠰ ᠵᠢᠠᠨ ᠬᠦᠨᠳᠤᠯᠡᠵᠤ ᠶᠠᠪᠤᠭᠠᠷᠠᠢ᠂ ᠨᠢᠯᠬ᠎ᠠ ᠨᠢᠷᠠᠢ ᠪᠡᠨ ᠬᠠᠢᠷᠠᠯᠠᠵᠤ ᠶᠠᠪᠤᠭᠠᠷᠠᠢ》 ᠬᠡᠳᠡᠭ ᠶᠤᠰᠤ ᠤᠴᠢᠷ ᠪᠤᠯᠤᠨ᠎ᠠ᠃
ᠳᠤᠮᠳᠠᠳᠤ ᠤᠯᠤᠰ᠎ᠤᠨ ᠲᠤᠭ᠎ᠠ ᠪᠦᠷᠢᠳᠬᠡᠯ᠎ᠤᠨ ᠳᠤᠪᠴᠢᠶ᠎ᠠ ᠵᠢᠨ 2026 ᠤᠨ᠎ᠤ ᠪᠦᠷᠢᠳᠬᠡᠯ᠎ᠢ ᠦᠨᠳᠤᠰᠤᠯᠠᠪᠠᠯ᠂ ᠮᠠᠨ᠎ᠤ ᠤᠯᠤᠰ᠎ᠲᠤ 65 ᠨᠠᠰᠤ ᠵᠢᠴᠢ ᠲᠡᠬᠦᠨ ᠡᠴᠨ ᠲᠡᠬᠡᠭᠰᠢᠬᠢ ᠨᠠᠰᠤᠳᠠᠢᠴᠤᠳ 2.58 ᠳ᠋ᠦ᠋ᠩᠰᠢᠭᠤᠷ ᠬᠦᠮᠤᠨ ᠪᠠᠢᠵᠤ᠂ ᠪᠦᠬᠦ ᠬᠦᠮᠤᠨ ᠠᠮᠠ ᠵᠢᠨ 18.3%ᠵᠢ ᠡᠵᠡᠯᠡᠵᠤ᠂ 60 ᠨᠠᠰᠤ ᠵᠢᠴᠢ ᠲᠡᠬᠦᠨ ᠡᠴᠨ ᠲᠡᠬᠡᠭᠰᠢᠬᠢ ᠨᠠᠰᠤᠳᠠᠢᠴᠤᠳ 3.31᠎ᠳ᠋ᠦᠩᠰᠢᠭᠤᠷ ᠬᠦᠮᠤᠨ ᠪᠠᠢᠵᠤ᠂ ᠪᠦᠬᠦ ᠬᠦᠮᠤᠨ ᠠᠮᠠ ᠵᠢᠨ 23.4% ᠵᠢ ᠡᠵᠡᠯᠡᠵᠤ ᠪᠤᠢ᠃ ᠪᠦᠬᠦ ᠤᠯᠤᠰ᠎ᠤᠨ 65 ᠨᠠᠰᠤ ᠵᠢᠴᠢ ᠲᠡᠬᠦᠨ ᠡᠴᠨ ᠲᠡᠬᠡᠭᠰᠢᠬᠢ ᠨᠠᠰᠤᠳᠠᠢᠴᠤᠳ᠎ᠤᠨ ᠬᠦᠮᠤᠨ ᠠᠮᠠ ᠵᠢ ᠠᠰᠠᠷᠠᠨ ᠲᠡᠵᠢᠬᠡᠬᠦ ᠬᠠᠷᠢᠴᠠᠯ 23.1% ᠪᠠᠢᠵᠤ᠂ 100 ᠬᠦᠳᠡᠯᠮᠤᠷᠢᠯᠡᠬᠦ ᠨᠠᠰᠤᠨ᠎ᠤ ᠬᠦᠮᠤᠨ ᠠᠮᠠ ᠪᠦᠷᠢ 23 ᠨᠠᠰᠤᠳᠠᠠᠢ ᠠᠰᠠᠷᠠᠨ ᠬᠠᠷᠠᠭᠠᠯᠵᠠᠵᠦ ᠪᠤᠢ᠃ ᠲᠠᠷᠤᠢ ᠠᠢᠯ᠎ᠤᠨ ᠭᠠᠭᠴᠠ ᠬᠦᠤ ᠪᠤᠶᠤ ᠦᠬᠢᠨ ᠤᠷᠤᠬ ᠬᠤᠷᠢᠮ ᠬᠢᠪᠡᠯ 4 ᠨᠠᠰᠤᠳᠠᠨ᠎ᠢ ᠠᠰᠠᠷᠠᠬᠤ ᠡᠬᠦᠷᠬᠡ ᠲᠠᠢ ᠬᠡᠰᠡᠨ ᠦᠬᠡ᠃
ᠮᠠᠨ᠎ᠤ ᠤᠯᠤᠰ 2025 ᠡᠴᠨ ᠡᠬᠢᠯᠠᠨ ᠵᠢᠩᠬᠢᠨᠢ ᠪᠡᠷ ᠦᠳᠡᠬᠦᠰ᠎ᠤᠨ ᠨᠡᠢᠬᠡᠮ᠎ᠳᠤ ᠤᠷᠤᠭᠰᠠᠠ ᠡᠴᠨ ᠨᠠᠰᠤᠳᠠᠢᠴᠤᠳ᠎ᠤᠨ ᠪᠠᠶ᠎ᠠ ᠰᠡᠳᠬᠢᠴᠨ ᠵᠢᠨ ᠡᠷᠡᠬᠦᠯ ᠮᠠᠨᠳᠤ ᠵᠢ ᠪᠦᠬᠦ ᠨᠡᠢᠭᠡᠮ ᠵᠢᠡᠷ ᠵᠢᠡᠨ ᠤᠨᠴᠠᠭᠠᠢᠯᠠᠨ ᠠᠩᠬᠠᠷᠤᠭᠤᠰᠢᠳᠠᠢ᠃ ᠢᠯᠠᠩᠭᠤᠶ᠎ᠠ ᠨᠡᠢᠬᠡᠮ᠎ᠤᠨ ᠲᠦᠷᠬᠡᠨ ᠬᠦᠭᠵᠢᠯᠳᠠ᠎ᠳᠤ ᠨᠠᠰᠤᠳᠠᠢᠴᠤᠳ ᠲᠠᠰᠬᠤ ᠦᠬᠡᠢ ᠪᠠᠢᠳᠠᠯ ᠭᠠᠷᠴᠤ ᠪᠠᠢᠭ᠎ᠠ ᠨᠢ ᠢᠯᠡᠬᠡᠨ ᠪᠤᠢ᠃ ᠵᠢᠱ᠌ᠢᠶᠠᠯᠡᠪᠡᠯ᠂ ᠠᠮᠠᠷᠬᠠᠨ ᠭᠠᠭᠴᠠᠭᠠᠷᠳᠠᠮᠠᠯ ᠰᠡᠳᠬᠢᠯᠬᠡ ᠪᠡ ᠦᠷᠳᠡᠭ ᠦᠬᠡᠢ ᠲᠦᠷᠦᠭᠳᠡᠯ ᠲᠠᠢ ᠪᠤᠯᠵᠤ ᠪᠤᠬᠢᠨᠢᠳᠤᠬᠤ ᠵᠤᠪᠠᠨᠢᠬᠤ ᠰᠡᠳᠬᠢᠯᠬᠡ ᠡᠬᠦᠰᠳᠡᠭ ᠪᠠᠢᠨ᠎ᠠ᠃ ᠡᠬᠦᠨ ᠡᠴᠨ ᠭᠠᠳᠠᠨ᠎ᠠ ᠰᠦᠯᠵᠢᠶ᠎ᠠ ᠪᠡᠷ ᠪᠠᠷᠠᠭ᠎ᠠ ᠬᠤᠳᠠᠯᠳᠤᠨ ᠠᠪᠬᠤ᠂ ᠡᠮ ᠡᠮᠨᠡᠯᠬᠡ ᠵᠢᠨ ᠲᠠᠭᠠᠳᠬᠠᠯ᠎ᠤᠨ ᠬᠡᠷᠡᠴᠢᠯᠡᠯ ᠬᠢᠬᠦ ᠬᠡᠬᠦ ᠮᠡᠳᠤ ᠵᠢᠨ ᠠᠵᠢᠯ᠎ᠢ ᠬᠢᠵᠤ ᠲᠡᠢᠯᠬᠦ ᠦᠬᠡᠢ ᠨᠠᠰᠤᠳᠠᠢᠴᠤᠳ ᠵᠦᠩᠳᠡᠬᠡᠨ ᠤᠯᠠᠨ ᠪᠤᠢ᠃
ᠬᠡᠷ ᠪᠦᠯᠢ ᠪᠤᠯ ᠨᠠᠰᠤᠳᠠᠢᠴᠤᠳ᠎ᠤᠨ ᠤᠶᠤᠨ ᠰᠠᠨᠠᠭᠠᠠᠤ ᠭᠤᠤᠯ ᠵᠢᠭᠰᠠᠭᠠᠯ᠎ᠤᠨ ᠭᠠᠵᠡᠷ᠂ ᠦᠳᠡᠯᠦᠬᠡ ᠨᠠᠰᠤᠨ᠎ᠤ ᠬᠢᠨᠢ ᠵᠢᠷᠭᠠᠯ᠎ᠤᠨ ᠤᠷᠤᠨ ᠮᠦᠨ᠃ ᠬᠡᠳᠤᠢᠪᠡᠷ ᠤᠯᠤᠰ ᠡᠴᠨ ᠨᠠᠰᠤᠵᠢᠯ᠎ᠤᠨ ᠲᠠᠭᠠᠳᠬᠠᠯ᠂ ᠡᠮ ᠡᠮᠨᠡᠯᠬᠡ ᠵᠢᠨ ᠲᠠᠭᠠᠳᠬᠠᠯ᠎ᠤᠨ ᠪᠠᠷᠢᠮᠵᠢᠶ᠎ᠠ ᠵᠢ ᠲᠡᠬᠡᠭᠰᠢᠯᠡᠬᠦᠯᠵᠤ᠂ ᠨᠠᠰᠤᠳᠠᠨ᠎ᠤ ᠠᠰᠠᠷᠠᠮᠵᠢ ᠵᠢᠨ ᠬᠦᠷᠢᠶᠠᠯᠠᠩᠪᠠᠢᠭᠤᠯᠤᠨ᠂ ᠨᠠᠰᠤᠳᠠᠢᠴᠤᠳ᠎ᠲᠤ ᠰᠡᠳᠬᠢᠴᠠ ᠵᠢᠨ ᠬᠠᠢᠷ᠎ᠠ ᠬᠠᠯᠠᠮᠵᠢ ᠵᠢᠨ ᠠᠵᠢᠯᠯᠠᠭ᠎ᠠ ᠵᠢ ᠦᠷᠨᠢᠬᠦᠯᠵᠤ ᠪᠠᠢᠬᠤ ᠪᠤᠯᠪᠠᠴᠤ ᠨᠠᠰᠤᠳᠠᠢᠴᠤᠳ ᠡᠷᠳᠡ ᠲᠡᠬᠡᠳᠤᠰ ᠡᠴᠨ ᠪᠡᠨ ᠤᠯᠠᠮᠵᠢᠯᠠᠵᠤ ᠢᠷᠡᠭᠰᠡᠡ ᠤᠯᠠᠮᠵᠢᠯᠠᠯ ᠵᠢᠡᠷ ᠵᠢᠠᠨ ᠮᠦᠨ ᠯᠠ ᠦᠷ᠎ᠠ ᠬᠡᠤᠬᠡᠳ ᠵᠢᠠᠨ ᠲᠦᠰᠢᠵᠤ᠂ ᠦᠳᠡᠯᠦᠭᠡ ᠨᠠᠰᠤ ᠪᠠᠨ ᠦᠡᠭᠭᠡᠷᠡᠭᠡᠬᠦ ᠳᠤᠷᠠᠳᠠᠢ ᠪᠠᠢᠳᠠᠭ᠃
《ᠡᠬᠡ ᠵᠢᠨ ᠰᠠᠨᠠᠭ᠎ᠠ ᠦᠷᠠᠳᠤ᠂ ᠦᠷ᠎ᠠ ᠵᠢᠨ ᠰᠠᠨᠠᠭ᠎ᠠ ᠠᠭᠤᠯᠠᠨ᠎ᠳᠤ》 ᠬᠡᠳᠡᠭ ᠵᠢᠡᠷ ᠠᠪᠤ ᠡᠵᠢ ᠪᠤᠯᠤᠭᠰᠠᠳ ᠬᠠᠯᠠ ᠠᠮᠰᠠᠵᠤ ᠬᠠᠯᠠᠭᠤᠨ ᠴᠢᠯᠠᠭᠤ ᠳᠤᠯᠢᠶᠠᠵᠤ ᠡᠩᠬᠦᠷᠠᠢ ᠦᠷ᠎ᠠ ᠪᠡᠨ ᠦᠰᠬᠡᠨ᠂ ᠬᠦᠮᠤᠨ᠎ᠤ ᠵᠡᠷᠬᠡ᠎ᠳᠤ ᠬᠦᠷᠬᠡᠵᠠᠢ᠃ ᠬᠡᠳᠡᠯ᠎ᠠ ᠨᠠᠰᠤ ᠠᠬᠢᠵᠤ ᠲᠡᠩᠬᠡᠭᠡ ᠲᠠᠮᠢᠷ ᠮᠠᠭᠤᠳᠠᠠ᠂ ᠬᠦᠯ ᠮᠠᠢᠵᠢᠬᠴᠢᠵᠤ ᠠᠯᠬᠤᠭ᠎ᠠ ᠤᠳᠠᠭᠠᠰᠢᠷᠡᠵᠤ᠂ ᠡᠪᠡᠳᠴᠢᠨ ᠲᠠᠬᠤᠯ᠎ᠳᠤ ᠨᠡᠷᠪᠡᠭᠳᠡᠵᠤ᠂ ᠨᠢᠳᠤ ᠴᠢᠬᠢ ᠮᠠᠭᠤᠳᠠᠠ ᠦᠷ᠎ᠠ ᠬᠡᠤᠬᠡᠳ ᠵᠢᠡᠨ ᠲᠦᠰᠢᠬᠦ ᠬᠡᠮᠵᠢᠶᠠᠨ᠎ᠳᠤ ᠬᠦᠷᠴᠤ ᠪᠠᠢᠭ᠎ᠠ ᠶᠤᠮ᠃ ᠭᠡᠬᠦ᠎ᠳᠦ᠂ ᠤᠳᠤᠬᠢ ᠨᠠᠢᠬᠡᠮ᠎ᠳᠤ ᠮᠠᠰᠢ ᠣᠯᠠᠨ ᠬᠥᠮᠥᠨ ᠠᠵᠢᠯ ᠠᠮᠢᠳᠤᠷᠠᠯ᠎ᠳᠠᠭᠠᠨ ᠶᠠᠭᠠᠷᠠᠵᠤ᠂ ᠦᠷᠭᠦᠯᠵᠢ ᠬᠠᠵᠠᠭᠤ᠎ᠳᠠᠬᠢ ᠨᠠᠰᠤᠲᠠᠨ᠎ᠢᠶᠠᠨ ᠣᠮᠲᠣᠭᠠᠢᠯᠠᠳᠠᠭ᠃ ᠨᠠᠰᠤᠲᠠᠳᠲᠤ᠌ ᠵᠢᠩᠬᠢᠨᠢ ᠱᠠᠭᠠᠷᠳᠠᠭ᠍ᠳᠠᠬᠤ ᠵᠤᠢᠯ ᠨᠢ ᠡᠳ᠋ ᠮᠦᠩᠬᠦ ᠪᠢᠰᠢ ᠬᠠᠷᠢᠨ ᠬᠠᠢᠷ᠎ᠠ ᠬᠠᠯᠠᠮᠵᠢ ᠪᠤᠯᠤᠨ᠎ᠠ᠃
ᠨᠠᠰᠤᠲᠠᠨ᠎ᠢᠶᠠᠨ ᠬᠠᠯᠠᠮᠵᠢᠯᠠᠨ ᠬᠦᠨᠳᠤᠯᠡᠬᠦ᠎ᠨᠢ ᠶᠡᠷᠦ᠍᠎ᠡᠴᠠ ᠲᠩᠷᠢ ᠭᠠᠵᠠᠷ᠎ᠢ ᠳᠣᠩᠰᠣᠯᠭᠠᠮ᠎ᠠ ᠠᠤᠭ᠎ᠠ ᠠᠵᠢᠯᠯᠠᠭ᠎ᠠ ᠪᠢᠰᠢ᠂ ᠬᠠᠷᠢᠨ ᠡᠳᠦᠷ ᠳᠤᠲᠤᠮ᠎ᠤᠨ ᠠᠮᠢᠳᠤᠷᠠᠯ ᠳᠤᠮᠳᠠ ᠬᠠᠨᠢ ᠪᠤᠯᠵᠤ ᠰᠡᠳᠬᠢᠯ᠎ᠢ ᠨᠢ ᠲᠠᠢᠳᠬᠤᠷᠠᠭᠤᠯᠬᠤ ᠲᠡᠳᠦᠢ᠃ ᠲᠡᠳᠡᠨ᠎ᠤ ᠰᠡᠳᠭᠢᠯ᠎ᠤᠨ ᠦᠭᠡ᠎ᠶ᠋ᠢ ᠨᠢ ᠬᠦᠯᠢᠴᠡᠩᠭᠦᠢ᠎ᠪᠠᠷ ᠰᠣᠨᠣᠰᠴᠤ᠌᠂ ᠲᠡᠳᠡᠨ᠎ᠤ ᠰᠠᠨᠠᠭᠤᠯᠭ᠎ᠠ᠎ᠳᠤ ᠬᠠᠯᠠᠭᠤᠨ ᠳᠣᠲᠣᠨᠣ ᠬᠠᠷᠢᠭᠤᠯᠲᠠ ᠥᠭ᠌ᠴᠦ᠂ ᠢᠯᠡᠭᠦᠬᠡᠨ ᠰᠢᠭ ᠬᠠᠨᠢ ᠪᠤᠯᠤᠨ ᠵᠤᠭᠤᠭᠳᠠᠵᠤ᠂ ᠳᠤᠲᠠᠭᠤᠬᠠᠨ ᠱᠢᠭ ᠬᠦᠢᠲᠡᠮᠰᠦᠭ᠎ᠢᠶᠠᠷ ᠬᠠᠨᠳᠤᠵᠤ᠂ ᠢᠯᠡᠭᠦᠬᠡᠨ ᠣᠢᠯᠠᠭᠠᠵᠤ᠂ ᠳᠤᠲᠠᠭᠤᠬᠠᠨ ᠭᠣᠮᠣᠳᠠᠯ ᠲᠣᠭᠠᠴᠢᠬᠤ ᠯᠡ ᠶᠠᠪᠤᠳᠠᠯ᠃ ᠲᠠᠷᠠᠴᠢᠯᠠᠨ ᠡᠳᠦᠷ ᠲᠤᠲᠤᠮ᠎ᠤᠨ ᠬᠠᠯᠠᠭᠤᠨ ᠳᠣᠲᠣᠨᠣ ᠬᠠᠢᠷ᠎ᠠ ᠬᠠᠯᠠᠮᠵᠢ᠂ ᠰᠤᠯᠠ ᠰᠡᠯᠡᠭᠦᠦ ᠴᠠᠭ᠎ᠤᠨ ᠦᠬᠡ ᠶᠠᠷᠢᠶ᠎ᠠ ᠨᠢ ᠨᠠᠰᠤᠲᠠᠳ᠎ᠤᠨ ᠥᠲᠡᠯᠦᠭᠡ ᠨᠠᠰᠤ᠎ᠪᠠᠨ ᠪᠠᠶᠠᠷ ᠪᠠᠶᠠᠰᠬᠤᠯᠠᠩ ᠲᠠᠢ ᠦᠩᠬᠡᠷᠡᠬᠦᠯᠬᠦ᠎ᠳᠦ ᠨᠠᠩ ᠠᠰᠢᠬᠳᠠᠢ ᠮᠦᠷᠳᠡᠬᠡᠨ ᠰᠡᠳᠬᠢᠯ᠎ᠢ ᠨᠢ ᠳᠤᠯᠠᠭᠠᠴᠠᠭᠤᠯᠤᠨ᠎ᠠ᠃
ᠵᠠᠯᠠᠭᠤᠴᠤᠳ ᠪᠢᠳᠡ ᠨᠠᠰᠤᠳᠠᠨ ᠵᠢᠠᠨ ᠬᠦᠨᠳᠤᠳᠬᠡᠨ ᠠᠴᠢᠯᠠᠬᠤ ᠵᠢᠨ ᠲᠠᠭᠠᠤ ᠬᠠᠢᠷᠠᠯᠠᠨ ᠬᠠᠷᠠᠭᠠᠯᠵᠠᠵᠤ᠂ ᠴᠢᠩ ᠦᠨᠡᠨᠴᠢ᠎ᠪᠠᠷ ᠨᠠᠰᠤᠲᠠᠨ᠎ᠳᠠᠭᠠᠨ ᠬᠠᠢᠷ᠎ᠠ ᠬᠠᠯᠠᠮᠵᠢ ᠬᠦᠷᠳᠡᠬᠡᠬᠦ ᠡᠴᠨ ᠭᠠᠳᠠᠨ᠎ᠠ ᠵᠠᠰᠠᠭ᠎ᠤᠨ ᠣᠷᠳᠣᠨ ᠪᠣᠯᠤᠨ ᠨᠡᠢᠭᠡᠮ᠎ᠦᠨ ᠡᠯ᠎ᠡ ᠲᠡᠯ᠎ᠠ ᠵᠢᠨ ᠬᠢᠨ ᠴᠤ᠌ ᠬᠠᠮᠲᠤ ᠪᠠᠷ ᠴᠢᠷᠮᠠᠢᠵᠤ᠂ ᠦᠳᠡᠬᠦᠰᠢ ᠪᠠᠶ᠎ᠠ ᠰᠡᠳᠬᠢᠴᠠ ᠵᠢᠨ ᠲᠠᠯ᠎ᠠ᠎ᠪᠡᠷ ᠴᠢᠨᠠᠭᠰᠢᠳᠠ ᠬᠠᠯᠠᠮᠵᠢᠯᠠᠵᠤ᠂ ᠡᠶ᠎ᠠ ᠵᠤᠬᠢᠴᠠᠨᠭᠭᠤᠢ ᠨᠡᠢᠬᠡᠮ᠎ᠢ ᠪᠠᠢᠭᠤᠯᠬᠤᠳ᠋ᠤ᠌ ᠬᠦᠴᠦᠨ ᠴᠢᠳᠠᠯ ᠵᠢᠡᠨ ᠡᠷᠭᠦᠵᠦ᠂ ᠳᠤᠮᠳᠠᠳᠤ ᠵᠢᠨ ᠤᠯᠠᠮᠵᠢᠯᠠᠯᠳᠤ ᠰᠠᠢᠨ ᠰᠠᠢᠬᠠᠨ ᠵᠠᠩ ᠰᠤᠷᠲᠠᠯ᠎ᠢ ᠦᠶ᠎ᠡ᠎ᠶ᠋ᠢᠨ ᠦᠶ᠎ᠡ᠎ᠳᠡᠭᠡᠨ ᠤᠯᠠᠮᠵᠢᠯᠠᠵᠤ ᠶᠠᠪᠤᠶ᠎ᠠ᠃
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠬᠦᠰᠡᠯᠡᠩ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃