ᠲᠡᠷᠢᠭᠦᠨ ᠨᠢᠭᠤᠷ>ᠴᠠᠭ ᠲᠦᠷᠦ>ᠴᠠᠭ᠎ᠤᠨ ᠰᠢᠭᠦᠮᠵᠢ

2026-10-23 12:31:57

ᠵᠣᠬᠢᠶᠠᠭ᠍ᠴᠢ᠄ ᠰᠦᠯᠳᠠ ᠣᠩᠱᠢᠭ᠍ᠰᠠᠨ ᠣᠳᠠᠭ᠎ᠠ᠄ 3

ᠨᠢᠭᠡ ᠡᠳᠦᠷ᠎ᠤᠨ ᠰᠤᠷᠪᠤᠯᠵᠢᠯᠠᠭ᠎ᠠ ᠪᠡᠷ ᠬᠡᠳᠦᠨ ᠠᠶ᠋ᠢᠯ᠎ᠠᠴᠠ ᠨᠡᠶ᠋ᠢᠳᠡᠮ ᠤᠶ᠋ᠢᠯᠠᠭᠠᠭᠰᠠᠠ ᠵᠣᠶ᠋ᠢᠯ ᠭᠡᠪᠡᠯ ᠨᠢᠭᠡ ᠵᠢᠯ᠎ᠦᠨ ᠪᠦᠳᠦᠭᠡᠭᠳᠡᠬᠦᠨ ᠵᠢᠯ᠎ᠦᠨ ᠡᠴᠦᠰ ᠪᠤᠯᠬᠣ᠎ᠳᠤ ᠶᠡᠷᠦᠩᠬᠡᠢ᠎ᠳ᠋ᠡᠬᠡᠨ ᠪᠦᠬᠦᠨ᠎ᠢ ᠪᠣᠷᠣᠯᠠᠭᠣᠯᠵᠤ᠂ ᠦᠷᠦᠮ᠎ᠠ᠎ᠳᠦ ᠶᠡᠬᠡ ᠬᠡᠮᠵᠢᠶᠡᠨ᠎ᠦ ᠤᠭᠤᠷᠠᠭ ᠪᠣᠯᠤᠨ ᠥᠭᠡᠬᠦ᠌ ᠵᠡᠷᠭᠡ ᠣᠯᠠᠨ ᠵᠤᠢᠯ᠎ᠦᠨ ᠰᠢᠮ᠎ᠡ ᠲᠡᠵᠢᠭᠡᠯ ᠪᠠᠢᠬᠤ᠎ᠵᠢ ᠤᠯᠵᠤ ᠮᠡᠳᠡᠵᠠᠢ᠃ ᠡᠭᠦᠨ᠎ᠳᠦ ᠤᠭᠤᠷᠠᠭ᠎ᠤᠨ ᠠᠭᠤᠯᠤᠭᠳᠠᠴᠠ ᠪᠠᠷᠤᠭ 10.49%᠊᠊᠊᠊ 21.82% ᠪᠠᠶ᠋ᠢᠵᠤ᠂ ᠨᠠᠰᠤᠨ᠎ᠳᠤ ᠬᠦᠷᠦᠭᠰᠡᠳ ᠪᠤᠯᠤᠨ ᠨᠢᠯᠬ᠎ᠠ ᠬᠡᠤᠬᠡᠳ᠎ᠤᠨ ᠪᠠᠶ᠎ᠠ᠎ᠳᠤ ᠱᠠᠭᠠᠷᠳᠠᠭᠳᠠᠳᠠᠭ 7 ᠵᠦᠢᠯ᠎ᠤᠨ ᠰᠢᠪᠲᠦᠷᠲᠦ᠍ ᠬᠦᠴᠢᠯ ᠪᠠ 1 ᠵᠦᠢᠯ᠎ᠤᠨ ᠰᠢᠪᠲᠦᠷᠲᠦ᠍ ᠬᠦᠴᠢᠯ ᠪᠠᠢᠳᠠᠭ ᠂ ᠡᠨᠡ᠎ᠨᠢ ᠬᠦᠮᠦᠨ᠎ᠤ ᠪᠡᠶ᠎ᠡ᠎ᠳᠤ ᠴᠢᠨᠠᠷ ᠰᠠᠶ᠋ᠢᠲᠠᠢ ᠤᠭᠤᠷᠠᠭ ᠬᠠᠩᠭᠠᠵᠤ ᠳᠡᠶ᠋ᠢᠯᠳᠡᠭ᠃ ᠥᠭᠡᠬᠦ᠌᠎ᠶᠢᠨ ᠠᠭᠤᠯᠤᠭᠳᠠᠴᠠ᠎ᠨᠢ ᠶᠡᠷᠦ᠎ᠳ᠋ᠡᠬᠡᠨ 40% ᠊᠊᠊᠊ 50% ᠪᠠᠶ᠋ᠢᠵᠤ᠂ ᠰᠦ ᠥᠭᠡᠬᠦ᠌᠎ᠪᠠᠷ ᠭᠤᠣᠯ ᠪᠣᠯᠭᠠᠪᠠ᠂ ᠡᠭᠦᠨ᠎ᠳᠤ ᠪᠠᠰᠠ ᠳᠤᠲᠠᠭᠤ ᠲᠣᠰᠣᠨ ᠬᠦᠴᠢᠯ᠂ ᠢᠯᠵᠠᠮᠠᠭ᠎ᠠᠴᠠ ᠮᠠᠭᠠᠯᠢᠩᠭᠤ᠎ᠶᠢᠨ ᠬᠦᠴᠢᠯ ᠵᠡᠷᠭᠡ ᠵᠤᠢᠯ ᠪᠠᠭᠳᠠᠵᠤ ᠪᠠᠢᠬᠤ ᠪᠦᠭᠡᠳ ᠣᠯᠠᠩᠬᠢ᠎ᠨᠢ ᠬᠠᠨᠤᠮᠠᠯ ᠪᠤᠰᠤ ᠥᠭᠡᠬᠦᠨ ᠬᠦᠴᠢᠯ ᠠᠭᠤᠯᠤᠭᠳᠠᠵᠤ ᠪᠤᠢ᠃ ᠨᠡᠭᠦᠷᠡᠰᠦ ᠤᠰᠤ᠎ᠶᠢᠨ ᠨᠢᠭᠡᠳᠪᠦᠷᠢ ᠪᠤᠳᠠᠰ᠎ᠤᠨ ᠠᠭᠤᠯᠤᠬᠳᠠᠴᠠ ᠪᠠᠭ᠎ᠠ ᠪᠠᠢᠵᠤ᠂100 ᠭᠷᠡᠮ ᠪᠦᠷᠢ᠎ᠳᠤ ᠪᠠᠷᠤᠭ 6.3 ᠭᠷᠡᠮ ᠤᠰᠤᠳᠦ᠋ᠷᠦᠭᠴᠢ᠎ᠲᠠᠢ᠂ ᠭᠤᠤᠯᠳᠠᠭᠤ ᠰᠦᠨ ᠰᠢᠬᠢᠷ ᠪᠠᠶ᠋ᠢᠳᠠᠭ᠃ ᠪᠠᠰᠠ ᠺᠠᠯᠼ᠂ ᠹᠣᠰᠹᠣᠷ᠂ ᠲᠡᠮᠦᠷ᠂ ᠴᠠᠶ᠋ᠢᠷ ᠵᠡᠷᠭᠡ ᠡᠷᠦᠳᠡᠰᠦ᠎ᠶᠢᠨ ᠠᠭᠤᠯᠤᠭᠳᠠᠴᠠ ᠪᠠᠷᠤᠭ 980 ᠮᠢᠯᠢᠭᠷᠡᠮ ᠪᠠᠶ᠋ᠢᠳᠠᠭ ᠪᠦᠭᠡᠳ ᠠᠭᠤᠷᠬᠠᠶ᠎ᠶᠢᠨ ᠪᠤᠳᠠᠰ ᠨᠢ ᠰᠦ᠎ᠲᠠᠢ ᠨᠡᠶ᠋ᠢᠯᠡᠪᠡᠯ ᠨᠡᠩ ᠠᠮᠠᠷᠬᠠᠨ ᠰᠢᠩᠭᠡᠵᠤ᠂ ᠲᠠᠮᠤᠷ ᠪᠤᠯᠤᠨ ᠴᠠᠢᠷ᠎ᠤᠨ ᠠᠭᠤᠯᠤᠭᠳᠠᠴᠠ ᠨᠢ ᠳᠤᠰ ᠪᠦᠷᠢ 86.00mg/kg᠂ 27.64 mg/kg ᠪᠠᠢᠳᠠᠭ᠃  ᠡᠬᠦᠨ ᠡᠴᠨ ᠭᠠᠳᠠᠨ᠎ᠠ ᠸᠢᠲ᠋ᠠᠮᠢᠨA᠂ ᠸᠢᠲ᠋ᠠᠮᠢᠨ D᠂ ᠸᠢᠲ᠋ᠠᠮᠢᠨ E᠂ ᠸᠢᠲ᠋ᠠᠮᠢᠨ B2  ᠪᠣᠯᠤᠨ ᠤᠰᠤᠨ᠎ᠳᠤ ᠠᠭᠤᠰᠬᠤ ᠸᠢᠲ᠋ᠠᠮᠢᠨ ᠶᠡᠬᠡ ᠠᠭᠤᠯᠤᠭᠳᠠᠳᠠᠭ ᠪᠣᠯᠬᠣᠷ ᠪᠡᠶ᠎ᠡ᠎ᠶᠢᠨ ᠬᠡᠪ᠎ᠦᠨ ᠹᠢᠽᠢᠣᠯᠣᠭᠢ᠎ᠪᠠᠨ ᠪᠠᠲᠤᠯᠠᠬᠤ᠎ᠳᠤ ᠲᠤᠰᠠᠲᠠᠢ ᠶᠤᠮ᠃ ᠲᠡᠢᠮᠤ ᠪᠤᠯᠬᠤᠷ ᠮᠠᠯᠵᠢᠬᠣ ᠤᠷᠤᠨ᠎ᠳᠤ ᠴᠠᠭᠠᠨ ᠢᠳᠡᠭᠡ ᠨᠢ ᠮᠠᠯᠴᠢᠳ᠎ᠤᠨ ᠭᠤᠤᠯᠯᠠᠬᠤ ᠢᠳᠡᠬᠡᠨ᠎ᠤ ᠨᠢᠬᠡ ᠨᠢ ᠪᠠᠢᠵᠤ᠂ ᠤᠳᠤ ᠪᠤᠯᠳᠠᠯ᠎ᠠ ᠤᠯᠠᠮᠵᠢᠯᠠᠭᠳᠠᠭᠰᠠᠭᠠᠷ ᠢᠷᠡᠵᠠᠢ᠃

ᠦᠩᠬᠡᠷᠡᠭᠰᠡᠡ᠎ᠳᠤ ᠮᠢᠨᠤ ᠮᠡᠳᠡᠵᠦ᠍ ᠪᠠᠶ᠋ᠢᠬᠤ ᠪᠡᠷ ᠦᠷᠦᠮ᠎ᠡ ᠬᠦᠭᠡᠷᠦᠭᠦᠯᠬᠦ᠌ ᠶᠠᠪᠣᠴᠠ ᠨᠢ ᠲᠤᠩ ᠨᠠᠷᠢᠯᠢᠬ ᠮᠦᠷᠳᠡᠬᠡᠨ ᠤᠯᠠᠨ ᠪᠠᠶ᠋ᠢᠪᠠ᠃ ᠶᠠᠭᠤᠨ᠎ᠤ ᠤᠷᠢᠳ ᠰᠠᠭᠠᠭᠰᠠᠠ ᠰᠦ ᠪᠡᠨ ᠱᠦᠭᠦᠬᠦᠷ ᠵᠢᠡᠷ ᠱᠦᠭᠦᠨ ᠲᠣᠭᠣᠭᠠᠨ᠎ᠳᠠᠭᠠᠨ ᠬᠢᠵᠦ᠍᠂ ᠠᠷᠭᠠᠯ᠎ᠤᠨ ᠴᠤᠭ ᠲᠠᠢ ᠬᠣᠪᠤᠩ ᠲᠡᠭᠡᠷ᠎ᠡ ᠲᠠᠯᠪᠢᠵᠤ ᠪᠤᠴᠠᠯᠭᠠᠠ᠂ ᠭᠠᠯ ᠵᠢᠠᠨ ᠠᠶᠠᠲᠠᠢ ᠲᠡᠩᠴᠡᠭᠦᠯᠵᠤ᠂ ᠡᠭᠦᠳᠡ ᠬᠠᠭᠠᠯᠭ᠎ᠠ ᠨᠡᠭᠡᠭᠡᠯᠭᠡᠬᠦ᠌ ᠦᠭᠡᠢ ᠪᠢᠳᠡᠭᠦᠦ ᠭᠡᠷ᠎ᠲᠦ᠍ ᠤᠯᠠᠨ ᠤᠳᠠᠭ᠎ᠠ ᠰᠠᠮᠤᠷᠤᠨ᠎ᠠ᠂ ᠲᠡᠬᠡᠬᠡᠳ ᠮᠠᠷᠭᠠᠰᠢ ᠦᠷᠯᠦᠭᠡ ᠨᠢ ᠰᠠᠶ᠋ᠢᠬᠠᠨ ᠵᠤᠵᠠᠭᠠᠨ ᠦᠷᠦᠮ᠎ᠡ ᠰᠠᠭᠤᠳᠠᠭ ᠶᠤᠮ᠃ ᠣᠳᠣ ᠪᠤᠯ ᠬᠠᠷᠢᠨ ᠬᠡᠪᠴᠢᠶᠡᠵᠢᠭᠰᠡᠡ᠂ ᠳᠤᠰᠬᠠᠶ᠋ᠢᠵᠢᠭᠰᠠᠠ᠂ ᠵᠠᠬ᠎ᠠ ᠳᠡᠯᠭᠡᠭᠦᠷᠵᠢᠭᠰᠡᠡ ᠨᠡᠢᠬᠡᠮ᠎ᠳᠤ ᠰᠢᠯᠵᠢᠨ ᠣᠷᠣᠭᠰᠠᠠ ᠨᠢ ᠨᠢᠭᠡ ᠶᠣᠰᠣᠨ᠎ᠤ ᠶᠡᠬᠡ ᠳᠠᠪᠰᠢᠯᠳᠡ ᠪᠤᠯᠤᠨ᠎ᠠ᠃ ᠶᠡᠷᠦ᠍ ᠨᠢ ᠶᠡᠬᠡ ᠬᠠᠭᠠᠨᠳᠤ ᠤᠯᠤᠰ᠎ᠤᠨ ᠤᠪᠣᠭ᠎ᠤᠨ ᠪᠦᠳᠦᠴᠡ ᠨᠢ ᠠᠵᠢᠯ ᠲᠦᠷᠦᠯ᠎ᠢᠶᠡᠷ ᠨᠢ ᠨᠡᠷᠡᠶ᠋ᠢᠳᠦᠭᠰᠡᠡ ᠣᠪᠣᠭ ᠤᠯᠠᠨ ᠪᠠᠶ᠋ᠢᠳᠠᠭ ᠵᠢᠡᠷ ᠦᠨᠢᠶ᠎ᠡ ᠬᠠᠷᠢᠭᠣᠯᠳᠠᠭ ᠨᠢ ᠦᠨᠢᠶᠡᠴᠢᠨ ᠣᠪᠣᠭ᠂ ᠰᠠᠭᠠᠯᠢ ᠬᠢᠳᠡᠭ ᠨᠢ ᠰᠠᠭᠠᠯᠢᠴᠢᠨ ᠣᠪᠣᠭ᠂ ᠠᠳᠣᠭᠣ ᠠᠳᠣᠭᠣᠯᠠᠳᠠᠭ ᠨᠢ ᠠᠳᠣᠭᠣᠴᠢᠨ ᠪᠣᠶᠣ ᠠᠭᠲᠠ ᠬᠠᠷᠢᠭᠣᠯᠳᠠᠭ ᠨᠢ ᠠᠭᠲᠠᠴᠢᠨ ᠤᠪᠣᠭ ᠭᠡᠬᠦ᠌ ᠮᠡᠳᠦ ᠪᠡᠷ ᠠᠵᠢᠯ ᠲᠦᠷᠦᠯ ᠨᠢ ᠣᠯᠠᠮ ᠳᠤᠰᠬᠠᠶ᠋ᠢᠵᠢᠬᠣ ᠳᠤᠳᠤᠮ ᠨᠡᠶ᠋ᠢᠭᠡᠮ ᠠᠬᠤᠢ ᠬᠡᠳᠦᠢ ᠬᠦᠭᠵᠢᠵᠦ᠍ ᠪᠠᠶ᠋ᠢᠭ᠎ᠠ ᠵᠢ ᠬᠠᠷᠠᠭᠤᠯᠵᠤ ᠪᠠᠢᠭ᠎ᠠ ᠶᠤᠮ᠃ ᠨᠢᠭᠡ ᠠᠶ᠋ᠢᠯ ᠬᠡᠷᠪᠡ ᠲᠠᠷᠢᠶ᠎ᠠ ᠴᠤ᠌ ᠲᠠᠷᠢᠨ᠎ᠠ᠂ ᠬᠣᠨᠢ᠂ ᠢᠮᠠᠭ᠎ᠠ᠂ ᠦᠬᠡᠷ᠂ ᠭᠠᠬᠠᠢ ᠭᠡᠳ ᠪᠦᠭᠦᠳᠡ᠎ᠶᠢ ᠲᠡᠵᠢᠭᠡᠵᠤ᠂ ᠪᠠᠰᠠ ᠰᠠᠭᠠᠯᠢ ᠬᠢᠨ᠎ᠠ ᠬᠡᠬᠦ᠌ ᠶᠤᠮ ᠪᠣᠯ ᠡᠨᠡ ᠠᠶ᠋ᠢᠯ ᠤᠷᠤᠨ ᠳ᠋ᠠᠭᠠᠨ ᠡᠷᠭᠢᠯᠳᠦᠬᠦ᠌᠎ᠡᠴᠡ ᠪᠢᠰᠢ ᠬᠦᠭᠵᠢᠯᠳᠡ ᠠᠬᠢᠯᠲᠠ ᠦᠭᠡᠢ ᠨᠢ ᠯᠠᠪᠳᠠᠢ᠃ ᠬᠡᠳᠡᠯ᠎ᠠ ᠣᠳᠣᠬᠢ ᠴᠠᠭ ᠲᠤ᠌ ᠢᠩᠬᠢᠵᠦ᠍ ᠬᠡᠪᠴᠢᠶᠡᠵᠢᠬᠦ᠂ ᠬᠤᠷᠰᠢᠶᠠᠵᠢᠬᠣ᠂ ᠳᠣᠰᠬᠠᠶ᠋ᠢᠵᠢᠭᠰᠠᠠ᠂ ᠵᠠᠬ᠎ᠠ ᠳᠡᠯᠭᠡᠭᠦᠷᠵᠢᠭᠰᠡᠡ ᠪᠠᠶ᠋ᠢᠳᠠᠯ ᠪᠣᠯ ᠬᠦᠳᠡᠭᠡ ᠳᠣᠰᠬᠣᠨ᠎ᠢ ᠬᠦᠭᠵᠢᠭᠦᠯᠦᠨ ᠮᠠᠨᠳᠣᠭᠣᠯᠬᠣ ᠪᠠᠶ᠋ᠢᠯᠳᠣᠬᠣ ᠪᠣᠳᠣᠯᠭ᠎ᠠ᠎ᠶᠢᠨ ᠵᠠᠩᠬᠢᠯᠠᠭ᠎ᠠ᠎ᠶᠢᠨ ᠶᠠᠪᠤᠴᠠ ᠮᠦᠨ᠃ ᠬᠦᠳᠡᠭᠡ ᠳᠣᠰᠬᠣᠨ ᠴᠤ᠌ ᠳᠠᠩ ᠭᠠᠭᠴᠠ ᠲᠦᠭᠦᠬᠡᠢ ᠪᠦᠳᠤᠬᠡᠭᠳᠡᠬᠦᠨ ᠵᠢᠡᠨ ᠪᠤᠷᠣᠯᠠᠭᠣᠯᠬᠣ᠎ᠳᠤ ᠳᠦᠰᠢᠭᠯᠡᠬᠦ᠌ ᠪᠢᠰᠢ ᠬᠠᠷᠢᠨ ᠲᠠᠸᠠᠷᠵᠢᠭᠤᠯᠬᠤ᠂ ᠵᠠᠬ᠎ᠠ ᠳᠡᠯᠭᠡᠭᠦᠷᠵᠢᠭᠦᠯᠬᠦ᠌ ᠵᠢ ᠨᠠᠩ ᠴᠢᠬᠤᠯᠠᠴᠢᠯᠠᠬᠤ ᠪᠤᠯᠤᠭᠰᠠᠠ ᠪᠠᠢᠨ᠎ᠠ᠃

ᠰᠢᠨ᠎ᠡ ᠴᠠᠭ ᠦᠶ᠎ᠡ᠎ᠶᠢᠨ ᠵᠠᠯᠠᠭᠣᠴᠣᠳ ᠨᠡᠢᠬᠡᠮ᠎ᠤᠨ ᠬᠦᠭᠵᠢᠯᠳᠠ ᠵᠢ ᠲᠠᠭᠠᠨ ᠤᠷᠤᠭᠰᠢᠯᠠᠵᠤ᠂ ᠦᠨᠳᠦᠰᠦᠳᠡᠨ᠎ᠦ ᠣᠯᠠᠮᠵᠢᠯᠠᠯᠳᠤ ᠢᠳᠡᠭᠡᠨ ᠣᠮᠳᠠᠭᠠᠨ᠎ᠢ ᠵᠠᠬ᠎ᠠ ᠳᠡᠯᠭᠡᠭᠦᠷᠵᠢᠭᠦᠯᠵᠦ᠍᠂ ᠨᠣᠳᠣᠭ᠎ᠤᠨ ᠭᠠᠷᠣᠯᠳᠠ ᠪᠡᠨ ᠭᠠᠳᠠᠭᠰᠢ ᠪᠣᠷᠣᠯᠠᠭᠣᠯᠬᠣ ᠰᠢᠨ᠎ᠡ ᠵᠠᠮ᠎ᠢ ᠨᠡᠭᠡᠭᠡᠵᠦ᠍ ᠶᠡᠬᠡ ᠤᠯᠠᠨ ᠰᠢᠨᠡᠴᠢᠯᠡᠯᠳᠡ ᠬᠢᠵᠦ᠍ ᠪᠠᠶ᠋ᠢᠨ᠎ᠠ᠃ ᠵᠢᠱ᠌ᠢᠶᠡᠯᠡᠪᠡᠯ᠂ ᠦᠷᠦᠮ᠎ᠡ ᠪᠡᠷ ᠲᠡᠡᠭᠬᠤᠯᠤ ᠬᠢᠵᠦ᠍ ᠪᠤᠢ᠂ ᠦᠷᠦᠮ᠎ᠡ ᠪᠡᠷ ᠬᠠᠯᠠᠭᠣᠨ ᠲᠣᠭᠣᠭᠠᠨ᠎ᠤ ᠱᠦᠯᠦ᠍ ᠬᠢᠵᠦ᠍ ᠪᠤᠢ᠂ ᠦᠷᠦᠮ᠎ᠡ ᠪᠡᠷ ᠵᠢᠮᠢᠰ᠎ᠦᠨ ᠰᠠᠯᠠᠳ᠋ ᠬᠢᠵᠦ᠍ ᠪᠣᠢ᠂ ᠦᠷᠦᠮ᠎ᠡ᠎ᠪᠡᠷ ᠺᠤᠹᠸ ᠬᠢᠵᠦ᠍ ᠪᠤᠢ᠂ ᠦᠷᠦᠮ᠎ᠡ᠎ᠪᠡᠷ ᠫᠢᠰᠠ ᠬᠢᠵᠦ᠍ ᠪᠤᠢ᠂ᠦᠷᠦᠨᠡᠳᠡᠬᠢᠨ᠎ᠦ ᠢᠳᠡᠭᠡᠨ ᠣᠮᠳᠠᠭᠠᠨ ᠲᠠᠢ ᠣᠶᠠᠯᠳᠣᠭᠣᠯᠵᠣ᠂ ᠵᠠᠯᠠᠭᠤᠴᠤᠳ ᠤ᠋ᠨ ᠰᠢᠨ᠎ᠠ ᠵᠢ  ᠡᠬᠦᠳᠬᠦ  ᠵᠤᠷᠢᠬ  ᠰᠠᠨᠠᠭ᠎ᠠ ᠲᠠᠢ ᠶᠡᠬᠡᠳᠡ ᠵᠤᠬᠢᠴᠠᠵᠠᠢ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠣᠷᠬᠢᠯ

ᠣᠷᠴᠢᠭᠤᠯᠤᠭ᠍ᠴᠢ᠄

ᠢᠷᠡᠯᠲᠡ᠄ ᠲᠤᠮᠳᠠᠳᠦ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ ᠎ᠤ ᠰᠦᠯᠵᠢᠶ᠎ᠡ
兼容浏览器的HTML页面