2026-10-26 10:16:20
ᠵᠠᠭᠤᠴᠢᠯᠠᠭᠤᠷᠤᠨ ᠦᠢᠯᠡᠰᠤᠨ ᠬᠦᠭᠵᠢᠯᠲᠡ ᠰᠢᠨᠡᠴᠢᠯᠡᠯᠲᠡ ᠡᠳᠤᠷ ᠢᠷᠡᠬᠦᠶ᠎ᠡ ᠳᠦᠷᠭᠡᠳᠴᠦ ᠪᠠᠢᠨ᠎ᠠ᠃ ᠰᠦᠯᠵᠢᠶ᠎ᠡ᠂ ᠵᠢᠷᠭᠢᠶ᠎ᠡ᠂ ᠰᠢᠯᠵᠢᠶ᠎ᠡ ᠭᠡᠵᠦ ᠬᠦᠯ ᠬᠦᠭᠵᠢᠶᠡᠨ ᠪᠤᠯᠵᠦ ᠪᠠᠢᠭᠰᠠᠨ ᠡᠴᠡ ᠤᠳᠤ AI ᠵᠢᠨ ᠴᠠᠭ ᠦᠶ᠎ᠡ ᠳᠦ ᠤᠷᠤᠵᠦ ᠪᠠᠢᠨ᠎ᠠ᠃ ᠲᠡᠭᠡᠬᠦ ᠪᠡᠷ ᠤᠤᠯ ᠳ᠋ᠤ ᠸᠢᠳᠢᠤ᠋ ᠪᠢᠴᠢᠯᠬᠡ ᠵᠢᠷᠤᠭ ᠲᠦᠰᠦᠪᠯᠡᠯ ᠭᠡᠵᠦ ᠲᠡᠮᠡᠢ ᠬᠠᠮᠢᠶᠠᠷᠳᠠᠭ ᠦᠭᠡᠢ ᠪᠠᠢᠭᠰᠠᠨ ᠵᠠᠯᠠᠭᠤ ᠨᠦᠬᠦᠳ ᠮᠢᠨᠢ ᠠᠵᠢᠯ ᠤ᠋ᠨ ᠬᠡᠷᠡᠭᠴᠡᠭᠡ ᠪᠡᠷ ᠳᠦᠭᠦᠮᠬᠡᠨ ᠸᠢᠳᠢᠤ᠋ ᠪᠢᠴᠢᠯᠬᠡ ᠨᠠᠢᠷᠠᠭᠤᠯᠬᠤ ᠶ᠋ᠢ ᠰᠤᠷᠤᠭᠰᠠᠨ ᠪᠦᠭᠡᠳ ᠦᠢᠯᠡᠳᠤᠨ ᠨᠡᠢᠳᠡᠯᠡᠵᠦ ᠪᠠᠢᠨ᠎ᠠ; ᠤᠤᠯ ᠡᠴᠡ ᠵᠢᠷᠤᠭ ᠲᠦᠰᠦᠪᠯᠡᠯ ᠳ᠋ᠤ ᠲᠤᠷ᠎ᠠ ᠰᠤᠨᠢᠷᠬᠠᠯ ᠲᠠᠢ ᠪᠠᠢᠭᠰᠠᠨ ᠨᠦᠬᠦᠳ ᠮᠢᠨᠢ ᠨᠡᠩ ᠴᠤ᠌ ᠵᠢᠷᠬᠢᠶ᠎ᠠ ᠶ᠋ᠢᠨ ᠨᠡᠢᠳᠡᠯᠡᠯ ᠦᠢᠯᠡᠳᠤᠨ ᠨᠡᠢᠳᠡᠯᠡᠵᠦ ᠪᠠᠢᠨ᠎ᠠ ᠁ ᠦᠩᠬᠡᠷᠡᠭᠰᠡᠨ ᠳ᠋ᠤ ᠰᠢᠨ᠎ᠠ ᠵᠠᠭᠤᠴᠢᠯᠠᠭᠤᠷ ᠤ᠋ᠨ 《ᠪᠤᠷᠤ ᠮᠠᠲᠧᠷᠢᠶᠠᠯ》 ᠬᠠᠩᠭᠠᠵᠤ ᠪᠠᠢᠭᠰᠠᠨ ᠵᠠᠯᠠᠭᠤ ᠨᠦᠬᠦᠳ ᠪᠦᠷ 《ᠰᠢᠨ᠎ᠡ ᠦᠢᠯᠡᠳᠬᠦᠨ》 ᠦᠢᠯᠡᠳᠴᠦ ᠰᠤᠷᠴᠤ ᠪᠠᠢᠬᠤ ᠪᠠᠬᠠᠷᠬᠠᠯ ᠳᠠᠢ ᠪᠠᠢᠳᠠᠯ ᠢᠯᠡᠷᠡᠵᠠᠢ᠃
ᠤᠯᠠᠨ ᠤ᠋ ᠡᠢᠨ ᠬᠦ᠌ ᠬᠦᠷ ᠬᠦᠭᠵᠢᠶᠡᠨ ᠲᠠᠢ ᠰᠤᠷᠴᠤ ᠰᠤᠳᠤᠯᠤᠨ ᠬᠢᠵᠦ ᠪᠦᠲᠦᠭᠡᠬᠦ ᠪᠡᠷ ᠴᠢᠷᠮᠠᠢᠵᠤ ᠪᠠᠢᠬᠤ ᠶ᠋ᠢ ᠦᠵᠡᠭᠡᠳ ᠪᠢ ᠴᠤ᠌ ᠵᠠᠪ ᠴᠢᠯᠦᠭᠡ ᠪᠡᠷ ᠶ᠋ᠢᠡᠨ ᠶᠠᠭᠤ ᠨᠢᠭᠡ ᠶ᠋ᠢ ᠰᠤᠷᠴᠤ᠂ 《ᠲᠠᠷᠬᠡᠳᠡᠬᠢ ᠬᠦᠮᠦᠨ ᠡᠴᠡ ᠦᠯᠦ ᠬᠤᠴᠤᠷᠴᠦ᠂ ᠲᠠᠯᠠᠬᠡᠢ ᠵᠢᠨ ᠪᠤᠯᠪᠠᠰᠤᠷᠠᠯ ᠡᠴᠡ ᠦᠯᠦ ᠬᠡᠬᠡᠭᠳᠡᠶᠠ》 ᠬᠡᠮᠡᠨ ᠰᠡᠮ ᠪᠤᠳᠤᠯ᠎ᠠ᠃ ᠶᠡᠷᠤ ᠨᠢ ᠰᠤᠨᠢᠨ ᠮᠡᠳᠡᠭᠡᠨ ᠤ᠋ ᠠᠵᠢᠯᠳᠠᠳ ᠪᠤᠯ ᠴᠠᠭ ᠦᠶ᠎ᠠ ᠶ᠋ᠢᠨ ᠬᠤᠰᠢᠭᠤᠴᠢ ᠬᠦᠴᠦᠨ ᠮᠦᠨ᠂ ᠢᠯᠠᠩᠭᠤᠶ᠎ᠠ ᠪᠦᠷᠢᠨ ᠵᠠᠭᠤᠴᠢᠯᠠᠭᠤᠷ ᠤ᠋ᠨ ᠡᠷᠢᠨ ᠳ᠋ᠤ ᠤᠷᠤᠭᠰᠠᠨ ᠦᠨᠤᠳᠤᠷ ᠰᠤᠨᠢᠨ ᠮᠡᠳᠡᠭᠡᠨ ᠤ᠋ ᠠᠵᠢᠯᠳᠠᠨ ᠪᠤᠯᠤᠭᠰᠠᠳ ᠵᠠᠪᠠᠯ ᠪᠠᠶ᠎ᠠ ᠪᠠᠨ ᠴᠢᠩᠭ᠎ᠠ ᠱᠠᠭᠠᠷᠳᠠᠨ ᠡᠷᠳᠡᠮ ᠮᠡᠳᠡᠯᠭᠡ ᠪᠡᠨ ᠳᠡᠭᠡᠭᠰᠢᠯᠡᠭᠦᠯᠵᠤ᠂《ᠨᠢᠬᠡ ᠳ᠋ᠤ ᠮᠡᠷᠬᠡᠰᠢᠵᠤ ᠤᠯᠠᠨ ᠳ᠋ᠤ ᠴᠠᠭᠠᠷᠠᠬᠤ》ᠴᠢᠬᠤᠯᠠᠳᠠᠢ᠃ ᠡᠨᠡ ᠪᠤᠯ ᠴᠠᠭ ᠦᠶ᠎ᠠ ᠵᠢᠨ ᠬᠦᠭᠵᠢᠯᠳᠡ ᠵᠢᠨ ᠱᠠᠭᠠᠷᠳᠠᠯᠭ᠎ᠠ᠂ ᠮᠦᠨ ᠴᠦ᠍ ᠠᠵᠢᠯ ᠦᠢᠯᠡᠰ ᠤ᠋ᠨ ᠬᠦᠭᠵᠢᠯᠳᠡ ᠵᠢᠨ ᠬᠡᠷᠡᠭᠴᠡᠬᠡ ᠶᠤᠮᠰᠠᠨ᠃
ᠰᠤᠷᠪᠤᠯᠵᠢᠯᠠᠭᠴᠢ ᠪᠤᠯᠪᠠᠯ ᠦᠪᠡᠷ ᠤ᠋ᠨ ᠬᠤᠪᠢᠳᠠᠨ ᠮᠡᠳᠡᠭᠡᠯᠡᠵᠤ ᠪᠠᠢᠭ᠎ᠠ ᠠᠵᠢᠯ ᠲᠦᠷᠦᠯ ᠤ᠋ᠨ ᠶ᠋ᠢᠡᠨ ᠪᠠᠢᠳᠠᠯ ᠢ᠋ ᠠᠯᠠᠭᠠᠨ ᠵᠢᠷᠤᠭᠠᠰᠤ ᠪᠠᠨ ᠰᠢᠬ ᠮᠡᠳᠡᠬᠦ ᠬᠡᠷᠡᠭᠳᠠᠢ᠂ ᠨᠠᠢᠷᠠᠭᠤᠯᠤᠭᠴᠢ ᠪᠤᠯᠪᠠᠯ ᠦᠷᠭᠡᠨ ᠳᠡᠯᠭᠡᠷ ᠮᠡᠳᠡᠯᠭᠡ ᠪᠠᠢᠬᠤ ᠴᠢᠬᠤᠯᠠᠲᠠᠢ᠂ ᠦᠢᠯᠡᠳᠦᠭᠴᠢ ᠪᠤᠯᠪᠠᠯ ᠴᠠᠭ ᠮᠦᠴᠡ ᠦᠭᠡᠢ ᠰᠢᠨ᠎ᠠ ᠶ᠋ᠢ ᠪᠤᠳᠤᠵᠤ ᠰᠢᠨ᠎ᠠ ᠵᠢ ᠰᠡᠳᠤᠬᠦ ᠬᠡᠷᠡᠭᠳᠠᠢ᠂ ᠸᠢᠳᠢᠤ᠋ ᠪᠢᠴᠢᠯᠬᠡ ᠵᠢᠨ ᠨᠠᠢᠷᠠᠭᠤᠯᠤᠭᠴᠢ ᠪᠤᠯᠪᠠᠯ AI ᠮᠡᠷᠭᠡᠵᠢᠯ ᠵᠡᠷᠭᠡ ᠰᠢᠨ᠎ᠠ ᠰᠢᠨ᠎ᠠ ᠮᠡᠷᠭᠡᠵᠢᠯ ᠪᠤᠯᠤᠨ ᠪᠢᠴᠢᠯᠭᠡ ᠨᠠᠢᠷᠠᠭᠤᠯᠬᠤ ᠰᠢᠨ᠎ᠠ ᠰᠢᠨ᠎ᠠ ᠰᠤᠹᠲ ᠢ᠋ ᠤᠢᠯᠠᠭᠠᠨ ᠡᠵᠡᠮᠰᠢᠬᠦ ᠬᠡᠷᠡᠭᠳᠠᠢ᠃《ᠰᠤᠷᠤᠯᠭ᠎ᠠ ᠪᠡᠷ ᠡᠷᠳᠡᠮ ᠤᠯᠳᠠᠭ᠂ ᠰᠤᠷᠠᠭ ᠵᠢᠡᠷ ᠡᠷᠢᠯ ᠤᠯᠳᠠᠭ》 ᠬᠡᠳᠡᠭᠴᠢᠯᠡᠨ ᠡᠨᠡ ᠤᠯᠠᠨ ᠡᠷᠳᠡᠮ ᠮᠡᠳᠡᠯᠬᠡ ᠵᠢ ᠤᠯᠬᠤ ᠳ᠋ᠤ ᠰᠤᠷᠤᠯᠴᠠᠬᠤ ᠡᠴᠡ ᠦᠬᠡᠷ᠎ᠠ ᠲᠦᠳᠡ ᠵᠠᠮ ᠠᠯᠠᠭ᠎ᠠ᠃ ᠴᠠᠭ ᠮᠦᠴᠡ ᠵᠢ ᠠᠮᠵᠢᠨ ᠰᠤᠷᠤᠯᠴᠠᠵᠤ᠂ ᠴᠠᠭ ᠦᠶ᠎ᠠ ᠵᠢᠨ ᠬᠦᠭᠵᠢᠯᠳᠡ ᠳ᠋ᠤ ᠵᠤᠬᠢᠴᠠᠭᠰᠠᠨ ᠰᠢᠨ᠎ᠠ ᠡᠷᠳᠡᠮ ᠮᠡᠳᠡᠯᠬᠡ ᠵᠢ ᠡᠵᠡᠮᠰᠢᠶ᠎ᠠ!ᠰᠢᠨ᠎ᠠ ᠡᠷᠳᠡᠮ ᠮᠡᠳᠡᠯᠬᠡ ᠵᠢ ᠡᠵᠡᠮᠰᠢᠴᠢᠬᠡᠪᠡᠯ ᠡᠷᠢᠨ ᠤ᠋ ᠠᠵᠢᠯ ᠵᠢᠡᠨ ᠬᠢᠯᠠᠷᠠᠳᠠᠯ᠎ᠠ ᠪᠦᠳᠦᠬᠡᠵᠤ ᠴᠢᠳᠠᠬᠤ ᠨᠢ ᠯᠠᠪᠳᠠᠢ᠃ ᠤᠴᠢᠷ ᠨᠢ 《ᠰᠤᠷᠤᠭᠰᠠᠨ ᠡᠷᠳᠡᠮ ᠵᠢᠡᠷ ᠰᠤᠪᠤᠳ ᠢ᠋ ᠴᠦ᠍ ᠤᠯᠤᠨ᠎ᠠ᠂ ᠠᠷᠢᠭᠤᠨ ᠡᠷᠳᠡᠮ ᠵᠢᠡᠷ ᠠᠯᠳᠠ ᠵᠢ ᠴᠦ᠍ ᠤᠯᠤᠨ᠎ᠠ》 ᠬᠡᠳᠡᠭ ᠪᠢᠰᠢᠤ⁈
ᠡᠷᠳᠡᠮ ᠳ᠋ᠤ ᠤᠷᠤᠢ ᠦᠬᠡᠢ᠂ ᠡᠷᠢᠯ ᠳ᠋ᠤ ᠬᠢᠵᠠᠭᠠᠷ ᠦᠬᠡᠢ ᠬᠡᠳᠡᠭ᠂ ᠰᠤᠯᠠ ᠶᠠᠪᠤᠳᠠᠯ ᠳ᠋ᠤ ᠴᠠᠭ ᠢ᠋ ᠪᠠᠷᠠᠬᠤ ᠶ᠋ᠢᠨ ᠤᠷᠤᠨ ᠳ᠋ᠤ ᠰᠤᠳᠤᠷ ᠪᠢᠴᠢᠭ ᠡᠴᠡ ᠡᠷᠳᠡᠮ ᠮᠡᠳᠡᠯᠭᠡ ᠱᠦᠬᠦᠬᠦ ᠨᠢ ᠳᠡᠭᠡᠷ᠎ᠠ᠂ ᠪᠢᠳᠡ ᠡᠷᠳᠡᠮ ᠨᠤᠮ ᠤ᠋ᠨ ᠬᠢᠵᠠᠭᠠᠷ ᠦᠭᠡᠢ ᠦᠷᠭᠡᠨ ᠳᠠᠯᠠᠢ ᠡᠴᠡ ᠠᠵᠢᠯ ᠠᠮᠢᠳᠤᠷᠠᠯ ᠳ᠋ᠠᠭᠠᠨ ᠬᠡᠷᠡᠭᠴᠡᠭᠡ ᠲᠠᠢ ᠮᠡᠳᠡᠯᠭᠡ ᠮᠡᠷᠭᠡᠵᠢᠯ ᠪᠦᠬᠦᠨ ᠡᠴᠡ ᠴᠦᠬᠦᠷᠡᠯ ᠦᠭᠡᠢ ᠰᠤᠷᠤᠯᠴᠠᠵᠠᠭᠠᠶᠠ!
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠰᠠᠢᠨ᠎ᠠ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃