ᠲᠡᠷᠢᠭᠦᠨ ᠨᠢᠭᠤᠷ>ᠴᠠᠭ ᠲᠦᠷᠦ>ᠴᠠᠭ᠎ᠤᠨ ᠰᠢᠭᠦᠮᠵᠢ

2026-11-09 08:59:11

ᠵᠣᠬᠢᠶᠠᠭ᠍ᠴᠢ᠄ ᠰᠢᠨᠡᠪᠢᠯᠢᠭ ᠣᠩᠱᠢᠭ᠍ᠰᠠᠨ ᠣᠳᠠᠭ᠎ᠠ᠄ 3

ᠮᠠᠨ ᠤ᠋ ᠲᠡᠷᠬᠡᠳᠡ ᠬᠤᠷᠢᠶᠠᠵᠤ ᠬᠠᠳᠠᠭᠠᠯᠠᠬᠤ ᠲᠠᠳᠬᠠᠯ ᠲᠠᠢ ᠬᠦᠮᠦᠰ ᠮᠠᠰᠢ ᠤᠯᠠᠨ᠂ ᠬᠡᠦᠬᠡᠳ ᠤ᠋ᠨ ᠨᠠᠭᠠᠳᠴᠤ ᠦᠩᠬᠡᠷᠡᠭᠰᠡᠨ ᠬᠠᠭᠤᠴᠢᠨ  ᠲᠤᠬᠯᠠᠭᠠᠮ᠂ ᠪᠦᠳᠦᠨ ᠵᠢᠯ ᠵᠢᠡᠷ ᠡᠮᠦᠰᠬᠦ ᠦᠬᠡᠢ ᠬᠤᠪᠴᠠᠰᠤ ᠬᠤᠨᠠᠷ᠂ ᠵᠦᠢᠯ ᠪᠦᠷᠢ ᠵᠢᠨ ᠪᠤᠭᠤᠳᠠᠯ ᠪᠠᠬᠯᠠᠭ᠎ᠠ ᠵᠢ ᠰᠤᠯᠠ ᠲᠠᠯᠪᠢᠵᠤ ᠬᠠᠳᠠᠭᠠᠯᠠᠭᠠᠳ ᠶᠡᠷᠦᠨᠢ ᠬᠠᠶᠠᠵᠤ ᠲᠦᠪᠳᠡᠬᠦ ᠦᠭᠡᠢ ᠪᠠᠢᠳᠠᠭ᠃ ᠲᠡᠳᠡᠨᠠᠷ ᠦᠷᠭᠦᠯᠵᠢ ᠲᠤᠳᠤᠷ᠎ᠠ ᠪᠡᠨ 《ᠦᠯᠡᠳᠡᠭᠡᠵᠦ ᠪᠠᠢᠪᠠᠯ ᠬᠡᠷᠡᠭᠴᠡᠭᠡ᠎ᠲᠠᠢ ᠮᠠᠭᠠᠳ》 ᠭᠡᠵᠦ ᠪᠤᠳᠤᠵᠤ᠂ ᠤᠳᠠᠭᠠᠨ ᠡᠳᠦᠷ ᠵᠤᠵᠠᠭᠠᠨ ᠬᠤᠨᠤᠬ ᠪᠤᠯᠪᠠᠯ ᠡᠯᠳᠡᠪ ᠪᠣᠳᠠᠰ ᠤᠯᠠᠮ ᠠᠷᠪᠢᠨ ᠤᠪᠤᠭᠠᠷᠠᠵᠤ᠂ ᠭᠡᠷ ᠳᠤᠳᠤᠷᠠᠬᠢ ᠡᠳ᠋ᠯᠡᠯ ᠬᠡᠷᠡᠭᠰᠡᠯ ᠤᠯᠠᠳᠠᠵᠦ ᠡᠮᠬᠢ ᠵᠠᠮᠪᠠᠷᠠᠭ᠎ᠠ ᠦᠭᠡᠢ ᠪᠣᠯᠵᠤ᠂ ᠠᠮᠢᠳᠤᠷᠠᠯ ᠤ᠋ᠨ ᠤᠷᠤᠨ ᠵᠠᠢ ᠨᠢ  ᠲᠠᠰᠤᠷᠠᠯᠲᠠ ᠦᠭᠡᠢ ᠰᠢᠬᠠᠭᠳᠠᠨ ᠡᠵᠡᠯᠡᠭᠳᠡᠵᠦ᠂ ᠲᠠᠭᠠᠯᠠᠮᠵᠢᠲᠠᠢ ᠰᠠᠢᠬᠠᠨ ᠠᠮᠢᠳᠤᠷᠠᠯ᠎ᠢ ᠨᠦᠯᠦᠬᠡᠯᠡᠵᠦ ᠮᠡᠳᠡᠳᠡᠭ᠃

ᠡᠬᠡᠯ ᠪᠤᠷᠤ ᠠᠮᠢᠳᠤᠷᠠᠯ ᠢ᠋ ᠦᠩᠬᠡᠷᠡᠬᠦᠯᠬᠦ ᠳ᠋ᠸ᠋ ᠡᠮᠬᠢᠯᠡᠵᠦ ᠲᠢᠭᠯᠡᠬᠦ ᠨᠢ ᠵᠦᠪᠬᠡᠨ ᠲᠡᠭᠰᠢᠯᠡᠵᠦ ᠲᠠᠯᠪᠢᠬᠤ ᠯᠡ ᠶᠠᠪᠤᠳᠠᠯ ᠲᠡᠳᠦᠢ ᠪᠢᠰᠢ᠂ ᠬᠠᠷᠢᠨ ᠠᠮᠢᠳᠤᠷᠠᠯ ᠤ᠋ᠨ ᠤᠶᠤᠨ ᠤᠬᠠᠭᠠᠨ ᠪᠠ ᠤᠷ᠎ᠠ ᠳᠡᠮ ᠠᠭᠤᠯᠤᠬᠳᠠᠵᠤ ᠪᠠᠢᠭ᠎ᠠ ᠶᠤᠮ᠃ ᠦᠷᠦᠬᠡ ᠬᠡᠷ ᠤ᠋ᠨ ᠤᠷᠤᠨ ᠵᠠᠢ ᠬᠢᠵᠠᠭᠠᠷ ᠲᠠᠢ ᠤᠴᠢᠷ ᠡᠴᠨ ᠬᠡᠷᠡᠭ ᠦᠬᠡᠢ ᠶᠠᠭᠤᠮ᠎ᠠ ᠵᠢ ᠨᠢᠬᠡ ᠯᠡ ᠬᠦᠭ ᠵᠢᠡᠷ ᠬᠠᠳᠠᠭᠠᠯᠠᠭᠠᠳ ᠪᠠᠢᠪᠠᠯ ᠰᠢᠨ᠎ᠡ ᠰᠤᠷᠭᠤᠬ ᠰᠠᠢᠨ ᠰᠠᠢᠬᠠᠨ ᠶᠠᠭᠤᠮ᠎ᠠ ᠵᠢ ᠲᠠᠯᠪᠢᠬᠤ ᠤᠷᠤᠨ ᠵᠠᠢ ᠵᠢ ᠡᠵᠡᠯᠡᠨ᠎ᠡ᠂ ᠪᠠᠰᠠ ᠰᠡᠯᠡᠬᠦᠨ ᠲᠠᠭᠠᠯᠠᠮᠵᠢᠳᠠᠢ ᠤᠷᠤᠰᠢᠨ ᠰᠠᠭᠤᠬᠤ ᠤᠷᠴᠢᠨ ᠠᠬᠤᠢ ᠵᠢ ᠪᠤᠢ ᠪᠤᠯᠭᠠᠵᠤ ᠴᠢᠳᠠᠬᠤ ᠦᠬᠡᠢ᠃  ᠵᠢᠩᠬᠢᠨᠢ ᠲᠡᠭᠰᠢ ᠴᠡᠪᠡᠷ ᠬᠡᠳᠡᠭ ᠨᠢ ᠶᠠᠭᠤᠮ᠎ᠠ ᠬᠡᠦᠮ᠎ᠡ ᠠᠷᠪᠢᠨ ᠳ᠋ᠠᠭᠠᠨ ᠪᠠᠢᠳᠠᠬ ᠪᠢᠰᠢ᠂ ᠬᠠᠷᠢᠨ ᠶᠠᠭᠤ ᠵᠢ ᠨᠢ ᠦᠯᠡᠳᠡᠭᠡᠵᠦ ᠶᠠᠭᠤ ᠵᠢ ᠨᠢ ᠲᠠᠶᠠᠬᠳᠠᠬᠤ ᠵᠢ ᠲᠤᠳᠤᠷᠬᠠᠢ ᠮᠡᠳᠡᠳᠡᠭ ᠲᠦ᠍ ᠪᠤᠢ᠃ ᠰᠤᠯᠠ ᠲᠠᠯᠪᠢᠵᠤ ᠪᠠᠢᠭ᠎ᠠ ᠶᠠᠭᠤᠮ᠎ᠠ ᠬᠡᠦᠮ᠎ᠡ᠎ᠶᠢ ᠲᠣᠭᠲᠠᠮᠠᠯ ᠬᠤᠭᠤᠴᠠᠭ᠎ᠠ᠎ᠲᠠᠢ᠎ᠪᠠᠷ ᠴᠡᠪᠡᠷᠯᠡᠨ ᠠᠷᠢᠯᠭᠠᠵᠤ᠂ ᠬᠤᠬ ᠲᠤᠭᠤᠰᠤ ᠲᠠᠷᠤᠬᠰᠠᠨ ᠡᠳ᠋ ᠪᠤᠳᠠᠰ ᠪᠠ ᠢᠯᠡᠬᠦᠴᠡ᠎ᠶᠠᠭᠤᠮ᠎ᠠ ᠵᠢ ᠬᠠᠶᠠᠵᠤ ᠤᠷᠬᠢᠪᠠᠯ᠂ ᠭᠡᠷ᠎ᠦᠨ ᠠᠮᠢᠳᠤᠷᠠᠯ᠎ᠤᠨ ᠣᠷᠴᠢᠨ ᠲᠣᠭᠣᠷᠢᠨ ᠠᠭᠤᠵᠢᠭᠤ ᠲᠠᠯᠪᠢᠭᠤ ᠪᠣᠯᠵᠤ᠂ ᠨᠢᠳᠦᠨ ᠬᠠᠷᠠᠴᠠ ᠬᠦᠷᠦᠭᠰᠡᠨ ᠭᠠᠵᠠᠷ ᠪᠤᠯᠭᠠᠨ ᠬᠢᠯᠠ ᠴᠢᠯᠠ ᠬᠠᠷᠠᠬᠳᠠᠵᠤ᠂ ᠠᠮᠢᠳᠤᠷᠠᠯ ᠤ᠋ᠨ ᠵᠤᠯ ᠵᠢᠷᠭᠠᠯ ᠤ᠋ᠨ ᠦᠨᠤᠷ ᠠᠮᠳᠠ ᠵᠢ ᠨᠡᠩ ᠢᠯᠡᠭᠦᠤ ᠮᠡᠳᠡᠷᠡᠭᠦᠯᠵᠦ  ᠪᠠᠢᠳᠠᠭ᠃

ᠬᠡᠷᠡᠭ ᠦᠬᠡᠢ ᠶᠠᠭᠤᠮ᠎ᠠ ᠵᠢ ᠡᠷᠡᠰ ᠰᠢᠭᠤᠷᠬᠠᠢ ᠬᠠᠶᠠᠵᠤ ᠲᠠᠶᠠᠬᠳᠠᠬᠤ ᠬᠡᠷᠡᠭᠳᠡᠢ᠂ ᠲᠤᠳᠤᠭᠠᠳᠤ ᠰᠡᠳᠬᠢᠯ ᠵᠢᠡᠨ ᠴᠦ᠍ ᠴᠠᠬ ᠢᠮᠠᠬᠳᠠ ᠴᠡᠪᠡᠷᠯᠡᠵᠦ ᠪᠠᠢᠬᠤ ᠴᠢᠬᠤᠯᠠᠳᠠᠢ᠃ ᠰᠠᠨᠠᠬᠰᠠᠨ ᠪᠤᠳᠤᠬᠰᠠᠨ ᠶᠠᠪᠤᠳᠠᠯ ᠪᠦᠬᠦᠨ ᠨᠢ ᠪᠦᠷ ᠰᠡᠳᠬᠢᠯᠴᠢᠯᠡᠨ ᠪᠦᠳᠦᠳᠡᠭ ᠦᠬᠡᠢ᠂ ᠦᠩᠬᠡᠷᠡᠵᠦ ᠤᠳᠤᠬᠰᠠᠨ ᠭᠤᠮᠤᠳᠠᠯ᠂ ᠡᠬᠦᠰᠦᠭᠡᠳᠦᠢ ᠤᠴᠢᠷ ᠤ᠋ᠨ ᠲᠦᠯᠦᠬᠡᠬᠢ ᠵᠣᠪᠠᠨᠢᠯ᠂ ᠬᠡᠷᠡᠭ ᠦᠭᠡᠢ ᠲᠠᠲᠠᠭᠠᠯᠵᠠᠯ ᠲᠠᠬᠢᠨ ᠲᠠᠪᠳᠠᠨ ᠰᠡᠳᠬᠢᠯ ᠢ᠋ ᠵᠤᠪᠠᠭᠠᠨ᠎ᠠ᠃ ᠶᠠᠬ ᠦᠷᠦᠬᠡ ᠬᠡᠷ ᠲᠦ᠍ ᠤᠪᠤᠭᠠᠷᠠᠬᠰᠠᠨ ᠶᠠᠭᠤᠮ᠎ᠠ ᠬᠡᠦᠮ᠎ᠡ ᠲᠠᠢ ᠠᠳᠠᠯᠢ ᠪᠡᠷ ᠡᠳᠡᠬᠡᠷ ᠰᠡᠳᠬᠢᠯ᠎ᠳᠦ ᠤᠪᠤᠭᠠᠷᠠᠬᠰᠠᠨ ᠬᠡᠷᠡᠭ ᠦᠭᠡᠢ ᠵᠦᠢᠯᠡᠰ ᠨᠢ ᠠᠵᠢᠯ ᠶᠠᠪᠤᠳᠠᠯ ᠬᠢᠵᠦ ᠪᠦᠳᠦᠬᠡᠬᠦ ᠠᠯᠬᠤᠮ ᠢ᠋ ᠴᠢᠳᠤᠷᠯᠠᠨ᠎ᠠ᠃

ᠠᠮᠢᠳᠤᠷᠠᠯ᠎ᠳ᠋ᠠᠭᠠᠨ ᠤᠷᠤᠨ ᠵᠠᠢ ᠦᠯᠡᠳᠡᠬᠡᠵᠦ ᠰᠤᠷᠬᠤ ᠪᠤᠯ ᠬᠠᠮᠤᠬ ᠤ᠋ᠨ ᠨᠡᠪᠲᠡᠷᠬᠡᠢ ᠠᠮᠢᠳᠤᠷᠠᠬᠤ ᠠᠷᠭ᠎ᠠ ᠶᠤᠮ᠃ ᠴᠠᠭ ᠲᠤᠬᠠᠢ ᠳ᠋ᠤᠨᠢ ᠬᠡᠷᠡᠭ ᠦᠭᠡᠢ ᠪᠠᠷᠢᠮᠲᠠᠯᠠᠯ᠎ᠢᠶᠠᠨ ᠲᠠᠶᠠᠭᠳᠠᠵᠤ᠂ ᠢᠯᠡᠭᠦᠴᠡ ᠳᠠᠷᠤᠭᠠᠰᠤ᠎ᠪᠠᠨ ᠬᠦᠩᠬᠡᠯᠡᠨ᠂ ᠠᠷᠰᠠᠷ ᠶᠠᠪᠤᠳᠠᠯ᠎ᠳᠤ ᠬᠦᠯᠢᠶᠡᠰᠦᠯᠡᠭᠳᠡᠬᠦ ᠦᠭᠡᠢ᠂ ᠡᠯᠳᠡᠪ ᠪᠤᠳᠤᠯ᠎ᠳᠤ ᠨᠥᠯᠥᠭᠡᠯᠡᠭᠳᠡᠬᠦ ᠦᠭᠡᠢ ᠪᠠᠢᠬᠤ ᠨᠢ ᠨᠡᠩ ᠴᠢᠬᠤᠯᠠ᠃ ᠡᠳ᠋ ᠪᠣᠳᠠᠰ ᠵᠢᠡᠨ ᠴᠡᠪᠡᠷᠯᠡᠨ ᠴᠣᠮᠬᠠᠳᠬᠠᠬᠤ ᠨᠢ ᠦᠷᠦᠬᠡ ᠬᠡᠷ ᠲᠡᠭᠡᠨ ᠨᠡᠩ ᠰᠠᠷᠠᠭᠤᠯ ᠤᠷᠤᠨ ᠵᠠᠢ ᠦᠯᠡᠳᠡᠬᠡᠬᠦ ᠵᠢᠨ ᠲᠦᠯᠦᠬᠡ᠂ ᠰᠡᠳᠬᠢᠯ᠎ᠦᠨ ᠶᠠᠪᠤᠳᠠᠯ ᠵᠢᠡᠨ ᠲᠠᠶᠠᠬᠳᠠᠨ ᠴᠣᠮᠬᠠᠳᠬᠠᠬᠤ ᠨᠢ ᠢᠷᠦᠭᠡᠳᠦᠢ ᠵᠢᠨ ᠠᠮᠢᠳᠤᠷᠠᠯ ᠳ᠋ᠠᠭᠠᠨ ᠨᠡᠩ ᠦᠷᠭᠡᠨ ᠵᠠᠮ ᠳᠡᠪᠢᠰᠴᠦ  ᠪᠠᠢᠭ᠎ᠠ ᠶᠠᠪᠤᠳᠠᠯ ᠶᠤᠮ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠣᠷᠬᠢᠯ

ᠣᠷᠴᠢᠭᠤᠯᠤᠭ᠍ᠴᠢ᠄

ᠢᠷᠡᠯᠲᠡ᠄ ᠲᠤᠮᠳᠠᠳᠦ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ ᠎ᠤ ᠰᠦᠯᠵᠢᠶ᠎ᠡ
兼容浏览器的HTML页面