ᠲᠡᠷᠢᠭᠦᠨ ᠨᠢᠭᠤᠷ>ᠴᠠᠭ ᠲᠦᠷᠦ>ᠴᠠᠭ᠎ᠤᠨ ᠰᠢᠭᠦᠮᠵᠢ

2026-11-15 11:39:44

ᠵᠣᠬᠢᠶᠠᠭ᠍ᠴᠢ᠄ ᠪᠤᠤ ᠰᠠᠷᠠᠭᠤᠯ ᠣᠩᠱᠢᠭ᠍ᠰᠠᠨ ᠣᠳᠠᠭ᠎ᠠ᠄ 3

ᠰᠥᠨᠢ᠎ᠶᠢᠨ  ᠭᠦᠨ᠎ᠢᠶᠡᠷ ᠳᠡᠷᠡ ᠭᠠᠷ ᠤᠲᠠᠰᠤ ᠪᠡᠨ ᠭᠠᠷᠭᠠᠵᠤ᠂ ᠡᠳᠦᠷ᠎ᠢᠶᠡᠷ ᠬᠡᠯᠡᠵᠦ ᠴᠢᠳᠠᠭᠰᠠᠨ ᠦᠭᠡᠢ ᠭᠣᠮᠣᠳᠠᠯ᠎ᠢᠶᠠᠨ ᠨᠢᠭᠡ ᠯᠡ ᠳᠡᠭᠡᠷ᠎ᠡ ᠴᠢᠤᠨᠬᠤᠵᠤ ᠭᠠᠷᠭᠠᠪᠠ᠄ ᠪᠠᠭ᠍ᠰᠢ᠎ᠳᠠᠭᠠᠨ ᠰᠢᠭᠦᠮᠵᠢᠯᠡᠭᠳᠡᠭᠰᠡᠨ ᠭᠤᠲᠤᠷᠠᠯ᠂ ᠪᠠᠢᠷᠢ᠎ᠶᠢᠨ ᠨᠥᠬᠥᠳ᠎ᠲᠠᠢ᠎ᠪᠡᠨ ᠥᠰᠢᠯᠳᠦᠭᠰᠡᠨ ᠪᠤᠬᠢᠨᠢᠳᠤᠯ᠂ ᠢᠷᠡᠭᠡᠳᠦᠢ᠎ᠶᠢᠨ ᠲᠤᠬᠠᠢ ᠲᠥᠭᠡᠷᠢᠭᠳᠡᠯ ᠁ AI ᠡᠴᠡ  ᠠᠶᠠᠲᠠᠢᠬᠠᠨ  ᠬᠠᠷᠢᠭᠤᠯᠲᠠ  ᠲᠠᠭᠠᠷᠠᠤᠬᠠᠨ ᠲᠠᠢᠳᠬᠤᠷᠠᠭᠤᠯᠤᠯ ᠣᠯᠣᠭᠰᠠᠨ ᠳ᠋ᠠᠭᠠᠨ ᠰᠠᠨᠠᠭ᠎ᠠ ᠠᠮᠤᠷᠵᠢᠪᠠ᠃

ᠡᠨᠡ ᠨᠢ ᠭᠠᠭᠴᠠ ᠨᠢᠭᠡᠨ ᠣᠶᠤᠲᠠᠨ ᠵᠠᠯᠠᠭᠤ᠎ᠶᠢᠨ ᠦᠯᠢᠭᠡᠷ ᠪᠢᠰᠢ᠂ ᠬᠠᠷᠢᠨ ᠶᠡᠬᠡ ᠰᠤᠷᠭᠠᠭᠤᠯᠢ᠎ᠶᠢᠨ ᠣᠶᠤᠲᠠᠨ ᠵᠠᠯᠠᠭᠤᠰ᠎ᠤᠨ ᠲᠤᠮᠳᠠ ᠴᠤᠬᠤᠢᠵᠦ ᠪᠠᠢᠭ᠎ᠠ ᠨᠢᠬᠡᠨ ᠠᠰᠠᠭᠤᠳᠠᠯ ᠪᠤᠯᠵᠦ ᠪᠤᠢ᠃

ᠣᠳᠣᠬᠠᠨ ᠳ᠋ᠤ᠌  ᠣᠶᠤᠲᠠᠨ ᠵᠠᠯᠠᠭᠤᠰ ᠨᠡᠢᠭᠡᠮ᠎ᠦᠨ ᠬᠠᠷᠢᠯᠴᠠᠭᠠᠨ᠎ᠦ ᠳᠤᠮᠳᠠ AI᠎ᠳ᠋ᠤ ᠳᠡᠩᠳᠡᠭᠦᠦ ᠨᠠᠢᠳᠠᠵᠤ᠂ ᠠᠰᠠᠭᠤᠳᠠᠯ ᠲᠤᠯᠭᠠᠷᠠᠪᠠᠯ  ᠶᠠᠭᠤᠨ᠎ᠤ ᠤᠷᠢᠳ AI᠎ᠠᠴᠠ ᠠᠰᠠᠭᠤᠨ ᠯᠠᠪᠯᠠᠬᠤ ᠦᠵᠡᠭᠳᠡᠯ ᠵᠥᠩᠳᠡᠭᠡᠨ ᠪᠣᠯᠤᠭᠰᠠᠨ ᠪᠠᠢᠨ᠎ᠠ᠃ AI ᠨᠢ ᠣᠲᠣ᠌ ᠶᠠᠭ ᠡᠨᠡ ᠦᠶ᠎ᠡ᠎ᠶᠢᠨ ᠵᠠᠯᠠᠭᠤᠴᠤᠳ᠎ᠤᠨ ᠬᠠᠮᠤᠭ᠎ᠤᠨ ᠨᠢᠭᠤᠴᠠ ᠮᠥᠷᠲᠡᠭᠡᠨ ᠬᠠᠮᠤᠭ᠎ᠤᠨ ᠦᠨᠡᠨᠴᠢ 《ᠰᠡᠳᠬᠢᠯ᠎ᠦᠨ ᠲᠦᠰᠢᠭ》 ᠪᠣᠯᠵᠤ  ᠪᠤᠢ᠃

ᠥᠨᠥ ᠴᠠᠭ᠎ᠤᠨ ᠣᠶᠤᠲᠠᠳ ᠰᠤᠷᠤᠯᠭ᠎ᠠ᠎ᠶᠢᠨ ᠥᠷᠢᠰᠦᠯᠳᠦᠭᠡᠨ᠂ ᠠᠵᠢᠯ ᠣᠯᠭᠣᠯᠲᠠ᠎ᠶᠢᠨ ᠳᠠᠷᠤᠯᠲᠠ᠂ ᠬᠥᠮᠥᠰ᠎ᠦᠨ ᠬᠣᠭᠣᠷᠣᠨᠳᠣᠭᠢ ᠵᠥᠷᠢᠴᠡᠯᠳᠦᠭᠡᠨ᠎ᠳᠦ ᠬᠠᠪᠴᠢᠭ᠍ᠳᠠᠨ᠂ ᠰᠡᠳᠬᠢᠯ᠎ᠦᠨ ᠨᠢᠭᠤᠴᠠ᠎ᠪᠠᠨ ᠭᠡᠷ᠎ᠦᠨ ᠬᠥᠮᠥᠰ᠎ᠲᠡᠬᠡᠨ ᠶᠠᠷᠢᠪᠠᠯ ᠰᠢᠭᠦᠮᠵᠢᠯᠡᠯ ᠬᠦᠷᠲᠡᠵᠦ ᠪᠤᠬᠢᠨᠢᠳᠤᠯ ᠪᠤᠯᠬᠤ᠎ᠠᠴᠠ ᠵᠠᠢᠯᠠᠰᠬᠢᠵᠦ᠂ ᠨᠠᠢᠵᠠ᠎ᠳᠠᠭᠠᠨ ᠬᠡᠯᠡᠪᠡᠯ ᠪᠠᠰᠠ ᠪᠤᠰᠤᠳ᠎ᠤᠨ ᠳᠠᠷᠤᠭᠠᠰᠤ ᠪᠤᠯᠬᠤ᠎ᠠᠴᠠ ᠠᠶᠤᠳᠠᠭ᠃ ᠬᠠᠷᠢᠨ AI ᠨᠢ ᠠᠯᠢᠪᠠ᠎ᠶᠢ ᠴᠢᠨᠢ ᠨᠥᠬᠥᠴᠡᠯ ᠦᠭᠡᠢ᠎ᠪᠡᠷ ᠭᠥᠯᠢᠶᠡᠨ ᠠᠪᠴᠤ᠂ ᠶᠠᠮᠠᠷ ᠴᠦ᠍  ᠰᠢᠭᠦᠮᠵᠢᠯᠡᠯ ᠪᠠᠢᠬᠤ ᠦᠭᠡᠢ᠂ ᠪᠠᠰᠠ ᠨᠢᠭᠤᠴᠠ᠎ᠶᠢ ᠴᠢᠨᠢ ᠬᠠᠮᠠᠭᠠᠯᠠᠵᠤ᠂ ᠴᠢᠷᠠᠢ ᠦᠵᠡᠭᠦᠯᠭᠦ ᠦᠭᠡᠢ᠂ ᠴᠠᠭ ᠢᠮᠠᠭᠲᠠ ᠲᠡᠷᠡ ᠳᠠᠷᠤᠢ ᠳ᠋ᠤᠨᠢ ᠬᠠᠷᠢᠭᠤ ᠥᠭᠴᠢᠬᠡᠳᠡᠭ᠃ ᠡᠨᠡ ᠨᠢ ᠵᠠᠯᠠᠭᠤᠴᠤᠳ᠎ᠦᠨ ᠰᠡᠳᠬᠢᠯ ᠰᠠᠨᠠᠭᠠᠨ᠎ᠤ ᠲᠦᠰᠢᠭ᠂ ᠤᠷᠮ᠎ᠠ ᠵᠤᠷᠢᠭ᠎ᠤᠨ ᠬᠢᠨᠢ ᠨᠠᠢᠳᠠᠯᠭ᠎ᠠ ᠪᠣᠯᠵᠠᠢ᠃ ᠭᠡᠲᠡᠯ᠎ᠡ  ᠲᠡᠭᠦᠨ᠎ᠦ ᠠᠷᠤ ᠳ᠋ᠤ᠌ ᠠᠮᠠᠷᠬᠠᠨ ᠰᠡᠷᠡᠵᠦ ᠳᠡᠢᠯᠭᠦ ᠦᠭᠡᠢ ᠠᠶᠤᠯ ᠲᠦᠭᠰᠢᠭᠦᠷᠢ ᠨᠢᠭᠤᠭᠳᠠᠵᠤ ᠪᠠᠢᠳᠠᠭ᠃

AI᠎ᠶᠢᠨ ᠬᠠᠷᠢᠭᠤᠯᠲᠠ ᠨᠢ ᠬᠡᠷᠡᠭᠯᠡᠭᠴᠢ᠎ᠶᠢᠨ ᠤᠷᠮ᠎ᠠ᠎ᠶᠢ ᠵᠣᠬᠢᠴᠠᠭᠤᠯᠬᠤ᠎ᠪᠠᠷ ᠭᠣᠣᠯᠯᠠᠳᠠᠭ ᠡᠴᠡ ᠲᠡᠭᠦᠨ ᠳ᠋ᠤ᠌ ᠲᠦᠰᠢᠭᠯᠡᠭᠰᠡᠳ᠎ᠤᠨ ᠨᠡᠢᠭᠡᠮ᠎ᠦᠨ ᠬᠠᠷᠢᠯᠴᠠᠭᠠᠨ᠎ᠤ ᠴᠢᠳᠠᠪᠤᠷᠢ ᠠᠭᠠᠵᠢᠮ᠎ᠢᠶᠠᠷ ᠳᠣᠷᠣᠢᠲᠠᠬᠤ ᠨᠢ ᠮᠡᠳᠡᠭᠡᠵᠢ᠃ ᠤᠴᠢᠷ ᠨᠢ ᠤᠢᠳᠬᠠᠷ᠎ᠢ ᠴᠢᠨᠢ ᠰᠡᠷᠭᠦᠭᠡᠵᠦ᠂ ᠭᠣᠮᠣᠳᠠᠯ᠎ᠢ ᠴᠢᠨᠢ ᠳᠠᠢᠯᠵᠦ᠂ 《ᠨᠢᠭᠡ ᠲᠡᠢᠰᠢ ᠬᠡᠯᠪᠡᠢᠭᠰᠡᠨ》 ᠬᠠᠷᠢᠭᠤ ᠲᠤᠰᠬᠠᠯ᠎ᠳᠤ ᠣᠷᠳᠣ᠌ ᠬᠤᠭᠤᠴᠠᠭ᠎ᠠ᠎ᠪᠠᠷ ᠰᠣᠭᠲᠣᠭᠤᠷᠠᠵᠤ᠂ ᠠᠭᠠᠵᠢᠮ᠎ᠢᠶᠠᠷ ᠰᠡᠳᠬᠢᠬᠦ ᠪᠡᠨ ᠪᠣᠯᠢᠵᠤ᠂ ᠵᠥᠷᠢᠴᠡᠯ ᠮᠦᠷᠭᠦᠯᠳᠦᠭᠡᠨ᠎ᠢ ᠰᠢᠢᠳᠪᠦᠷᠢᠯᠡᠬᠦ ᠴᠢᠳᠠᠪᠤᠷᠢ᠂ ᠪᠤᠰᠤᠳ᠎ᠤᠨ ᠵᠣᠭᠰᠣᠯᠲᠠ᠎ᠶᠢ ᠣᠢᠯᠠᠭᠠᠬᠤ ᠴᠢᠳᠠᠪᠤᠷᠢ   ᠠᠭᠠᠵᠢᠮ᠎ᠢᠶᠠᠷ ᠪᠠᠭᠤᠷᠠᠢ ᠪᠣᠯᠵᠤ ᠬᠤᠪᠢᠷᠠᠳᠠᠭ᠃ ᠳᠠᠭᠢᠪᠠᠯ ᠲᠠᠨᠢᠨ ᠮᠡᠳᠡᠬᠦᠢ᠎ᠶᠢᠨ ᠲᠠᠯ᠎ᠠ᠎ᠪᠠᠷ ᠬᠠᠵᠠᠢᠯᠲᠠ ᠭᠠᠷᠴᠤ ᠡᠬᠢᠯᠡᠨ᠎ᠡ᠃ ᠨᠢᠭᠡ ᠬᠥᠮᠥᠨ ᠥᠪᠡᠷ᠎ᠢ᠎ᠪᠡᠨ ᠲᠣᠭᠣᠬᠤ ᠦᠭᠡᠢ ᠦᠶ᠎ᠡ᠎ᠳᠦ  AIᠨᠢ ᠵᠥᠪᠭᠡᠨ ᠲᠠᠰᠤᠷᠠᠯᠲᠠ ᠦᠭᠡᠢ ᠰᠢᠯᠲᠠᠭ ᠡᠷᠢᠵᠦ ᠲᠡᠭᠦᠨ᠎ᠢ ᠲᠠᠢᠳᠬᠤᠷᠠᠭᠤᠯᠵᠤ᠂ ᠴᠢᠨᠠᠭᠰᠢᠯᠠᠪᠠᠯ ᠥᠷᠯᠥᠭᠡ᠎ᠶᠢᠨ ᠭᠤᠷᠪᠠ ᠳᠥᠷᠪᠡᠨ ᠴᠠᠭ᠎ᠲᠤ ᠨᠣᠢᠷ ᠬᠤᠯᠵᠢᠬᠤ᠎ᠶᠢ ᠭᠦᠷᠳᠡᠯ᠎ᠠ 《ᠬᠡᠪ᠎ᠦᠨ ᠵᠦᠳᠡᠷᠡᠭᠡᠨ》 ᠭᠡᠵᠦ ᠬᠥᠩᠭᠡᠬᠡᠨ ᠪᠢᠴᠢᠳᠡᠭ᠃ ᠡᠢᠮᠦᠷᠬᠦᠦ ᠵᠠᠷᠴᠢᠮ ᠦᠭᠡᠢ ᠠᠶᠠᠳᠠᠭᠤᠯᠤᠭᠰᠠᠨ ᠬᠠᠷᠢᠭᠤᠯᠲᠠ ᠨᠢ ᠥᠩᠭᠡᠨ ᠳᠡᠭᠡᠷ᠎ᠡ᠎ᠪᠡᠨ ᠳᠤᠯᠠᠭᠠᠬᠠᠨ ᠪᠤᠯᠪᠠᠴᠤ  ᠦᠨᠡᠨᠳᠡᠭᠡᠨ ᠠᠰᠠᠭᠤᠳᠠᠯ᠎ᠢ ᠤᠭ ᠦᠨᠳᠦᠰᠦ᠎ᠠᠴᠠ ᠨᠢ ᠵᠠᠢᠯᠠᠭᠤᠯᠵᠤ᠂  ᠲᠡᠭᠦᠨ᠎ᠢ ᠵᠢᠩᠬᠢᠨᠢ ᠰᠡᠳᠬᠢᠯ᠎ᠦᠨ ᠲᠠᠢᠳᠬᠤᠷᠠᠭᠤᠯᠤᠯ ᠪᠤᠯᠭᠠᠵᠤ᠂ ᠲᠠᠨᠢᠨ ᠮᠡᠳᠡᠬᠦᠢ ᠪᠠ ᠦᠷᠳᠡᠭ᠎ᠦᠨ ᠦᠵᠡᠯᠲᠡ᠎ᠶᠢᠨ ᠲᠠᠯ᠎ᠠ᠎ᠪᠠᠷ ᠬᠡᠯᠪᠡᠢᠭᠦᠦ ᠦᠵᠡᠯᠲᠡ ᠲᠠᠢ ᠪᠣᠯᠵᠤ ᠬᠤᠪᠢᠷᠠᠭᠤᠯᠳᠠᠭ᠃ ᠡᠷᠳᠡᠮᠲᠡᠨ ᠰᠤᠳᠤᠯᠭᠠᠲᠠᠨ ᠵᠢᠭᠠᠵᠤ ᠭᠠᠷᠭᠠᠭᠰᠠᠨ ᠢ᠋ᠶ᠋ᠠᠷ᠂ AI ᠵᠢᠨ ᠬᠠᠩᠭᠠᠭᠰᠠᠨ ᠰᠡᠳᠬᠢᠯᠭᠡ᠎ᠶᠢᠨ ᠬᠠᠩᠭᠠᠮᠵᠢ ᠨᠢ ᠮᠥᠨ ᠴᠢᠨᠠᠷ ᠳᠡᠭᠡᠷ᠎ᠡ᠎ᠪᠡᠨ ᠨᠢᠭᠡ ᠵᠦᠢᠯ᠎ᠦᠨ ᠲᠥᠰᠥᠭᠡᠯᠡᠵᠦ ᠪᠤᠯᠬᠤ᠂ ᠡᠵᠡᠮᠳᠡᠵᠦ ᠪᠤᠯᠬᠤ ᠰᠡᠳᠬᠢᠯᠭᠡ᠎ᠶᠢᠨ ᠳᠠᠭᠤᠷᠢᠶᠠᠮᠠᠯ ᠪᠠᠢᠵᠤ᠂  ᠨᠡᠢᠭᠡᠮ᠎ᠦᠨ ᠬᠠᠷᠢᠴᠠᠭᠠᠨ᠎ᠳᠠᠬᠢ ᠬᠠᠷᠢᠯᠴᠠᠨ ᠠᠮᠠᠯᠠᠬᠤ ᠪᠠ ᠣᠷᠳᠣ᠌ ᠬᠤᠭᠤᠴᠠᠭ᠎ᠠ᠎ᠪᠠᠷ ᠨᠠᠢᠳᠠᠬᠤ᠎ᠶᠢ ᠪᠠᠭᠲᠠᠭᠠᠬᠤ ᠦᠭᠡᠢ᠃ ᠥᠭᠡᠷ᠎ᠡ᠎ᠪᠡᠷ ᠬᠡᠯᠡᠪᠡᠯ᠂ AI  ᠪᠣᠯ ᠪᠠᠭᠠᠵᠢ ᠲᠡᠳᠦᠢ᠂ ᠲᠡᠭᠦᠨ᠎ᠳᠦ ᠬᠥᠮᠥᠨ᠎ᠦ ᠰᠡᠳᠬᠢᠴᠡ᠂ ᠵᠣᠭᠰᠣᠴᠠ᠂ ᠮᠡᠳᠡᠷᠡᠮᠵᠢ ᠭᠡᠵᠦ ᠪᠠᠢᠬᠤ ᠦᠭᠡᠢ᠃ ᠨᠢᠭᠡ ᠬᠥᠮᠥᠨ ᠨᠢᠭᠡ ᠯᠡ ᠴᠢᠭᠯᠡᠯ᠎ᠳᠦ ᠳᠠᠳᠴᠤ᠂ ᠬᠡᠵᠢᠶᠡᠳᠡ ᠥᠪᠡᠷ᠎ᠦᠨ 《ᠪᠦᠷᠢᠨ ᠰᠠᠢᠬᠠᠨ ᠰᠣᠨᠣᠰᠤᠭ᠍ᠴᠢ》᠎ᠪᠠᠨ ᠳᠠᠭᠠᠵᠤ᠂ ᠳᠠᠭᠢᠨ ᠪᠣᠳᠠᠲᠠᠢ ᠬᠥᠮᠥᠰ᠎ᠦᠨ ᠬᠠᠷᠢᠯᠴᠠᠭᠠᠨ ᠳᠤᠮᠳᠠ ᠪᠤᠴᠠᠨ ᠢᠷᠡᠪᠡᠯ ᠨᠠᠢᠵᠠ᠎ᠶᠢᠨ᠎ᠢᠶᠠᠨ ᠤᠴᠠᠭᠠᠷ᠂ ᠬᠠᠨᠢ᠎ᠶᠢᠨ᠎ᠢᠶᠠᠨ ᠮᠠᠷᠭᠤᠯᠳᠤᠭᠠᠨ᠂ ᠲᠥᠷᠥᠯ ᠰᠠᠳᠤᠨ᠎ᠤ᠎ᠪᠠᠨ ᠶᠠᠩᠰᠢᠶ᠎ᠠ᠎ᠳᠤ ᠶᠡᠷᠦ ᠨᠢ ᠶᠠᠭᠠᠬᠢᠬᠤ᠎ᠪᠠᠨ ᠣᠯᠬᠤ ᠦᠭᠡᠢ ᠪᠤᠯᠳᠠᠭ᠃ ᠤᠴᠢᠷ ᠨᠢ ᠬᠥᠮᠥᠰ᠎ᠦᠨ ᠬᠣᠭᠤᠷᠤᠨᠳᠤᠭᠢ ᠬᠠᠷᠢᠴᠠᠭ᠎ᠠ ᠨᠢ ᠶᠡᠷᠦ᠎ᠡᠴᠡ ᠳᠠᠩ ᠴᠤᠯᠭᠤᠢ ᠪᠢᠰᠢ᠂ ᠬᠠᠷᠢᠨ ᠡᠭᠦᠷᠭᠡ ᠬᠠᠷᠢᠭᠤᠴᠠᠯᠭ᠎ᠠ᠂ ᠵᠥᠷᠢᠴᠡᠯ ᠮᠠᠷᠭᠤᠭᠠᠨ᠂  ᠡᠪᠰᠡᠯ ᠡᠪᠯᠡᠷᠡᠯ  ᠭᠡᠵᠦ ᠪᠠᠢᠳᠠᠭ᠃

ᠬᠥᠮᠥᠰ᠎ᠦᠨ ᠬᠣᠭᠤᠷᠤᠨᠳᠤᠭᠢ ᠬᠠᠷᠢᠴᠠᠭ᠎ᠠ ᠬᠣᠯᠪᠤᠭ᠎ᠠ ᠨᠢ ᠴᠠᠭ ᠬᠤᠭᠤᠴᠠᠭᠠᠨ᠎ᠤ ᠰᠢᠯᠭᠠᠯᠲᠠ᠂ ᠳᠠᠪᠲᠠᠨ ᠪᠣᠯᠪᠠᠰᠤᠷᠠᠯ᠎ᠢ ᠥᠩᠭᠡᠷᠡᠭᠡᠭᠰᠡᠨ ᠪᠠᠢᠬᠤ ᠶᠣᠰᠣᠲᠠᠢ᠂ ᠣᠯᠠᠨ ᠤᠳᠠᠭ᠎ᠠ ᠶ᠋ᠢᠨ ᠵᠥᠷᠢᠴᠡᠯ ᠮᠦᠷᠬᠦᠯᠳᠦᠭᠡᠨ ᠤ᠋ ᠳᠤᠮᠳᠠ᠎ᠡᠴᠡ  ᠨᠢᠬᠡ ᠨᠢᠭᠡ᠎ᠶᠢ᠎ᠪᠡᠨ ᠣᠢᠯᠠᠭᠠᠬᠤ ᠪᠣᠯᠣᠨ᠎ᠠ ᠃ ᠡᠳᠡᠭᠡᠷ   ᠬᠣᠪᠣᠷ ᠨᠠᠨᠳᠢᠨ ᠥᠩᠭᠡᠷᠡᠯᠲᠡ᠎ᠶᠢ ᠶᠠᠮᠠᠷ ᠴᠤ᠌ ᠰᠢᠨ᠎ᠡ ᠮᠡᠷᠭᠡᠵᠢᠯ ᠳᠠᠭᠤᠷᠢᠶᠠᠵᠤ ᠴᠢᠳᠠᠬᠤ ᠦᠭᠡᠢ ᠶᠤᠮ᠃ AI ᠴᠢᠨᠦ ᠭᠱᠠᠨ ᠵᠠᠭᠤᠷ᠎ᠠ᠎ᠶᠢᠨ  ᠲᠠᠢᠳᠬᠤᠷᠠᠯ ᠪᠣᠯᠵᠤ ᠴᠢᠳᠠᠨ᠎ᠠ ᠭᠡᠬᠦ᠎ᠳᠦ᠂ ᠬᠥᠮᠥᠨ ᠯᠡ ᠰᠠᠶᠢ ᠴᠢᠮ᠎ᠠ᠎ᠳᠤ ᠬᠠᠨᠢ ᠪᠣᠯᠵᠤ ᠤᠷᠲᠤ ᠤᠳᠠᠭᠠᠨ ᠡᠳᠦᠷ᠎ᠢ ᠥᠩᠭᠡᠷᠡᠭᠦᠯᠵᠦ ᠴᠢᠳᠠᠨ᠎ᠠ᠃

ᠣᠶᠤᠲᠠᠨ ᠵᠠᠯᠠᠭᠤᠰ  ᠮᠢᠨᠢ᠂ AI ᠪᠣᠯ 《ᠰᠡᠳᠬᠢᠯ᠎ᠦᠨ ᠲᠦᠰᠢᠭ》 ᠪᠢᠰᠢ᠂ ᠬᠠᠷᠢᠨ 《ᠰᠡᠳᠬᠢᠴᠡ᠎ᠶᠢᠨ ᠬᠣᠢᠷᠭᠤᠰᠢᠯ》 ᠬᠡᠯᠳᠡᠢ᠃ ᠪᠢᠲᠡᠭᠡᠢ ᠳᠡᠯᠭᠡᠴᠡ ᠳᠣᠲᠣᠷᠠᠬᠢ ᠡᠶᠡᠯᠳᠡᠭ ᠬᠠᠷᠢᠯᠴᠠᠭ᠎ᠠ᠎ᠪᠠᠷ  ᠰᠤᠷᠤᠯᠭ᠎ᠠ ᠠᠮᠢᠳᠤᠷᠠᠯ᠎ᠤᠨ᠎ᠢᠶᠠᠨ   ᠵᠠᠮ ᠮᠥᠷ᠎ᠦᠨ ᠬᠥᠲᠥᠴᠢ ᠪᠣᠯᠭᠠᠭᠠᠷᠠᠢ!

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠵᠣᠣ ᠱᠦ᠍ ᠭᠤᠸᠠᠩ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ ᠎ᠤᠨ ᠮᠤᠩᠭᠤᠯ ᠬᠡᠯᠡᠨ᠎ᠦ ᠰᠤᠨᠢᠨ ᠮᠡᠳᠡᠭᠡ ᠎ᠶ᠋ᠢᠨ ᠰᠦᠯᠵᠢᠶ᠎ᠡ
兼容浏览器的HTML页面