2026-11-22 11:42:49
ᠨᠣᠮ᠎ᠤᠨ ᠦᠨ᠎ᠡ ᠴᠠᠨ᠎ᠠ᠎ᠶᠢ ᠭᠡᠯᠡᠭᠰᠡᠭᠡᠷ ᠢᠷᠡᠭᠰᠡᠨ᠂ ᠭᠡᠯᠡᠭᠡᠳ ᠴᠤ᠌ ᠲᠠᠭᠤᠰᠬᠤ ᠶᠤᠮ ᠪᠢᠰᠢ ᠃ 《ᠮᠢᠩᠭᠠᠨ ᠤᠨ᠎ᠤ ᠤᠴᠢᠷ ᠶᠠᠪᠤᠳᠠᠯ᠎ᠢ ᠪᠢᠷ ᠪᠡᠭᠡᠰ᠎ᠡᠴᠡ ᠠᠰᠠᠭᠤᠵᠦ᠂ ᠮᠢᠷᠠᠯᠵᠠᠨ ᠡᠷᠢᠶᠡᠯᠵᠡᠬᠦ ᠦᠢᠯᠡ ᠭᠡᠷᠡᠭ᠎ᠢ ᠰᠤᠳᠤᠷ ᠪᠢᠴᠢᠭ ᠯᠦ᠍ᠭᠡ ᠬᠡᠯᠡᠯᠴᠡᠮᠤᠢ》 ᠭᠡᠳᠡᠭ᠎ᠢᠶᠡᠷ ᠨᠣᠮ ᠪᠢᠴᠢᠭ᠎ᠡᠴᠡ ᠰᠤᠷᠴᠤ ᠡᠵᠡᠮᠰᠢᠭᠰᠡᠨ ᠮᠡᠳᠡᠯᠭᠡ ᠪᠣᠯ ᠰᠠᠶᠢ ᠴᠤᠷ᠎ᠤᠨ ᠭᠠᠭᠴᠠ ᠥᠪᠡᠷ᠎ᠦᠨ ᠶᠠᠭᠤᠮ᠎ᠠ ᠪᠠᠨ ᠪᠣᠯᠭᠠᠨ ᠥᠮᠴᠢᠷᠬᠡᠵᠦ᠂ ᠨᠠᠰᠤᠨ ᠲᠤᠷᠰᠢᠲᠡ ᠴᠢᠯᠦᠭᠡᠲᠡᠢ ᠡᠳ᠋ᠯᠡᠵᠦ ᠪᠤᠯᠬᠤ ᠬᠡᠷᠡᠭᠯᠡᠭᠡᠳ ᠳᠠᠭᠤᠰᠤᠰᠢ ᠦᠭᠡᠢ ᠡᠳ᠋ ᠬᠦᠷᠦᠩᠭᠡ ᠮᠥᠨ᠃
ᠲᠡᠯᠡᠭᠡᠢ᠎ᠳᠦ ᠨᠡᠷᠡᠳᠡᠢ ᠬᠡᠤᠬᠡᠳ᠎ᠤᠨ ᠰᠡᠳᠬᠢᠴᠡ᠎ᠶᠢᠨ ᠡᠷᠳᠡᠮᠳᠡᠨ ᠬᠠᠲ ᠪᠣᠯᠣᠨ ᠷᠸᠰᠯᠢ ᠵᠢᠨ 《3200 ᠲᠦᠮᠡᠨ ᠦᠬᠡᠰ᠎ᠦᠨ ᠵᠦᠷᠢᠶ᠎ᠡ》 ᠭᠡᠳᠡᠭ ᠮᠠᠰᠢ ᠰᠤᠨᠢᠷᠬᠠᠯᠳᠠᠢ ᠰᠤᠳᠤᠯᠭᠠᠨ ᠪᠠᠢᠳᠠᠭ᠃ ᠨᠢᠯᠬ᠎ᠠ ᠬᠡᠤᠬᠡᠳ᠎ᠢᠶᠡᠷ ᠵᠢᠱ᠌ᠢᠶᠡᠯᠡᠪᠡᠯ᠂ ᠶᠡᠷᠤ᠎ᠶᠢᠨ ᠪᠠᠢᠳᠠᠯ᠎ᠳᠤ ᠡᠲᠤᠷ᠎ᠲᠤ ᠥᠭᠡ᠎ᠶᠢᠨ ᠲᠠᠪᠳᠡᠯᠳᠡᠶᠢ ᠤᠷᠤᠭᠤᠯᠤᠭᠠᠳ 2000ᠥᠭᠡ ᠴᠢᠬᠢᠨ ᠰᠤᠨᠤᠷ᠎ᠲᠤ ᠬᠦᠷᠳᠡᠭ ᠪᠣᠯ᠂ ᠨᠣᠮ ᠤᠩᠰᠢᠵᠤ ᠦᠭᠬᠦᠭᠰᠡᠨ᠎ᠢᠶᠡᠷ ᠬᠡᠤᠬᠡᠳ 3 ᠨᠠᠰᠤ ᠬᠦᠷᠳᠡᠯ᠎ᠡ 3200 ᠲᠦᠮᠡᠨ ᠦᠬᠡᠰ᠎ᠦᠨ ᠵᠦᠷᠢᠶ᠎ᠡ ᠭᠠᠷᠳᠠᠭ ᠭᠡᠳᠡᠭ ᠳ᠋ᠦᠩ ᠭᠠᠷᠤᠬ᠍ᠰᠠᠨ ᠪᠠᠢᠳᠠᠭ᠃ ᠭᠤᠷᠪᠠᠬᠠᠨ ᠵᠢᠯ᠎ᠳᠦ 3200 ᠲᠦᠮᠡᠨ ᠦᠭᠡ᠂ ᠠᠷᠪᠠᠨ ᠵᠢᠯ ᠬᠤᠷᠢᠨ ᠵᠢᠯ ᠭᠡᠵᠦ ᠪᠤᠳᠤᠬᠤ᠎ᠪᠠᠷ ᠁ ᠨᠣᠮ ᠤᠩᠰᠢᠬᠤ ᠨᠢ ᠵᠥᠪᠭᠡᠨ ᠦᠭᠡᠰ᠎ᠦᠨ ᠰᠠᠩ᠎ᠢᠶᠠᠨ ᠪᠠᠶᠠᠯᠢᠬ᠍ᠵᠢᠭᠤᠯᠵᠤ ᠮᠡᠳᠡᠯᠭᠡ ᠬᠤᠷᠠᠮᠳᠤᠭᠤᠯᠬᠤ ᠲᠡᠳᠦᠢ ᠪᠢᠰᠢ᠂ ᠨᠠᠩ ᠴᠤ᠌ ᠵᠥᠪ ᠠᠮᠢᠳᠤᠷᠠᠬᠤᠢ᠎ᠶᠢᠨ ᠦᠵᠡᠯᠳᠡ᠂ ᠵᠥᠪ ᠶᠢᠷᠳᠢᠨᠴᠤ᠎ᠶᠢᠨ ᠦᠵᠡᠯᠳᠡ᠎ᠶᠢᠨ ᠪᠦᠷᠢᠯᠳᠦᠬᠦ᠎ᠶᠢ ᠰᠢᠭᠤᠳ ᠨᠦᠯᠦᠭᠡᠯᠡᠳᠡᠭ᠃ 《ᠦᠭᠡᠯᠡᠵᠦ ᠰᠤᠷᠭᠠᠬᠤ᠎ᠪᠠᠷ ᠦᠯᠢᠭᠡᠷᠯᠡᠵᠦ ᠰᠤᠷᠭ᠎ᠠ》 ᠭᠡᠭᠴᠢ᠎ᠪᠡᠷ ᠢᠪᠷᠡᠢ ᠦᠨᠳᠦᠰᠦᠳᠡᠨ ᠪᠣᠯ ᠨᠣᠮ᠎ᠢ ᠲᠡᠭᠡᠵᠢᠯᠡᠵᠦ ᠨᠣᠮ ᠤᠩᠰᠢᠬᠤ᠎ᠶᠢ ᠮᠠᠰᠢ ᠡᠷᠬᠢᠮᠯᠡᠳᠡᠭ ᠦᠨᠳᠦᠰᠦᠳᠡᠨ ᠶᠤᠮ᠃ ᠬᠡᠤᠬᠡᠳ᠎ᠢ ᠨᠢᠯᠬ᠎ᠠ ᠪᠠᠢᠬᠤ᠎ᠳᠤᠨᠢ ᠨᠣᠮ ᠲᠡᠭᠡᠷ᠎ᠡ ᠪᠠᠯ ᠲᠤᠰᠤᠭᠠᠴᠢᠬᠠᠭᠠᠳ ᠲᠤᠯᠢᠶᠠᠯᠭᠠᠵᠤ᠂ 《ᠠᠮᠲᠠ ᠲᠠᠢ ᠪᠠᠢᠨ᠎ᠠ ᠤᠤ ?》 ᠭᠡᠵᠤ ᠠᠰᠠᠭᠤᠳᠠᠭ ᠠᠵᠢ᠃ ᠶᠠᠷᠢᠶᠠᠨ ᠦᠬᠡᠢ ᠪᠠᠯ ᠶᠤᠮ ᠴᠢᠨᠢ ᠬᠡᠤᠬᠡᠳ ᠠᠮᠲᠠ ᠲᠠᠢ ᠪᠠᠢᠨ᠎ᠠ ᠭᠡᠵᠦ ᠬᠠᠷᠢᠭᠤᠯᠬᠤ ᠨᠢ ᠮᠡᠳᠡᠭᠡᠵᠢ᠃ ᠲᠡᠭᠡᠪᠡᠯ ᠡᠴᠢᠭᠡ ᠡᠬᠡ ᠨᠢ 《 ᠨᠣᠮ ᠡᠷᠳᠡᠮ ᠡᠬᠦᠨ᠎ᠡᠴᠡ ᠴᠤ᠌ ᠢᠯᠡᠭᠦᠦ ᠠᠮᠳᠠ ᠳᠠᠢ ᠶᠤᠮ ᠰᠢᠤ 》 ᠭᠡᠳᠡᠭ ᠭᠡᠨ᠎ᠠ᠃ ᠲᠡᠭᠡᠬᠦ᠎ᠪᠡᠷ ᠢᠪᠷᠡᠢᠴᠤᠳᠠᠴᠠ ᠮᠠᠰᠢ ᠤᠯᠠᠨ ᠡᠷᠳᠡᠮᠳᠡᠨ ᠮᠡᠷᠭᠡᠳ᠂ ᠬᠦᠷᠦᠩᠭᠡ ᠮᠦᠩᠬᠦ ᠲᠠᠢ ᠪᠠᠶᠠᠴᠤᠳ ᠭᠠᠷᠤᠬ᠍ᠰᠠᠭᠠᠷ ᠪᠠᠢᠨ᠎ᠠ᠃ ᠰᠠᠢᠨ ᠨᠣᠮ ᠮᠦᠩᠭᠡᠷᠡᠵᠤ ᠴᠢᠳᠠᠳᠠᠭ᠂ ᠰᠠᠢᠨ ᠨᠣᠮ᠎ᠢ ᠪᠦᠳᠦᠭᠡᠭᠰᠡᠨ ᠬᠦᠮᠦᠰ ᠨᠢ ᠪᠠᠰᠠ ᠨᠣᠮ ᠲᠠᠢ᠎ᠪᠠᠨ ᠬᠠᠮᠲᠤ ᠮᠦᠩᠭᠡᠷᠡᠳᠡᠭ᠃ ᠲᠡᠢᠮᠤ᠎ᠠᠴᠠ 《 ᠰᠠᠢᠨ ᠨᠣᠮ ᠬᠦᠮᠦᠨ᠎ᠢ ᠦᠭᠡᠷᠡᠴᠢᠯᠡᠵᠦ᠂ ᠬᠦᠮᠦᠨ ᠶᠢᠷᠳᠢᠨᠴᠤ᠎ᠶᠢ ᠦᠭᠡᠷᠡᠴᠢᠯᠡᠳᠡᠭ》 ᠬᠡᠰᠡᠨ ᠤᠴᠢᠷᠳᠡᠢ ᠦᠭᠡ ᠭᠠᠷᠤᠬ᠍ᠰᠠᠨ ᠪᠢᠵᠡ᠃
ᠤᠳᠤ ᠶᠠᠭ ᠤᠯᠤᠰ ᠲᠠᠶᠠᠭᠠᠷ ᠤᠩᠰᠢᠯᠭ᠎ᠠ᠎ᠶᠢ ᠬᠦᠨᠳᠦᠳᠭᠡᠨ ᠤᠷᠢᠶᠠᠯᠠᠵᠦ ᠪᠠᠢᠳᠠᠭ ᠃ 2026 ᠣᠨ᠎ᠳᠤ 《 ᠪᠦᠬᠦ ᠠᠷᠠᠳ᠎ᠤᠨ ᠤᠩᠰᠢᠯᠭ᠎ᠠ᠎ᠶᠢ ᠠᠬᠢᠭᠤᠯᠬᠤ ᠲᠦᠷᠢᠮ ᠲᠤᠬ᠍ᠳᠠᠭᠠᠯ》 ᠴᠤ᠌ ᠭᠠᠷᠤᠯ᠎ᠠ᠃ ᠨᠤᠮ ᠤᠩᠰᠢᠬᠤ ᠨᠢ ᠬᠤᠪᠢ ᠬᠦᠮᠦᠨ᠂ ᠭᠡᠷ ᠪᠦᠯᠢ᠂ ᠦᠨᠳᠦᠰᠦᠳᠡᠨ ᠶᠠᠰᠤᠳᠠᠨ᠂ ᠤᠯᠤᠰ ᠬᠦᠷᠦᠨᠦ ᠮᠠᠨᠳᠤᠯᠳᠠ᠎ᠳᠤ ᠴᠢᠬᠤᠯᠠ ᠠᠬᠢᠭᠤᠯᠬᠤ ᠦᠢᠯᠡᠳᠦᠯ ᠲᠠᠢ ᠪᠠᠢᠳᠠᠭ᠃ ᠲᠡᠭᠡᠬᠦ᠎ᠳᠦ ᠪᠢᠳᠡ ᠡᠨᠡ ᠲᠤᠬ᠍ᠳᠠᠭᠠᠯ᠎ᠢ ᠵᠦᠪᠭᠡᠨ ᠴᠠᠭᠠᠰᠤᠨ ᠲᠡᠭᠡᠷᠡᠬᠢ ᠦᠰᠦᠭ ᠲᠡᠳᠤᠢ ᠪᠢᠰᠢ ᠤᠷᠢᠶᠠᠯᠠᠵᠤ ᠲᠠᠭᠤᠳᠠᠳᠠᠭ ᠤᠷᠢᠶ᠎ᠠ ᠯᠤᠽᠤᠩ ᠲᠡᠳᠤᠢ ᠪᠢᠰᠢ᠂ ᠬᠠᠷᠢᠨ ᠨᠣᠮ᠎ᠤᠨ ᠴᠠᠭᠠᠨ ᠪᠤᠶᠠᠨ᠎ᠢ ᠰᠡᠳᠬᠢᠯ᠎ᠡᠴᠡ᠎ᠪᠡᠨ ᠲᠡᠬᠡᠲᠤᠯᠡᠲᠡᠭ ᠬᠦᠮᠦᠨ ᠠᠷᠠᠳ᠎ᠢ ᠬᠦᠮᠦᠵᠢᠬᠦᠯᠬᠦ ᠨᠢ ᠵᠦᠢᠳᠡᠢ᠃ ᠨᠣᠮ ᠪᠣᠯ 24 ᠴᠠᠭ ᠨᠡᠭᠡᠭᠡᠯᠲᠡᠳᠡᠢ ᠰᠤᠷᠭᠠᠭᠤᠯᠢ ᠶᠤᠮ ᠃
ᠨᠣᠮ ᠢ ᠢᠯᠡᠬᠥᠬᠡᠨ ᠤᠩᠰᠢᠭᠠᠷᠠᠢ᠂ ᠨᠣᠮ᠎ᠤᠨ ᠬᠠᠨᠢᠳᠠᠨ ᠪᠤᠯᠤᠶ᠎ᠠ !
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠣᠷᠬᠢᠯ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃