ᠲᠡᠷᠢᠭᠦᠨ ᠨᠢᠭᠤᠷ>ᠴᠠᠭ ᠲᠦᠷᠦ>ᠳᠡᠪᠰᠢᠭᠦᠯᠦᠭᠰᠡᠨ ᠮᠡᠳᠡᠭᠡ

2026-11-23 10:29:09

ᠵᠣᠬᠢᠶᠠᠭ᠍ᠴᠢ᠄ ᠪᠤᠶᠠᠠᠡᠨᠡᠷᠢᠯ ᠣᠩᠱᠢᠭ᠍ᠰᠠᠨ ᠣᠳᠠᠭ᠎ᠠ᠄ 3

ᠠᠷᠪᠠᠨ ᠨᠢᠭᠡᠳᠦᠭᠡᠷ ᠬᠤᠭᠤᠴᠠᠭᠠᠨ ᠤ᠋ ᠯᠤᠷᠤ᠋ ᠫᠢᠶᠠᠨᠠ ᠰᠢᠯᠢᠳᠡᠭ ᠢᠮᠠᠭᠠᠨ ᠨᠣᠤᠯᠤᠭᠤᠷ ᠤ᠋ᠨ ᠱᠠᠩᠨᠠᠯ ᠣᠯᠭᠣᠬᠤ ᠶᠣᠰᠣᠯᠠᠯ ᠡᠮᠤᠨᠡᠬᠡᠨ ᠠᠮᠧᠷᠢᠺᠠ ᠵᠢᠨ ᠨᠢᠦ᠋ ᠶᠣᠷᠺ ᠬᠣᠲᠠᠨ ᠳ᠋ᠤ ᠶᠠᠪᠤᠭᠳᠠᠵᠤ᠂ ᠥᠪᠥᠷ ᠮᠣᠩᠭᠣᠯ ᠤ᠋ᠨ ᠣᠷᠳᠣᠰ ᠬᠣᠲᠠ ᠵᠢᠨ ᠣᠲᠣᠭ ᠬᠣᠰᠢᠭᠤᠨ ᠤ᠋ ᠭᠤᠷᠪᠠᠨ ᠮᠠᠯᠴᠢᠨ ᠳᠤᠰ  ᠲᠤᠰ  ᠨᠢᠬᠡᠲᠥᠬᠡᠷ᠂ ᠬᠤᠶᠠᠲᠤᠭᠠᠷ᠂ ᠭᠤᠷᠪᠠᠳᠤᠭᠠᠷ ᠳᠡᠰ ᠤ᠋ᠨ ᠱᠠᠩᠨᠠᠯ ᠢ᠋ ᠳᠤᠰᠴᠡᠢ᠃ ᠡᠨᠡ ᠬᠦ᠌ ᠱᠠᠩᠨᠠᠯ ᠢ᠋ ᠬᠥᠷᠲᠡᠭᠰᠡᠨ  ᠨᠢ ᠠᠷᠪᠠᠰ ᠤ᠋ᠨ ᠴᠠᠭᠠᠨ ᠢᠮᠠᠭᠠᠨ ᠤ᠋ ᠨᠤᠤᠯᠤᠭᠤᠷ ᠨᠢ ᠴᠢᠨᠠᠷ ᠴᠢᠨᠰᠠᠭ᠎ᠠ ᠪᠡᠷ ᠶ᠋ᠢᠡᠨ ᠳᠡᠯᠡᠬᠡᠢ ᠨᠡᠢᠳᠡ ᠳ᠋ᠤ ᠮᠡᠳᠡᠷᠡᠭᠳᠡᠭᠰᠡᠨ ᠢ᠋ ᠬᠠᠷᠠᠭᠤᠯᠵᠤ᠂ ᠠᠷᠪᠠᠰ ᠤ᠋ᠨ ᠨᠤᠤᠯᠤᠭᠤᠷ ᠤ᠋ᠨ ᠴᠠᠭᠠᠨ ᠢᠮᠠᠭᠠᠨ ᠤ᠋ ᠠᠵᠤ ᠦᠢᠯᠡᠰ ᠲᠤ᠌ ᠰᠢᠨ᠎ᠡ ᠬᠦᠭᠵᠢᠯᠳᠡ ᠶ᠋ᠢᠨ ᠬᠦᠳᠡᠯᠭᠡᠬᠦ ᠬᠦᠴᠦᠨ ᠨᠡᠮᠡᠷᠢᠯᠡᠪᠡ᠃

ᠬᠢᠨᠠᠨ ᠳᠤᠭᠳᠠᠭᠠᠯᠳᠠ ᠵᠢ ᠦᠨᠳᠦᠰᠦᠯᠡᠪᠡᠯ᠂ ᠳᠤᠰ ᠤᠳᠠᠭ᠎ᠠ ᠵᠢᠨ ᠨᠢᠭᠡᠳᠦᠭᠡᠷ ᠳᠡᠰ ᠤ᠋ᠨ ᠱᠠᠩᠨᠠᠯ ᠳᠤᠰᠤᠭᠰᠠᠨ ᠮᠠᠯᠴᠢᠨ ᠰᠡᠴᠡᠨᠪᠢᠯᠢᠭ᠂ ᠬᠠᠰᠴᠡᠴᠡᠭ ᠬᠤᠶᠠᠭᠤᠯᠠ ᠶ᠋ᠢᠨ ᠢᠮᠠᠭᠠᠨ ᠨᠤᠤᠯᠤᠭᠤᠷ ᠤ᠋ᠨ ᠰᠢᠷᠭᠡᠭᠯᠢᠭ ᠤ᠋ᠨ ᠳ᠋ᠢᠶᠠᠮᠧᠲᠷ ᠨᠢ 12.89 ᠮᠢᠺᠷᠦᠮᠧᠲᠷ ᠪᠠᠢᠵᠤ᠂ ᠪᠠᠷᠤᠭ ᠨᠢᠭᠡ ᠰᠢᠷᠭᠡᠭ ᠭᠡᠵᠢᠬᠡᠨ ᠤ᠋ ᠳ᠋ᠢᠶᠠᠮᠧᠲᠷ ᠤ᠋ᠨ ᠳᠠᠪᠤᠨ ᠤ᠋ ᠨᠢᠭᠡ ᠬᠤᠪᠢ ᠡᠴᠡ ᠨᠠᠷᠢᠨ ᠠᠵᠢ᠃ ᠬᠤᠶᠠᠳᠤᠭᠠᠷ ᠳᠡᠰ  ᠤ᠋ᠨ ᠱᠠᠩᠨᠠᠯ ᠳᠤᠰᠤᠭᠰᠠᠨ ᠮᠠᠯᠴᠢᠨ ᠵᠠᠶᠠᠭᠠᠳᠤ᠂ ᠭᠡᠭᠡᠨᠳᠤᠶᠠᠭ᠎ᠠ ᠬᠤᠶᠠᠭᠤᠯᠠ ᠶ᠋ᠢᠨ ᠢᠮᠠᠭᠠᠨ ᠨᠤᠤᠯᠤᠭᠤᠷ ᠤ᠋ᠨ ᠰᠢᠷᠭᠡᠭᠯᠢᠭ ᠤ᠋ᠨ ᠳ᠋ᠢᠶᠠᠮᠧᠲᠷ ᠨᠢ 13.01 ᠮᠢᠺᠷᠦᠮᠧᠲᠷ ᠪᠤᠯᠤᠨ᠎ᠠ᠃ ᠭᠤᠷᠪᠠᠳᠤᠭᠠᠷ ᠳᠡᠰ ᠤ᠋ᠨ ᠱᠠᠩᠨᠠᠯ ᠳᠤᠰᠤᠭᠰᠠᠨ ᠮᠠᠯᠴᠢᠨ ᠯᠢ ᠹᠦ ᠴᠢᠶᠠᠩ᠂ ᠴᠢ ᠴᠢ ᠬᠤᠶᠠᠭᠤᠯᠠ ᠶ᠋ᠢᠨ ᠢᠮᠠᠭᠠᠨ ᠨᠤᠤᠯᠤᠭᠤᠷ ᠤ᠋ᠨ ᠰᠢᠷᠭᠡᠭᠯᠢᠭ ᠤ᠋ᠨ ᠳ᠋ᠢᠶᠠᠮᠧᠲᠷ ᠨᠢ 13.04 ᠮᠢᠺᠷᠦᠮᠧᠲᠷ ᠲᠤ᠌ ᠬᠦᠷᠴᠡᠢ᠃

ᠯᠤᠷᠤ᠋ ᠫᠸᠶᠠᠨ᠋ᠨ  ᠪᠣᠯ LVMH ᠪᠦᠯᠦᠭᠯᠡᠯ ᠤ᠋ᠨ ᠳᠤᠤᠷᠠᠬᠢ ᠢᠲ᠋ᠠᠯᠢ ᠵᠢᠨ ᠵᠠᠭᠤᠨ ᠵᠢᠯ ᠤ᠋ᠨ ᠬᠡᠬᠡᠨᠴᠢᠷᠯᠡᠯ ᠤ᠋ᠨ ᠨᠠᠷᠠᠲᠤ ᠳᠦᠷᠦᠯ ᠲᠡᠮᠳᠡᠭ ᠪᠠᠢᠵᠤ᠂ ᠰᠢᠯᠢᠳᠡᠭ ᠢᠮᠠᠭᠠᠨ ᠨᠣᠤᠯᠤᠭᠤᠷ ᠤ᠋ᠨ ᠪᠦᠲᠦᠭᠡᠭᠳᠡᠬᠦᠨ ᠶ᠋ᠢᠡᠷ ᠶ᠋ᠢᠡᠨ ᠳᠡᠯᠡᠬᠡᠢ ᠳ᠋ᠤ ᠠᠯᠳᠠᠷᠰᠢᠭ᠍ᠰᠠᠨ ᠶᠤᠮ᠃ ᠯᠤᠷᠤ᠋ ᠫᠢᠶᠠᠨᠠ  ᠰᠢᠯᠢᠳᠡᠭ ᠢᠮᠠᠭᠠᠨ ᠨᠣᠤᠯᠤᠭᠤᠷ ᠤ᠋ᠨ ᠱᠠᠩᠨᠠᠯ ᠢ᠋ 2015 ᠣᠨ ᠡᠴᠡ ᠡᠬᠢᠯᠡᠨ ᠡᠷᠬᠢᠯᠡᠨ ᠶᠠᠪᠤᠭᠳᠠᠭᠤᠯᠵᠤ᠂ ᠪᠥᠬᠥ ᠳᠡᠯᠡᠬᠡᠢ ᠵᠢᠨ ᠢᠮᠠᠭᠠᠨ ᠨᠣᠤᠯᠤᠭᠤᠷ  ᠤ᠋ᠨ ᠲᠦᠭᠦᠬᠡᠢ ᠮᠠᠲᠧᠷᠢᠶᠠᠯ ᠤ᠋ᠨ ᠬᠦᠷᠢᠶ᠎ᠡ ᠴᠠᠷᠠᠭ᠎ᠠ ᠎ᠳᠡᠬᠢ ᠨᠡᠶ᠋ᠢᠲᠡ ᠤᠯᠠᠨ ᠳ᠋ᠤ ᠮᠡᠳᠡᠷᠡᠭᠳᠡᠭᠰᠡᠨ ᠡᠷᠬᠡ ᠰᠦᠷᠲᠦ ᠱᠠᠩᠨᠠᠯ ᠪᠤᠯᠬᠤ ᠶᠤᠮ᠃ ᠵᠢᠯ ᠪᠦᠷᠢ ᠳᠡᠯᠡᠬᠡᠢ ᠵᠢᠨ ᠭᠣᠣᠯ ᠪᠣᠯᠬᠤ ᠢᠮᠠᠭᠠᠨ ᠨᠣᠤᠯᠤᠭᠤᠷ ᠤ᠋ᠨ ᠭᠠᠷᠤᠯᠲᠠ ᠵᠢᠨ ᠣᠷᠣᠨ ᠤ᠋ ᠳᠣᠲᠣᠷ᠎ᠠ ᠡᠴᠡ ᠬᠠᠮᠤᠭ ᠤ᠋ᠨ ᠰᠢᠯᠢᠳᠡᠭ ᠳᠦᠬᠦᠭᠡᠢ ᠨᠤᠤᠯᠤᠭᠤᠷ ᠢ᠋ ᠰᠤᠩᠭᠤᠵᠤ᠂ ᠲᠤᠰᠬᠠᠢ ᠪᠠᠢᠭᠤᠯᠤᠮᠵᠢ ᠡᠴᠡ ᠨᠠᠷᠢᠴᠠ ᠶ᠋ᠢᠨ ᠬᠡᠮᠵᠢᠶ᠎ᠡ᠂ ᠣᠷᠳᠣ᠌ ᠵᠢᠨ ᠬᠡᠮᠵᠢᠶ᠎ᠡ᠂ ᠴᠢᠳᠠᠮᠵᠢ ᠵᠡᠷᠭᠡ ᠭᠤᠷᠪᠠᠨ ᠵᠦᠢᠯ ᠤ᠋ᠨ ᠭᠦᠢᠴᠡᠳᠬᠡᠯ ᠲᠣᠭ᠎ᠠ ᠵᠢ ᠴᠢᠩᠭ᠎ᠠ ᠨᠢᠮᠪᠡᠢ ᠬᠢᠨᠡᠨ ᠬᠡᠮᠵᠢᠵᠤ ᠲᠣᠭᠲᠠᠭᠠᠳᠠᠭ᠃  ᠲᠤᠰ ᠤᠲᠠᠭ᠎ᠠ ᠱᠠᠨᠭᠨᠠᠯ ᠬᠥᠷᠲᠡᠭᠰᠡᠨ ᠨᠢ ᠠᠷᠪᠠᠰ ᠤ᠋ᠨ ᠴᠠᠭᠠᠨ ᠢᠮᠠᠭᠠᠨ ᠤ᠋ ᠨᠤᠤᠯᠤᠭᠤᠷ ᠲᠸ᠋ ᠠᠪᠴᠤ ᠬᠡᠯᠡᠪᠡᠯ ᠠᠩᠬ᠎ᠠ ᠤᠳᠠᠭ᠎ᠠ  ᠪᠢᠰᠢ ᠶᠤᠮ᠂ ᠠᠯᠢ ᠡᠷᠳᠡ 1985  —  1987 ᠤᠨ ᠪᠤᠯᠳᠠᠯ᠎ᠠ᠂ ᠭᠤᠷᠪᠠᠨ ᠵᠢᠯ ᠳᠠᠷᠠᠭᠠᠯᠠᠨ ᠢᠲ᠋ᠠᠯᠢ ᠶ᠋ᠢᠨ 《ᠴᠠᠢᠭ᠌ᠸᠨᠠ ᠤᠯᠠᠨ ᠤᠯᠤᠰ ᠤ᠋ᠨ ᠠᠯᠲᠠᠨ ᠱᠠᠨᠭᠨᠠᠯ 》 ᠢ᠋ ᠳᠤᠰᠴᠡᠢ᠃ ᠳᠥᠴᠢᠨ ᠵᠢᠯ ᠤ᠋ᠨ ᠳᠠᠷᠠᠭᠠᠬᠢ ᠦᠨᠦᠳᠦᠷ᠂ ᠴᠠᠢᠭ᠌ᠸᠨᠠ ᠵᠢᠨ ᠠᠯᠲᠠᠨ ᠱᠠᠩᠨᠠᠯ ᠡᠴᠡ ᠯᠤᠷᠤ᠋ ᠫᠢᠶᠠᠨᠠ ᠲᠣᠮᠣ᠌ ᠱᠠᠩᠨᠠᠯ ᠎ᠢ ᠳᠤᠰᠳᠠᠯ᠎ᠠ᠂ ᠠᠷᠪᠠᠰ ᠤ᠋ᠨ ᠴᠠᠭᠠᠨ ᠢᠮᠠᠭᠠᠨ ᠤ᠋ ᠨᠤᠤᠯᠤᠭᠤᠷ ᠨᠢ ᠳᠡᠯᠡᠬᠡᠢ ᠲᠠᠶᠠᠭᠠᠷ ᠲᠸ᠋ ᠲᠠᠬᠢᠨᠲᠠ ᠮᠡᠲᠡᠷᠡᠭᠲᠡᠵᠤ᠂ ᠦᠪᠦᠷ ᠮᠤᠩᠭᠤᠯ ᠤᠷᠤᠨ ᠤ᠋ ᠢᠮᠠᠭᠠᠨ ᠨᠤᠤᠯᠤᠭᠤᠷ ᠤ᠋ᠨ ᠠᠵᠤ ᠦᠢᠯᠡᠰ ᠤ᠋ᠨ ᠴᠢᠨᠠᠷ ᠰᠠᠢᠳᠠᠢ ᠬᠦᠭᠵᠢᠯᠲᠠ ᠎ᠶᠢ  ᠠᠮᠢᠳᠤᠯᠢᠭ ᠵᠢᠨᠷ  ᠬᠡᠷᠡᠴᠢᠯᠡᠭᠰᠡᠨ   ᠪᠠᠢᠨ᠎ᠠ᠃

ᠣᠷᠳᠣᠰ ᠬᠣᠲᠠ ᠪᠣᠯ ᠳᠡᠯᠡᠬᠡᠢ ᠳᠡᠭᠡᠷᠡᠬᠢ ᠬᠠᠮᠤᠭ ᠤ᠋ᠨ ᠶᠡᠬᠡ ᠴᠢᠨᠠᠷ ᠰᠠᠢᠲᠠᠢ ᠢᠮᠠᠭᠠᠨ ᠨᠤᠤᠯᠤᠭᠤᠷ ᠤ᠋ᠨ ᠭᠣᠣᠯ ᠭᠠᠷᠤᠯᠲᠠ ᠵᠢᠨ ᠣᠷᠣᠨ ᠪᠤᠯᠬᠤ ᠪᠦᠭᠡᠳ ᠪᠥᠬᠥ ᠤᠯᠤᠰ ᠤ᠋ᠨ ᠬᠡᠪᠴᠢᠶ᠎ᠡ ᠪᠡᠷ ᠬᠠᠮᠤᠭ ᠤ᠋ᠨ ᠶᠡᠬᠡ ᠴᠢᠨᠠᠷ ᠰᠠᠢᠲᠠᠢ ᠢᠮᠠᠭᠠᠨ ᠨᠤᠤᠯᠤᠭᠤᠷ ᠤ᠋ᠨ ᠲᠦᠭᠦᠬᠡᠢ ᠮᠠᠲᠧᠷᠢᠶᠠᠯ ᠤ᠋ᠨ ᠰᠠᠭᠤᠷᠢᠨ ᠪᠠᠢᠵᠤ᠂《ᠳᠤᠮᠳᠠᠳᠤ ᠤᠯᠤᠰ ᠤ᠋ᠨ ᠨᠤᠤᠯᠤᠭᠤᠷ ᠤ᠋ᠨ ᠬᠣᠲᠠ》 ᠬᠡᠮᠡᠭᠳᠡᠳᠡᠭ᠃ ᠪᠦᠬᠦ ᠬᠤᠳᠠ ᠶ᠋ᠢᠨ ᠠᠷᠪᠠᠰ ᠤ᠋ᠨ ᠴᠠᠭᠠᠨ ᠢᠮᠠᠭᠠᠨ ᠤ᠋ ᠲᠣᠭ᠎ᠠ ᠳᠤᠯᠤᠭᠠᠢ ᠵᠢᠯ ᠲᠤᠷᠰᠢ 680 ᠲᠦᠮᠡ ᠳ᠋ᠤ ᠲᠣᠭᠲᠠᠪᠤᠷᠢᠵᠢᠨ᠂ ᠵᠢᠯ ᠤ᠋ᠨ ᠳᠦᠬᠦᠭᠡᠢ ᠨᠤᠤᠯᠤᠭᠤᠷ ᠤ᠋ᠨ ᠭᠠᠷᠤᠯᠳᠠ 3500 ᠳᠤᠨ ᠢ᠋ ᠳᠠᠪᠠᠵᠤ᠂ ᠥᠪᠥᠷ ᠮᠣᠩᠭᠣᠯ ᠤ᠋ᠨ ᠳᠦᠬᠦᠭᠡᠢ ᠨᠤᠤᠯᠤᠭᠤᠷ ᠤ᠋ᠨ ᠪᠦᠬᠦ ᠭᠠᠷᠤᠯᠳᠠ ᠶ᠋ᠢᠨ 58.7% ᠵᠢ ᠡᠵᠡᠯᠡᠨ᠂ ᠪᠥᠬᠥ ᠤᠯᠤᠰ ᠤ᠋ᠨ 25% ᠵᠢ ᠡᠵᠡᠯᠡᠵᠦ᠂ ᠪᠥᠬᠥ ᠳᠡᠯᠡᠬᠡᠢ ᠶ᠋ᠢᠨ 15% ᠶ᠋ᠢ ᠡᠵᠡᠯᠡᠳᠡᠭ᠃

ᠨᠤᠤᠯᠤᠭᠤᠷ ᠤ᠋ᠨ ᠠᠵᠤ ᠦᠢᠯᠡᠰ ᠪᠣᠯ ᠥᠪᠥᠷ ᠮᠣᠩᠭᠣᠯ ᠤ᠋ᠨ ᠥᠪᠡᠷᠲᠡᠭᠡᠨ ᠵᠠᠰᠠᠬᠤ ᠣᠷᠣᠨ ᠤ᠋ ᠭᠣᠣᠯᠳᠠᠯᠭ᠎ᠠ ᠲᠠᠢ ᠠᠵᠤ ᠦᠢᠯᠡᠰ ᠤ᠋ᠨ ᠬᠡᠯᠬᠢᠶ᠎ᠡ ᠪᠣᠯᠣᠨ᠎ᠠ᠃ 2024 ᠊᠊᠊᠊᠊᠊ 2026 ᠤᠨ ᠪᠤᠯᠳᠠᠯ᠎ᠠ᠂ ᠦᠪᠦᠷ ᠮᠤᠩᠭᠤᠯ ᠤ᠋ᠨ ᠦᠪᠡᠷᠳᠡᠭᠡᠨ ᠵᠠᠰᠠᠬᠤ ᠤᠷᠤᠨ ᠡᠴᠡ ᠭᠤᠷᠪᠠᠨ ᠵᠢᠯ ᠳᠠᠷᠠᠭᠠᠯᠠᠨ 《ᠨᠣᠤᠯᠤᠭᠤᠷ ᠤ᠋ᠨ ᠠᠵᠤ ᠦᠢᠯᠡᠰ ᠤ᠋ᠨ ᠴᠢᠨᠠᠷ ᠰᠠᠢᠲᠠᠢ ᠬᠥᠭᠵᠢᠯᠲᠡ ᠶ᠋ᠢᠨ ᠠᠵᠢᠯ ᠤ᠋ᠨ ᠲᠥᠰᠥᠯ 》 ᠢ᠋ ᠨᠡᠢᠳᠡᠯᠡᠵᠦ᠂ ᠡᠬᠦᠯᠳᠡᠷ ᠬᠠᠮᠠᠭᠠᠯᠠᠬᠤ᠂ ᠴᠢᠨᠠᠷ ᠴᠢᠨᠰᠠᠭ᠎ᠠ ᠵᠢ ᠬᠡᠮᠵᠢᠨ ᠪᠠᠢᠴᠠᠭᠠᠬᠤ᠂ ᠮᠡᠷᠭᠡᠵᠢᠯ ᠤ᠋ᠨ ᠥᠭᠡᠷᠡᠴᠢᠯᠡᠯᠲᠡ ᠵᠡᠷᠭᠡ ᠲᠠᠯ᠎ᠠ ᠪᠡᠷ ᠳᠡᠮᠵᠢᠨ ᠳᠡᠳᠬᠦᠬᠦ ᠳᠦᠷᠦ ᠶ᠋ᠢᠨ ᠪᠤᠳᠤᠯᠭ᠎ᠠ ᠵᠢ ᠬᠡᠷᠡᠭᠵᠢᠬᠦᠯᠵᠡᠢ᠃ 2025 ᠣᠨ ᠳ᠋ᠤ᠂ ᠣᠲᠣᠭ ᠬᠣᠰᠢᠭᠤ ᠰᠠᠢᠨ ᠨᠤᠤᠯᠤᠭᠤᠷ ᠢ᠋ ᠰᠠᠢᠨ ᠦᠨ᠎ᠡ ᠳ᠋ᠤ ᠬᠦᠷᠬᠡᠬᠦ ᠱᠠᠩᠨᠠᠯ ᠨᠥᠬᠥᠪᠦᠷᠢ ᠶ᠋ᠢᠨ ᠮᠥᠩᠭᠥ ᠵᠢ 1735 ᠲᠦᠮᠡᠨ ᠲᠥᠭᠥᠷᠢᠭ ᠲᠠᠷᠬᠠᠭᠠᠵᠤ᠂ 1798 ᠮᠠᠯᠴᠢᠨ ᠲᠠᠷᠢᠶᠠᠴᠢᠨ ᠡᠷᠦᠬᠡ  ᠳ᠋ᠤ ᠠᠰᠢᠭ᠋ ᠬᠦᠷᠲᠡᠭᠡᠵᠡᠢ᠃ 

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠰᠠᠢᠨ᠎ᠠ

ᠣᠷᠴᠢᠭᠤᠯᠤᠭ᠍ᠴᠢ᠄

ᠢᠷᠡᠯᠲᠡ᠄ ᠲᠤᠮᠳᠠᠳᠤ ᠤᠯᠤᠰ ᠎ᠤᠨ ᠮᠤᠩᠭᠤᠯ ᠬᠡᠯᠡᠨ ᠰᠤᠨᠢᠨ ᠮᠡᠳᠡᠭᠡᠨ ᠎ᠦ ᠰᠦᠯᠵᠢᠶ᠎ᠠ
兼容浏览器的HTML页面