ᠪᠠᠭᠤᠷᠠᠢᠴᠤᠤᠯ᠎ᠢ᠋ ᠬᠠᠯᠠᠮᠵᠢᠯᠠᠨ ᠲᠤᠰᠠᠯᠠᠬᠤ ᠪᠤᠯᠤ ᠪᠦᠬᠦ ᠨᠡᠢᠭᠡᠮ ᠨᠡᠢᠲᠡ᠎ᠶ᠋ᠢᠨ  ᠬᠢᠨ᠎ᠦ᠌ ᠬᠠᠮᠲᠤ᠎ᠶ᠋ᠢᠨ  ᠡᠭᠦᠷᠭᠡ ᠬᠠᠷᠢᠴᠠᠯᠭ᠎ᠠ ᠮᠥᠨ᠂ ᠪᠣᠯᠪᠠᠰᠤᠨ ᠨᠡᠢᠭᠡᠮ᠎ᠦ᠋ᠨ ᠢᠯᠡᠷᠡᠯ ᠮᠥᠨ᠃ ᠪᠠᠭᠤᠷᠠᠢᠴᠤᠤᠯ᠎ᠢ᠋  ᠬᠠᠯᠠᠮᠵᠢᠯᠠᠨ ᠲᠤᠰᠠᠯᠠᠳᠠᠭ ᠨᠡᠢᠭᠡᠮ ᠰᠠᠶᠢ ᠬᠠᠢᠷ᠎ᠠ ᠬᠠᠯᠠᠮᠵᠢ ᠲᠠᠢ ᠰᠠᠢᠨᠠ ᠰᠠᠢᠬᠠᠨ ᠣᠷᠴᠢᠨ ᠠᠬᠤᠢ᠎ᠶ᠋ᠢ  ᠪᠣᠢ ᠪᠣᠯᠭᠠᠵᠤ᠂ ᠨᠡᠢᠭᠡᠮ᠎ᠦ᠋ᠨ ᠬᠠᠯᠠᠭᠤᠨ ᠳᠤᠯᠠᠭᠠᠨ᠎ᠢ᠋  ᠢᠯᠡᠷᠡᠭᠦᠯᠵᠦ ᠴᠢᠳᠠᠨ᠎ᠠ᠃ ᠳᠤᠮᠳᠠᠳᠤ ᠤᠯᠤᠰ᠎ᠤ᠋ᠨ  ᠮᠤᠩᠭᠤᠯ ᠬᠡᠯᠡᠨ᠎ᠦ᠌  ᠰᠣᠨᠢᠨ ᠮᠡᠳᠡᠭᠡ᠎ᠶ᠋ᠢᠨ  ᠰᠦᠯᠵᠢᠶ᠎ᠡ《 ᠪᠤᠶᠠᠨ᠎ᠤ᠋  ᠦᠢᠯᠡ》 ᠰᠣᠪᠠᠭ ᠭᠠᠷᠭᠠᠵᠤ᠂ ᠭᠡᠷ ᠲᠡᠭᠡᠨ᠎ᠡ ᠬᠣᠴᠣᠷᠤᠭᠰᠠᠨ ᠬᠡᠦᠬᠡᠳ ᠪᠠᠭᠠᠴᠤᠤᠯ ᠪᠠ ᠥᠲᠡᠯᠦᠭᠡ ᠨᠠᠰᠤᠲᠠᠳ᠂ ᠵᠡᠮᠲᠡᠭᠴᠦᠨ᠂ ᠶᠠᠳᠠᠭᠤ ᠬᠦᠴᠢᠷᠳᠡᠯᠲᠡᠢ ᠬᠥᠮᠦᠰ᠂ ᠠᠵᠢᠯ ᠠᠯᠳᠠᠭᠰᠠᠳ᠂ ᠡᠪᠡᠳᠴᠢᠨ ᠵᠣᠪᠠᠯᠠᠩ᠂ ᠭᠠᠢ ᠭᠠᠮᠰᠢᠭ᠋᠎ᠲᠤ᠌ ᠳᠠᠭᠠᠷᠢᠭᠳᠠᠭᠰᠠᠨ ᠮᠡᠲᠦ᠎ᠶ᠋ᠢᠨ  ᠪᠠᠳᠠᠷᠠᠵᠤ ᠭᠠᠴᠢᠭᠳᠠᠭᠰᠠᠳ᠎ᠢ᠋  ᠬᠠᠢᠷᠠᠯᠠᠨ ᠬᠠᠯᠠᠮᠵᠢᠯᠠᠵᠤ᠂ ᠳᠡᠮᠵᠢᠨ᠎ᠡ ᠲᠤᠰᠠᠯᠠᠬᠤ᠂ ᠲᠡᠳᠬᠦᠵᠡᠢ ᠲᠡᠩᠬᠡᠷᠡᠭᠦᠯᠬᠦ᠂ ᠵᠦᠢ ᠶᠣᠰᠣᠨ᠎ᠤ᠋ ᠡᠷᠬᠡ ᠠᠱᠢᠰ᠎ᠢ᠋  ᠨᠢ ᠬᠠᠮᠠᠭᠠᠯᠠᠬᠤ᠎ᠳ᠋ᠤ᠌  ᠲᠤᠰᠠᠯᠠᠬᠤ ᠵᠡᠷᠭᠡ᠎ᠪᠡᠷ  ᠬᠠᠢᠷ᠎ᠠ ᠬᠠᠯᠠᠮᠵᠢ ᠬᠦᠷᠭᠡᠵᠦ ᠲᠤᠰᠠ ᠳᠡᠮᠵᠢᠯᠭᠡ ᠦᠵᠡᠭᠦᠯᠬᠦ᠎ᠪᠡᠷ  ᠵᠣᠷᠢᠵᠤ ᠪᠠᠢᠨ᠎ᠠ᠃


  • ᠤᠶᠤᠨᠳᠠᠯᠠᠢ
  • 0471-6659632
  • 44710541@qq.com

《 ᠪᠤᠶᠠᠨ᠎ᠤ᠋ ᠦᠢᠯᠡ》 ᠰᠣᠪᠠᠭ᠎ᠢ᠋ᠶ᠋ᠠᠷ ᠳᠠᠮᠵᠢᠭᠤᠯᠤᠨ ᠂ ᠪᠢᠳᠡ ᠳᠡᠮᠵᠢᠯᠭᠡ ᠲᠤᠰᠠᠯᠠᠮᠵᠢ ᠬᠦᠰᠡᠭᠰᠡᠳ᠎ᠲᠦ᠍ ᠰᠤᠷᠠᠭ ᠵᠠᠩᠭᠢ᠂ ᠠᠪᠤᠷᠠᠨ ᠲᠤᠰᠠᠯᠠᠬᠤ ᠠᠷᠭ᠎ᠠ ᠵᠠᠮ᠂ ᠬᠠᠮᠢᠶ᠎ᠠ ᠪᠦᠬᠦᠢ ᠬᠠᠤᠯᠢ ᠲᠣᠭᠲᠠᠭᠠᠯ᠂ ᠠᠪᠤᠷᠠᠨ ᠲᠤᠰᠠᠯᠠᠬᠤ ᠯᠠᠪᠯᠠᠯᠭ᠎ᠠ ᠬᠠᠩᠭᠠᠵᠤ᠂ ᠨᠡᠢᠭᠡᠮ ᠨᠡᠢᠲᠡ᠎ᠶ᠋ᠢ ᠤᠷᠢᠶᠠᠯᠠᠨ ᠳᠠᠢᠴᠢᠯᠠᠵᠤ᠂ ᠬᠠᠢᠷ᠎ᠠ᠎ᠶ᠋ᠢᠨ ᠬᠠᠯᠠᠭᠤᠨ ᠳᠡᠮᠵᠢᠯᠭᠡ ᠦᠵᠡᠭᠦᠯᠦᠨ᠎ᠡ᠃

《 ᠤᠯᠠᠨ᠎ᠤ᠋ ᠬᠦᠴᠦᠨ᠎ᠳ᠋ᠦ᠍ ᠣᠪᠣᠭ᠎ᠠ ᠪᠣᠰᠤᠨ᠎ᠠ》᠃ ᠬᠡᠷᠪᠡ ᠲᠠ ᠭᠠᠷ ᠨᠤᠬᠤᠯᠠᠨ ᠭᠠᠴᠢᠭᠳᠠᠵᠤ ᠪᠠᠢᠪᠠᠯ ᠮᠠᠨ ᠲᠠᠢ ᠬᠠᠷᠢᠯᠴᠠᠭᠠᠷᠠᠢ!