ᠲᠡᠷᠢᠭᠦᠨ ᠨᠢᠭᠤᠷ>ᠳᠤᠮᠳᠠᠲᠣ᠎ᠶ᠋ᠢᠨ ᠰᠣᠶᠣᠯ>ᠮᠡᠳᠡᠭᠡᠯᠡᠯ

2025-11-19 11:18:58

ᠵᠣᠬᠢᠶᠠᠭ᠍ᠴᠢ᠄ ᠭᠤᠤ ᠷᠦᠢ ᠹᠸᠩ ᠣᠩᠱᠢᠭ᠍ᠰᠠᠨ ᠣᠳᠠᠭ᠎ᠠ᠄ 3

《ᠠᠭᠤᠤ ᠶᠡᠭᠡ ᠤᠷᠠᠯᠢᠭᠴᠢᠨ ᠪᠦᠷ ᠠᠭᠠᠵᠢᠮ ᠵᠢᠡᠷ ᠤᠷᠤᠭᠰᠢᠯᠠᠬᠤ᠂ ᠠᠭᠠᠵᠢᠮ ᠵᠢᠡᠷ ᠰᠡᠭᠡᠭᠡᠷᠡᠭᠦ᠂ ᠠᠭᠠᠵᠢᠮ ᠵᠢᠡᠷ ᠠᠮᠵᠢᠯᠳᠠ ᠤᠯᠬᠤ ᠶᠠᠪᠤᠴᠠ ᠵᠢ ᠲᠤᠭᠤᠯᠳᠠᠭ᠃ ᠤᠷᠠᠯᠢᠭ᠎ᠤᠨ ᠠᠵᠢᠯᠳᠠᠨ ᠠᠯᠤᠰ ᠭᠡᠳᠦ ᠵᠢᠨ ᠭᠦᠰᠡᠯᠡᠩ᠎ᠢ ᠡᠪᠦᠷᠯᠡᠵᠤ᠂ ᠤᠢᠳᠬᠠᠷ ᠭᠠᠭᠴᠠᠭᠠᠷᠳᠠᠯ᠎ᠢ ᠲᠠᠰᠪᠦᠷᠢᠯᠡᠨ ᠬᠠᠮᠤᠭ ᠰᠡᠭᠦᠯ᠎ᠳᠤ ᠭᠦᠰᠡᠯ ᠮᠦᠷᠦᠭᠡᠳᠦᠯ ᠵᠢᠡᠨ ᠪᠡᠶᠡᠯᠡᠭᠦᠯᠭᠦ ᠭᠡᠷᠡᠭᠳᠡᠢ》

— ᠶᠡᠷᠦᠨᠭᠭᠡᠢ ᠱᠦᠵᠢ ᠰᠢ ᠵᠢᠨ ᠫᠢᠩ᠎ᠤᠨ ᠤᠳᠬ᠎ᠠ ᠤᠷᠠᠯᠢᠭ᠎ᠤᠨ ᠠᠵᠢᠯ᠎ᠤᠨ ᠶᠠᠷᠢᠯᠴᠠᠬᠤ ᠬᠤᠷᠠᠯ ᠲᠡᠭᠡᠷᠡᠭᠢ ᠶᠠᠷᠢᠶ᠎ᠠ ᠡᠴᠡ ( 2014ᠤᠨ ᠎ᠤ 10 ᠰᠠᠷ᠎ᠠ ᠵᠢᠨ 15 ᠎ᠤ ᠡᠳᠦᠷ )


ᠤᠨ ᠴᠠᠭ᠎ᠤᠷᠴᠢᠵᠤ ᠪᠡᠭᠡᠵᠢᠩ ᠠᠶᠠᠯᠭᠤᠳᠤ ᠭᠡᠨᠭᠭᠡᠷᠭᠡ ᠵᠢᠨ ᠲᠠᠭᠤᠯᠠᠯ᠎ᠢ ᠤᠯᠠᠮᠵᠢᠯᠠᠨ ᠵᠠᠯᠭᠠᠮᠵᠢᠯᠠᠭᠴᠢ ᠴᠦᠭᠡᠷᠡᠭᠰᠡᠨ ᠦᠨᠦᠳᠦᠷ ᠭᠦᠭᠡᠬᠤᠳᠠ᠎ᠳᠤ ᠪᠡᠭᠡᠵᠢᠩ ᠠᠶᠠᠯᠭᠤᠳᠤ ᠭᠡᠨᠭᠭᠡᠷᠭᠡ ᠵᠢᠨ ᠲᠠᠭᠤᠯᠠᠯ᠎ᠤᠨ ᠤᠯᠠᠮᠵᠢᠯᠠᠨ ᠵᠠᠯᠭᠠᠮᠵᠢᠯᠠᠭᠴᠢ ᠲᠠᠢ ᠪᠤᠯᠤᠭᠰᠠᠨ ᠵᠢᠡᠷ ᠦᠯᠦ ᠪᠠᠷᠠᠮ ᠪᠠᠰᠠ ᠭᠦᠭᠡᠬᠤᠳᠠ ᠵᠢᠨ ᠬᠤᠳᠠ ᠵᠢᠨ ᠲᠡᠰ᠎ᠤᠨ ᠪᠤᠳᠠᠰ᠎ᠤᠨ ᠪᠤᠰᠤ ᠰᠤᠶᠤᠯ᠎ᠤᠨ ᠲᠦᠯᠦᠭᠡᠯᠡᠭᠴᠢ ᠴᠢᠨᠠᠷᠳᠠᠢ ᠲᠦᠷᠦᠯ ᠵᠦᠢᠯ ᠵᠢᠡᠷ ᠰᠤᠨᠭᠭᠤᠭᠳᠠᠭᠰᠠᠨ ᠪᠠᠢᠨ᠎ᠠ᠃



ᠦᠷᠭᠡᠨ ᠲᠡᠯᠭᠡᠷ ᠤᠬᠠᠭᠤᠯᠵᠤ ᠤᠭᠢ ᠱᠦᠯᠳᠦ ᠵᠢ ᠨᠢ ᠠᠭᠤᠰᠤᠯᠴᠠᠭᠤᠯᠤᠨ᠎ᠠ


ᠪᠡᠭᠡᠵᠢᠩ ᠠᠶᠠᠯᠭᠤᠳᠤ ᠭᠡᠨᠭᠭᠡᠷᠭᠡ ᠵᠢᠨ ᠲᠠᠭᠤᠯᠠᠯ ᠪᠤᠯ ᠲᠠᠭᠤᠷᠢᠯᠢᠭ᠎ᠤᠨ ᠨᠢᠭᠡ ᠲᠦᠷᠦᠯ ᠪᠠᠢᠵᠤ᠂ ᠾᠸᠪᠸᠢ ᠮᠤᠵᠢ ᠵᠢᠨ ᠼᠠᠨᠭᠵᠸᠦ᠂ ᠾᠸᠵᠢᠶᠠᠨ ᠤᠷᠴᠢᠮ ᠵᠢᠡᠷ ᠲᠡᠯᠭᠡᠷᠡᠭᠰᠡᠨ ᠮᠤᠳᠤᠨ ᠬᠠᠪᠳᠠᠰᠤᠳᠤ ᠲᠤᠮᠤ ᠭᠡᠨᠭᠭᠡᠷᠭᠡ ᠵᠢᠨ ᠲᠠᠭᠤᠯᠠᠯ ᠡᠴᠡ ᠭᠦᠭᠵᠢᠵᠤ᠂ ᠴᠢᠩ ᠎ᠤᠨ ᠰᠡᠭᠦᠯᠴᠢ ᠢᠷᠭᠡᠨ ᠤᠯᠤᠰ᠎ᠤᠨ ᠡᠭᠢᠨ ᠎ᠤ ᠦᠶ᠎ᠠ ᠪᠡᠷ ᠪᠡᠭᠡᠵᠢᠩ᠂ ᠲᠢᠶᠠᠨᠵᠢᠨ ᠬᠤᠶᠠᠷ ᠬᠤᠳᠠ᠎ᠳᠤ ᠲᠦᠯᠦᠪᠰᠢᠷᠠᠵᠠᠢ᠃


QQ20251119-103448.png


ᠵᠸᠦ ᠲᠦᠩ ᠲᠤᠭᠯᠠᠯᠳᠠ ᠭᠠᠷᠭᠠᠨ᠎ᠠ


ᠮᠤᠳᠤᠨ ᠬᠠᠪᠳᠠᠰᠤᠳᠤ ᠲᠤᠮᠤ ᠭᠡᠨᠭᠭᠡᠷᠭᠡ ᠵᠢᠨ ᠲᠠᠭᠤᠯᠠᠯ ᠲᠢᠶᠠᠨᠵᠢᠨ᠂ ᠪᠡᠭᠡᠵᠢᠩ᠎ᠳᠤ ᠤᠯᠠᠮᠵᠢᠯᠠᠭᠳᠠᠨ ᠭᠦᠷᠦᠭᠰᠡᠨ ᠎ᠤ ᠲᠠᠷᠠᠭ᠎ᠠ ᠭᠡᠨᠭᠭᠡᠷᠭᠡ ᠵᠢᠨ ᠲᠠᠭᠤᠯᠠᠯ᠎ᠤᠨ ᠸᠠᠩ ᠭᠡᠮᠡᠭᠳᠡᠭᠰᠡᠨ ᠯᠢᠦ ᠪᠤᠤ ᠴᠢᠤᠸᠠᠨ ᠲᠡᠭᠦᠨ᠎ᠳᠤ ᠦᠭᠡᠷᠡᠴᠢᠯᠡᠯᠳᠡ ᠭᠢᠵᠤ᠂ ᠡᠩ ᠲᠡᠷᠢᠭᠦᠨ᠎ᠳᠤ ᠾᠸᠪᠸᠢ ᠭᠠᠵᠠᠷ᠎ᠤᠨ ᠠᠶᠠᠯᠭᠤ ᠵᠢ ᠪᠡᠭᠡᠵᠢᠩ᠎ᠤᠨ ᠠᠶᠠᠯᠭᠤ ᠪᠡᠷ ᠰᠤᠯᠢᠬᠤ ᠵᠢᠨ ᠲᠠᠭᠠᠦ ᠰᠢ ᠵᠦᠴᠦᠭᠡ ᠵᠢᠨ ᠲᠠᠭᠤᠯᠠᠬᠤ ᠠᠷᠭ᠎ᠠ ᠲᠠᠢ ᠤᠶᠠᠯᠳᠤᠭᠤᠯᠵᠤ᠂ ᠰᠢᠨ᠎ᠠ ᠲᠠᠭᠤᠯᠠᠬᠤ ᠭᠡᠪ ᠨᠠᠮᠪᠠ ᠵᠢ ᠡᠭᠦᠳᠦᠭᠡᠳ ᠠᠭᠠᠵᠢᠮ᠎ᠳᠠᠭᠠᠨ ᠪᠡᠭᠡᠵᠢᠩ ᠠᠶᠠᠯᠭᠤᠳᠤ ᠭᠡᠨᠭᠭᠡᠷᠭᠡ ᠵᠢᠨ ᠲᠠᠭᠤᠯᠠᠯ ᠪᠤᠢ ᠪᠤᠯᠵᠠᠢ᠃

ᠪᠡᠭᠡᠵᠢᠩ ᠠᠶᠠᠯᠭᠤᠳᠤ ᠭᠡᠨᠭᠭᠡᠷᠭᠡ ᠵᠢᠨ ᠲᠠᠭᠤᠯᠠᠯ ᠨᠢ ᠪᠦᠭᠦ ᠭᠦᠮᠦᠰ᠎ᠤᠨ ᠰᠤᠨᠢᠷᠬᠠᠯ᠎ᠳᠤ ᠭᠦᠷᠴᠦ᠂ ᠬᠠᠳᠠᠭᠤ ᠵᠦᠭᠡᠯᠡᠨ ᠎ᠢ ᠬᠠᠮᠳᠤᠷᠠᠭᠤᠯᠤᠭᠰᠠᠨ᠂ ᠦᠭᠦᠯᠡᠭᠦ ᠲᠠᠭᠤᠯᠠᠬᠤ ᠵᠢ ᠤᠶᠠᠯᠳᠤᠭᠤᠯᠤᠭᠰᠠᠨ᠂ ᠨᠢᠭᠡ ᠠᠶᠠᠯᠭᠤ ᠵᠢ ᠤᠯᠠᠨ ᠭᠡᠷᠡᠭᠯᠡᠭᠦ ᠵᠡᠷᠭᠡ ᠤᠨᠴᠠᠯᠢᠭ ᠲᠠᠢ᠂ ᠲᠤᠭᠯᠠᠯᠳᠠ ᠵᠢᠨ ᠭᠡᠯᠪᠠᠷᠢ ᠨᠢ ᠲᠠᠭᠤᠯᠠᠭᠴᠢ ᠡᠴᠡ ᠭᠡᠨᠭᠭᠡᠷᠭᠡ ᠲᠡᠯᠡᠳᠴᠦ᠂ ᠴᠤᠭᠢᠯᠭ᠎ᠠ ᠪᠠᠨ ᠡᠵᠡᠮᠳᠡᠨ᠂ ᠬᠠᠪᠰᠤᠷᠤᠯ ᠭᠦᠭᠵᠢᠮ᠎ᠤᠨ ᠲᠠᠭᠠᠦ ᠲᠤᠭᠯᠠᠯᠳᠠ ᠭᠠᠷᠭᠠᠨ᠎ᠠ᠃ ᠬᠠᠪᠰᠤᠷᠤᠯ ᠭᠦᠭᠵᠢᠮ᠎ᠳᠤ ᠭᠤᠤᠯᠳᠠᠭᠤ ᠪᠢᠴᠢᠭ᠎ᠤᠨ ᠭᠡᠨᠭᠭᠡᠷᠭᠡ᠂ ᠲᠠᠭᠤᠳᠤ ᠬᠠᠪᠳᠠᠰᠤ᠂ ᠲᠤᠮᠤ ᠭᠤᠷᠪᠠᠨ ᠤᠳᠠᠰᠤᠳᠤ ᠬᠤᠭᠤᠷ᠂ ᠲᠦᠷᠪᠡᠨ ᠤᠳᠠᠰᠤᠳᠤ ᠬᠤᠭᠤᠷ ᠵᠡᠷᠭᠡ ᠪᠠᠢᠵᠤ᠂ ᠰᠡᠭᠦᠯᠡᠷ ᠨᠢ ᠪᠠᠰᠠ ᠫᠢᠫᠠ ᠵᠢ ᠪᠠᠭᠳᠠᠭᠠᠵᠠᠢ ᠃

20᠎ᠳ᠋ᠤᠭᠠᠷ ᠵᠠᠭᠤᠨ ᠎ᠤ ᠬᠤᠷᠢᠭᠠᠳ ᠤᠨ ᠪ ᠦᠶᠡᠰ᠂ ᠪᠡᠭᠡᠵᠢᠩ ᠠᠶᠠᠯᠭᠤᠳᠤ ᠭᠡᠨᠭᠭᠡᠷᠭᠡ ᠵᠢᠨ ᠲᠠᠭᠤᠯᠠᠯ ᠨᠢ ᠭᠦᠭᠵᠢᠯ᠎ᠤᠨ ᠤᠷᠭᠢᠯ᠎ᠤᠨ ᠱᠠᠳᠤᠨ᠎ᠳᠠᠭᠠᠨ ᠭᠦᠷᠴᠦ᠂ ᠯᠢᠦ ᠪᠤᠤ ᠴᠢᠤᠸᠠᠨ᠂ ᠪᠠᠢ ᠶᠦᠨ ᠫᠸᠩ᠂ ᠵᠠᠩ ᠰᠢᠶᠤᠤ ᠰᠢᠤᠸᠠᠨ ᠵᠢᠡᠷ ᠲᠦᠯᠦᠭᠡᠯᠡᠭᠦᠯᠦᠭᠰᠡᠨ ᠭᠤᠷᠪᠠᠨ ᠶᠡᠭᠡ ᠪᠦᠯᠦᠭ ᠪᠤᠯᠤᠨ ᠪᠦᠷᠢᠯᠳᠤᠵᠤ᠂ ᠲᠠᠷᠠᠭᠠᠪᠠᠷ ᠨᠢ ᠤᠷᠠᠯᠢᠭ᠎ᠤᠨ ᠨᠡᠷ᠎ᠠ ᠨᠢ ᠰᠢᠶᠤᠤ ᠼᠠᠢ ᠡᠦ ᠭᠡᠮᠡᠭᠳᠡᠭᠰᠡᠨ ᠯᠦᠸᠸ ᠢᠤᠢ ᠱᠸᠩ ᠶᠡᠭᠡᠪᠠᠷ ᠨᠡᠷ᠎ᠠ ᠮᠠᠨᠳᠤᠵᠤ᠂ ᠭᠡᠨᠭᠭᠡᠷᠭᠡ ᠵᠢᠨ ᠲᠠᠭᠤᠯᠠᠯ᠎ᠤᠨ ᠡᠮᠡᠭᠳᠡᠢ ᠸᠠᠩ ᠭᠡᠮᠡᠭᠳᠡᠵᠤ᠂ ᠲᠤᠰ ᠲᠠᠭᠠᠨ ᠨᠢᠭᠡ ᠪᠦᠯᠦᠭ ᠪᠤᠯᠵᠤ᠂ ᠯᠦᠸᠸ ᠵᠢᠨ ᠪᠦᠯᠦᠭ ᠭᠡᠮᠡᠭᠳᠡᠵᠡᠢ᠃


QQ20251119-103513.png


ᠪᠡᠭᠡᠵᠢᠩ ᠠᠶᠠᠯᠭᠤᠳᠤ ᠭᠡᠨᠭᠭᠡᠷᠭᠡ ᠵᠢᠨ ᠲᠠᠭᠤᠯᠠᠯ᠎ᠤᠨ ᠬᠠᠪᠰᠤᠷᠤᠯ ᠭᠦᠭᠵᠢᠮ


ᠯᠦᠸᠸ ᠢᠦᠢ ᠱᠸᠩ ᠪᠤᠯ ᠠᠯᠳᠠᠷᠳᠤ ᠪᠡᠭᠡᠵᠢᠩ ᠠᠶᠠᠯᠭᠤᠳᠤ ᠭᠡᠨᠭᠭᠡᠷᠭᠡ ᠵᠢᠨ ᠲᠠᠭᠤᠯᠠᠯ᠎ᠤᠨ ᠤᠷᠠᠯᠢᠭᠴᠢᠨ ᠪᠠᠢᠵᠤ᠂ ᠬᠤᠷᠢᠳᠤᠭᠠᠷ ᠵᠠᠭᠤᠨ ᠎ᠤ ᠭᠤᠴᠢᠭᠠᠳ ᠤᠨ ᠡᠴᠡ ᠡᠭᠢᠯᠡᠭᠡᠳ ᠲᠠᠷᠠ ᠯᠢᠦ ᠪᠤᠤ ᠴᠢᠤᠸᠠᠨ᠂ ᠪᠠᠢ ᠶᠦᠨ ᠫᠸᠩ ᠬᠤᠶᠠᠷ ᠪᠦᠯᠦᠭ᠎ᠤᠨ ᠤᠷᠠᠯᠢᠭ᠎ᠤᠨ ᠰᠠᠭᠤᠷᠢᠨ ᠲᠡᠭᠡᠷ᠎ᠠ ᠤᠭᠢ ᠱᠦᠯᠳᠦ ᠵᠢ ᠨᠢ ᠠᠭᠤᠰᠤᠯᠴᠠᠭᠤᠯᠤᠭᠠᠳ᠂ ᠬᠤᠷᠢᠳᠤᠭᠠᠷ ᠵᠠᠭᠤᠨ ᠪ ᠲᠦᠴᠢᠭᠡᠳ ᠤᠨ ᠎ᠤ ᠦᠶ᠎ᠡ ᠪᠡᠷ ᠠᠭᠠᠵᠢᠮ ᠵᠢᠡᠷ ᠦᠪᠡᠷ᠎ᠤᠨ ᠭᠡᠰᠡᠨ ᠤᠷᠠᠯᠢᠭ᠎ᠤᠨ ᠤᠨᠴᠠᠯᠢᠭ ᠵᠢᠡᠨ ᠪᠦᠷᠢᠯᠳᠦᠭᠦᠯᠵᠡᠢ᠃

ᠴᠢᠯᠦᠭᠡᠯᠡᠭᠳᠡᠭᠰᠡᠨ ᠪ ᠲᠠᠷᠠᠭ᠎ᠠ᠂ ᠯᠦᠸᠸ ᠢᠦᠢ ᠱᠸᠩ ᠯᠦᠸᠸ ᠵᠢᠨ ᠪᠦᠯᠦᠭ᠎ᠤᠨ ᠪᠡᠭᠡᠵᠢᠩ ᠠᠶᠠᠯᠭᠤᠳᠤ ᠭᠡᠨᠭᠭᠡᠷᠭᠡ ᠵᠢᠨ ᠲᠠᠭᠤᠯᠠᠯ᠎ᠳᠤ ᠦᠭᠡᠷᠡᠴᠢᠯᠡᠯᠳᠡ ᠭᠢᠵᠤ ᠰᠢᠨᠡᠴᠢᠯᠡᠭᠦ ᠲᠡᠭᠡᠷ᠎ᠠ ᠭᠦᠴᠦ ᠪᠠᠨ ᠲᠠᠯᠪᠢᠵᠤ᠂ ᠰᠢᠨ᠎ᠡ ᠠᠮᠢᠳᠤᠷᠠᠯ᠎ᠢ ᠢᠯᠡᠷᠡᠭᠦᠯᠭᠦ ᠲᠠᠯ᠎ᠠ ᠪᠡᠷ ᠠᠮᠵᠢᠯᠳᠠ ᠲᠠᠢ ᠲᠤᠷᠰᠢᠴᠡ ᠭᠢᠵᠠᠢ᠃

2007 ᠤᠨ ᠎ᠳᠤ᠂ ᠯᠦᠸᠸ ᠵᠢᠨ ᠪᠦᠯᠦᠭ᠎ᠤᠨ ᠪᠡᠭᠡᠵᠢᠩ ᠠᠶᠠᠯᠭᠤᠳᠤ ᠭᠡᠨᠭᠭᠡᠷᠭᠡ ᠵᠢᠨ ᠲᠠᠭᠤᠯᠠᠯ ᠲᠢᠶᠠᠨᠵᠢᠨ ᠬᠤᠳᠠ ᠵᠢᠨ ᠨᠢᠭᠡᠳᠦᠭᠡᠷ ᠪᠦᠯᠦᠭ ᠬᠤᠳᠠ ᠵᠢᠨ ᠲᠡᠰ᠎ᠤᠨ ᠪᠤᠳᠠᠰ᠎ᠤᠨ ᠪᠤᠰᠤ ᠰᠤᠶᠤᠯ᠎ᠤᠨ ᠦᠪ᠎ᠤᠨ ᠨᠡᠷᠡᠰ᠎ᠤᠨ ᠵᠢᠭᠰᠠᠭᠠᠯ᠎ᠳᠤ ᠪᠦᠷᠢᠳᠭᠡᠭᠦᠯᠵᠡᠢ᠃

2008 ᠤᠨ᠎ᠳᠤ᠂ ᠪᠡᠭᠡᠵᠢᠩ ᠠᠶᠠᠯᠭᠤᠳᠤ ᠭᠡᠨᠭᠭᠡᠷᠭᠡ ᠵᠢᠨ ᠲᠠᠭᠤᠯᠠᠯ ᠨᠢ ᠬᠤᠶᠠᠳᠤᠭᠠᠷ ᠪᠦᠯᠦᠭ ᠤᠯᠤᠰ᠎ᠤᠨ ᠲᠡᠰ ᠎ᠤᠨ ᠪᠤᠳᠠᠰ᠎ᠤᠨ ᠪᠤᠰᠤ ᠰᠤᠶᠤᠯ᠎ᠤᠨ ᠦᠪ᠎ᠤᠨ ᠨᠡᠷᠡᠰ᠎ᠤᠨ ᠵᠢᠭᠰᠠᠭᠠᠯ᠎ᠳᠤ ᠪᠦᠷᠢᠳᠭᠡᠭᠦᠯᠵᠡᠢ᠃


ᠠᠨᠭᠬᠠᠯᠠᠨ ᠲᠠᠨᠢᠯᠴᠠᠭᠠᠳ ᠤᠯᠵᠠᠷᠬᠠᠵᠤ ᠭᠢᠴᠢᠶᠠᠨ ᠵᠢᠳᠭᠦᠨ ᠰᠤᠷᠤᠯᠴᠠᠪᠠ

ᠡᠨᠡ ᠵᠢᠯ 41 ᠨᠠᠰᠤᠳᠠᠢ ᠵᠸᠦ ᠲᠦᠩ ᠂ ᠪᠡᠭᠡᠵᠢᠩ ᠠᠶᠠᠯᠭᠤᠳᠤ ᠭᠡᠨᠭᠭᠡᠷᠭᠡ ᠵᠢᠨ ᠲᠠᠭᠤᠯᠠᠯ᠎ᠤᠨ ᠭᠦᠭᠡᠬᠤᠳᠠ ᠵᠢᠨ ᠤᠯᠠᠮᠵᠢᠯᠠᠭᠴᠢ ᠪᠤᠯᠬᠤ ᠪᠡᠷ ᠦᠯᠦ ᠪᠠᠷᠠᠮ ᠪᠠᠰᠠ ᠭᠦᠭᠡᠬᠤᠳᠠ ᠵᠢᠨ ᠲᠠᠭᠤᠷᠢᠯᠢᠭ ᠵᠦᠴᠦᠭᠡ ᠵᠢᠨ ᠭᠦᠷᠢᠶᠡᠯᠡᠩ᠎ᠤᠨ ᠭᠤᠴᠤᠯᠠᠯ ᠲᠠᠭᠤᠴᠢᠨ ᠪᠤᠯᠤᠨ᠎ᠠ᠃ ᠪᠡᠭᠡᠵᠢᠩ ᠠᠶᠠᠯᠭᠤᠳᠤ ᠭᠡᠨᠭᠭᠡᠷᠭᠡ ᠵᠢᠨ ᠲᠠᠭᠤᠯᠠᠯ᠎ᠤᠨ ᠤᠯᠠᠮᠵᠢᠯᠠᠭᠴᠢ ᠪᠤᠯᠤᠭᠰᠠᠨ ᠨᠢ ᠲᠠᠷᠠ ᠱᠠᠨ ᠰᠢ᠎ᠳᠤ ᠶᠡᠭᠡ ᠰᠤᠷᠭᠠᠭᠤᠯᠢ᠎ᠳᠤ ᠰᠤᠷᠤᠯᠴᠠᠵᠤ ᠪᠠᠢᠭᠰᠠᠨ ᠦᠶᠡᠰ᠎ᠤᠨ ᠨᠢᠭᠡᠨ ᠤᠴᠠᠷᠠᠯ ᠲᠠᠢ ᠬᠤᠯᠪᠤᠭ᠎ᠠ ᠲᠠᠢ ᠃

2003 ᠤᠨ ᠎ᠳᠤ᠂ ᠵᠸᠦ ᠲᠦᠩ ᠱᠠᠨ ᠰᠢ ᠶᠡᠭᠡ ᠰᠤᠷᠭᠠᠭᠤᠯᠢ᠎ᠳᠤ ᠰᠢᠯᠭᠠᠭᠤᠯᠤᠨ ᠤᠷᠤᠵᠤ᠂ ᠦᠨᠳᠦᠰᠦᠳᠡᠨ ᠎ᠤ ᠲᠠᠭᠤᠯᠠᠬᠤ ᠮᠡᠷᠭᠡᠵᠢᠯ ᠵᠢᠡᠷ ᠰᠤᠷᠤᠯᠴᠠᠵᠤ᠂ ᠰᠠᠢᠨ ᠭᠢᠷᠢ ᠪᠦᠳᠦᠮᠵᠢ ᠲᠠᠢ ᠪᠠᠢᠪᠠ᠃ ᠨᠢᠭᠡᠳᠦᠭᠡᠷ ᠤᠨ ᠪ ᠲᠤᠤᠷ᠎ᠠ ᠬᠤᠭᠤᠴᠠᠭ᠎ᠠ ᠎ᠳᠠᠭᠠᠨ ᠲᠠᠷᠠ ᠱᠠᠨ ᠰᠢ ᠮᠤᠵᠢ ᠵᠢᠨ ᠲᠠᠭᠤᠷᠢᠯᠢᠭ ᠵᠦᠴᠦᠭᠡ ᠵᠢᠨ ᠭᠦᠷᠢᠶᠡᠯᠡᠩ᠎ᠳᠤ ᠲᠠᠳᠤᠯᠭ᠎ᠠ ᠭᠢᠵᠤ᠂ ᠦᠷᠭᠦᠯᠵᠢ ᠲᠤᠭᠯᠠᠭᠴᠢᠳ ᠲᠠᠢ ᠬᠠᠮᠳᠤ ᠦᠨᠳᠦᠰᠦᠨ ᠱᠠᠳᠤᠨ᠎ᠳᠤ ᠭᠦᠷᠴᠦ ᠲᠤᠭᠯᠠᠯᠳᠠ ᠭᠠᠷᠭᠠᠳᠠᠭ ᠪᠠᠢᠯ᠎ᠠ᠃ ᠲᠤᠭᠯᠠᠯᠳᠠ ᠪᠠᠨ ᠪᠠᠶᠠᠯᠢᠭᠵᠢᠭᠤᠯᠬᠤ ᠵᠢᠨ ᠲᠦᠯᠦᠭᠡ ᠲᠤᠰ ᠭᠦᠷᠢᠶᠡᠯᠡᠩ᠎ᠤᠨ ᠭᠢᠨ ᠦᠷᠭᠦᠯᠵᠢ ᠠᠷᠠᠳ᠎ᠤᠨ ᠤᠷᠠᠯᠢᠭᠴᠢᠳ᠎ᠢ ᠤᠷᠢᠵᠤ ᠲᠠᠢᠰᠠᠨ᠎ᠠ ᠬᠠᠮᠳᠤ ᠪᠡᠷ ᠲᠤᠭᠯᠠᠳᠠᠭ᠃ ᠢᠩᠬᠢᠵᠤ ᠵᠸᠦ ᠲᠦᠩ ᠭᠡᠨᠭᠭᠡᠷᠭᠡ ᠵᠢᠨ ᠦᠯᠢᠭᠡᠷ᠎ᠤᠨ ᠷᠢᠳᠢ ᠰᠢᠳᠢ ᠵᠢ ᠪᠢᠰᠢᠷᠠᠨ ᠪᠠᠬᠠᠳᠤᠵᠠᠢ᠃


QQ20251119-103822.png


ᠵᠸᠦ ᠲᠦᠩ ᠬᠠᠮᠳᠤ ᠠᠵᠢᠯᠯᠠᠭᠴᠢᠳ ᠲᠠᠢ ᠪᠠᠨ ᠪᠤᠯᠪᠠᠰᠤᠷᠠᠨ᠎ᠠ


ᠭᠡᠨᠭᠭᠡᠷᠭᠡ ᠵᠢᠨ ᠦᠯᠢᠭᠡᠷ᠎ᠤᠨ ᠤᠷᠠᠯᠢᠭᠴᠢᠳ᠎ᠤᠨ ᠤᠯᠠᠩᠬᠢ ᠨᠢ ᠡᠦ ᠰᠢᠶᠠᠩ ᠰᠢᠶᠠᠨ ᠡᠴᠡ ᠢᠷᠠᠵᠤ᠂ ᠤᠯᠠᠩᠬᠢ ᠨᠢ ᠬᠠᠷᠠᠭ᠎ᠠ ᠵᠡᠮᠳᠡᠭ ᠭᠦᠮᠦᠨ ᠪᠠᠢᠵᠤ᠂ ᠬᠡᠨᠭᠭᠡᠷᠭᠡ ᠴᠤᠭᠢᠵᠤ ᠂ ᠦᠯᠢᠭᠡᠷ ᠶᠠᠷᠢᠳᠠᠭ ᠨᠢ ᠵᠸᠦ ᠲᠦᠩ᠎ᠳᠤ ᠶᠡᠭᠡ ᠪᠠᠷ ᠪᠢᠰᠢᠷᠡᠭᠳᠡᠵᠡᠢ᠃

2006 ᠤᠨ ᠎ᠳᠤ ᠵᠸᠦ ᠲᠦᠩ ᠶᠡᠭᠡ ᠰᠤᠷᠭᠠᠭᠤᠯᠢ ᠪᠠᠨ ᠲᠡᠭᠦᠰᠭᠡᠵᠤ᠂ ᠱᠠᠨ ᠰᠢ ᠮᠤᠵᠢ ᠵᠢᠨ ᠲᠠᠭᠤᠷᠢᠯᠢᠭ ᠵᠦᠴᠦᠭᠡ ᠵᠢᠨ ᠭᠦᠷᠢᠶᠡᠯᠡᠩ᠎ᠳᠤ ᠠᠵᠢᠯᠯᠠᠪᠠ᠃ 2018 ᠤᠨ ᠎ᠳᠤ ᠲᠠᠷᠠ ᠭᠦᠭᠡᠬᠤᠳᠠ᠎ᠳᠠᠭᠠᠨ ᠢᠷᠠᠵᠤ᠂ ᠬᠦᠭᠡᠬᠤᠳᠠ ᠵᠢᠨ ᠲᠠᠭᠤᠷᠢᠯᠢᠭ ᠵᠦᠴᠦᠭᠡ ᠵᠢᠨ ᠭᠦᠷᠢᠶᠡᠯᠡᠩ᠎ᠳᠤ ᠰᠢᠯᠭᠠᠭᠳᠠᠨ ᠤᠷᠤᠭᠰᠠᠨ ᠪᠠᠢᠨ᠎ᠠ᠃

ᠠᠵᠢᠯ ᠠᠮᠢᠳᠤᠷᠠᠯ ᠨᠢ ᠲᠤᠭᠳᠠᠭᠤᠨ ᠪᠤᠯᠤᠭᠰᠠᠨ ᠬᠤᠢᠨ᠎ᠠ᠂ ᠡᠦ ᠰᠢᠶᠠᠩ᠎ᠤᠨ ᠭᠡᠨᠭᠭᠡᠷᠭᠡᠳᠤ ᠦᠯᠢᠭᠡᠷ᠎ᠤᠨ ᠦᠪᠡᠷᠮᠢᠴᠡ ᠠᠶᠠᠯᠭᠤ ᠲᠡᠭᠦᠨ᠎ᠳᠤ ᠦᠷᠭᠦᠯᠵᠢ ᠪᠤᠳᠤᠭᠳᠠᠵᠤ᠂ ᠲᠤᠰ ᠤᠯᠠᠮᠵᠢᠯᠠᠯᠳᠤ ᠮᠡᠷᠭᠡᠵᠢᠯ᠎ᠢ ᠵᠠᠪᠠᠯ ᠰᠤᠷᠤᠯᠴᠠᠨ᠎ᠠ ᠭᠡᠮᠡᠨ ᠵᠤᠷᠢᠭ ᠰᠢᠭᠤᠳᠴᠠᠢ᠃ 2022 ᠤᠨ ᠎ᠳᠤ᠂ ᠲᠠᠷᠠ ᠲᠤᠰᠬᠠᠢᠯᠠᠨ ᠪᠡᠭᠡᠵᠢᠩ᠎ᠳᠤ ᠭᠦᠷᠴᠦ᠂ ᠯᠦᠸᠸ ᠵᠢᠨ ᠪᠦᠯᠦᠭ᠎ᠤᠨ ᠪᠡᠭᠡᠵᠢᠩ ᠠᠶᠠᠯᠭᠤᠳᠤ ᠭᠡᠨᠭᠭᠡᠷᠭᠡ ᠵᠢᠨ ᠲᠠᠭᠤᠯᠠᠯ᠎ᠤᠨ ᠤᠯᠠᠮᠵᠢᠯᠠᠭᠴᠢ ᠡᠴᠡ ᠲᠤᠰ ᠮᠡᠷᠭᠡᠵᠢᠯ᠎ᠢ ᠰᠢᠰᠲᠸᠮ ᠲᠠᠢ ᠰᠤᠷᠤᠯᠴᠠᠵᠠᠢ᠃

ᠴᠢᠷᠮᠠᠢᠯᠭ᠎ᠠ ᠭᠦᠮᠦᠨ ᠎ᠢ ᠭᠤᠮᠤᠳᠠᠭᠠᠬᠤ ᠦᠭᠡᠢ ᠭᠡᠳᠡᠭᠴᠢᠯᠡᠨ ᠵᠸᠦ ᠲᠦᠩ ᠠᠪᠢᠶᠠᠰ ᠪᠤᠯᠤᠨ ᠴᠢᠷᠮᠠᠢᠯᠭ᠎ᠠ ᠪᠡᠷ ᠵᠢᠡᠨ ᠤᠳᠠᠯ ᠦᠭᠡᠢ ᠲᠤᠰ ᠮᠡᠷᠭᠡᠵᠢᠯ᠎ᠢ ᠡᠵᠡᠮᠰᠢᠵᠤ᠂ ᠪᠠᠭᠰᠢ ᠵᠢᠡ ᠵᠢᠡᠨ ᠰᠠᠢᠨ ᠦᠨᠡᠯᠡᠯᠳᠡ ᠵᠢ ᠤᠯᠤᠭᠰᠠᠨ ᠪᠠᠢᠨ᠎ᠠ᠃


ᠭᠤᠢᠳᠠ ᠰᠠᠢᠬᠠᠨ ᠲᠤᠭᠯᠠᠵᠤ ᠦᠪᠯᠡᠨ ᠤᠯᠠᠮᠵᠢᠯᠠᠨ᠎ᠠ

ᠪᠡᠭᠡᠵᠢᠩ ᠠᠶᠠᠯᠭᠤᠳᠤ ᠭᠡᠨᠭᠭᠡᠷᠭᠡ ᠵᠢᠨ ᠲᠠᠭᠤᠯᠠᠯ᠎ᠢ ᠨᠡᠩ ᠰᠠᠢᠨ ᠤᠯᠠᠮᠵᠢᠯᠠᠨ ᠵᠠᠯᠭᠠᠮᠵᠢᠯᠠᠬᠤ ᠵᠢᠨ ᠲᠦᠯᠦᠭᠡ᠂ ᠤᠯᠠᠨ ᠵᠢᠯ᠎ᠤᠨ ᠲᠤᠷᠰᠢ ᠵᠸᠦ ᠲᠦᠩ ᠰᠢᠨᠳᠠᠷᠠᠰᠢ ᠦᠭᠡᠢ ᠴᠢᠷᠮᠠᠢᠵᠤ᠂ ᠲᠠᠰᠤᠷᠠᠯᠳᠠ ᠦᠭᠡᠢ ᠦᠪᠡᠷ᠎ᠢ ᠪᠠᠨ ᠢᠯᠠᠨ ᠲᠠᠪᠠᠭᠰᠠᠭᠠᠷ ᠢᠷᠠᠵᠠᠢ᠃ ᠲᠡᠭᠦᠨ ᠪ ᠲᠠᠭᠤ ᠬᠤᠭᠤᠯᠠᠢ ᠨᠢ ᠴᠡᠪᠡᠷᠭᠡᠨ᠂ ᠲᠠᠭᠤᠯᠠᠬᠤ ᠨᠠᠮᠪᠠ ᠨᠢ ᠤᠶᠠᠨ ᠵᠦᠭᠡᠯᠡᠨ᠂ ᠲᠦᠪ ᠴᠢᠭᠢᠮᠡᠢ ᠪᠠᠢᠵᠤ᠂ ᠦᠯᠢᠭᠡᠷ ᠲᠤ᠌ ᠦᠨᠡᠨ ᠰᠡᠳᠭᠢᠯ ᠵᠢᠡᠨ ᠠᠭᠤᠰᠬᠠᠵᠤ ᠲᠠᠭᠤᠯᠠᠳᠠᠭ ᠪᠤᠯᠬᠤᠷ ᠦᠵᠡᠭᠴᠢ ᠰᠤᠨᠤᠰᠤᠭᠴᠢ ᠵᠢᠨ ᠰᠡᠳᠭᠢᠯ᠎ᠳᠤ ᠭᠦᠷᠴᠡᠢ᠃

《ᠪᠡᠭᠡᠵᠢᠩ ᠠᠶᠠᠯᠭᠤᠳᠤ ᠭᠡᠨᠭᠭᠡᠷᠭᠡ ᠵᠢᠨ ᠲᠠᠭᠤᠯᠠᠯ ᠨᠢ ᠲᠠᠭᠤᠯᠠᠬᠤ ᠪᠡᠷ ᠭᠤᠤᠯᠳᠠᠭᠤᠯᠵᠤ᠂ ᠦᠭᠦᠯᠡᠭᠦ ᠪᠡᠷ ᠬᠠᠪᠰᠤᠷᠤᠮᠵᠢ ᠪᠤᠯᠭᠠᠳᠠᠭ᠃ ᠦᠭᠦᠯᠡᠭᠦ ᠵᠢᠨ ᠲᠤᠮᠳᠠ ᠲᠠᠭᠤᠯᠠᠵᠤ᠂ ᠲᠠᠭᠤᠯᠠᠬᠤ ᠵᠢᠨ ᠲᠤᠮᠳᠠ ᠦᠭᠦᠯᠡᠵᠤ ᠢᠯᠡᠳᠭᠡᠳᠡᠭ》 ᠭᠡᠵᠤ ᠵᠸᠦ ᠲᠦᠩ ᠶᠠᠷᠢᠨ᠎ᠠ᠃ ᠦᠷᠭᠡᠨ ᠤᠯᠠᠨ ᠵᠠᠯᠠᠭᠤᠴᠤᠳ᠎ᠤᠨ ᠱᠠᠭᠠᠷᠳᠠᠯᠭ᠎ᠠ ᠪᠡᠷ ᠤᠢᠷ᠎ᠠ ᠵᠢᠨ ᠵᠢᠯ᠎ᠳᠤ ᠲᠠᠷᠠ ᠪᠠᠰᠠ ᠦᠨᠳᠦᠰᠦᠳᠡᠨ ᠎ᠤ ᠲᠠᠭᠤᠯᠠᠬᠤ ᠠᠷᠭ᠎ᠠ ᠵᠢ ᠬᠠᠪᠰᠤᠷᠭᠠᠵᠤ᠂ ᠦᠪᠡᠷ ᠎ᠤᠨ ᠵᠢᠡᠨ ᠦᠪᠡᠷᠮᠢᠴᠡ ᠲᠠᠭᠤᠯᠠᠬᠤ ᠭᠡᠪ ᠨᠠᠮᠪᠠ ᠵᠢ ᠪᠦᠷᠢᠯᠳᠦᠭᠦᠯᠦᠭᠰᠡᠨ ᠪᠠᠢᠨ᠎ᠠ᠃

《ᠲᠠᠭᠤᠯᠠᠯ ᠪᠤᠯᠭᠠᠨ ᠎ᠤ ᠲᠡᠦᠭᠡ ᠵᠢᠨ ᠰᠢᠯᠳᠠᠭᠠᠨ᠂ ᠰᠤᠶᠤᠯ᠎ᠤᠨ ᠠᠭᠤᠯᠬᠤᠨ᠂ ᠤᠷᠠᠯᠢᠭ᠎ᠤᠨ ᠤᠨᠴᠠᠯᠢᠭ ᠵᠡᠷᠭᠡ ᠵᠢ ᠨᠢ ᠪᠢ ᠪᠦᠷ ᠨᠠᠷᠢᠯᠢᠭ ᠰᠤᠳᠤᠯᠵᠤ ᠤᠢᠯᠠᠭᠠᠭᠰᠠᠨ ᠬᠤᠢᠨ᠎ᠠ ᠰᠠᠶᠢ ᠦᠵᠡᠭᠴᠢᠳ ᠲᠤ᠌ ᠲᠠᠮᠵᠢᠭᠤᠯᠳᠠᠭ》 ᠭᠡᠵᠤ ᠵᠸᠦ ᠲᠦᠩ ᠭᠡᠯᠡᠨ᠎ᠠ᠃ ᠰᠢᠨ᠎ᠠ ᠴᠠᠭ ᠦᠶ᠎ᠠ᠎ᠳᠤ᠂ ᠤᠯᠠᠮᠵᠢᠯᠠᠯᠳᠤ ᠰᠤᠶᠤᠯ᠎ᠢ ᠰᠠᠢᠳᠤᠷ ᠵᠠᠯᠭᠠᠮᠵᠢᠯᠠᠭᠰᠠᠨ ᠰᠠᠭᠤᠷᠢᠨ ᠲᠡᠭᠡᠷ᠎ᠠ ᠰᠠᠶᠢ ᠴᠠᠭ ᠦᠶ᠎ᠠ ᠲᠠᠢ ᠤᠶᠠᠯᠳᠤᠭᠰᠠᠨ ᠰᠢᠨ᠎ᠠ ᠪᠦᠳᠦᠭᠡᠯ᠎ᠢ ᠭᠠᠷᠭᠠᠵᠤ ᠲᠠᠢᠯᠦᠨ᠎ᠠ᠂ ᠴᠠᠭ ᠦᠶ᠎ᠠ ᠲᠠᠢ ᠤᠢᠷᠠᠳᠤᠭᠰᠠᠨ᠂ ᠠᠮᠢᠳᠤᠷᠠᠯ᠎ᠳᠤ ᠤᠢᠷᠠᠳᠤᠭᠰᠠᠨ ᠪᠠᠢᠪᠠᠯ ᠪᠡᠭᠡᠵᠢᠩ ᠠᠶᠠᠯᠭᠤᠳᠤ ᠭᠡᠨᠭᠭᠡᠷᠭᠡ ᠵᠢᠨ ᠲᠠᠭᠤᠯᠠᠯ ᠨᠢ ᠰᠠᠶᠢ ᠨᠡᠩ ᠶᠡᠭᠡ ᠠᠮᠢᠵᠢᠷᠠᠯ᠎ᠤᠨ ᠭᠦᠴᠦᠨ ᠲᠠᠢ ᠪᠤᠯᠵᠤ ᠴᠢᠳᠠᠨ᠎ᠠ᠃

ᠪᠡᠭᠡᠵᠢᠩ ᠠᠶᠠᠯᠭᠤᠳᠤ ᠭᠡᠨᠭᠭᠡᠷᠭᠡ ᠵᠢᠨ ᠲᠠᠭᠤᠯᠠᠯ᠎ᠢ ᠨᠡᠩ ᠰᠠᠢᠳᠤᠷ ᠤᠯᠠᠮᠵᠢᠯᠠᠬᠤ ᠵᠢᠨ ᠲᠦᠯᠦᠭᠡ ᠵᠸᠦ ᠲᠦᠩ ᠨᠠᠢᠭᠡᠮ ᠲᠤᠭᠤᠷᠢᠭ᠂ ᠰᠤᠷᠭᠠᠭᠤᠯᠢ᠂ ᠵᠦᠴᠦᠭᠡ ᠵᠢᠨ ᠲᠠᠯᠠᠪᠠᠢ ᠪᠡᠷ ᠭᠦᠷᠴᠦ ᠪᠤᠯᠪᠠᠰᠤᠷᠠᠯ ᠡᠷᠭᠢᠯᠡᠭᠦ ᠪᠤᠶᠤ ᠲᠤᠭᠯᠠᠯᠳᠠ ᠭᠠᠷᠭᠠᠵᠤ᠂ ᠨᠡᠩ ᠤᠯᠠᠨ ᠭᠦᠮᠦᠨ᠎ᠳᠤ ᠪᠡᠭᠡᠵᠢᠩ ᠠᠶᠠᠯᠭᠤᠳᠤ ᠭᠡᠨᠭᠭᠡᠷᠭᠡ ᠵᠢᠨ ᠲᠠᠭᠤᠯᠠᠯ᠎ᠢ ᠲᠠᠨᠢᠭᠤᠯᠵᠠᠢ᠃

《ᠤᠯᠠᠨ ᠎ᠤ ᠴᠢᠷᠮᠠᠢᠯᠭ᠎ᠠ ᠪᠡᠷ ᠲᠤᠰ ᠲᠠᠭᠤᠯᠠᠯ᠎ᠨᠡᠩ ᠤᠯᠠᠨ ᠭᠦᠮᠦᠨ ᠎ᠤ ᠠᠨᠭᠬᠠᠷᠤᠯ᠎ᠳᠤ ᠬᠦᠷᠴᠦ᠂ ᠨᠡᠩ ᠤᠯᠠᠨ ᠎ᠤ ᠭᠦᠮᠦᠨ᠎ᠳᠤ ᠪᠠᠬᠠᠷᠬᠠᠭᠳᠠᠪᠠᠯ ᠲᠤᠰ ᠤᠷᠠᠯᠢᠭ᠎ᠤᠨ ᠭᠡᠯᠪᠠᠷᠢ ᠨᠢ ᠨᠡᠩ ᠶᠡᠭᠡ ᠭᠦᠭᠵᠢᠯᠳᠡ ᠪᠠᠨ ᠤᠯᠵᠤ᠂ ᠦᠪᠯᠡᠭᠳᠡᠨ ᠤᠯᠠᠮᠵᠢᠯᠠᠭᠳᠠᠵᠤ ᠴᠢᠳᠠᠨ᠎ᠠ》 ᠭᠡᠵᠤ ᠵᠸᠦ ᠲᠦᠩ ᠭᠦᠰᠡᠯ ᠲᠦᠭᠦᠷᠡᠩ ᠶᠠᠷᠢᠨ᠎ᠠ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠰᠠᠢᠨ᠎ᠠ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面