ᠲᠡᠷᠢᠭᠦᠨ ᠨᠢᠭᠤᠷ>ᠳᠤᠮᠳᠠᠲᠣ᠎ᠶ᠋ᠢᠨ ᠰᠣᠶᠣᠯ>ᠮᠡᠳᠡᠭᠡᠯᠡᠯ

2026-07-29 10:37:54

ᠵᠣᠬᠢᠶᠠᠭ᠍ᠴᠢ᠄ ​ ᠵᠢᠢ ᠴᠢᠩ ᠯᠢᠩ ᠣᠩᠱᠢᠭ᠍ᠰᠠᠨ ᠣᠳᠠᠭ᠎ᠠ᠄ 3

ᠬᠦᠭᠡᠷᠡᠨ ᠰᠦᠭᠯᠦᠢᠬᠦ ᠶᠡᠬᠡ ᠬᠢᠩᠭᠠᠨ ᠳᠠᠪᠠᠭᠠᠨ᠎ᠤ ᠬᠤᠰᠤ ᠮᠤᠳᠤᠨ᠎ᠤ ᠤᠢ ᠲᠡᠭᠷᠢ ᠵᠢᠨ ᠬᠠᠶᠠᠭ᠎ᠠ ᠬᠦᠷᠲᠡᠯ᠎ᠡ ᠦᠷᠭᠦᠯᠵᠢᠯᠡᠨ᠎ᠡ᠃ ᠲᠡᠭᠦᠨ᠎ᠤ ᠳᠤᠮᠳᠠ ᠬᠥᠯᠦᠨ ᠪᠥᠢᠷ᠎ᠤᠨ ᠭᠡᠭᠡᠨ ᠭᠤᠣᠯ ᠬᠤᠳᠠ᠎ᠶ᠋ᠢᠨ ᠤᠯᠭᠤᠶᠠ ᠵᠢᠨ ᠡᠸᠡᠩᠬᠢ ᠦᠨᠳᠦᠰᠦᠲᠡᠨ᠎ᠤ ᠱᠢᠶᠠᠩ ᠭᠡᠵᠦ ᠪᠠᠢᠳᠠᠭ᠂ ᠡᠷᠳᠡ ᠳᠡᠭᠡᠳᠦ ᠡᠴᠡ ᠪᠠᠨ ᠡᠨᠳᠡᠭᠢ ᠠᠷᠠᠳ᠎ᠤᠳ ᠴᠠᠭᠠᠨ ᠦᠩᠭᠡᠲᠡᠢ ᠤᠶᠠᠨ ᠬᠠᠳᠠᠨ ᠤᠢᠰᠤ᠎ᠶ᠋ᠢ ᠰᠡᠢᠯᠦᠨ ᠤᠷᠠᠯᠠᠭᠠᠳ᠂ ᠬᠡᠷᠡᠭ᠌ᠯᠡᠭᠡᠨ᠎ᠤ ᠦᠨ᠎ᠡ ᠦᠷᠳᠡᠭ ᠬᠢᠭᠡᠳ ᠤᠷᠠᠯᠢᠭ᠎ᠤᠨ ᠬᠦᠷᠲᠡᠭᠡᠮᠵᠢ ᠲᠠᠢ ᠠᠮᠢᠳᠤᠷᠠᠯ᠎ᠤᠨ ᠡᠳ᠋ᠯᠡᠯ ᠬᠡᠷᠡᠭ᠌ᠰᠡᠯ᠎ᠢ ᠬᠢᠵᠦ ᠭᠠᠷᠭᠠᠭ᠍ᠰᠠᠨ ᠪᠠᠢᠨ᠎ᠠ᠃ ᠡᠨᠡ ᠬᠦ᠌ ᠤᠢᠰᠤᠨ ᠪᠦᠲᠦᠭᠡᠭᠳᠡᠭᠦᠨ ᠬᠢᠬᠦ ᠤᠷ᠎ᠠ ᠮᠡᠷᠭᠡᠵᠢᠯ 2007 ᠣᠨ᠎ᠳᠤ ᠤᠯᠤᠰ᠎ᠤᠨ ᠲᠠᠰ᠎ᠤᠨ ᠪᠣᠳᠠᠰ᠎ᠤᠨ ᠪᠤᠰᠤ ᠰᠣᠶᠣᠯ᠎ᠤᠨ ᠥᠪ᠎ᠤᠨ ᠲᠥᠯᠥᠭᠡᠯᠡᠬᠦ᠌ ᠴᠢᠨᠠᠷᠲᠠᠶ ᠲᠥᠷᠥᠯ ᠵᠦᠢᠯ᠎ᠤᠨ ᠨᠡᠷᠡᠰ᠎ᠤᠨ ᠵᠢᠭ᠍ᠰᠠᠭᠠᠯᠲᠠ᠎ᠳᠤ ᠰᠣᠩᠭᠤᠭ᠍ᠳᠠᠵᠠᠢ᠃


QQ截图20260729104328.png


ᠦ᠋ ᠱᠢᠦᠢ ᠱᠧᠩ ᠤᠢᠰᠤ ᠵᠢ ᠵᠦᠰᠦᠵᠦ᠎ᠪᠤᠢ (ᠮᠠᠲ᠋ᠧᠷᠢᠶᠠᠯ ᠵᠢᠷᠤᠭ)


ᠦᠨᠢ ᠤᠳᠠᠭᠠᠨ ᠤᠯᠠᠮᠵᠢᠯᠠᠭᠳᠠᠭᠰᠠᠨ ᠤᠷ᠎ᠠ ᠮᠡᠷᠭᠡᠵᠢᠯ

ᠣᠯᠭᠤᠶᠠ ᠵᠢᠨ ᠡᠸᠡᠩᠬᠢ ᠦᠨᠳᠦᠰᠦᠲᠡᠨ᠎ᠤ ᠤᠢᠰᠤᠨ ᠪᠦᠲᠦᠭᠡᠭᠳᠡᠭᠦᠨ ᠬᠢᠬᠦ ᠤᠷ᠎ᠠ ᠮᠡᠷᠭᠡᠵᠢᠯ ᠦᠶ᠎ᠡ᠎ᠶ᠋ᠢᠨ ᠦᠶ᠎ᠡ᠎ᠳᠤ ᠪᠦᠷᠢᠨ ᠪᠦᠲᠦᠨ ᠤᠯᠠᠮᠵᠢᠯᠠᠭᠳᠠᠭᠰᠠᠨ ᠵᠢᠡᠷ ᠪᠠᠷᠠᠬᠤ ᠦᠭᠡᠢ᠂ ᠨᠡᠩ ᠴᠤ᠌ ᠥᠨᠢ ᠤᠳᠠᠭᠠᠨ ᠭᠦᠨ ᠵᠤᠵᠠᠭᠠᠨ ᠲᠡᠦᠬᠡ ᠰᠣᠶᠣᠯ᠎ᠲᠠᠢ ᠪᠤᠯᠵᠠᠢ᠃

ᠬᠠᠭᠤᠴᠢ ᠰᠤᠳᠤᠯᠤᠯ᠎ᠤᠨ ᠢᠯᠡᠷᠡᠭᠦᠯᠦᠯᠲᠡ ᠤᠢᠰᠤᠨ ᠡᠳ᠋ᠯᠡᠯ ᠬᠡᠷᠡᠭᠰᠡᠯ᠎ᠤᠨ᠎ᠤᠷᠲᠤ ᠤᠳᠠᠭᠠᠨ ᠬᠡᠷᠡᠭ᠌ᠯᠡᠭ᠌ᠳᠡᠭ᠌ᠰᠡᠨ ᠲᠡᠥᠬᠡ᠎ᠶ᠋ᠢ ᠭᠡᠷᠡᠴᠢᠯᠡᠭᠰᠡᠨ ᠪᠠᠢᠳᠠᠭ᠄ 1959 ᠤᠨ᠎ᠳᠤ ᠵᠠᠯᠠᠢᠨᠠᠭᠤᠷ᠎ᠤᠨ ᠬᠠᠨ ᠤᠯᠤᠰ᠎ᠤᠨ ᠦᠶ᠎ᠡ᠎ᠶ᠋ᠢᠨ ᠱᠢᠶᠠᠨᠪᠢ᠎ᠶ᠋ᠢᠨ ᠤᠩᠭᠤᠨ᠎ᠠᠴᠠ ᠮᠠᠰᠢ ᠠᠷᠪᠢᠨ ᠤᠢᠰᠤᠨ ᠭᠡᠷᠡᠭᠰᠡᠯ᠎ᠤᠨ ᠲᠠᠭᠯᠠᠭ᠎ᠠ ᠵᠢ ᠮᠠᠯᠳᠠᠨ ᠭᠠᠷᠭᠠᠪᠠ᠃ ᠰᠡᠭᠦᠯᠡᠷ ᠨᠢ ᠲᠤᠰ ᠭᠠᠵᠠᠷ᠎ᠤᠨ ᠬᠠᠨ ᠤᠯᠤᠰ᠎ᠤᠨ ᠤᠩᠭᠤᠨ᠎ᠠᠴᠠ ᠪᠠᠰᠠ ᠤᠯᠠᠨ ᠵᠦᠢᠯ᠎ᠤᠨ ᠬᠤᠰᠤ ᠮᠤᠳᠤ᠂ ᠤᠢᠰᠤᠨ᠎ᠤ ᠠᠮᠢᠳᠤᠷᠠᠯ᠎ᠤᠨ ᠬᠡᠷᠡᠭ᠌ᠰᠡᠯ᠎ᠢ ᠠᠭᠤᠳᠠᠯᠤᠨ ᠭᠠᠷᠭᠠᠭᠰᠠᠨ ᠪᠠᠢᠨ᠎ᠠ᠃

ᠡᠷᠲᠡᠨ᠎ᠤ ᠨᠤᠮ ᠪᠢᠴᠢᠭ᠎ᠲᠤ ᠪᠠᠰᠠ ᠱ᠌ᠢ ᠸᠸᠢ ᠬᠦᠮᠦᠨ ᠤᠢᠰᠤ᠎ᠪᠠᠷ ᠭᠡᠷ ᠪᠠᠷᠢᠵᠤ ᠪᠠᠢᠬᠰᠠᠨ᠎ᠢ ᠲᠡᠮᠲᠡᠭᠯᠡᠵᠦ ᠪᠤᠢ᠂ ᠪᠠᠰᠠ ᠤᠢᠰᠤᠨ ᠤᠩᠭᠤᠴᠠ᠂ ᠤᠢᠰᠤᠨ ᠭᠡᠷ᠎ᠤᠨ ᠲᠤᠬᠠᠶ ᠲᠡᠮᠳᠡᠭ᠌ᠯᠡᠯ ᠪᠠᠢᠳᠠᠭ᠃

ᠤᠳᠠᠭᠠᠨ ᠵᠢᠯ᠎ᠦ᠋ᠨ ᠲᠤᠷᠱᠢ᠂ ᠶᠡᠬᠡ ᠬᠢᠩᠭᠠᠨ ᠳᠠᠪᠠᠭᠠᠨ᠎ᠤ ᠪᠠᠢᠭᠠᠯᠢ᠎ᠶᠢᠨ ᠬᠡᠰᠢᠭ ᠲᠦ᠍ ᠲᠦᠱᠢᠭ᠌ᠯᠡᠨ᠂ ᠣᠯᠭᠤᠶᠠ ᠵᠢᠨ ᠡᠸᠡᠩᠬᠢᠴᠤᠳ ᠨᠢᠮᠬᠡᠨ ᠪᠦᠭᠡᠳ ᠬᠦᠩᠭᠡᠨ ᠤᠢᠰᠦ ᠵᠢ ᠤᠷᠠᠯᠠᠨ ᠰᠠᠢᠯᠦᠭᠡᠳ᠂ ᠪᠠᠢᠭᠠᠯᠢ ᠵᠢᠨ ᠦᠩᠭᠡ ᠦᠵᠡᠮᠵᠢ᠂ ᠨᠡᠭᠦᠳᠡᠯ ᠠᠩᠨᠡᠯ᠎ᠤᠨ ᠣᠶᠤᠨ ᠤᠬᠠᠭᠠᠨ ᠪᠣᠯᠤᠨ ᠵᠠᠩ ᠦᠢᠯᠡ᠎ᠶᠢ ᠪᠣᠷᠣᠭ᠍ᠵᠢᠭᠤᠨ ᠨᠠᠷᠢᠯᠢᠭ ᠤᠢᠰᠤᠨ ᠡᠳ᠋ᠯᠡᠯ᠎ᠳᠤ ᠲᠦᠪᠯᠡᠷᠡᠭᠦᠯᠵᠡᠢ᠃

ᠣᠨ ᠰᠠᠷ᠎ᠠ ᠵᠢᠨ ᠤᠷᠴᠢᠯ᠎ᠳᠤ ᠡᠨᠡ ᠬᠦ᠌ ᠤᠷ᠎ᠠ ᠮᠡᠷᠭᠡᠵᠢᠯ ᠠᠮᠠ ᠪᠡᠷ ᠤᠯᠠᠮᠵᠢᠯᠠᠭᠳᠠᠨ᠂ ᠲᠠᠰᠤᠷᠠᠯᠲᠠ ᠦᠭᠡᠢ ᠬᠥᠭ᠌ᠵᠢᠭᠡᠳ᠂ ᠤᠯᠠᠮ ᠡᠴᠡ ᠤᠯᠠᠮ ᠨᠠᠷᠢᠯᠢᠭ ᠪᠤᠯᠵᠠᠢ᠃ ᠡᠳ᠋ᠯᠡᠯ ᠬᠡᠷᠡᠭ᠌ᠰᠡᠯ ᠨᠢ ᠴᠦ᠍ ᠳᠠᠩ ᠴᠤᠯᠭᠤᠢ ᠠᠮᠢᠳᠤᠷᠠᠯ᠎ᠤ᠋ᠨ ᠬᠡᠷᠡᠭ᠌ᠰᠡᠯ ᠡᠴᠡ ᠪᠠᠨ ᠬᠡᠷᠡᠭᠯᠡᠭᠡ᠎ᠪᠠ ᠭᠤᠸ᠎ᠠ ᠵᠦᠢ᠎ᠶᠢ ᠤᠶᠠᠯᠳᠤᠭᠤᠯᠤᠭᠰᠠᠨ ᠤᠷᠠᠯᠢᠭ᠎ᠤ᠋ᠨ ᠰᠤᠳᠤᠨ ᠪᠦᠲᠦᠭᠡᠯ ᠪᠣᠯᠵᠤ ᠬᠤᠪᠢᠷᠠᠭᠠᠳ᠂ ᠤᠯᠭᠤᠶᠠ ᠵᠢᠨ ᠡᠸᠡᠩᠬᠢᠴᠤᠳ᠎ᠤᠨ ᠪᠠᠢᠭᠠᠯᠢ᠎ᠶᠢ ᠬᠦᠨᠳᠦᠳᠭᠡᠬᠦ᠂ ᠪᠠᠢᠭᠠᠯᠢ ᠲᠠᠢ ᠵᠤᠬᠢᠴᠠᠯᠳᠤᠬᠤ᠂ ᠤᠷᠠᠨ ᠳᠠᠷᠬᠠᠨ᠎ᠤ᠋ ᠵᠤᠷᠢᠬ ᠰᠠᠨᠠᠭ᠎ᠠ ᠪᠡᠷ ᠪᠦᠲᠦᠭᠡᠭ᠌ᠦ ᠠᠮᠢᠳᠤᠷᠠᠯ᠎ᠤ᠋ᠨ ᠣᠶᠤᠨ ᠤᠬᠠᠭᠠᠨ᠎ᠢ᠋ ᠬᠠᠳᠠᠭᠠᠯᠠᠵᠤ ᠪᠠᠢᠨ᠎ᠠ᠃


QQ截图20260729104345.png


ᠤᠢᠰᠤᠨ ᠪᠦᠲᠦᠭᠡᠭ᠌ᠳᠡᠬᠦᠨ


ᠤᠷᠠᠨ ᠨᠠᠷᠢᠯᠢᠭ ᠬᠢᠴᠡ ᠲᠠᠢ ᠤᠷ᠎ᠠ ᠮᠡᠷᠭᠡᠵᠢᠯ

ᠤᠢᠰᠤᠨ ᠪᠦᠲᠦᠭᠡᠭᠳᠡᠭᠦᠨ ᠬᠢᠬᠦ ᠤᠷ᠎ᠠ ᠮᠡᠷᠭᠡᠵᠢᠯ᠎ᠤᠨ ᠶᠠᠪᠤᠴᠠ ᠠᠯᠬᠤᠮ ᠨᠢ ᠨᠠᠷᠢᠨ ᠪᠤᠳᠤᠯᠢᠶᠠᠨᠲᠠᠢ ᠪᠠᠢᠳᠠᠭ᠂ ᠨᠢᠭᠡ ᠪᠦᠲᠦᠭᠡᠭᠳᠡᠭᠦᠨ ᠬᠢᠬᠦ᠎ᠳᠤ ᠬᠡᠷᠴᠢᠵᠦ ᠱᠠᠭᠠᠯᠬᠤ᠂ ᠲᠡᠭ᠌ᠰᠢᠯᠡᠬᠦ᠂ ᠡᠰᠭᠡᠬᠦ᠂ ᠵᠦᠢᠬᠦ᠂ ᠬᠦᠷᠦᠬᠦ᠂ ᠬᠤᠸᠠᠷ ᠭᠠᠷᠭᠠᠬᠤ᠂ ᠬᠦᠪᠡᠭᠡᠯᠡᠬᠦ᠂ ᠬᠡ ᠤᠭᠠᠯᠵᠠ ᠭᠠᠷᠭᠠᠬᠤ ᠵᠡᠷᠭᠡ ᠠᠷᠪᠠᠭᠠᠳ ᠶᠠᠪᠤᠴᠠ ᠵᠢ ᠳᠠᠮᠵᠢᠳᠠᠭ᠃

ᠵᠢᠯ ᠪᠦᠷᠢ᠎ᠶᠢᠨ ᠪᠢᠯᠢᠭ᠎ᠦ᠋ᠨ ᠤᠯᠠᠷᠢᠯ᠎ᠤ᠋ᠨ ᠲᠠᠪᠤ ᠵᠢᠷᠭᠤᠭᠠᠨ ᠰᠠᠷ᠎ᠠ᠎ᠪᠤᠯᠪᠠᠯ᠂ ᠠᠭᠯᠠᠭ ᠠᠭᠤᠯᠠ ᠪᠠᠯᠠᠷ ᠣᠢ᠎ᠳᠤ ᠠᠮᠢᠵᠢᠷᠠᠯ᠎ᠤ᠋ᠨ ᠬᠦᠴᠦᠨ ᠵᠢᠡᠷ ᠪᠢᠯᠬᠠᠨ᠂ ᠬᠤᠰᠤ ᠮᠣᠳᠣ ᠢᠳᠡᠷᠡᠭᠦᠨ ᠤᠷᠭᠤᠵᠤ᠂ ᠤᠢᠰᠤᠨ ᠳᠤᠲᠤᠷ᠎ᠠ ᠠᠭᠤᠯᠤᠭᠳᠠᠬᠤ ᠤᠰᠤ ᠨᠢ ᠭᠦᠢᠴᠡᠳ ᠪᠤᠯᠬᠤᠷ ᠵᠦᠬᠡᠯᠡᠷᠡᠭᠡᠳ᠂ ᠤᠶᠠᠨ ᠬᠠᠳᠠᠨ ᠴᠢᠨᠠᠷ ᠨᠢ ᠬᠠᠮᠤᠭ᠎ᠤᠨ ᠰᠠᠢᠨ ᠪᠠᠢᠵᠤ᠂ ᠪᠦᠲᠦᠨ ᠵᠢᠡᠷ ᠨᠢ ᠱᠠᠭᠠᠯᠵᠤ᠂ ᠤᠷᠠᠯᠠᠵᠤ ᠰᠡᠢᠯᠬᠦ᠎ᠳᠤ ᠠᠮᠠᠷ ᠪᠠᠢᠳᠠᠭ᠃

《ᠬᠤᠰᠤ ᠮᠣᠳᠣᠨ᠎ᠤ ᠠᠮᠢᠵᠢᠷᠠᠯ᠎ᠤᠨ ᠬᠦᠴᠦᠨ ᠨᠢ ᠲᠦᠢᠯ᠎ᠤᠨ ᠴᠢᠩᠭ᠎ᠠ᠂ ᠤᠢᠰᠤ ᠵᠢ ᠱᠠᠭᠠᠯᠵᠤ ᠠᠪᠬᠤ ᠦᠶ᠎ᠡ᠎ᠳᠤ ᠮᠣᠳᠣᠨ᠎ᠤ ᠳᠣᠲᠣᠷᠠᠬᠢ ᠤᠯᠠᠭᠠᠨ ᠬᠠᠯᠢᠰᠤ᠎ᠶ᠋ᠢ ᠰᠢᠷᠬᠠᠲᠤᠭᠤᠯᠬᠤ ᠦᠭᠡᠢ ᠪᠣᠯ ᠮᠣᠳᠣ ᠬᠡᠪ ᠵᠢᠡᠷ ᠵᠢᠡᠨ ᠤᠷᠭᠤᠵᠤ᠂ ᠭᠤᠷᠪᠠ ᠳᠥᠷᠪᠡᠨ ᠵᠢᠯ᠎ᠤᠨ ᠳᠤᠲᠤᠷ᠎ᠠ ᠤᠢᠰᠤ ᠨᠢ ᠤᠤᠯ᠎ᠤᠨ ᠪᠠᠢᠳᠠᠯ ᠵᠢᠡᠨ ᠰᠡᠷᠭᠦᠭᠡᠵᠦ᠍ ᠴᠢᠳᠠᠨ᠎ᠠ》 ᠭᠡᠵᠦ ᠤᠯᠤᠰ᠎ᠤᠨ ᠲᠠᠰ᠎ᠤᠨ ᠪᠣᠳᠠᠰ᠎ᠤᠨ ᠪᠤᠰᠤ ᠰᠣᠶᠣᠯ᠎ᠤᠨ ᠥᠪ᠎ᠤᠨ ᠤᠢᠰᠤᠨ ᠪᠦᠲᠦᠭᠡᠭᠳᠡᠭᠦᠨ ᠬᠢᠬᠦ ᠤᠷ᠎ᠠ ᠮᠡᠷᠭᠡᠵᠢᠯ᠎ᠤᠨ ᠲᠥᠯᠥᠭᠡᠯᠡᠬᠦ᠌ ᠴᠢᠨᠠᠷᠲᠠᠶ ᠤᠯᠠᠮᠵᠢᠯᠠᠭ᠍ᠴᠢ ᠦ᠋ ᠱᠢᠤᠢ ᠱᠧᠩ ᠠᠪᠠ᠎ᠶ᠋ᠢᠨ ᠬᠢᠲᠤᠭ᠎ᠠ ᠪᠠᠷᠢᠭᠠᠳ ᠦᠵᠡᠭᠦᠯᠵᠦ ᠬᠢᠬᠦ ᠳ᠋ᠡᠭᠡᠨ ᠶᠠᠷᠢᠯ᠎ᠠ᠃ ᠭᠡᠬᠦ ᠳ᠋ᠡᠭᠡᠨ ᠠᠶᠠᠷᠬᠠᠨ ᠱᠠᠭᠠᠯᠵᠤ᠂ ᠤᠷᠢᠳ᠎ᠢᠶᠠᠷ ᠳᠡᠭᠡᠷ᠎ᠡ ᠡᠴᠡ ᠲᠤᠷᠤᠭᠰᠢ ᠲᠤᠭᠤᠷᠢᠭᠤᠯᠵᠤ ᠬᠡᠷᠴᠢᠨ᠎ᠡ᠂ ᠳᠠᠷᠠᠭ᠎ᠠ ᠨᠢ ᠬᠡᠷᠴᠢᠬᠦ ᠬᠡᠰᠡᠭ᠎ᠢ ᠪᠤᠰᠤᠭ᠎ᠠ ᠪᠡᠷ ᠬᠦᠩᠬᠡᠨ ᠵᠦᠰᠦᠨ᠎ᠡ᠂ ᠢᠩᠬᠢᠬᠦ ᠨᠢ ᠮᠣᠳᠣ ᠵᠢ ᠰᠢᠷᠬᠠᠲᠤᠭᠤᠯᠬᠤ ᠦᠭᠡᠢ᠂ ᠤᠢᠰᠦ ᠵᠢ ᠪᠦᠷᠢᠨ ᠪᠦᠲᠦᠨ ᠵᠢᠡᠷ ᠨᠢ ᠱᠠᠭᠠᠯᠵᠤ ᠳᠡᠢᠯᠦᠨ᠎ᠡ᠃

ᠰᠠᠶᠢ ᠱᠠᠭᠠᠯᠵᠤ ᠠᠪᠤᠭᠰᠠᠨ ᠤᠢᠰᠤ ᠠᠷᠵᠠᠭᠠᠷ ᠬᠠᠲᠠᠭᠤ᠂ ᠰᠢᠷᠭᠡᠭ ᠨᠢ ᠠᠳᠠᠯᠢ ᠦᠭᠡᠢ ᠪᠦᠭᠡᠳ ᠰᠢᠷᠦᠭᠦᠨ ᠪᠠᠢᠵᠤ ᠰᠢᠭᠤᠳ ᠪᠦᠲᠦᠭᠡᠭᠳᠡᠭᠦᠨ ᠬᠢᠬᠦ ᠵᠢᠨ ᠠᠷᠭ᠎ᠠ ᠦᠭᠡᠢ᠂ ᠵᠠᠪᠠᠯ ᠠᠷᠪᠢᠨ ᠨᠠᠷᠢᠯᠢᠭ ᠠᠵᠢᠯ᠎ᠤᠨ ᠶᠠᠪᠤᠴᠠ ᠪᠡᠷ ᠳᠠᠮᠵᠢᠨ ᠪᠣᠯᠪᠠᠰᠤᠷᠠᠭᠤᠯᠬᠤ ᠴᠢᠬᠤᠯᠠᠲᠠᠢ᠃

ᠡᠦ ᠱᠢᠦᠢ ᠱᠧᠩ ᠤᠷᠢᠳᠠᠪᠠᠷ ᠤᠢᠰᠤᠨ᠎ᠤ ᠳᠣᠲᠣᠷ ᠲᠠᠯ᠎ᠠ᠎ᠶᠢᠨ ᠬᠠᠲᠠᠭᠤ ᠬᠠᠯᠢᠰᠤ᠎ᠶᠢ ᠱᠠᠭᠠᠯᠵᠤ ᠬᠠᠶᠠᠭᠠᠳ᠂ ᠤᠰᠤᠨ᠎ᠳ᠋ᠤ ᠴᠢᠨᠠᠬᠤ᠂ ᠤᠲᠤᠵᠦ ᠵᠢᠩᠨᠡᠬᠦ ᠠᠷᠭ᠎ᠠ ᠪᠡᠷ ᠤᠢᠰᠤ ᠵᠢ ᠵᠥᠭᠡᠯᠡᠷᠡᠭᠦᠯᠦᠨ᠎ᠡ᠂ ᠳᠠᠷᠠᠭ᠎ᠠ᠎ᠳ᠋ᠤᠨᠢ ᠬᠦᠨᠳᠦ ᠶᠠᠭᠤᠮ᠎ᠠ ᠪᠡᠷ ᠳᠠᠷᠤᠵᠤ ᠲᠡᠭᠰᠢᠯᠡᠨ᠂ ᠵᠤᠵᠠᠭᠠᠨ ᠨᠢᠮᠬᠡᠨ᠎ᠢ ᠨᠢ ᠵᠢᠭᠳᠡ ᠪᠤᠯᠭᠠᠨ᠎ᠠ᠃

ᠲᠦᠭᠦᠬᠡᠢ ᠮᠠᠲ᠋ᠧᠷᠢᠶᠠᠯ ᠵᠢᠡᠨ ᠪᠤᠯᠪᠠᠰᠤᠷᠠᠭᠤᠯᠵᠤ ᠳᠠᠭᠤᠰᠤᠭ᠍ᠰᠠᠨ᠎ᠤ᠋ ᠳᠠᠷᠠᠭ᠎ᠠ᠂ ᠵᠦᠢᠵᠦ ᠵᠠᠭ᠍ᠪᠤᠷ᠎ᠪᠦᠲᠦᠭᠡᠬᠦ ᠠᠵᠢᠯ᠎ᠤ᠋ᠨ ᠶᠠᠪᠤᠴᠠ᠎ᠳ᠋ᠤ ᠣᠷᠣᠳᠠᠭ᠃ ᠡᠭᠦᠨ᠎ᠳᠤ ᠨᠢᠭᠡ ᠵᠦᠢᠯ ᠨᠢ ᠠᠷᠢᠶᠠᠲᠠᠨ᠎ᠤ᠋ ᠱᠢᠷᠪᠥᠰᠥ᠍᠂ ᠣᠯᠣᠰᠣᠨ ᠤᠲᠠᠰᠤ᠎ᠪᠠᠷ ᠵᠦᠢᠵᠦ ᠤᠶᠤᠨ᠎ᠡ᠂ ᠡᠨᠡ ᠬᠦ᠌ ᠠᠷᠭ᠎ᠠ ᠵᠢᠨ ᠤᠶᠤᠳᠠᠯ ᠨᠢ ᠨᠢᠭ᠍ᠲᠠ ᠪᠥᠭᠡᠳ ᠪᠦᠬᠡ ᠪᠠᠢᠳᠠᠭ᠃ ᠨᠦᠬᠦᠭᠡ ᠵᠦᠢᠯ ᠨᠢ ᠤᠢᠰᠤᠨ᠎ᠤ ᠬᠦᠪᠡᠭᠡ ᠵᠢ ᠬᠢᠷᠦᠭᠡ ᠰᠢᠭ ᠰᠢᠳᠦ ᠭᠠᠷᠭᠠᠭᠠᠳ ᠵᠠᠭᠤᠯᠭᠠᠵᠤ ᠵᠦᠢᠨ᠎ᠡ᠃ ᠳᠠᠷᠠᠭ᠎ᠠ ᠨᠢ ᠠᠮᠢᠲᠠᠨ᠎ᠤ ᠲᠣᠰᠣ᠎ᠶᠢ ᠲᠦᠷᠬᠢᠭᠡᠳ ᠦᠨᠳᠦᠷ ᠳᠤᠯᠠᠭᠠᠨ᠎ᠳᠤ ᠰᠢᠷᠠᠵᠦ ᠪᠡᠬᠢᠵᠢᠭᠦᠯᠦᠨ᠎ᠡ᠂ ᠭᠡᠭᠦ᠎ᠳᠡᠭᠡᠨ ᠤᠶᠤᠬᠤ ᠴᠢᠬᠤᠯᠠ ᠦᠭᠡᠢ᠃

ᠬᠡ ᠤᠭᠠᠯᠵᠠ ᠰᠠᠢᠯᠬᠦ ᠨᠢ ᠪᠣᠷᠣᠭ᠍ᠵᠢᠭᠤᠨ ᠤᠢᠰᠤᠨ ᠪᠦᠲᠦᠭᠡᠭᠳᠡᠭᠦᠨ᠎ᠢ ᠠᠮᠢᠳᠤᠯᠢᠬ ᠪᠤᠯᠭᠠᠳᠠᠭ᠃ ᠵᠣᠬᠢᠶᠠᠨ ᠪᠦᠲᠦᠭᠡᠬᠦ᠌ ᠦᠶ᠎ᠡ᠎ᠳᠤ ᠦ᠋ ᠱᠢᠦᠢ ᠱᠧᠩ ᠤᠷ᠎ᠠ ᠮᠡᠷᠭᠡᠵᠢᠯ ᠵᠢᠡᠨ ᠠᠮᠢᠳᠤᠯᠢᠭ ᠬᠤᠪᠢᠷᠠᠭᠤᠯᠵᠤ᠂ ᠳᠠᠷᠤᠵᠤ ᠡᠰᠭᠡᠬᠦ᠂ ᠱᠠᠭᠠᠯᠵᠤ ᠰᠡᠢᠯᠬᠦ ᠵᠡᠷᠭᠡ ᠣᠯᠠᠨ ᠵᠦᠢᠯ᠎ᠤᠨ ᠠᠷᠭ᠎ᠠ ᠮᠡᠷᠭᠡᠵᠢᠯ᠎ᠢ᠎ᠬᠡᠷᠡᠭ᠌ᠯᠡᠨ᠂ ᠠᠮᠢᠳᠤ ᠳᠦᠷᠰᠦᠯᠢᠭ ᠴᠠ ᠪᠤᠭᠤ᠂ ᠪᠤᠷᠤᠭᠵᠢᠭᠤᠨ ᠰᠢᠯᠤᠭᠤᠨ ᠵᠠᠩ ᠦᠢᠯᠡ᠎ᠶ᠋ᠢᠨ ᠬᠡ ᠵᠠᠰᠠᠯ ᠵᠡᠷᠭᠡ᠎ᠵᠢ ᠡᠮᠬᠢ ᠳᠠᠷᠠᠭ᠎ᠠ ᠲᠠᠢ ᠤᠷᠠᠯᠠᠨ ᠭᠠᠷᠭᠠᠵᠤ᠂ ᠬᠤᠰᠤ ᠮᠤᠳᠤᠨ᠎ᠤ ᠰᠢᠷᠭᠡᠭ ᠪᠤᠯᠤᠨ ᠨᠠᠷᠢᠯᠢᠭ ᠬᠢᠴᠡ᠎ᠲᠠᠢ ᠰᠡᠢᠯᠪᠤᠷᠢ ᠴᠢᠮᠡᠭᠯᠡᠯ ᠢ᠋ ᠭᠤᠶᠤ ᠠᠭᠤᠰᠬᠠᠪᠠ᠃

ᠡᠦ ᠱᠢᠦᠢ ᠱᠧᠩ ᠬᠡᠳᠦᠨ ᠠᠷᠪᠠᠨ ᠵᠢᠯ᠎ᠢ ᠨᠢᠭᠡ ᠡᠳᠦᠷ ᠮᠡᠲᠦ ᠴᠢᠷᠮᠡᠢᠵᠦ ᠵᠢᠳᠭᠦᠭᠡᠳ ᠰᠠᠶᠢ ᠦᠨᠦᠳᠦᠷ᠎ᠤᠨ ᠤᠷᠠᠨ ᠨᠠᠷᠢᠯᠢᠬ ᠮᠡᠷᠭᠡᠵᠢᠯ᠎ᠲᠠᠢ ᠪᠤᠯᠵᠠᠢ᠃ ᠲᠡᠷᠡ ᠤᠯᠭᠤᠶᠠ ᠵᠢᠨ ᠠᠩᠴᠢᠨ᠎ᠠᠢᠯ᠎ᠳᠤ ᠵᠠᠶᠠᠭᠠᠵᠤ᠂ ᠪᠠᠭ᠎ᠠ ᠡᠴᠡ ᠪᠠᠨ ᠠᠭᠯᠠᠭ ᠠᠭᠤᠯᠠ ᠪᠠᠯᠠᠷ ᠤᠢ ᠵᠢᠨ ᠵᠠᠩ ᠦᠢᠯᠡ ᠪᠠ ᠤᠯᠠᠮᠵᠢᠯᠠᠯᠲᠤ ᠭᠠᠷ ᠤᠷᠠᠯᠠᠯ᠎ᠤᠨ ᠨᠦᠯᠦᠭᠡ ᠵᠢ ᠬᠦᠷᠲᠡᠭᠡᠳ᠂ ᠤᠢᠰᠤᠨ ᠪᠦᠲᠦᠭᠡᠭᠳᠡᠭᠦᠨ ᠬᠢᠬᠦ ᠤᠷ᠎ᠠ ᠮᠡᠷᠭᠡᠵᠢᠯ᠎ᠲᠡᠢ ᠰᠠᠯᠤᠰᠢ ᠦᠭᠡᠢ ᠬᠤᠪᠢ ᠪᠠᠷᠢᠯᠳᠤᠯᠭ᠎ᠠ ᠲᠠᠢ ᠪᠣᠯᠪᠠ᠃ ᠲᠡᠷᠡ 10 ᠨᠠᠰᠤᠲᠠᠶ ᠵᠢᠯ᠎ᠳᠡᠭᠡᠨ ᠤᠭᠰᠠᠭᠠᠨ᠎ᠤ ᠪᠠᠨ ᠠᠬᠠᠮᠠᠳ ᠡᠴᠡ ᠤᠷ᠎ᠠ ᠮᠡᠷᠭᠡᠵᠢᠯ ᠰᠤᠷᠴᠤ᠌᠂ ᠤᠢᠰᠤ ᠱᠠᠭᠠᠯᠬᠤ᠂ ᠮᠠᠲ᠋ᠧᠷᠢᠶᠠᠯ ᠠᠪᠬᠤ᠂ ᠲᠡᠭ᠌ᠰᠢᠯᠡᠬᠦ᠌ ᠵᠡᠷᠭᠡ ᠰᠠᠭᠤᠷᠢ ᠮᠡᠷᠭᠡᠵᠢᠯ᠎ᠠᠴᠠ᠎ᠵᠦᠢᠬᠦ᠂ ᠬᠦᠪᠡᠭᠡ ᠭᠠᠷᠭᠠᠬᠤ᠂ ᠤᠷᠠᠯᠠᠵᠤ ᠰᠡᠢᠯᠬᠦ᠌ ᠨᠠᠷᠢᠯᠢᠭ ᠮᠡᠷᠭᠡᠵᠢᠯ ᠬᠦᠷᠲᠡᠯ᠎ᠡ᠂ ᠨᠢᠭᠡ ᠨᠢᠭᠡ ᠠᠯᠬᠤᠮ᠎ᠢᠶᠠᠷ ᠤᠷ᠎ᠠ ᠮᠡᠷᠭᠡᠵᠢᠯ᠎ᠤᠨ ᠰᠠᠭᠤᠷᠢ᠎ᠪᠠᠨ ᠪᠠᠲᠤᠳᠭᠠᠵᠠᠢ᠃ ᠡᠳᠦᠭᠡ ᠦ᠋ ᠱᠢᠤᠢ ᠱᠧᠩ ᠤᠢᠰᠤᠨ ᠪᠦᠲᠦᠭᠡᠭᠳᠡᠭᠦᠨ ᠬᠢᠬᠦ ᠪᠦᠬᠦ᠌ ᠶᠠᠪᠤᠴᠠ᠎ᠶ᠋ᠢᠨ ᠤᠷ᠎ᠠ ᠮᠡᠷᠭᠡᠵᠢᠯ᠎ᠳᠤ ᠨᠡᠪᠲᠡᠷᠡᠵᠦ᠍᠂ ᠵᠠᠭᠤ ᠭᠠᠷᠤᠢ ᠵᠦᠢᠯ᠎ᠤᠨ ᠤᠯᠠᠮᠵᠢᠯᠠᠯᠲᠤ ᠠᠷᠠᠳ᠎ᠤᠨ ᠵᠠᠩ ᠦᠢᠯᠡ᠎ᠶ᠋ᠢᠨ ᠡᠳ᠋ᠯᠡᠯ ᠬᠡᠷᠡᠭ᠌ᠰᠡᠯ᠎ᠢ ᠪᠡᠶ᠎ᠡ᠎ᠪᠠᠨ ᠳᠠᠭᠠᠭᠠᠨ ᠬᠢᠬᠦ ᠴᠢᠳᠠᠬᠤ ᠪᠤᠯᠤᠭᠰᠠᠨ ᠪᠠᠢᠨ᠎ᠠ᠃

ᠡᠨᠡ ᠬᠦ᠌ ᠡᠷᠲᠡᠨ᠎ᠤ ᠪᠣᠳᠠᠰ᠎ᠤᠨ ᠪᠤᠰᠤ ᠰᠣᠶᠣᠯ᠎ᠤᠨ ᠥᠪ᠎ᠢ ᠡᠭᠦᠷᠢᠳᠡ ᠤᠯᠠᠮᠵᠢᠯᠠᠬᠤ ᠶ᠋ᠢᠨ ᠲᠥᠯᠥᠭᠡ᠂ ᠲᠡᠷᠡ ᠰᠠᠨᠠᠭᠠᠴᠢᠯᠠᠭ᠎ᠠ᠎ᠠᠴᠠ᠎ᠪᠠᠨ ᠪᠣᠳᠠᠰ᠎ᠤᠨ ᠪᠤᠰᠤ ᠰᠣᠶᠣᠯ᠎ᠤᠨ ᠥᠪ᠎ᠤᠨ ᠤᠯᠠᠮᠵᠢᠯᠠᠵᠤ ᠰᠤᠷᠤᠯᠴᠠᠬᠤ ᠭᠠᠵᠠᠷ ᠭᠠᠷᠭᠠᠵᠤ᠂ ᠰᠦᠢᠳᠭᠡᠯ ᠬᠤᠷᠢᠶᠠᠬᠤ ᠦᠭᠡᠢ᠎ᠪᠡᠷ ᠱᠠᠪᠢ ᠡᠯᠰᠡᠵᠦ᠍ ᠂ ᠰᠣᠷᠣᠭ᠍ᠰᠠᠨ ᠡᠷᠳᠡᠮ᠎ᠢᠶᠠᠨ ᠥᠴᠦᠬᠡᠨ ᠴᠦ᠍ ᠬᠠᠷᠠᠮᠨᠠᠯ ᠦᠭᠡᠢ ᠵᠢᠭᠠᠪᠠ᠃

ᠮᠢᠩᠭᠠᠨ ᠵᠢᠯ ᠤᠯᠠᠮᠵᠢᠯᠠᠭᠳᠠᠵᠤ ᠰᠢᠨᠡᠴᠢᠯᠡᠭᠳᠡᠭᠰᠡᠨ ᠤᠢᠰᠤᠨ ᠪᠦᠲᠦᠭᠡᠭᠳᠡᠭᠦᠨ ᠬᠢᠬᠦ ᠤᠷ᠎ᠠ ᠮᠡᠷᠭᠡᠵᠢᠯ ᠨᠢᠭᠡᠨᠲᠡ ᠲᠦᠷᠦᠯ ᠵᠦᠢᠯ ᠪᠦᠷᠢᠨ᠂ ᠨᠡᠭᠦᠳᠡᠯ ᠠᠩᠨᠠᠯ᠎ᠤᠨ ᠠᠮᠢᠳᠤᠷᠠᠯ᠎ᠳᠤ ᠲᠣᠬᠢᠷᠠᠬᠤ ᠠᠮᠢᠳᠤᠷᠠᠯ᠎ᠤᠨ ᠡᠳ᠋ᠯᠡᠯ ᠬᠡᠷᠡᠭ᠌ᠰᠡᠯ᠎ᠤᠨ ᠱᠢᠰᠲ᠋ᠧᠮ᠎ᠢ ᠪᠦᠷᠢᠯᠳᠦᠭᠦᠯᠵᠦ᠍᠂ ᠪᠦᠬᠦ ᠲᠠᠯ᠎ᠠ ᠪᠡᠷ ᠤᠯᠭᠤᠶᠠ ᠵᠢᠨ ᠡᠸᠡᠩᠬᠢᠴᠤᠳ᠎ᠤᠨ ᠢᠳᠡᠵᠦ᠍ ᠡᠮᠦᠰᠭᠦ ᠶᠠᠪᠤᠵᠤ ᠰᠠᠭᠤᠬᠤ᠂ ᠵᠠᠩ ᠦᠢᠯᠡ᠎ᠶ᠋ᠢᠨ ᠲᠠᠬᠢᠯᠭ᠎ᠠ ᠬᠢᠬᠦ᠂ ᠠᠪᠠᠯᠠᠵᠤ ᠦᠢᠯᠡᠳᠪᠦᠷᠢᠯᠡᠬᠦ᠌ ᠪᠠ ᠵᠠᠮ ᠬᠠᠷᠢᠯᠴᠠᠭ᠎ᠠ ᠲᠡᠭᠡᠭᠡᠪᠦᠷᠢ᠎ᠳᠤ ᠠᠭᠤᠰᠤᠭᠰᠠᠨ ᠪᠠᠢᠨ᠎ᠠ᠃


QQ截图20260729105850.png


ᠸᠠᠩ ᠶᠤᠸᠠᠢ ᠬᠤᠢ ᠤᠢᠰᠤᠨ ᠬᠠᠢᠷᠴᠠᠭ᠎ᠤᠨ ᠳᠣᠲᠣᠷ᠎ᠢ ᠬᠢᠵᠦ ᠪᠤᠢ


ᠰᠢᠨ᠎ᠡ ᠠᠮᠢᠵᠢᠷᠠᠯ᠎ᠤᠨ ᠬᠦᠴᠦᠨ᠎ᠢᠶᠠᠨ ᠪᠠᠳᠠᠷᠠᠭᠤᠯᠬᠤ ᠤᠷ᠎ᠠ ᠮᠡᠷᠭᠡᠵᠢᠯ

ᠤᠢᠰᠤᠨ ᠪᠦᠲᠦᠭᠡᠭᠳᠡᠭᠦᠨ᠎ᠤ ᠰᠣᠶᠣᠯ᠎ᠤᠨ ᠮᠦᠽᠧᠶ᠎ᠳᠤ ᠬᠦᠷᠬᠦ᠌᠎ᠳᠤ᠂ ᠮᠦᠽᠧᠶ᠎ᠳᠤ ᠭᠤᠷᠪᠠᠨ ᠵᠠᠭᠤ ᠭᠠᠷᠤᠶ ᠲᠡᠦᠬᠡ᠎ᠶ᠋ᠢᠨ ᠳᠤᠷᠠᠰᠭᠠᠯᠲᠤ ᠵᠦᠢᠯᠡᠰ᠂ ᠤᠯᠠᠮᠵᠢᠯᠠᠯᠲᠤ ᠠᠷᠠᠳ᠎ᠤᠨ ᠵᠠᠩ ᠦᠢᠯᠡ᠎ᠶ᠋ᠢᠨ ᠪᠠᠭᠠᠵᠢ ᠬᠡᠷᠡᠭ᠌ᠰᠡᠯ ᠪᠣᠯᠤᠨ ᠰᠣᠶᠣᠯ᠎ᠤᠨ ᠪᠦᠲᠦᠭᠡᠯᠴᠢ ᠦᠢᠯᠡᠳᠭᠦᠨ ᠪᠠᠢᠵᠤ᠂ ᠡᠸᠡᠩᠬᠢ᠂ ᠣᠷᠴᠣᠨ᠂ ᠳᠠᠭᠤᠷ ᠵᠡᠷᠭᠡ ᠦᠨᠳᠦᠰᠦᠲᠡᠨ᠎ᠤ ᠤᠢᠰᠤᠨ ᠪᠦᠲᠦᠭᠡᠭᠳᠡᠭᠦᠨ ᠬᠢᠬᠦ ᠤᠷ᠎ᠠ ᠮᠡᠷᠭᠡᠵᠢᠯ᠎ᠤᠨ ᠬᠤᠪᠢᠷᠠᠯᠲᠠ᠎ᠶ᠋ᠢᠨ ᠤᠯᠠ ᠮᠥᠷ᠎ᠢ ᠲᠣᠳᠣᠷᠬᠠᠢ ᠳᠡᠯᠭᠡᠨ ᠦᠵᠡᠭᠦᠯᠵᠦ᠍᠂ ᠦᠵᠡᠭ᠌ᠴᠢᠳ ᠭᠠᠢᠬᠠᠰᠢ ᠠᠯᠳᠠᠬᠤ ᠦᠭᠡᠢ ᠪᠠᠢᠬᠤ ᠵᠢᠨ ᠠᠷᠭ᠎ᠠ ᠦᠭᠡᠢ᠃ ᠮᠦᠽᠧᠢ᠎ᠶ᠋ᠢ ᠪᠠᠢᠭᠤᠯᠤᠭ᠍ᠴᠢ ᠢᠤᠢ ᠯᠢ ᠵᠢᠨ ᠲᠠᠨᠢᠯᠴᠠᠭᠤᠯᠬᠤ ᠪᠡᠷ᠂ ᠡᠳᠡᠭᠡᠷ ᠦᠵᠡᠮᠦᠷᠢ ᠵᠢᠨ ᠪᠦᠲᠦᠭᠡᠭᠳᠡᠭᠦᠨ᠎ᠢ ᠲᠡᠷᠡ ᠭᠤᠴᠢ ᠭᠠᠷᠤᠢ ᠵᠢᠯ᠎ᠤᠨ ᠬᠤᠭᠤᠴᠠᠭᠠᠨ᠎ᠳᠤ ᠡᠯ᠎ᠡ ᠭᠠᠵᠠᠷ᠎ᠡᠴᠡ ᠴᠤᠭᠯᠠᠭᠤᠯᠤᠭᠰᠠᠨ ᠭᠡᠨ᠎ᠡ᠃

ᠲᠥᠪ ᠶᠣᠰᠣ᠎ᠶ᠋ᠢ ᠪᠠᠷᠢᠮᠳᠠᠯᠠᠭᠠᠳ ᠱᠢᠨ᠎ᠡ᠎ᠶ᠋ᠢ ᠡᠭᠦᠳᠪᠡᠯ ᠰᠠᠶᠢ ᠠᠯᠤᠰ ᠬᠤᠯᠠ ᠤᠯᠠᠮᠵᠢᠯᠠᠭᠳᠠᠵᠤ ᠳᠡᠢᠯᠦᠨ᠎ᠡ᠃ ᠤᠢᠰᠤᠨ ᠪᠦᠲᠦᠭᠡᠭᠳᠡᠭᠦᠨ ᠬᠢᠬᠦ ᠤᠷ᠎ᠠ ᠮᠡᠷᠭᠡᠵᠢᠯ᠎ᠢ ᠠᠭᠯᠠᠭ ᠠᠭᠤᠯᠠ ᠪᠠᠯᠠᠷ ᠣᠶ ᠡᠴᠠ ᠭᠠᠷᠭᠠᠵᠤ᠂ ᠣᠯᠠᠨ ᠲᠦᠮᠡᠨ᠎ᠲᠠᠢ ᠣᠢᠷᠠᠲᠤᠭᠤᠯᠬᠤ᠎ᠶ᠋ᠢᠨ ᠲᠥᠯᠥᠭᠡ᠂ ᠡᠯ᠎ᠡ ᠳᠡᠰ᠎ᠤᠨ ᠪᠣᠳᠠᠰ᠎ᠤᠨ ᠪᠤᠰᠤ ᠰᠣᠶᠣᠯ᠎ᠤᠨ ᠥᠪ᠎ᠤᠨ ᠲᠥᠯᠥᠭᠡᠯᠡᠬᠦ᠌ ᠴᠢᠨᠠᠷᠲᠠᠶ ᠤᠯᠠᠮᠵᠢᠯᠠᠭ᠍ᠴᠢᠳ ᠤᠢᠰᠤᠨ ᠵᠢᠷᠤᠭ᠂ ᠬᠦᠯᠳᠡᠭᠡᠭᠦᠷ᠎ᠤᠨ ᠨᠠᠭᠠᠯᠲᠠ ᠵᠢᠷᠤᠭ᠂ ᠣᠨᠴᠠᠯᠢᠭ᠍ᠲᠤ ᠰᠣᠶᠣᠯ᠎ᠤᠨ ᠪᠦᠲᠦᠭᠡᠯᠴᠢ ᠦᠢᠯᠡᠳᠭᠦᠨ ᠵᠡᠷᠭᠡ ᠤᠷᠤᠰᠬᠠᠯ ᠳᠠᠭᠠᠭᠰᠠᠨ ᠪᠦᠲᠦᠭᠡᠭᠳᠡᠭᠦᠨ᠎ᠢ ᠤᠷᠠᠯᠠᠨ ᠪᠦᠲᠦᠭᠡᠵᠦ᠂ ᠤᠯᠠᠮᠵᠢᠯᠠᠯᠲᠤ ᠭᠠᠷ ᠤᠷᠠᠯᠠᠯ᠎ᠢ ᠣᠳᠣ ᠦᠶ᠎ᠡ᠎ᠶ᠋ᠢᠨ ᠭᠤᠸ᠎ᠠ ᠲᠠᠭᠠᠱᠢᠶᠠᠯ ᠪᠠ ᠠᠮᠢᠳᠤᠷᠠᠯ ᠠᠬᠤᠢ᠎ᠳᠤ ᠨᠠᠩ ᠰᠠᠢᠲᠤᠷ ᠵᠤᠬᠢᠴᠠᠭᠤᠯᠵᠤ ᠪᠠᠢᠨ᠎ᠠ᠃

ᠡᠭᠦᠨ᠎ᠤ ᠬᠠᠮᠲᠤ᠌᠂ ᠴᠥᠭᠡᠨ ᠪᠤᠰᠤ ᠪᠣᠳᠠᠰ᠎ᠤᠨ ᠪᠤᠰᠤ ᠰᠣᠶᠣᠯ᠎ᠤᠨ ᠥᠪ᠎ᠤᠨ ᠲᠥᠯᠥᠭᠡᠯᠡᠬᠦ᠌ ᠴᠢᠨᠠᠷᠲᠠᠶ ᠤᠯᠠᠮᠵᠢᠯᠠᠭ᠍ᠴᠢ ᠱᠢᠨ᠎ᠡ ᠵᠠᠭᠤᠴᠢᠯᠠᠭᠤᠷ᠎ᠢ ᠠᠱᠢᠭ᠍ᠯᠠᠨ᠂ ᠣᠬᠤᠷ ᠸᠢᠳᠢᠤ᠋᠂ ᠱᠢᠭᠤᠳ ᠨᠡᠪᠲᠡᠷᠡᠭᠦᠯᠭᠡ ᠪᠡᠷ ᠵᠢᠭᠠᠬᠤ ᠬᠡᠯᠪᠡᠷᠢ ᠪᠡᠷ ᠳᠠᠮᠵᠢᠭᠤᠯᠤᠨ᠂ ᠤᠢᠰᠤᠨ ᠪᠦᠲᠦᠭᠡᠭᠳᠡᠭᠦᠨ ᠬᠢᠬᠦ ᠤᠷ᠎ᠠ ᠮᠡᠷᠭᠡᠵᠢᠯ᠎ᠢ ᠲᠦᠭᠡᠮᠡᠯᠵᠢᠭᠦᠯᠵᠤ ᠪᠠᠢᠨ᠎ᠠ᠃

ᠥᠩᠭᠡᠷᠡᠭ᠌ᠰᠡᠨ᠎ᠳᠤ ᠠᠮᠢᠳᠤᠷᠠᠯ᠎ᠤᠨ ᠲᠦᠰᠢᠭ ᠪᠤᠯᠵᠤ ᠪᠠᠢᠭ᠍ᠰᠠᠨ ᠠᠭᠯᠠᠭ ᠠᠭᠤᠯᠠ ᠪᠠᠯᠠᠷ ᠤᠢ᠎ᠶ᠋ᠢᠨ ᠭᠦᠨ ᠳ᠋ᠡᠬᠢ ᠤᠷ᠎ᠠ ᠮᠡᠷᠭᠡᠵᠢᠯ ᠤᠳᠤ ᠬᠥᠳᠡᠭᠡ ᠲᠣᠰᠭᠤᠨ᠎ᠤ ᠬᠥᠭ᠌ᠵᠢᠯᠲᠡ᠎ᠳᠤ ᠬᠦᠴᠦᠨ ᠨᠡᠮᠡᠷᠢᠯᠡᠬᠦ᠌ ᠤᠨᠴᠠᠯᠢᠬ᠍ᠳᠤ ᠠᠷᠠᠳ᠎ᠢ ᠪᠠᠶᠠᠵᠢᠭᠤᠯᠬᠤ ᠠᠵᠤ ᠦᠢᠯᠡᠰ ᠪᠤᠯᠪᠠ᠃ ᠬᠤᠲᠠ᠎ᠶ᠋ᠢᠨ ᠳᠡᠰ᠎ᠤᠨ ᠪᠣᠳᠠᠰ᠎ᠤᠨ ᠪᠤᠰᠤ ᠰᠣᠶᠣᠯ᠎ᠤᠨ ᠥᠪ᠎ᠤᠨ ᠤᠢᠰᠤᠨ ᠪᠦᠲᠦᠭᠡᠭᠳᠡᠭᠦᠨ ᠬᠢᠬᠦ ᠤᠷ᠎ᠠ ᠮᠡᠷᠭᠡᠵᠢᠯ᠎ᠤᠨ ᠲᠥᠯᠥᠭᠡᠯᠡᠬᠦ᠌ ᠴᠢᠨᠠᠷᠲᠠᠶ ᠤᠯᠠᠮᠵᠢᠯᠠᠭᠴᠢ ᠸᠠᠩ ᠶᠤᠸᠠᠢ ᠬᠤᠶ ᠮᠡᠷᠭᠡᠵᠢᠯ᠎ᠴᠢᠳᠠᠪᠤᠷᠢ ᠵᠢᠨ ᠪᠠᠭ᠍ᠰᠢᠲᠠᠨ᠎ᠤ ᠠᠵᠢᠯᠯᠠᠬᠤ ᠲᠠᠰᠤᠭ᠎ᠲᠤ ᠲᠦᠱᠢᠭ᠌ᠯᠡᠨ᠂ ᠲᠤᠬᠠᠶ᠎ᠶ᠋ᠢᠨ ᠭᠠᠵᠠᠷ᠎ᠤᠨ ᠬᠥᠮᠦᠨ᠎ᠤ ᠬᠦᠴᠦᠨ᠎ᠤ ᠡᠬᠢ ᠪᠠᠶᠠᠯᠢᠭ ᠪᠠ ᠨᠡᠢᠭᠡᠮ᠎ᠤᠨ ᠪᠠᠲᠤᠯᠠᠭ᠎ᠠ᠎ᠶ᠋ᠢᠨ ᠰᠠᠯᠠᠭ᠎ᠠ ᠮᠥᠴᠢᠷ᠎ᠲᠠᠢ ᠬᠤᠯᠪᠣᠭᠠᠯᠠᠭᠠᠳ᠂ ᠤᠢᠰᠤᠨ ᠪᠦᠲᠦᠭᠡᠭᠳᠡᠭᠦᠨ ᠬᠢᠬᠦ ᠤᠷ᠎ᠠ ᠮᠡᠷᠭᠡᠵᠢᠯ᠎ᠤᠨ ᠪᠣᠯᠪᠠᠰᠤᠷᠠᠯ᠎ᠢ ᠪᠠᠢᠩᠭᠤ ᠡᠷᠭᠢᠯᠡᠵᠦ᠍᠂ ᠲᠤᠬᠠᠶ᠎ᠶ᠋ᠢᠨ ᠭᠠᠵᠠᠷ᠎ᠤᠨ ᠣᠯᠠᠨ ᠲᠦᠮᠡᠨ᠎ᠤ ᠠᠵᠢᠯ ᠣᠯᠵᠤ ᠣᠷᠣᠯᠭ᠎ᠠ᠎ᠪᠠᠨ ᠨᠡᠮᠡᠭ᠌ᠳᠡᠭᠦᠯᠬᠦ᠌᠎ᠶ᠋ᠢ ᠳᠠᠢᠴᠢᠯᠠᠭᠰᠡᠨ ᠪᠠᠢᠨ᠎ᠠ᠃

ᠤᠢᠰᠤᠨ ᠪᠦᠲᠦᠭᠡᠭᠳᠡᠭᠦᠨ ᠬᠢᠬᠦ ᠤᠷ᠎ᠠ ᠮᠡᠷᠭᠡᠵᠢᠯ ᠨᠠᠩ ᠴᠤ᠌ ᠭᠡᠭᠡᠨ ᠭᠤᠤᠯ ᠬᠤᠲᠠ᠎ᠶ᠋ᠢᠨ ᠰᠣᠶᠣᠯ ᠵᠢᠭᠤᠯᠴᠢᠯᠠᠯ᠎ᠤᠨ ᠨᠡᠷ᠎ᠡ᠎ᠶ᠋ᠢᠨ ᠬᠠᠭᠤᠳᠠᠰᠤ ᠪᠣᠯᠵᠠᠢ᠃ ᠲᠤᠬᠠᠶ᠎ᠶ᠋ᠢᠨ ᠭᠠᠵᠠᠷ ᠪᠣᠳᠠᠰ᠎ᠤᠨ ᠪᠤᠰᠤ ᠰᠣᠶᠣᠯ᠎ᠤᠨ ᠥᠪ᠎ᠢ ᠬᠠᠮᠠᠭᠠᠯᠠᠵᠤ ᠤᠯᠠᠮᠵᠢᠯᠠᠬᠤ ᠠᠵᠢᠯ᠎ᠢ ᠳᠡᠭᠡᠳᠦ ᠬᠡᠮᠵᠢᠶ᠎ᠡ᠎ᠪᠠᠷ ᠴᠢᠬᠤᠯᠠᠴᠢᠯᠠᠵᠤ᠂ ᠡᠯ᠎ᠡ ᠲᠥᠷᠥᠯ᠎ᠤᠨ ᠤᠯᠠᠮᠵᠢᠯᠠᠯᠲᠤ ᠤᠢᠰᠤᠨ ᠡᠳ᠋ᠯᠡᠯ ᠬᠡᠷᠡᠭᠰᠡᠯ᠎ᠢ ᠱᠢᠰᠲ᠋ᠧᠮ᠎ᠲᠠᠢ᠎ᠡᠮᠬᠢᠯᠡᠨ ᠳᠢᠭ᠌ᠯᠡᠭᠡᠳ᠂ ᠡᠷᠲᠡᠨ᠎ᠤ ᠤᠯᠠᠮᠵᠢᠯᠠᠯᠲᠤ ᠬᠢᠬᠦ ᠶᠠᠪᠤᠴᠠ ᠵᠢ ᠪᠦᠷᠢᠨ ᠪᠦᠲᠦᠨ ᠳᠠᠩᠰᠠᠯᠠᠵᠤ ᠬᠠᠳᠠᠭᠠᠯᠠᠪᠠ᠃ ᠪᠠᠰᠠ ᠲᠤᠰᠬᠠᠢ ᠳᠡᠳᠬᠦᠨ ᠳᠡᠮᠵᠢᠬᠦ ᠲᠦᠷᠦ ᠵᠢᠨ ᠪᠤᠳᠤᠯᠭ᠎ᠠ ᠪᠡᠷ ᠳᠠᠮᠵᠢᠨ᠂ ᠠᠷᠠᠳ᠎ᠤᠨ ᠤᠷᠠᠯᠢᠭ᠍ᠴᠢᠳ ᠬᠢᠭᠡᠳ ᠪᠣᠳᠠᠰ᠎ᠤᠨ ᠪᠤᠰᠤ ᠰᠣᠶᠣᠯ᠎ᠤᠨ ᠥᠪ᠎ᠤᠨ ᠲᠥᠯᠥᠭᠡᠯᠡᠬᠦ᠌ ᠴᠢᠨᠠᠷᠲᠠᠶ ᠤᠯᠠᠮᠵᠢᠯᠠᠭ᠍ᠴᠢ᠎ᠳᠤ ᠬᠦᠴᠦ ᠨᠡᠮᠡᠷᠢᠯᠡᠵᠡᠢ᠃ ᠡᠭᠦᠨ ᠡᠴᠡ ᠭᠠᠳᠠᠨ᠎ᠠ ᠤᠢᠰᠤᠨ ᠰᠤᠶᠤᠯ᠎ᠤᠨ ᠤᠬᠠᠭᠤᠯᠭ᠎ᠠ ᠵᠢ ᠪᠠᠢᠩᠭᠤ ᠦᠷᠨᠢᠭᠦᠯᠵᠦ᠂ ᠬᠦᠮᠦᠰ ᠲᠦ᠍ ᠤᠢᠯᠠᠭᠠᠭᠤᠯᠵᠤ ᠮᠡᠳᠡᠭᠦᠯᠪᠡ᠃ ᠤᠢᠰᠤ ᠵᠢ ᠱᠠᠭᠠᠯᠵᠤ ᠬᠡᠷᠡᠭᠯᠡᠬᠦ ᠪᠠᠷᠢᠮᠵᠢᠶ᠎ᠠ ᠵᠢ ᠴᠢᠩᠭ᠎ᠠ ᠵᠢᠷᠤᠮᠵᠢᠭᠤᠯᠤᠨ᠂ ᠠᠮᠢ ᠠᠬᠤᠢ ᠵᠢᠨ ᠬᠤᠷᠢᠭ᠎ᠠ ᠱᠤᠭᠤᠮ᠎ᠢ ᠪᠠᠲᠤ ᠰᠠᠬᠢᠵᠦ᠂ ᠡᠬᠢ ᠪᠠᠶᠠᠯᠢᠬ᠎ᠢ ᠪᠦᠷᠢᠯᠭᠡᠵᠦ ᠰᠦᠢᠳᠭᠡᠬᠦ ᠵᠢ ᠡᠷᠡᠰ ᠬᠤᠷᠢᠭᠯᠠᠭᠰᠨᠨ ᠪᠠᠢᠨ᠎ᠠ᠃

ᠶᠡᠭᠡ ᠬᠢᠩᠭᠠᠨ ᠳᠠᠪᠠᠭᠠᠨ᠎ᠤ ᠰᠢᠮᠡᠯᠢᠭ ᠬᠦᠷᠦᠰᠦᠨ᠎ᠳᠤ ᠦᠨᠳᠦᠰᠦᠯᠡᠭ᠌ᠰᠡᠨ ᠤᠢᠰᠤᠨ ᠪᠦᠲᠦᠭᠡᠭᠳᠡᠭᠦᠨ ᠬᠢᠬᠦ᠌ ᠤᠷ᠎ᠠ ᠮᠡᠷᠭᠡᠵᠢᠯ ᠤᠯᠠᠮᠵᠢᠯᠠᠯ᠎ᠢᠶᠠᠨ ᠪᠠᠲᠤ ᠰᠠᠬᠢᠵᠤ᠂ ᠱᠢᠨ᠎ᠡ᠎ᠶ᠋ᠢ ᠡᠭᠦᠳᠬᠦ᠌ ᠱᠢᠪᠲᠤᠯᠤᠯᠲᠠ᠎ᠶ᠋ᠢᠨ ᠳᠤᠮᠳᠠ ᠭᠡᠷᠡᠯ ᠭᠢᠯᠪᠠᠭ᠎ᠠ᠎ᠪᠠᠨ ᠰᠠᠴᠤᠷᠠᠭᠤᠯᠤᠨ᠎ᠠ᠃

(ᠵᠢᠷᠤᠭ᠎ᠢ ᠭᠡᠭᠡᠨ ᠭᠤᠤᠯ ᠬᠤᠲᠠ᠎ᠶᠢᠨ ᠰᠤᠶᠤᠯ᠎ᠤᠨ ᠤᠷᠲᠤᠨ᠎ᠬᠠᠩᠭᠠᠪᠠ)

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠬᠦᠰᠡᠯᠡᠩ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面