ᠲᠡᠷᠢᠭᠦᠨ ᠨᠢᠭᠤᠷ>ᠳᠤᠮᠳᠠᠲᠣ᠎ᠶ᠋ᠢᠨ ᠰᠣᠶᠣᠯ>ᠮᠡᠳᠡᠭᠡᠯᠡᠯ

2026-10-16 16:53:23

ᠵᠣᠬᠢᠶᠠᠭ᠍ᠴᠢ᠄ ᠵᠢᠢ ᠴᠢᠩ ᠯᠢᠩ ᠣᠩᠱᠢᠭ᠍ᠰᠠᠨ ᠣᠳᠠᠭ᠎ᠠ᠄ 3

ᠲᠤᠮᠳᠠᠳᠤ ᠵᠢᠨ ᠰᠤᠶᠤᠯ᠎ᠢ ᠵᠠᠯᠭᠠᠮᠵᠢᠯᠠᠬᠤ ᠪᠤᠯ ᠡᠷᠳᠡᠨ᠎ᠦ ᠭᠢ ᠵᠢ ᠵᠠᠯᠭᠠᠮᠵᠢᠯᠠᠬᠤ ᠯᠠ ᠲᠡᠳᠦᠢ ᠪᠢᠰᠢ᠂ ᠪᠠᠰᠠ ᠰᠤᠬᠤᠷ ᠪᠠᠯᠠᠢ ᠪᠡᠷ ᠬᠠᠷᠢ ᠵᠢ ᠭᠠᠳᠠᠭᠤᠷᠴᠢᠯᠠᠬᠤ᠎ᠳᠤ ᠪᠠᠢᠬᠤ ᠪᠢᠰᠢ᠂ ᠬᠠᠷᠢᠨ ᠡᠷᠳᠡᠨ᠎ᠦ ᠭᠢ ᠵᠢ ᠡᠳᠦᠭᠡ᠎ᠳᠤ ᠦᠢᠯᠡᠴᠢᠯᠡᠭᠦᠯᠵᠤ᠂ ᠬᠠᠷᠢ ᠵᠢᠨ ᠭᠢ ᠵᠢ ᠲᠤᠮᠳᠠᠳᠤ᠎ᠳᠤ ᠦᠢᠯᠡᠴᠢᠯᠡᠭᠦᠯᠵᠤ᠂ ᠬᠤᠪᠢᠰᠤᠨᠭᠭᠤᠢ ᠪᠡᠷ ᠬᠡᠷᠡᠭᠯᠡᠵᠤ᠂ ᠰᠢᠭᠠᠷᠤ ᠵᠢ ᠨᠢ ᠲᠠᠶᠠᠭᠳᠠᠨ ᠰᠢᠯᠢᠳᠡᠭ᠎ᠢ ᠨᠢ ᠠᠪᠴᠦ᠂ ᠨᠠᠵᠠᠭᠠᠢ ᠵᠢ ᠨᠢ ᠤᠷᠭᠢᠵᠤ᠂ ᠢᠳᠡᠪᠭᠢ ᠵᠢ ᠨᠢ ᠵᠠᠯᠭᠠᠮᠵᠢᠯᠠᠵᠤ᠂ ᠲᠤᠮᠳᠠᠳᠤ ᠵᠢᠨ ᠰᠤᠶᠤᠯ᠎ᠤᠨ ᠡᠭᠦᠳᠦᠯᠳᠡ ᠵᠢᠨ ᠴᠢᠨᠠᠷᠳᠠᠢ ᠰᠢᠯᠵᠢᠯᠳᠡ ᠪᠤᠯᠤᠨ ᠡᠭᠦᠳᠦᠯᠳᠡ ᠵᠢᠨ ᠴᠢᠨᠠᠷᠳᠠᠢ ᠭᠦᠭᠵᠢᠯᠳᠡ ᠵᠢ ᠪᠠᠶᠠᠯᠡᠭᠦᠯᠭᠦ᠎ᠳᠤ ᠪᠤᠢ᠃

— ᠶᠠᠷᠦᠨᠭᠭᠡᠢ ᠱᠦᠵᠢ ᠰᠢ ᠵᠢᠨ ᠫᠢᠩ᠎ᠤᠨ ᠤᠳᠬ᠎ᠠ ᠤᠷᠠᠯᠢᠭ᠎ᠤᠨ ᠠᠵᠢᠯ᠎ᠤᠨ ᠰᠠᠭᠤᠳᠠᠯ᠎ᠤᠨ ᠬᠤᠷᠠᠯ ᠲᠡᠭᠡᠷᠡᠭᠢ ᠶᠠᠷᠢᠶ᠎ᠠ ᠡᠴᠡ (2024 ᠤᠨ᠎ᠦ 10 ᠰᠠᠷ᠎ᠠ ᠵᠢᠨ 15 ᠎ᠦ ᠡᠳᠦᠷ)


ᠦᠨᠢ ᠡᠷᠳᠡᠨ᠎ᠦ ᠬᠠᠰᠠᠭ ᠲᠡᠷᠭᠡ ᠦᠦᠭᠡ ᠲᠡᠦᠭᠡ ᠭᠦᠦᠷᠨᠢᠭᠰᠡᠭᠡᠷ ᠦᠨᠦᠳᠦᠷ ᠲᠤ᠌ ᠭᠦᠷᠴᠡᠢ᠃ ᠲᠡᠷᠭᠡ ᠨᠢ ᠭᠦᠮᠦᠰ᠎ᠤᠨ ᠡᠭᠡ ᠬᠠᠭᠤᠷᠠᠢ᠎ᠳ᠋ᠡᠭᠢ ᠵᠠᠮ ᠬᠠᠷᠢᠯᠴᠠᠭᠠᠨ᠎ᠦ ᠪᠠᠭᠠᠵᠢ ᠪᠤᠯᠤᠭᠰᠠᠨ᠎ᠦ ᠬᠤᠪᠢ᠎ᠳᠤ ᠲᠡᠭᠦᠨ᠎ᠦ ᠡᠭᠦᠰᠦᠯ ᠢᠷᠠᠯᠳᠠ ᠵᠢᠨ ᠲᠤᠬᠠᠢ ᠤᠯᠤᠰ᠎ᠤᠨ ᠲᠤᠳᠤᠭᠠᠳᠤ ᠭᠠᠳᠠᠭᠠᠳᠤ ᠵᠢᠨ ᠲᠤᠰᠬᠠᠢ ᠮᠡᠷᠭᠡᠵᠢᠯᠳᠡᠨ ᠡᠴᠡ ᠬᠠᠭᠤᠴᠢ ᠰᠤᠳᠤᠯᠤᠯ᠂ ᠭᠦᠮᠦᠨ ᠲᠦᠷᠦᠯᠭᠢᠳᠡᠨ᠎ᠦ ᠰᠤᠳᠤᠯᠤᠯ ᠪᠤᠯᠤᠨ ᠰᠤᠶᠤᠯ ᠢᠷᠭᠡᠨᠰᠢᠯ᠎ᠤᠨ ᠰᠤᠳᠤᠯᠤᠯ᠎ᠳᠤ ᠬᠠᠮᠢᠶ᠎ᠠ ᠪᠦᠭᠦᠢ ᠰᠤᠳᠤᠯᠭᠠᠨ ᠭᠢᠭᠰᠡᠨ᠎ᠦ ᠳ᠋ᠦᠩ᠎ᠳᠤ ᠲᠡᠷᠭᠡ ᠨᠢ ᠬᠠᠮᠤᠭ ᠡᠷᠳᠡ ᠠᠽᠢᠶ᠎ᠠ ᠲᠢᠪ ᠡᠴᠡ ᠡᠭᠦᠰᠦᠯᠳᠡᠢ ᠪᠠᠢᠵᠤ᠂ ᠰᠡᠭᠦᠯᠡᠷ ᠨᠢ ᠲᠡᠯᠡᠭᠡᠢ ᠵᠢᠨ ᠡᠯ᠎ᠠ ᠭᠠᠵᠠᠷ ᠲᠤ᠌ ᠲᠡᠯᠭᠡᠷᠡᠵᠡᠢ ᠭᠡᠵᠤ ᠦᠵᠡᠭᠰᠡᠨ ᠪᠠᠢᠨ᠎ᠠ᠃

ᠲᠤᠮᠳᠠᠳᠤ ᠤᠯᠤᠰ᠎ᠤᠨ ᠲᠡᠦᠭᠡᠨ᠎ᠳᠤ ᠨᠡᠭᠦᠳᠡᠯᠴᠢᠨ ᠦᠨᠳᠦᠰᠦᠳᠡᠨ ᠠᠯᠢ ᠡᠷᠳᠡᠨ ᠡᠴᠡ ᠲᠡᠷᠭᠡ ᠵᠤᠭᠢᠶᠠᠨ ᠦᠢᠯᠡᠳᠦᠭᠰᠡᠨ ᠲᠡᠮᠳᠡᠭᠯᠡᠯ ᠲᠠᠢ ᠪᠠᠢᠳᠠᠭ᠃ ᠤᠰᠤᠨ᠎ᠦ ᠲᠤᠨᠭᠭᠠᠯᠠᠭ ᠡᠪᠡᠰᠦᠨ᠎ᠦ ᠰᠤᠷᠭᠤᠭ᠎ᠢ ᠰᠤᠨᠭᠭᠤᠨ ᠨᠡᠭᠦᠳᠡᠯᠯᠡᠳᠡᠭ ᠤᠮᠠᠷᠠᠳᠤ ᠵᠢᠨ ᠨᠡᠭᠦᠳᠡᠯᠴᠢᠨ ᠦᠨᠳᠦᠰᠦᠳᠡᠨ᠎ᠦ ᠲᠡᠭᠡᠳᠦᠰ ᠠᠮᠢᠳᠤᠷᠠᠬᠤᠢ ᠵᠢᠨ ᠤᠶᠤᠨ ᠤᠬᠠᠭᠠᠨ᠎ᠳᠠᠭᠠᠨ ᠲᠦᠰᠢᠭᠯᠡᠵᠤ᠂ ᠦᠭᠡᠷ᠂ ᠲᠡᠮᠡᠭᠡ ᠭᠦᠯᠳᠡᠭ ᠬᠠᠰᠠᠭ ᠲᠡᠷᠭᠡ ᠵᠢ ᠡᠭᠦᠳᠦᠭᠰᠡᠨ ᠪᠠᠢᠨ᠎ᠠ᠃ ᠢᠩᠭᠢᠵᠦ᠍ ᠮᠤᠳᠤᠨ ᠭᠢᠴᠡ ᠲᠠᠢ ᠬᠠᠰᠠᠭ ᠲᠡᠷᠭᠡ ᠨᠢ ᠨᠡᠭᠦᠳᠡᠯ ᠠᠮᠢᠳᠤᠷᠠᠯ᠎ᠳᠤ ᠵᠤᠭᠢᠴᠠᠭᠰᠠᠨ ᠵᠠᠮ ᠬᠠᠷᠢᠯᠴᠠᠭᠠᠨ ᠎ᠦ ᠲᠤᠰᠬᠠᠢ ᠪᠠᠭᠠᠵᠢ ᠪᠤᠯᠵᠠᠢ᠃

ᠤᠯᠠᠭᠠᠨᠬᠠᠳᠠ ᠬᠤᠳᠠ ᠵᠢᠨ ᠠᠷᠤ ᠬᠤᠷᠴᠢᠨ ᠬᠤᠰᠢᠭᠤᠨ᠎ᠦ ᠮᠤᠨᠭᠭᠤᠯ ᠦᠨᠳᠦᠰᠦᠳᠡᠨ᠎ᠦ ᠬᠠᠰᠠᠭ ᠲᠡᠷᠭᠡ ᠭᠢᠭᠦ ᠤᠷ᠎ᠠ ᠮᠡᠷᠭᠡᠵᠢᠯ ᠨᠢ ᠦᠶ᠎ᠠ ᠵᠢᠨ ᠦᠶ᠎ᠠ᠎ᠳᠤ ᠤᠯᠠᠮᠵᠢᠯᠠᠭᠳᠠᠨ᠂ 2008 ᠤᠨ᠎ᠳᠤ ᠤᠯᠤᠰ᠎ᠤᠨ ᠲᠡᠰ᠎ᠤᠨ ᠪᠤᠳᠠᠰ᠎ᠤᠨ ᠪᠤᠰᠤ ᠰᠤᠶᠤᠯ᠎ᠤᠨ ᠦᠪ᠎ᠤᠨ ᠲᠦᠯᠦᠭᠡᠯᠡᠭᠴᠢ ᠴᠢᠨᠠᠷᠳᠠᠢ ᠲᠦᠷᠦᠯ ᠵᠦᠢᠯ᠎ᠤᠨ ᠨᠡᠷᠡᠰ᠎ᠤᠨ ᠪᠦᠷᠢᠳᠭᠡᠯ᠎ᠳᠤ ᠵᠢᠭᠰᠠᠭᠠᠭᠳᠠᠵᠠᠢ᠃


ᠪᠤᠯᠤ ᠲᠡᠨᠭᠭᠡᠯᠢᠭ ᠲᠤ᠌ ᠡᠷᠳᠡᠨ᠎ᠦ ᠤᠶᠤᠨ ᠤᠬᠠᠭᠠᠨ ᠰᠢᠨᠭᠭᠡᠭᠡᠵᠡᠢ

ᠲᠡᠦᠭᠡ ᠵᠢᠨ ᠲᠡᠮᠳᠡᠭᠯᠡᠯ᠎ᠳᠤ  ᠬᠠᠰᠠᠭ ᠲᠡᠷᠭᠡ ᠨᠢ ᠦᠪᠡᠷ᠎ᠤᠨ ᠵᠢᠡᠨ ᠤᠷᠤᠨ ᠪᠠᠢᠷᠢ ᠲᠠᠢ᠃

ᠱᠠᠩ ᠵᠸᠦ ᠵᠢᠨ ᠦᠶ᠎ᠡ ᠡᠴᠡ ᠬᠤᠷᠢᠳᠤᠭᠠᠷ ᠵᠠᠭᠤᠨ᠎ᠦ ᠲᠠᠯᠠ ᠨᠠᠶᠠᠭᠠᠳ ᠤᠨ ᠪᠤᠯᠳᠠᠯ᠎ᠠ ᠬᠠᠰᠠᠭ ᠲᠡᠷᠭᠡ ᠨᠢ ᠲᠤᠮᠳᠠᠳᠤ ᠤᠯᠤᠰ᠎ᠤᠨ ᠤᠮᠠᠷᠠᠳᠤ ᠵᠢᠨ ᠨᠡᠭᠦᠳᠡᠯᠴᠢᠨ ᠦᠨᠳᠦᠰᠦᠳᠡᠨ᠎ᠦ ᠠᠮᠢᠳᠤᠷᠠᠯ ᠦᠢᠯᠡᠳᠪᠦᠷᠢᠯᠡᠯ ᠲᠠᠢ ᠰᠠᠯᠤᠰᠢ ᠦᠭᠡᠢ ᠬᠤᠯᠪᠤᠭ᠎ᠠ ᠲᠠᠢ ᠪᠠᠢᠪᠠ᠃

ᠬᠠᠰᠠᠭ ᠲᠡᠷᠭᠡ ᠠᠨᠭᠬ᠎ᠠ ᠭᠦᠷᠡᠯ ᠵᠡᠪᠰᠡᠭ᠎ᠤᠨ ᠦᠶ᠎ᠠ᠎ᠳᠤ ᠪᠤᠢ ᠪᠤᠯᠵᠤ᠂ ᠲᠠᠷᠤᠢ ᠱᠠᠩ ᠤᠯᠤᠰ ᠵᠸᠦ ᠤᠯᠤᠰ ᠪᠤᠯᠤᠨ ᠪᠠᠢᠯᠳᠤᠭᠠᠨᠳᠤ ᠤᠯᠤᠰ᠎ᠤᠨ ᠦᠶ᠎ᠠ᠎ᠳᠤ ᠪᠤᠢ ᠪᠤᠯᠵᠠᠢ᠃ ᠦᠪᠦᠷ ᠮᠤᠨᠭᠭᠤᠯ᠎ᠤᠨ ᠬᠠᠭᠤᠴᠢ ᠰᠤᠳᠤᠯᠤᠯ᠎ᠤᠨ ᠠᠵᠢᠯᠳᠠᠳ ᠭᠡᠳᠦᠨ ᠠᠷᠪᠠᠨ ᠵᠢᠯ᠎ᠤᠨ ᠭᠡᠭᠡᠷ᠎ᠠ ᠵᠢᠨ ᠰᠢᠨᠵᠢᠯᠡᠭᠡᠨ ᠭᠢᠵᠤ᠂ ᠮᠤᠨᠢ ᠠᠭᠤᠯᠠ ᠵᠢᠨ ᠪᠠᠷᠠᠭᠤᠨ ᠭᠡᠰᠡᠭ ᠡᠴᠡ ᠮᠢᠩᠭ᠎ᠠ ᠭᠠᠷᠤᠢ ᠡᠷᠳᠡᠨ᠎ᠦ ᠬᠠᠳᠠᠨ ᠵᠢᠷᠤᠭ᠎ᠢ ᠢᠯᠡᠷᠡᠭᠦᠯᠵᠤ᠂ ᠡᠭᠦᠨ᠎ᠳᠤ ᠬᠠᠰᠠᠭ ᠲᠡᠷᠭᠡᠨ᠎ᠦ ᠰᠡᠳᠦᠪᠳᠦ ᠵᠢᠷᠤᠭ ᠲᠦᠷᠰᠦ ᠪᠠᠢᠪᠠ᠃ ᠤᠷᠠᠳ᠎ᠤᠨ ᠲᠤᠮᠳᠠᠳᠤ ᠬᠤᠰᠢᠭᠤᠨ ᠡᠴᠡ ᠢᠯᠡᠷᠡᠭᠦᠯᠦᠭᠰᠡᠨ ᠬᠠᠳᠠᠨ ᠵᠢᠷᠤᠭ ᠲᠤ᠌ ᠮᠤᠷᠢᠳᠠᠨ᠂ ᠮᠤᠷᠢ ᠪᠤᠯᠤᠨ ᠮᠤᠷᠢᠨ ᠡᠴᠡ ᠴᠢᠷᠦᠭᠦᠯᠦᠭᠰᠡᠨ ᠵᠤᠤᠪᠠᠩ ᠭᠡᠯᠪᠠᠷᠢ ᠲᠠᠢ ᠪᠠᠭᠠᠵᠢ ᠵᠢ ᠨᠠᠷᠢᠨ ᠲᠤᠳᠤᠷᠬᠠᠢ ᠰᠠᠢᠯᠦᠭᠰᠡᠨ ᠪᠠᠢᠳᠠᠭ᠃ ᠡᠳᠡᠭᠡᠷ ᠨᠢ ᠪᠦᠷ ᠤᠳᠤᠬᠠᠨ᠎ᠳᠤ ᠬᠠᠭᠤᠴᠢ ᠰᠤᠳᠤᠯᠤᠯ ᠵᠢᠡᠷ ᠢᠯᠡᠷᠡᠭᠦᠯᠦᠭᠰᠡᠨ ᠬᠠᠮᠤᠭ ᠡᠷᠳᠡᠨ᠎ᠦ ᠬᠠᠰᠠᠭ ᠲᠡᠷᠭᠡ ᠵᠢᠨ ᠭᠡᠷᠡᠴᠢ ᠪᠠᠷᠢᠮᠳᠠ ᠪᠤᠯᠤᠨ᠎ᠠ᠃

ᠪᠠᠢᠯᠳᠤᠭᠠᠨᠳᠤ ᠤᠯᠤᠰ᠎ᠤᠨ ᠦᠶ᠎ᠡ᠎ᠳᠤ ᠬᠠᠰᠠᠭ ᠲᠡᠷᠭᠡ ᠨᠢ ᠵᠢᠨᠭᠭᠢᠨᠢ ᠪᠡᠷ ᠾᠦᠨᠭᠨᠦᠴᠦᠳ᠎ᠤᠨ ᠡᠳᠦᠷ ᠲᠤᠳᠤᠮ᠎ᠤᠨ ᠵᠠᠮ ᠬᠠᠷᠢᠯᠴᠠᠭᠠᠨ᠎ᠦ ᠪᠠᠭᠠᠵᠢ ᠭᠡᠷᠡᠭᠰᠡᠯ ᠪᠤᠯᠵᠤ᠂ ᠴᠡᠷᠢᠭ᠎ᠤᠨ ᠶᠠᠪᠤᠳᠠᠯ ᠲᠠᠢᠨ ᠪᠠᠢᠯᠳᠤᠭᠠᠨ᠎ᠳᠤ ᠦᠷᠭᠡᠨ ᠵᠢᠡᠷ ᠭᠡᠷᠡᠭᠯᠡᠭᠦ ᠪᠤᠯᠵᠤ᠂ ᠦᠢᠯᠡᠳᠪᠦᠷᠢᠯᠡᠯ ᠨᠢ ᠠᠨᠭᠬᠠᠯᠠᠨ ᠭᠡᠪᠴᠢᠶᠠᠵᠢᠵᠠᠢ᠃




ᠰᠠᠢᠨᠳᠦ᠋ᠭᠦᠷᠡᠩ ᠬᠠᠰᠠᠭ  ᠲᠡᠷᠭᠡ ᠬᠢᠨ᠎ᠠ  (ᠭᠡᠷᠡᠯ ᠵᠢᠷᠤᠭ᠎ᠢ ᠠᠷᠤ ᠬᠤᠷᠴᠢᠨ ᠬᠤᠰᠢᠭᠤᠨ᠎ᠦ  ᠰᠤᠶᠤᠯ᠎ᠤᠨ ᠤᠷᠳᠤᠨ ᠬᠠᠨᠭᠭᠠᠪᠠ)


ᠴᠢᠨ ᠬᠠᠨ ᠤᠯᠤᠰ᠎ᠤᠨ ᠦᠶ᠎ᠡ᠎ᠳᠤ ᠾᠦᠨᠭᠨᠦᠴᠤᠳ᠎ᠤᠨ ᠲᠡᠷᠭᠡ ᠦᠢᠯᠡᠳᠭᠦ ᠦᠢᠯᠡᠰ ᠠᠭᠠᠵᠢᠮ ᠵᠢᠡᠷ ᠪᠤᠯᠪᠠᠰᠤᠷᠠᠨᠭᠭᠤᠢ ᠪᠤᠯᠵᠤ᠂ ᠮᠡᠷᠭᠡᠵᠢᠯ ᠨᠢ ᠤᠯᠠᠮ ᠵᠢᠡᠷ ᠲᠡᠭᠡᠭᠰᠢᠯᠡᠭᠰᠡᠨ ᠪᠠᠢᠨ᠎ᠠ᠃ ᠡᠭᠦᠨ᠎ᠦ ᠬᠠᠮᠳᠤ ᠵᠦᠨᠭᠶᠤᠸᠠᠨ ᠤᠷᠤᠨ ᠪᠤᠯᠤᠨ ᠤᠮᠠᠷᠠᠳᠤ ᠤᠷᠤᠨ᠎ᠦ ᠤᠯᠤᠰ ᠲᠦᠷᠦ᠂ ᠠᠵᠤ ᠠᠬᠤᠢ᠂ ᠰᠤᠶᠤᠯ᠎ᠤᠨ ᠰᠤᠯᠢᠯᠴᠠᠭ᠎ᠠ ᠡᠳᠦᠷ ᠢᠷᠡᠭᠦᠶ᠎ᠠ ᠨᠢᠭᠳᠠᠷᠠᠵᠤ᠂  ᠵᠦᠨᠭᠶᠤᠸᠠᠨ ᠤᠷᠤᠨ᠎ᠦ ᠲᠡᠷᠭᠡ ᠦᠢᠯᠡᠳᠭᠦ ᠮᠡᠷᠭᠡᠵᠢᠯ ᠪᠤᠭᠤᠮᠳᠠ ᠵᠢᠨ ᠭᠠᠳᠠᠨ᠎ᠠ ᠤᠯᠠᠮᠵᠢᠯᠠᠭᠳᠠᠨ᠂ ᠤᠮᠠᠷᠠᠳᠤ ᠤᠷᠤᠨ ᠎ᠦ ᠲᠡᠷᠭᠡ ᠭᠢᠭᠦ ᠤᠷ᠎ᠠ ᠮᠡᠷᠭᠡᠵᠢᠯ ᠲᠠᠢ ᠠᠭᠤᠰᠤᠯᠴᠠᠭᠠᠳ ᠤᠮᠠᠷᠠᠳᠤ ᠤᠷᠤᠨ᠎ᠦ ᠲᠡᠷᠭᠡ ᠦᠢᠯᠡᠳᠭᠦ ᠤᠷ᠎ᠠ ᠮᠡᠷᠭᠡᠵᠢᠯ᠎ᠤᠨ ᠬᠤᠪᠢᠰᠦᠯ ᠭᠦᠭᠵᠢᠯᠳᠡ ᠵᠢ ᠠᠭᠢᠭᠤᠯᠤᠭᠰᠠᠨ ᠪᠠᠢᠨ᠎ᠠ᠃

ᠡᠮᠦᠨᠡᠳᠦ ᠤᠮᠠᠷᠠᠳᠤ ᠲᠦᠷᠦ ᠵᠢᠨ ᠦᠶ᠎ᠡ᠎ᠳᠤ᠂ ᠲᠡᠵᠢᠭᠡᠪᠦᠷᠢ ᠠᠮᠢᠳᠠᠨ᠎ᠢ ᠬᠠᠰᠠᠭ ᠲᠡᠷᠭᠡᠨ᠎ᠳᠤ ᠭᠦᠯᠭᠦ ᠪᠤᠯᠵᠤ᠂ ᠤᠮᠠᠷᠠᠳᠤ ᠵᠢᠨ ᠡᠯ᠎ᠠ ᠦᠨᠳᠦᠰᠦᠳᠡᠨ᠎ᠦ ᠵᠠᠮ ᠬᠠᠷᠢᠯᠴᠠᠭᠠᠨ᠎ᠦ ᠨᠡᠢᠳᠡᠮ᠎ᠤᠨ ᠠᠴᠢᠶᠠᠯᠠᠪᠤᠷᠢ ᠪᠤᠯᠵᠤ᠂ ᠶᠡᠭᠡᠪᠠᠷ ᠲᠦᠭᠡᠮᠡᠯᠵᠢᠵᠡᠢ᠃

ᠶᠤᠸᠠᠨ ᠤᠯᠤᠰ᠎ᠤᠨ ᠦᠶ᠎ᠡ᠎ᠳᠤ ᠦᠪᠦᠷ ᠮᠤᠨᠭᠭᠤᠯ ᠤᠷᠤᠨ᠎ᠳᠤ ᠬᠠᠰᠠᠭ ᠲᠡᠷᠭᠡ ᠵᠢᠨ ᠭᠡᠷᠡᠭᠯᠡᠭᠡᠨ ᠲᠦᠭᠡᠮᠡᠯᠵᠢᠵᠤ᠂ ᠲᠡᠷᠭᠡ ᠬᠢᠭᠦ ᠮᠡᠷᠭᠡᠵᠢᠯ ᠨᠡᠩ ᠪᠤᠯᠪᠠᠰᠤᠷᠠᠨᠭᠭᠤᠢ ᠪᠤᠯᠵᠠᠢ᠃ 《ᠮᠤᠨᠭᠭᠤᠯ᠎ᠤᠨ ᠨᠡᠢᠭᠡᠮ᠎ᠤᠨ ᠲᠦᠷᠢᠮ᠎ᠤᠨ ᠲᠡᠦᠭᠡ》᠎ᠳ᠋ᠤ᠌ ᠲᠡᠮᠳᠡᠭᠯᠡᠭᠰᠡᠨ ᠵᠢᠡᠷ᠂ ᠬᠠᠰᠠᠭ ᠲᠡᠷᠭᠡ ᠨᠢ ᠮᠤᠨᠭᠭᠤᠯᠴᠤᠳ᠎ᠤᠨ ᠨᠡᠭᠦᠳᠡᠯ ᠠᠮᠢᠳᠤᠷᠠᠯ᠎ᠤᠨ ᠪᠠᠭᠠᠵᠢ ᠭᠡᠷᠡᠭᠰᠡᠯ ᠲᠡᠳᠦᠢ ᠦᠭᠡᠢ ᠨᠡᠩ ᠴᠢᠨᠠᠭᠰᠢᠯᠠᠨ ᠤᠮᠠᠷᠠᠳᠤ ᠤᠷᠤᠨ᠎ᠦ ᠤᠢ ᠵᠢᠨ ᠲᠤᠮᠳᠠᠭᠢ ᠠᠢᠮᠠᠭ ᠪᠦᠯᠦᠭ ᠲᠤ᠌ ᠤᠯᠠᠮᠵᠢᠯᠠᠭᠳᠠᠨ ᠭᠦᠷᠴᠦ᠂ ᠲᠠᠳᠠᠨᠠᠷ᠎ᠤᠨ ᠨᠠᠢᠳᠡᠮ ᠭᠡᠷᠡᠭᠯᠡᠳᠡᠭ ᠵᠠᠮ ᠬᠠᠷᠢᠯᠴᠠᠭᠠᠨ᠎ᠦ ᠪᠠᠭᠠᠵᠢ ᠪᠤᠯᠤᠭᠰᠠᠨ ᠪᠠᠢᠨ᠎ᠠ᠃

ᠴᠢᠩ ᠤᠯᠤᠰ᠎ᠤᠨ ᠡᠨᠭᠭᠡ ᠠᠮᠤᠭᠤᠯᠠᠩ᠎ᠤᠨ ᠦᠶ᠎ᠡ᠎ᠳᠤ ᠬᠠᠰᠠᠭ ᠲᠡᠷᠭᠡ ᠨᠢ ᠭᠦᠭᠵᠢᠯᠳᠡ ᠵᠢᠨ ᠤᠷᠭᠢᠯ᠎ᠳᠠᠭᠠᠨ ᠲᠤᠯᠵᠠᠢ᠃ ᠲᠤᠬᠠᠢ ᠵᠢᠨ ᠦᠶᠡᠰ ᠦᠪᠦᠷ ᠮᠤᠨᠭᠭᠤᠯ᠎ᠤᠨ ᠵᠠᠮ ᠬᠠᠷᠢᠯᠴᠠᠭ᠎ᠠ ᠨᠢ ᠬᠠᠰᠠᠭ ᠲᠡᠷᠭᠡ ᠪᠡᠷ ᠯᠡ ᠭᠤᠤᠯᠳᠠᠭᠤᠯᠵᠤ ᠪᠠᠢᠪᠠ᠃ 《ᠰᠢᠯᠢ ᠵᠢᠨ ᠭᠤᠤᠯ ᠠᠢᠮᠠᠭ᠎ᠤᠨ ᠵᠠᠰᠠᠮᠠᠯ ᠵᠠᠮ᠎ᠤᠨ ᠵᠠᠮ ᠬᠠᠷᠢᠯᠴᠠᠭᠠᠨ᠎ᠦ ᠲᠡᠦᠭᠡ》᠎ᠳ᠋ᠤ᠌ ᠲᠡᠮᠳᠡᠭᠯᠡᠭᠰᠡᠨ ᠵᠢᠡᠷ᠄ 《ᠬᠦᠷᠳᠦ ᠨᠢ ᠲᠡᠢᠮᠦ ᠲᠦᠭᠦᠷᠢᠭ ᠪᠢᠰᠢ᠂ ᠲᠡᠨᠭᠭᠡᠯᠢᠭ ᠨᠢ ᠲᠡᠢᠮᠦ ᠰᠢᠯᠤᠭᠤᠨ ᠪᠤᠰᠤ᠂ ᠭᠦᠷᠳᠦᠨ᠎ᠦ ᠦᠨᠳᠦᠷ ᠨᠢ 4 ᠲᠤᠬᠤᠢ ᠢᠯᠡᠭᠦᠦ᠂ ᠨᠢᠭᠡ ᠦᠭᠡᠷ ᠭᠦᠯᠵᠤ ᠶᠠᠪᠤᠮᠤᠢ》 ᠭᠡᠮᠡᠵᠡᠢ᠃ ᠦᠨᠳᠦᠷ ᠲᠤᠮᠤ ᠲᠡᠷᠭᠡᠨ᠎ᠦ ᠭᠦᠷᠳᠦ᠂ ᠯᠠᠪᠳᠠᠭᠤᠨ ᠪᠡᠭᠢ ᠲᠡᠷᠭᠡᠨ ᠪ ᠪᠦᠳᠦᠴᠡ ᠨᠢ ᠬᠠᠰᠠᠭ ᠲᠡᠷᠭᠡ ᠵᠢ ᠠᠭᠤᠯᠠᠷᠬᠠᠭ ᠤᠷᠤᠨ᠎ᠦ ᠬᠤᠳᠤᠭᠤᠷ ᠭᠦᠳᠦᠭᠦᠷ᠂ ᠰᠢᠪᠠᠷ ᠱᠠᠯᠴᠢᠭ ᠵᠠᠮ᠎ᠢ ᠠᠮᠠᠷᠬᠠᠨ ᠲᠤᠭᠤᠯᠳᠠᠭ ᠪᠤᠯᠭᠠᠭᠰᠠᠨ ᠪᠠᠢᠨ᠎ᠠ᠃

ᠰᠢᠨ᠎ᠠ ᠲᠤᠮᠳᠠᠳᠤ ᠤᠯᠤᠰ ᠪᠠᠢᠭᠤᠯᠤᠭᠳᠠᠭᠰᠠᠨ᠎ᠦ ᠲᠠᠷᠠᠭ᠎ᠠ᠂ ᠤᠳᠤᠭᠢᠴᠢᠯᠠᠭᠰᠠᠨ ᠵᠠᠮ ᠬᠠᠷᠢᠯᠴᠠᠭᠠᠨ᠎ᠦ ᠰᠢᠰᠲᠸᠮ᠎ᠤᠨ ᠭᠦᠭᠵᠢᠯᠳᠡ ᠵᠢᠨ ᠲᠠᠰᠤᠷᠠᠯᠳᠠ ᠦᠭᠡᠢ ᠲᠡᠭᠦᠯᠳᠡᠷᠵᠢᠭᠦ ᠵᠢ ᠲᠠᠭᠠᠯᠳᠤᠨ ᠮᠠᠰᠢᠨ ᠭᠦᠳᠡᠯᠭᠡᠭᠦᠷᠳᠦ ᠲᠡᠷᠭᠡ ᠠᠭᠠᠵᠢᠮ ᠵᠢᠡᠷ ᠮᠠᠯ ᠤᠨᠤᠭ᠎ᠠ ᠭᠦᠯᠦᠭᠰᠡᠨ ᠲᠡᠷᠭᠡ ᠵᠢ ᠤᠷᠤᠯᠠᠭᠰᠠᠨ ᠡᠴᠡ ᠬᠠᠰᠠᠭ ᠲᠡᠷᠭᠡ ᠨᠢ ᠠᠭᠠᠵᠢᠮ ᠵᠢᠡᠷ ᠲᠡᠦᠭᠡ ᠵᠢᠨ ᠲᠠᠪᠴᠠᠩ ᠡᠴᠡ ᠪᠠᠭᠤᠭᠰᠠᠨ ᠪᠠᠢᠨ᠎ᠠ᠃ ᠭᠡᠳᠡᠯ᠎ᠠ ᠮᠤᠨᠭᠭᠤᠯᠴᠤᠳ᠎ᠤᠨ ᠬᠠᠰᠠᠭ ᠲᠡᠷᠭᠡ ᠭᠢᠭᠦ ᠮᠡᠷᠭᠡᠵᠢᠯ ᠨᠢ ᠤᠰᠠᠳᠴᠦ ᠠᠷᠢᠯᠤᠭᠰᠠᠨ ᠦᠭᠡᠢ᠂ ᠬᠠᠷᠢᠨ ᠤᠯᠠᠮᠵᠢᠯᠠᠯ ᠵᠠᠯᠭᠠᠮᠵᠢᠯᠠᠯ᠎ᠤᠨ ᠲᠤᠮᠳᠠ ᠦᠷᠭᠦᠯᠵᠢᠯᠡᠨ ᠤᠷᠤᠰᠢᠭᠰᠠᠭᠠᠷ᠃

ᠡᠷᠳᠡᠨ ᠡᠳᠦᠭᠡ ᠵᠢ ᠬᠤᠯᠪᠤᠵᠤ ᠤᠷᠠᠨ ᠲᠠᠷᠬᠠᠨ᠎ᠦ ᠵᠤᠷᠢᠭ ᠰᠠᠨᠠᠭ᠎ᠠ ᠵᠢ ᠪᠠᠳᠠᠷᠠᠭᠤᠯᠤᠨ᠎ᠠ

ᠠᠭᠤᠯᠠ ᠤᠰᠤᠨ ᠰᠤᠶᠤᠯ ᠢᠷᠭᠡᠨᠰᠢᠯ᠎ᠢ ᠱᠤᠭᠤᠵᠤ᠂ ᠭᠠᠵᠠᠷ ᠤᠰᠤᠨ ᠪᠤᠳᠠᠰ᠎ᠤᠨ ᠪᠤᠰᠤ ᠰᠤᠶᠤᠯ᠎ᠤᠨ ᠦᠪ᠎ᠢ ᠰᠢᠮᠡᠵᠢᠭᠦᠯᠦᠨ᠎ᠠ᠃ ᠠᠷᠤ ᠬᠤᠷᠴᠢᠨ ᠬᠤᠰᠢᠭᠤᠨ ᠎ᠦ ᠠᠭᠤᠯᠠᠰ ᠨᠢ ᠵᠠᠯᠭᠠᠯᠳᠤᠨ᠂ ᠲᠤᠪᠤ ᠲᠤᠪᠤᠴᠠᠭ ᠨᠢ ᠦᠷᠭᠦᠯᠵᠢᠯᠡᠵᠤ᠂ ᠲᠡᠭᠰᠢ ᠲᠠᠯ᠎ᠠ ᠨᠢ ᠬᠠᠷᠠᠭ᠎ᠠ ᠠᠯᠳᠠᠮ᠎ᠠ ᠦᠷᠭᠡᠨ ᠪᠠᠢᠵᠤ᠂ ᠬᠤᠪᠤᠷ ᠨᠠᠨᠳᠢᠨ ᠨᠡᠭᠦᠳᠡᠯ ᠮᠠᠯᠵᠢᠯ᠎ᠤᠨ ᠰᠤᠶᠤᠯ᠎ᠢ ᠦᠪᠯᠡᠨ ᠦᠯᠡᠳᠡᠭᠡᠵᠤ᠂ ᠮᠤᠨᠭᠭᠤᠯᠴᠤᠳ᠎ᠤᠨ ᠬᠠᠰᠠᠭ ᠲᠡᠷᠭᠡ ᠦᠢᠯᠡᠳᠭᠦ ᠮᠡᠷᠭᠡᠵᠢᠯ ᠨᠢ ᠡᠨᠡ  ᠨᠤᠳᠤᠭ ᠎ᠤᠨ ᠨᠡᠭᠦᠳᠡᠯ ᠰᠤᠶᠤᠯ᠎ᠤᠨ ᠤᠶᠤᠨ ᠤᠬᠠᠭᠠᠨ᠎ᠦ ᠲᠠᠯᠠᠰᠳᠤ ᠪᠤᠯᠤᠭᠰᠠᠨ ᠪᠠᠢᠨ᠎ᠠ᠃

ᠲᠤᠰ ᠤᠷ᠎ᠠ ᠮᠡᠷᠭᠡᠵᠢᠯ᠎ᠤᠨ ᠤᠯᠠᠮᠵᠢᠯᠡᠯ ᠨᠢ ᠤᠷᠠᠨ ᠲᠠᠷᠬᠠᠨ ᠎ᠦ ᠵᠤᠷᠢᠭ ᠰᠠᠨᠠᠭ᠎ᠠ ᠲᠠᠢ ᠰᠠᠯᠤᠰᠢ ᠦᠭᠡᠢ ᠬᠤᠯᠪᠤᠭ᠎ᠠ ᠲᠠᠢ᠃ ᠪᠤᠳᠠᠰ᠎ᠤᠨ ᠪᠤᠰᠤ ᠰᠤᠶᠤᠯ᠎ᠤᠨ ᠦᠪ᠎ᠤᠨ ᠮᠤᠨᠭᠭᠤᠯ ᠦᠨᠳᠦᠰᠦᠳᠡᠨ᠎ᠦ ᠬᠠᠰᠠᠭ ᠲᠡᠷᠭᠡ ᠬᠢᠭᠦ ᠮᠡᠷᠭᠡᠵᠢᠯ᠎ᠤᠨ ᠤᠯᠤᠰ᠎ᠤᠨ ᠲᠡᠰ᠎ᠤᠨ ᠲᠦᠯᠦᠭᠡᠯᠡᠭᠴᠢ ᠴᠢᠨᠠᠷᠳᠠᠢ ᠤᠯᠠᠮᠵᠢᠯᠠᠭᠴᠢ ᠪᠠᠶᠠᠨᠴᠠᠭᠠᠨ ᠨᠠᠰᠤᠨ ᠲᠤᠷᠰᠢᠳᠠ ᠲᠤᠰ ᠤᠯᠠᠮᠵᠢᠯᠠᠯᠳᠤ ᠮᠡᠷᠭᠡᠵᠢᠯ᠎ᠢ ᠦᠪᠯᠡᠨ ᠰᠠᠭᠢᠭᠰᠠᠭᠠᠷ ᠢᠷᠡᠵᠡᠢ᠃



ᠬᠠᠰᠠᠭ ᠲᠡᠷᠭᠡ ᠭᠢᠨ᠎ᠠ (ᠮᠠᠲᠸᠷᠢᠶᠠᠯ ᠵᠢᠷᠤᠭ)


1939 ᠤᠨ᠎ᠳᠤ ᠲᠦᠷᠦᠭᠰᠡᠨ ᠪᠠᠶᠠᠨᠴᠠᠭᠠᠨ ᠮᠤᠵᠢᠶᠠᠩ ᠪᠠᠢᠭᠰᠠᠨ ᠠᠪᠤ ᠵᠢᠨ ᠵᠢᠡᠨ ᠨᠦᠯᠦᠭᠡ ᠪᠡᠷ 10 ᠨᠠᠰᠤᠨ ᠡᠴᠡ ᠪᠠᠨ ᠡᠭᠢᠯᠡᠨ ᠤᠯᠠᠮᠵᠢᠯᠠᠯᠳᠤ ᠮᠤᠵᠢᠶᠠᠩ᠎ᠤᠨ ᠮᠡᠷᠭᠡᠵᠢᠯ᠎ᠢ ᠰᠤᠷᠤᠯᠴᠠᠵᠠᠢ᠃ 《ᠠᠪᠤ ᠮᠢᠨᠢ ᠵᠤᠯ ᠪᠤᠰᠤ ᠪᠡᠷ ᠡᠷᠳᠡ ᠨᠠᠰᠤ ᠪᠠᠷᠠᠭᠰᠠᠨ ᠡᠴᠡ ᠪᠢ ᠵᠡᠷᠭᠡᠯᠡᠳᠡᠭᠡ ᠠᠢᠯ ᠡᠴᠡ ᠪᠠᠨ ᠮᠤᠵᠢᠶᠠᠩ᠎ᠤᠨ ᠮᠡᠷᠭᠡᠵᠢᠯ᠎ᠢ ᠦᠷᠭᠦᠯᠵᠢᠯᠡᠨ ᠰᠤᠷᠴᠦ᠂ ᠴᠦᠭᠦᠷᠡᠰᠢ ᠦᠭᠡᠢ ᠴᠢᠷᠮᠠᠢᠨ ᠰᠤᠷᠴᠦ ᠰᠤᠳᠤᠯᠬᠤ ᠵᠢ ᠤᠶᠠᠯᠳᠤᠭᠤᠯᠤᠭᠰᠠᠨ》 ᠭᠡᠵᠤ ᠪᠠᠶᠠᠨᠴᠠᠭᠠᠨ ᠶᠠᠷᠢᠨ᠎ᠠ᠃ ᠪᠠᠶᠠᠨᠴᠠᠭᠠᠨ 16 ᠨᠠᠰᠤᠳᠠᠢ᠎ᠳᠠᠭᠠᠨ ᠠᠨᠭᠬ᠎ᠠ ᠬᠠᠰᠠᠭ ᠲᠡᠷᠭᠡ ᠭᠢᠵᠤ᠂ ᠲᠡᠢᠮᠦ ᠪᠤᠯᠪᠠᠰᠤᠷᠠᠨᠭᠭᠤᠢ ᠰᠠᠢᠬᠠᠨ ᠭᠢᠵᠤ ᠲᠡᠢᠯᠦᠭᠰᠡᠨ ᠦᠭᠡᠢ ᠴᠤ᠌ ᠭᠡᠰᠡᠨ ᠬᠠᠰᠠᠭ ᠲᠡᠷᠭᠡ ᠭᠢᠭᠦ ᠤᠷ᠎ᠡ ᠮᠡᠷᠭᠡᠵᠢᠯ᠎ᠢ ᠤᠯᠠᠮᠵᠢᠯᠠᠨ ᠵᠠᠯᠭᠠᠮᠵᠢᠯᠠᠬᠤ ᠠᠨᠭᠬᠠᠨ᠎ᠦ ᠠᠯᠬᠤᠮ᠎ᠢ ᠠᠯᠬᠤᠭᠰᠠᠨ᠎ᠢ ᠬᠠᠷᠠᠭᠤᠯᠵᠤ ᠪᠠᠢᠨ᠎ᠠ᠃

ᠲᠡᠭᠦᠨ ᠡᠴᠡ ᠬᠤᠢᠰᠢ ᠭᠡᠳᠦᠨ ᠠᠷᠪᠠᠨ ᠵᠢᠯ᠎ᠤᠨ ᠬᠠᠳᠠᠭᠤᠵᠢᠯᠳᠠᠢ ᠴᠢᠷᠮᠠᠢᠯᠭ᠎ᠠ ᠪᠡᠷ ᠲᠠᠮᠵᠢᠭᠠᠳ ᠪᠠᠶᠠᠨᠴᠠᠭᠠᠨ᠎ᠦ ᠬᠠᠰᠠᠭ ᠲᠡᠷᠭᠡ ᠬᠢᠭᠦ ᠮᠡᠷᠭᠡᠵᠢᠯ ᠨᠢ ᠮᠠᠰᠢ ᠪᠤᠯᠪᠠᠰᠤᠷᠠᠨᠭᠭᠤᠢ ᠪᠤᠯᠵᠤ᠂ ᠬᠤᠯᠠ ᠤᠢᠷ᠎ᠠ᠎ᠳᠠᠭᠠᠨ ᠠᠯᠳᠠᠷᠳᠠᠢ ᠮᠤᠳᠤᠨ ᠲᠠᠷᠬᠠᠨ ᠪᠤᠯᠵᠠᠢ᠃

ᠴᠠᠭ ᠦᠶ᠎ᠠ ᠵᠢᠨ ᠭᠦᠭᠵᠢᠯᠳᠡ ᠵᠢ ᠲᠠᠭᠠᠯᠳᠤᠨ ᠤᠳᠤᠭᠢᠴᠢᠯᠠᠭᠰᠠᠨ ᠵᠠᠮ ᠬᠠᠷᠢᠯᠴᠠᠭᠠᠨ ᠎ᠦ ᠪᠠᠭᠠᠵᠢ ᠲᠦᠭᠡᠮᠡᠯᠵᠢᠵᠤ᠂ ᠤᠯᠠᠮᠵᠢᠯᠠᠯᠳᠤ ᠬᠠᠰᠠᠭ ᠲᠡᠷᠭᠡ ᠠᠭᠠᠵᠢᠮ ᠵᠢᠡᠷ ᠦᠢᠯᠡᠳᠪᠦᠷᠢᠯᠡᠯ ᠠᠮᠢᠳᠤᠷᠠᠯ ᠡᠴᠡ ᠬᠤᠯᠠᠳᠠᠭᠰᠠᠨ ᠪᠠᠢᠨ᠎ᠠ᠃ ᠭᠡᠪᠡᠴᠦ ᠪᠠᠶᠠᠨᠴᠠᠭᠠᠨ ᠬᠠᠰᠠᠭ ᠲᠡᠷᠭᠡ ᠬᠢᠭᠦ ᠮᠡᠷᠭᠡᠵᠢᠯ ᠵᠢᠡᠨ ᠬᠠᠶᠠᠭᠰᠠᠨ ᠦᠭᠡᠢ ᠬᠠᠷᠢᠨ ᠨᠡᠩ ᠰᠠᠢᠨ ᠤᠯᠠᠮᠵᠢᠯᠠᠨ ᠵᠠᠯᠭᠠᠮᠵᠢᠯᠠᠬᠤ ᠪᠡᠷ ᠵᠤᠷᠢᠭ ᠰᠢᠭᠤᠳᠴᠠᠢ᠃ 《ᠬᠠᠰᠠᠭ ᠲᠡᠷᠭᠡ ᠭᠢᠭᠦ ᠤᠷ᠎ᠠ ᠮᠡᠷᠭᠡᠵᠢᠯ᠎ᠢ ᠨᠡᠩ ᠰᠠᠢᠨ ᠤᠯᠠᠮᠵᠢᠯᠠᠨ ᠵᠠᠯᠭᠠᠮᠵᠢᠯᠠᠪᠠᠯ ᠰᠠᠶᠢ ᠦᠷ᠎ᠠ ᠬᠤᠢᠴᠢᠰ ᠲᠠᠭᠠᠨ ᠨᠡᠭᠦᠳᠡᠯ ᠰᠤᠶᠤᠯ᠎ᠤᠨ ᠲᠡᠦᠭᠡ ᠵᠢ ᠨᠡᠩ ᠰᠠᠢᠨ ᠤᠢᠯᠠᠭᠠᠭᠤᠯᠵᠤ ᠴᠢᠳᠠᠨ᠎ᠠ》 ᠭᠡᠵᠤ ᠲᠠᠷᠠ ᠶᠠᠷᠢᠳᠠᠭ᠃

ᠴᠠᠭ ᠦᠶ᠎ᠠ ᠵᠢᠨ ᠬᠤᠪᠢᠷᠠᠯᠳᠠ ᠵᠢ ᠲᠠᠭᠠᠯᠳᠤᠨ 16 ᠨᠠᠰᠤᠨ ᠡᠴᠡ ᠪᠠᠨ ᠪᠠᠶᠠᠨᠴᠠᠭᠠᠨ᠎ᠳᠤ ᠱᠠᠪᠢᠯᠠᠭᠰᠠᠨ ᠰᠠᠢᠨᠳᠦ᠋ᠭᠦᠷᠡᠩ ᠪᠠᠶᠠᠠᠠᠦ᠋ᠨᠳᠦᠷ ᠰᠤᠮᠤ ᠵᠢᠨ ᠲᠠᠷᠬᠠᠨ ᠭᠠᠴᠠᠭ᠎ᠠ᠎ᠳᠤ ᠬᠠᠰᠠᠭ ᠲᠡᠷᠭᠡᠨ᠎ᠦ ᠦᠢᠯᠡᠳᠪᠦᠷᠢ ᠪᠠᠢᠭᠤᠯᠵᠠᠢ᠃

ᠲᠤᠰ ᠦᠢᠯᠡᠳᠪᠦᠷᠢ᠎ᠳᠤ ᠭᠦᠷᠪᠠᠯ ᠬᠠᠰᠠᠭ ᠲᠡᠷᠭᠡ ᠬᠢᠭᠦ᠎ᠳᠤ ᠭᠡᠷᠡᠭᠰᠡᠭᠦ ᠮᠤᠳᠤᠨ ᠮᠠᠲᠸᠷᠢᠶᠠᠯ ᠡᠮᠭᠢ ᠴᠡᠭᠴᠡ ᠲᠠᠢ ᠲᠠᠯᠪᠢᠭᠳᠠᠵᠤ᠂ ᠰᠠᠢᠨᠳᠦ᠋ᠭᠦᠷᠡᠩ ᠶᠠᠭᠠᠷᠠᠯᠳᠠᠢ ᠠᠵᠢᠯᠯᠯᠠᠵᠤ ᠪᠠᠢᠪᠠ᠃ 《ᠮᠠᠲᠸᠷᠢᠶᠠᠯ ᠰᠤᠨᠭᠭᠤᠬᠤ᠂ ᠬᠠᠳᠠᠭᠠᠬᠤ᠂ ᠤᠷᠢᠳᠴᠢᠯᠠᠨ ᠪᠤᠯᠪᠠᠰᠤᠷᠠᠭᠤᠯᠬᠤ᠂ ᠨᠠᠷᠢᠯᠢᠭ ᠡᠳ᠋ᠰᠢᠭᠦᠯᠭᠦ ᠡᠴᠡ ᠵᠠᠰᠠᠵᠤ ᠴᠢᠮᠡᠭᠯᠡᠭᠦ ᠭᠦᠷᠳᠡᠯ᠎ᠠ ᠪᠦᠷ ᠮᠠᠰᠢᠨ ᠵᠢᠡᠷ ᠭᠢᠭᠦ ᠪᠤᠯᠤᠭᠰᠠᠨ ᠵᠢᠡᠷ ᠭᠠᠷ ᠵᠢᠡᠷ ᠭᠢᠵᠤ ᠪᠠᠢᠭᠰᠠᠨ᠎ᠢ ᠪᠤᠳᠤᠪᠠᠯ ᠴᠠᠭ᠎ᠢ ᠶᠡᠭᠡᠪᠠᠷ ᠠᠷᠪᠢᠯᠠᠵᠤ᠂ ᠤᠤᠯ ᠨᠢ ᠬᠤᠷᠢᠭᠠᠳ ᠬᠤᠨᠤᠭ ᠲᠤ᠌ ᠰᠠᠶᠢ ᠨᠢᠭᠡ ᠭᠢᠵᠤ ᠪᠠᠢᠭᠰᠠᠨ᠎ᠢ ᠤᠳᠤ ᠲᠦᠷᠪᠠᠨ ᠲᠠᠪᠤᠬᠠᠨ ᠬᠤᠨᠤᠭ ᠲᠤ᠌ ᠭᠢᠵᠤ ᠭᠠᠷᠭᠠᠳᠠᠭ ᠪᠤᠯᠤᠭᠠᠳ᠂ ᠠᠵᠢᠯ᠎ᠤᠨ ᠪᠦᠳᠦᠮᠵᠢ ᠵᠢ ᠶᠡᠭᠡᠪᠠᠷ ᠲᠡᠭᠡᠭᠰᠢᠯᠡᠭᠦᠯᠵᠡᠢ》 ᠭᠡᠵᠤ ᠲᠠᠷᠠ ᠰᠤᠷᠪᠤᠯᠵᠢᠯᠠᠭᠴᠢ᠎ᠳᠤ ᠲᠠᠨᠢᠯᠴᠠᠭᠤᠯᠤᠨ᠎ᠠ᠃

ᠬᠠᠰᠠᠭ ᠲᠡᠷᠭᠡ ᠭᠢᠭᠦ ᠮᠡᠷᠭᠡᠵᠢᠯ᠎ᠤᠨ ᠰᠢᠨ᠎ᠠ ᠵᠢ ᠡᠭᠦᠳᠭᠦ ᠵᠢ ᠲᠠᠮᠵᠢᠭᠠᠳ ᠰᠠᠢᠨᠳᠦ᠋ᠭᠦᠷᠡᠩ ᠪᠠᠰᠠ ᠪᠤᠳᠠᠰ᠎ᠤᠨ ᠪᠤᠰᠤ ᠰᠤᠶᠤᠯ᠎ᠤᠨ ᠦᠪ᠎ᠤᠨ ᠮᠤᠨᠭᠭᠤᠯ ᠦᠨᠳᠦᠰᠦᠳᠡᠨ᠎ᠦ ᠬᠠᠰᠠᠭ ᠲᠡᠷᠭᠡ ᠭᠢᠭᠦ ᠮᠡᠷᠭᠡᠵᠢᠯ᠎ᠤᠨ ᠦᠪᠡᠷᠳᠡᠭᠡᠨ ᠵᠠᠰᠠᠬᠤ ᠤᠷᠤᠨ᠎ᠦ ᠲᠡᠰ᠎ᠤᠨ ᠲᠦᠯᠦᠭᠡᠯᠡᠭᠴᠢ ᠴᠢᠨᠠᠷᠳᠠᠢ ᠤᠯᠠᠮᠵᠢᠯᠠᠭᠴᠢ ᠪᠤᠯᠪᠠ᠃ ᠲᠠᠷᠠ ᠵᠢᠯ ᠲᠤᠷᠰᠢ ᠪᠤᠳᠠᠰ᠎ᠤᠨ ᠪᠤᠰᠤ ᠰᠤᠶᠤᠯ᠎ᠤᠨ ᠦᠪ᠎ᠤᠨ ᠤᠷ᠎ᠠ ᠮᠡᠷᠭᠡᠵᠢᠯ᠎ᠢ ᠤᠯᠠᠮᠵᠢᠯᠠᠬᠤ ᠵᠢᠨ ᠲᠦᠯᠦᠭᠡᠨ᠎ᠠ ᠴᠢᠷᠮᠠᠢᠵᠤ᠂ ᠰᠤᠷᠭᠠᠭᠤᠯᠢ᠎ᠳᠤ ᠭᠦᠷᠴᠦ ᠰᠤᠷᠤᠭᠴᠢᠳ ᠲᠤ᠌ ᠬᠠᠰᠠᠭ ᠲᠡᠷᠭᠡ ᠭᠢᠭᠦ ᠮᠡᠷᠭᠡᠵᠢᠯ ᠪᠤᠯᠤᠨ ᠲᠡᠦᠭᠡ ᠵᠢᠨ ᠮᠡᠳᠡᠯᠭᠡ ᠵᠢ ᠶᠠᠷᠢᠵᠤ ᠲᠠᠢᠯᠪᠤᠷᠢᠯᠠᠨ᠂ ᠵᠠᠯᠠᠭᠤᠴᠤᠳ ᠪᠠᠭᠠᠴᠤᠳ ᠲᠤ᠌ ᠪᠤᠳᠠᠰ᠎ᠤᠨ ᠪᠤᠰᠤ ᠰᠤᠶᠤᠯ᠎ᠤᠨ ᠦᠪ᠎ᠤᠨ ᠭᠠᠢᠬᠠᠮᠰᠢᠭ᠎ᠢ ᠮᠡᠳᠡᠷᠡᠭᠦᠯᠦᠨ᠎ᠡ᠃

ᠤᠯᠠᠮᠵᠢᠯᠠᠯᠳᠤ ᠤᠷ᠎ᠠ ᠮᠡᠷᠭᠡᠵᠢᠯ ᠨᠢ ᠵᠦᠪᠭᠡᠨ ᠤᠷ᠎ᠠ ᠮᠡᠷᠭᠡᠵᠢᠯ ᠲᠡᠳᠦᠢ ᠪᠢᠰᠢ ᠬᠠᠷᠢᠨ ᠪᠠᠢᠭᠠᠯᠢᠯᠢᠭ᠂ ᠪᠤᠷᠤᠭᠵᠢᠭᠤᠨ᠂ ᠨᠢᠮᠪᠠᠢ ᠵᠤᠷᠢᠭ ᠰᠠᠨᠠᠭᠠᠨ᠎ᠦ ᠤᠯᠠᠮᠵᠢᠯᠠᠯ ᠪᠠᠢᠵᠤ᠂ ᠤᠶᠤᠨ ᠤᠬᠠᠭᠠᠨ ᠎ᠦ ᠭᠠᠢᠬᠠᠮᠰᠢᠭ ᠵᠢᠡᠷ ᠦᠨᠭᠭᠡᠷᠡᠭᠰᠡᠨ ᠤᠳᠤ ᠢᠷᠡᠭᠡᠳᠦᠢ ᠵᠢ ᠬᠤᠯᠪᠤᠨᠠᠮ᠃


  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠵᠣᠣ ᠱᠦ᠍ ᠭᠤᠸᠠᠩ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ ᠎ᠤᠨ ᠮᠤᠩᠭᠤᠯ ᠬᠡᠯᠡᠨ᠎ᠦ ᠰᠤᠨᠢᠨ ᠮᠡᠳᠡᠭᠡ ᠎ᠶ᠋ᠢᠨ ᠰᠦᠯᠵᠢᠶ᠎ᠡ
兼容浏览器的HTML页面