2026-10-19 11:02:49
ᠤᠯᠠᠭᠠᠨᠬᠠᠳᠠ ᠬᠤᠳᠠ᠎ᠶ᠋ᠢᠨ ᠠᠷᠤ ᠬᠣᠷᠴᠢᠨ ᠬᠣᠱᠢᠭᠤᠨ᠎ᠤ ᠬᠠᠨᠰᠦ᠋ᠮ᠎ᠡ ᠰᠤᠮᠤᠨ ᠤ᠋ ᠴᠣᠭ᠍ᠲᠤ ᠠᠭᠤᠯᠠ᠎ᠶ᠋ᠢᠨ ᠬᠣᠷᠮᠣᠢ ᠵᠢᠨ ᠬᠤᠶᠠᠷ ᠭᠠᠵᠠᠷ ᠲᠡᠬᠢ ᠯᠢᠶᠣᠤ ᠤᠯᠤᠰ᠎ᠤᠨ ᠦᠶ᠎ᠡ᠎ᠶ᠋ᠢᠨ ᠢᠵᠠᠭᠤᠷᠲᠠᠨ᠎ᠤ ᠪᠤᠩᠬᠤᠨ ᠤ᠋ ᠰᠦᠷᠦᠭᠵᠢᠯ ᠨᠠᠮ ᠵᠢᠮ ᠨᠤᠢᠷᠰᠤᠨᠠ — ᠡᠨᠡ ᠨᠢ ᠲᠠᠷᠤᠢ ᠶᠧᠯᠢᠦᠢ ᠢᠦᠢᡁᠢ ᠶ᠋ᠢᠨ ᠲᠦᠷᠦᠯ ᠤᠭ᠍ᠰᠠᠭ᠎ᠠ᠎ᠶ᠋ᠢᠨ ᠪᠤᠩᠬᠤᠨ ᠤ᠋ ᠰᠦᠷᠦᠭᠵᠢᠯ ᠪᠣᠯᠤᠨ ᠶᠧᠯᠢᠦᠢ ᠴᠢ᠎ᠶ᠋ᠢᠨ ᠲᠦᠷᠦᠯ ᠤᠭ᠍ᠰᠠᠭ᠎ᠠ᠎ᠶ᠋ᠢᠨ ᠪᠤᠩᠬᠤᠨ ᠪᠤᠯᠤᠨ᠎ᠠ᠃
ᠡᠨᠡ ᠬᠣᠶᠠᠷ ᠪᠤᠩᠬᠤᠨ ᠨᠢ ᠬᠣᠶᠠᠷᠬᠠᠨ ᠺᠢᠯᠣᠮᠧᠲ᠋ᠷ ᠠᠯᠤᠰᠯᠠᠵᠤ ᠪᠠᠢᠪᠠᠴᠤ᠌ ᠪᠤᠩᠬᠤᠨ᠎ᠤ ᠡᠵᠡᠨ᠎ᠦ ᠪᠡᠶ᠎ᠡ᠎ᠶ᠋ᠢᠨ ᠭᠠᠷᠤᠯ᠂ ᠴᠠᠭ ᠦᠶ᠎ᠡ᠎ᠶ᠋ᠢᠨ ᠠᠬᠤᠶ ᠪᠠᠢᠳᠠᠯ ᠪᠠ ᠬᠠᠭᠤᠴᠢ ᠰᠤᠳᠤᠯᠤᠯ᠎ᠤᠨ ᠢᠯᠡᠷᠡᠭᠦᠯᠦᠯᠲᠡ᠎ᠶ᠋ᠢᠨ ᠠᠳᠠᠯᠢ ᠪᠤᠰᠤ᠎ᠡᠴᠡ ᠪᠣᠯᠵᠣ᠂ ᠦᠰᠦᠳ ᠥᠭᠡᠷ᠎ᠡ ᠲᠡᠦᠬᠡ᠎ᠶ᠋ᠢᠨ ᠬᠡᠪ ᠨᠠᠮᠪᠠ ᠵᠢ ᠢᠯᠡᠷᠡᠭᠦᠯᠪᠡ᠃
ᠤᠳᠤᠮ ᠤᠯᠠᠮᠵᠢᠯᠠᠯ ᠨᠢᠭᠡᠲᠡᠢ ᠴᠤ᠌ ᠠᠳᠠᠯᠢ ᠪᠤᠰᠤ ᠭᠦᠨ ᠭᠦᠨᠵᠡᠭᠡᠢ ᠲᠡᠤᠬᠡ ᠵᠢᠨ ᠠᠭᠤᠯᠤᠭᠳᠠᠬᠤᠨ ᠪᠤᠢ᠃ ᠪᠦᠬᠦ᠌ ᠤᠯᠤᠰ᠎ᠤᠨ ᠭᠣᠣᠯᠳᠠᠯᠭ᠎ᠠ᠎ᠲᠠᠶ ᠲᠡᠦᠬᠡ᠎ᠶ᠋ᠢᠨ ᠳᠤᠷᠠᠰᠭᠠᠯᠲᠤ ᠵᠦᠢᠯᠡᠰ᠎ᠦᠨ ᠬᠠᠮᠠᠭᠠᠯᠠᠯᠲᠠ᠎ᠶ᠋ᠢᠨ ᠨᠢᠭᠡᠴᠢ᠎ᠪᠡᠷ ᠵᠢᠭ᠍ᠰᠠᠭᠠᠭ᠍ᠳᠠᠭ᠍ᠰᠠᠨ ᠡᠨᠡ ᠬᠣᠶᠠᠷ ᠪᠤᠩᠬᠤᠨ᠎ᠤ ᠰᠦᠷᠦᠭ᠌ᠵᠢᠯ ᠨᠢ ᠯᠢᠶᠣᠤ ᠤᠯᠤᠰ᠎ᠤᠨ ᠦᠶ᠎ᠡ᠎ᠶ᠋ᠢᠨ ᠤᠯᠤᠰ ᠲᠦᠷᠦ᠍᠂ ᠰᠣᠶᠣᠯ᠂ ᠤᠷᠠᠯᠢᠭ᠎ᠢ ᠰᠤᠳᠤᠯᠬᠤ ᠴᠢᠬᠤᠯᠠ ᠴᠤᠩᠬᠤᠪᠴᠢ ᠪᠠ ᠬᠠᠮᠲᠤ᠎ᠶ᠋ᠢᠨ ᠴᠣᠭ᠍ᠴᠠ᠎ᠶ᠋ᠢᠨ ᠤᠬᠠᠮᠰᠠᠷ ᠪᠦᠷᠢᠯᠳᠦᠭ᠌ᠰᠡᠨ ᠢ᠋ ᠲᠠᠢᠯᠪᠤᠷᠢᠯᠠᠬᠤ ᠪᠣᠰᠣᠭ᠎ᠠ ᠴᠣᠭ᠍ᠴᠠᠲᠤ ᠭᠡᠷᠡᠴᠢ ᠪᠣᠯᠪᠠ᠃
ᠬᠤᠶᠠᠷ ᠶᠡᠬᠡ ᠪᠤᠩᠬᠤᠨ᠎ᠤ ᠰᠦᠷᠦᠭᠵᠢᠯ
ᠲᠡᠷᠭᠡ ᠵᠢᠯᠤᠭᠤᠳᠤᠨ ᠲᠠᠯ᠎ᠠ ᠨᠤᠲᠤᠭ᠎ᠤᠨ ᠲᠤᠮᠳᠠᠭᠤᠷ ᠬᠠᠬᠢᠷ ᠤ᠋ᠨ ᠭᠣᠣᠯᠢ᠋ ᠲᠠᠭᠠᠨ ᠠᠶᠠᠯᠠᠪᠠᠯ᠂ ᠲᠩᠷᠢ ᠤᠯᠠᠮ᠎ᠵᠢᠡᠷ ᠬᠣᠯᠠᠳᠠᠵᠤ᠂ ᠠᠭᠤᠯᠠᠰ ᠶᠠᠪᠤᠬᠤ ᠲᠤᠳᠤᠮ ᠤᠢᠷ᠎ᠡ ᠪᠣᠯᠤᠨ᠎ᠠ᠃ ᠲᠡᠷᠡ ᠠᠭᠤᠯᠠ᠎ᠶ᠋ᠢ ᠴᠣᠭ᠍ᠲᠤ ᠠᠭᠤᠯᠠ ᠭᠡᠳᠡᠭ᠃ ᠪᠠᠷᠠᠭᠤᠨᠰᠢ᠎ᠪᠠᠨ ᠡᠨᠡ ᠠᠭᠤᠯᠠ᠎ᠶ᠋ᠢ ᠳᠠᠪᠠᠪᠠᠯ ᠳᠠᠷᠤᠶ ᠯᠢᠶᠣᠤ ᠤᠯᠤᠰ᠎ᠤᠨ ᠳᠡᠭᠡᠳᠦ ᠨᠡᠢᠰᠯᠡᠯ ᠬᠦᠷᠳᠡᠭ᠃ ᠠᠭᠤᠯᠠᠨ ᠬᠣᠷᠮᠣᠶ᠎ᠳᠤ ᠨᠢᠭᠡ ᠲᠣᠰᠭᠣᠨ ᠪᠤᠢ᠂ ᠲᠤᠰᠬᠤᠨ᠎ᠤ ᠨᠡᠷ᠎ᠡ ᠵᠢ ᠵᠢᠷᠦᠬᠡ ᠭᠠᠴᠠᠭ᠎ᠠ ᠭᠡᠳᠡᠭ᠃ ᠭᠠᠴᠠᠭᠠᠨ᠎ᠳᠤ ᠨᠢᠭᠡ ᠬᠠᠮᠠᠭᠠᠯᠠᠭ᠍ᠴᠢ᠎ᠲᠠᠶ᠂ ᠲᠡᠭᠦᠨ᠎ᠤ ᠨᠡᠷ᠎ᠡ ᠵᠢ ᠳᠦᠭᠦᠷᠡᠩ ᠬᠡᠳᠡᠭ᠃
ᠲᠤᠬᠠᠶ᠎ᠶ᠋ᠢᠨ ᠭᠠᠵᠠᠷ᠎ᠤᠨ ᠰᠣᠶᠣᠯ᠎ᠤᠨ ᠬᠠᠮᠠᠭᠠᠯᠠᠯᠲᠠ᠎ᠶ᠋ᠢᠨ ᠰᠠᠯᠠᠭ᠎ᠠ ᠮᠥᠴᠢᠷ ᠶᠧᠯᠢᠦᠢ ᠢᠦᠢᡁᠢ ᠶ᠋ᠢᠨ ᠲᠦᠷᠦᠯ ᠤᠭ᠍ᠰᠠᠭ᠎ᠠ᠎ᠶ᠋ᠢᠨ ᠪᠤᠩᠬᠤᠨ ᠤ᠋ ᠰᠦᠷᠦᠭᠵᠢᠯ ᠪᠣᠯᠤᠨ ᠶᠧᠯᠢᠦᠢ ᠴᠢ᠎ᠶ᠋ᠢᠨ ᠲᠦᠷᠦᠯ ᠤᠭ᠍ᠰᠠᠭ᠎ᠠ᠎ᠶ᠋ᠢᠨ ᠪᠤᠩᠬᠤᠨ ᠤ᠋ ᠰᠦᠷᠦᠭᠵᠢᠯ᠎ᠢ ᠬᠠᠮᠠᠭᠠᠯᠠᠬᠰᠠᠨᠤ ᠲᠡᠭᠡᠷ᠎ᠡ ᠭᠠᠵᠠᠷ᠎ᠤᠨ ᠪᠠᠢᠴᠠ ᠪᠤᠳᠤᠯᠢᠶᠠᠨᠲᠠᠶ ᠤᠴᠢᠷ ᠡᠴᠡ ᠲᠦᠭᠦᠷᠡᠩ ᠭᠤᠸᠠᠢ ᠵᠠᠮᠴᠢᠯᠠᠭ᠍ᠴᠢ ᠪᠣᠯᠬᠤ ᠦᠭᠡᠢ ᠪᠣᠯ ᠡᠷᠢᠵᠦ᠍ ᠣᠯᠬᠤ᠎ᠳᠦ ᠪᠡᠷᠭᠡ ᠮᠥᠷᠲᠡᠭᠡᠨ ᠣᠷᠣᠵᠤ ᠴᠤ᠌ ᠳᠡᠢᠯᠬᠦ᠌ ᠦᠭᠡᠢ᠃
ᠳᠦᠭᠦᠷᠡᠩ᠎ᠦᠨ ᠮᠣᠲ᠋ᠣᠷᠢ ᠳᠠᠭᠠᠵᠤ᠂ ᠲᠣᠰᠭᠣᠨ᠎ᠡᠴᠡ ᠪᠠᠷᠠᠭᠤᠨᠰᠢ ᠪᠡᠨ ᠲᠠᠯ᠎ᠠ ᠨᠤᠲᠤᠭ᠎ᠤᠨ ᠡᠩᠬᠦᠯ ᠳᠤᠩᠬᠤᠯ ᠵᠠᠮ ᠵᠢᠡᠷ ᠶᠠᠪᠤᠭᠠᠳ ᠨᠢᠭᠡ ᠬᠡᠰᠡᠭ ᠤᠢ ᠱᠢᠭᠤᠢ ᠪᠣᠯᠤᠨ ᠨᠢᠭᠡ ᠵᠤᠷᠪᠤᠰ ᠭᠤᠤ ᠭᠠᠩᠭ᠎ᠠ ᠲᠠᠭᠠᠷᠠᠯᠳᠤᠬᠤ ᠪᠡᠷ ᠨᠢ ᠬᠥᠮᠦᠰᠠᠷᠭᠠ ᠪᠤᠰᠤ ᠶᠠᠪᠠᠭᠠᠨ᠎ᠢᠶᠠᠷ ᠶᠠᠪᠤᠵᠠᠭᠠᠪᠠ᠃
《ᠠᠩ ᠴᠠᠪᠠ᠎ᠲᠠᠶ ᠠᠭᠤᠯᠠ ᠢᠷᠡᠯ᠎ᠡ!》 ᠬᠡᠵᠦ ᠠᠷᠤ ᠬᠣᠷᠴᠢᠨ᠎ᠤ ᠮᠦᠽᠧᠶ᠎ᠶ᠋ᠢᠨ ᠳᠡᠳ᠋ ᠰᠤᠳᠤᠯᠤᠭ᠍ᠴᠢ ᠵᠧᠸ᠋ ᠱᠢᠩ ᠴᠢ᠎ᠶ᠋ᠢᠨ ᠵᠢᠭᠠᠭ᠍ᠰᠠᠨ ᠴᠢᠭᠯᠡᠯᠵᠦᠭ ᠬᠠᠷᠠᠪᠠᠯ — ᠵᠡᠭᠦᠨ᠂ ᠪᠠᠷᠠᠭᠤᠨ᠂ ᠬᠣᠢᠲᠤ ᠭᠤᠷᠪᠠᠨ ᠲᠠᠯ᠎ᠠ᠎ᠨᠢ ᠠᠭᠤᠯᠠ᠎ᠪᠠᠷ ᠬᠦᠷᠢᠶᠡᠯᠡᠭ᠌ᠳᠡᠭ᠌ᠰᠡᠨ ᠠᠪᠤᠷᠭᠤ ᠶᠡᠬᠡ ᠠᠭᠤᠯᠠᠨ ᠬᠥᠨᠳᠡᠶ ᠳ᠋ᠤ᠂ ᠭᠤᠤᠯ ᠳᠤᠮᠳᠠᠬᠢ ᠣᠷᠭᠢᠯ᠎ᠤᠨ ᠣᠷᠣᠶ᠎ᠡᠴᠡ ᠲᠤᠷᠤᠬᠰᠢ ᠪᠠᠨ ᠭᠡᠨᠡᠳᠲᠡ ᠨᠢᠭᠡ ᠶᠡᠬᠡ ᠭᠤᠤ ᠭᠠᠩᠭ᠎ᠠ ᠭᠠᠷᠴᠤ᠂ ᠠᠩ ᠴᠠᠪᠠ᠎ᠶ᠋ᠢᠨ ᠬᠡᠯᠪᠡᠷᠢᠲᠡᠶ ᠪᠠᠢᠪᠠ᠃
ᠶᠧᠯᠢᠦᠶ ᠢᠦᠶ ᡁᠢ ᠵᠢᠨ ᠪᠤᠩᠬᠤᠨ ᠨᠢ ᠳᠠᠷᠤᠶ ᠡᠨᠡ 《ᠠᠩ ᠴᠠᠪᠠ᠎ᠲᠠᠶ ᠠᠭᠤᠯᠠ》 ᠶ᠋ᠢᠨ ᠡᠮᠦᠨ᠎ᠡ ᠪᠠᠢᠷᠢᠯᠠᠵᠤ᠂ ᠠᠷᠤ ᠲᠠᠯ᠎ᠠ ᠪᠡᠷ᠎ᠢᠶᠡᠨ ᠠᠰᠭ᠎ᠠ ᠠᠭᠤᠯᠠ᠎ᠶ᠋ᠢ ᠲᠦᠱᠢᠵᠦ᠍᠂ ᠡᠮᠦᠨᠡᠬᠦᠷ᠎ᠨᠢ ᠥᠷᠭᠡᠨ ᠠᠭᠤᠳᠠᠮ ᠲᠠᠯ᠎ᠠ ᠭᠠᠵᠠᠷ ᠪᠠᠢᠵᠤ᠂ ᠪᠦᠬᠦᠯᠢ ᠴᠣᠭ᠍ᠴᠠ᠎ᠪᠠᠷ᠎ᠢᠶᠠᠨ ᠪᠠᠷᠠᠭᠤᠨ ᠬᠣᠢᠰᠢ — ᠵᠡᠭᠦᠨ ᠡᠮᠦᠨᠡᠰᠢ ᠴᠢᠭ᠌ᠯᠡᠯ᠎ᠲᠡᠶ ᠪᠠᠢᠵᠤ᠂ ᠯᠢᠶᠣᠤ ᠤᠯᠤᠰ᠎ᠤᠨ ᠬᠢᠳᠠᠨ ᠢᠵᠠᠭᠤᠷᠲᠠᠨ᠎ᠤ ᠬᠡᠰᠢᠭᠳᠤ ᠭᠠᠵᠠᠷ᠎ᠢ ᠡᠷᠬᠢᠮᠯᠡᠨ ᠳᠡᠭᠡᠳᠦᠯᠡᠳᠡᠭ ᠣᠢᠯᠠᠭᠠᠭ᠍ᠳᠠᠬᠤᠨ᠎ᠲᠠᠶ ᠨᠡᠢᠴᠡᠵᠦ᠍ ᠪᠠᠢᠨ᠎ᠠ᠃ ᠪᠤᠩᠬᠤᠨ᠎ᠤ ᠰᠦᠷᠦᠭ᠌ᠵᠢᠯ ᠰᠦᠷᠯᠢᠭ ᠪᠠᠢᠵᠦ᠂ ᠡᠷᠭᠢᠨ ᠲᠣᠭᠣᠷᠢᠨᠳᠤᠨᠢ 30 ᠭᠠᠷᠤᠶ ᠲᠣᠮᠣ᠂ ᠳᠤᠮᠳᠠ ᠬᠡᠯᠪᠡᠷᠢ᠎ᠶ᠋ᠢᠨ ᠯᠢᠶᠣᠤ ᠤᠯᠤᠰ᠎ᠤᠨ ᠪᠤᠩᠬᠤᠨ ᠲᠠᠷᠬᠠᠵᠤ᠂ ᠡᠷᠬᠢᠮ ᠢᠵᠠᠭᠤᠷᠲᠠᠨ᠎ᠤ ᠪᠤᠩᠬᠤᠨ ᠲᠠᠯᠪᠢᠬᠤ ᠨᠢᠭᠡᠨ ᠪᠦᠷᠢᠨ ᠪᠦᠲᠦᠨ ᠣᠷᠣᠨ ᠪᠣᠯᠤᠭ᠍ᠰᠠᠨ ᠪᠠᠢᠨ᠎ᠠ᠃
ᠶᠧᠯᠢᠦᠶ ᠢᠦᠶ ᡁᠢ ᠵᠢᠨ ᠲᠦᠷᠦᠯ ᠤᠭ᠍ᠰᠠᠭ᠎ᠠ᠎ᠶ᠋ᠢᠨ ᠪᠤᠩᠬᠤᠨ ᠤ᠋ ᠰᠦᠷᠦᠭᠵᠢᠯ᠎ᠡᠴᠡ ᠶᠧᠯᠢᠦᠶ ᠴᠢ᠎ᠶ᠋ᠢᠨ ᠲᠦᠷᠦᠯ ᠤᠭ᠍ᠰᠠᠭ᠎ᠠ᠎ᠶ᠋ᠢᠨ ᠪᠤᠩᠬᠤᠨ ᠤ᠋ ᠰᠦᠷᠦᠭᠵᠢᠯ ᠬᠦᠷᠲᠡᠯ᠎ᠡ᠂ ᠬᠡᠳᠦᠢᠪᠡᠷ ᠠᠰ ᠵᠠᠢ ᠨᠢ ᠬᠣᠶᠠᠷᠬᠠᠨ ᠺᠢᠯᠣᠮᠧᠲ᠋ᠷ ᠬᠦᠷᠬᠦ᠌ ᠦᠭᠡᠢ ᠪᠣᠯᠪᠠᠴᠤ᠌᠂ ᠠᠭᠤᠯᠠᠨ ᠴᠣᠭ᠍ᠴᠠ ᠪᠣᠯᠤᠨ ᠭᠤᠤ ᠭᠠᠩᠭ᠎ᠠ ᠡᠴᠡ ᠪᠤᠯᠵᠤ᠂ ᠡᠷᠬᠡᠪᠰᠢ ᠵᠢᠷᠦᠭᠡ ᠭᠠᠴᠠᠭ᠎ᠠ᠎ᠳᠤ ᠪᠤᠴᠠᠭᠠᠳ ᠲᠠᠬᠢᠨ ᠵᠡᠭᠦᠨ ᠬᠣᠢᠰᠢ ᠶᠠᠪᠤᠪᠠᠯ ᠰᠠᠶᠢ ᠨᠦᠬᠦᠬᠡ ᠨᠢᠬᠡ ᠪᠤᠩᠬᠤᠨ᠎ᠤ ᠰᠦᠷᠦᠭᠵᠢᠯ ᠳ᠋ᠤ ᠬᠦᠷᠴᠦ᠍ ᠴᠢᠳᠠᠨ᠎ᠠ᠃
ᠶᠧᠯᠢᠦᠶ ᠴᠢ ᠵᠢᠨ ᠲᠥᠷᠥᠯ ᠤᠭ᠍ᠰᠠᠭ᠎ᠠ᠎ᠶ᠋ᠢᠨ ᠪᠤᠩᠬᠤᠨ ᠤ᠋ ᠰᠦᠷᠦᠭᠵᠢᠯ ᠨᠢ ᠴᠣᠭ᠍ᠲᠤ ᠠᠭᠤᠯᠠᠨ ᠤ᠋ ᠵᠡᠭᠦᠨ ᠭᠦᠳᠦᠯ᠎ᠳᠤ ᠪᠠᠢᠷᠢᠯᠠᠵᠤ᠂ ᠵᠡᠭᠦᠨᠰᠢ ᠪᠠᠷᠠᠭᠤᠨᠰᠢ ᠪᠠᠷᠤᠭ 200 ᠮᠧᠲ᠋ᠷ᠂ ᠥᠷᠭᠡᠨ ᠨᠢ ᠪᠠᠷᠤᠭ 110 ᠮᠧᠲ᠋ᠷ ᠪᠠᠢᠵᠤ᠂ ᠬᠣᠶᠠᠷ ᠲᠠᠯ᠎ᠠ᠎ᠪᠠᠷ᠎ᠢᠶᠠᠨ ᠪᠡᠯᠭᠡ ᠲᠡᠮᠳᠡᠭ᠎ᠦᠨ ᠴᠢᠨᠠᠷᠲᠠᠶ ᠴᠢᠯᠠᠭᠤᠨ ᠬᠡᠷᠡᠮ᠎ᠲᠡᠶ᠂ ᠡᠮᠦᠨ᠎ᠡ ᠬᠡᠷᠡᠮ᠎ᠦᠨ ᠣᠷᠳᠣ ᠨᠢ ᠪᠠᠷᠤᠭ 22 ᠮᠧᠲ᠋ᠷ᠂ ᠬᠣᠢᠲᠤ ᠬᠡᠷᠡᠮ᠎ᠦᠨ ᠣᠷᠳᠣ ᠨᠢ ᠪᠠᠷᠤᠭ 67 ᠮᠧᠲ᠋ᠷ ᠪᠠᠢᠵᠤ᠂ ᠣᠩᠭᠣᠨ᠎ᠤ ᠡᠮᠦᠨ᠎ᠡ ᠬᠡᠰᠡᠭ᠎ᠲᠦ᠎ᠨᠢ ᠪᠠᠷᠢᠯᠭ᠎ᠠ᠎ᠶ᠋ᠢᠨ ᠰᠠᠭᠤᠷᠢ ᠪᠠᠢᠵᠤ᠂ ᠲᠠᠬᠢᠯᠭ᠎ᠠ ᠵᠢᠨ ᠲᠠᠩᠬᠢᠮ ᠮᠡᠲᠦ ᠵᠢᠨ ᠪᠠᠷᠢᠯᠭ᠎ᠠ᠎ᠶ᠋ᠢ ᠪᠠᠢᠭᠤᠯᠵᠤ ᠥᠩᠭᠡᠷᠡᠭ᠌ᠰᠡᠨ ᠪᠠᠢᠳᠠᠯ ᠲᠠᠢ᠃
ᠴᠣᠭ᠍ᠲᠤ ᠠᠭᠤᠯᠠ᠎ᠶ᠋ᠢᠨ ᠡᠮᠦᠨ᠎ᠡ ᠬᠣᠷᠮᠣᠶ᠎ᠳᠤ ᠵᠣᠭ᠍ᠰᠣᠨ᠂ ᠬᠣᠶᠠᠷ ᠲᠥᠷᠥᠯ ᠤᠭᠰᠠᠭ᠎ᠠ ᠵᠢᠨ ᠪᠤᠩᠬᠤᠨ ᠤ᠋ ᠰᠦᠷᠦᠭᠵᠢᠯ᠎ᠢ ᠠᠭᠤᠳᠠᠯᠤᠨ ᠡᠮᠬᠢᠯᠡᠬᠦ᠌ ᠠᠵᠢᠯ᠎ᠳᠤ ᠪᠦᠷ ᠣᠷᠣᠯᠴᠠᠭᠰᠠᠨ ᠵᠧᠸ᠋ ᠱᠢᠩ ᠴᠢ ᠬᠣᠶᠠᠷ ᠪᠤᠩᠬᠤᠨ᠎ᠤ ᠰᠦᠷᠦᠭᠵᠢᠯᠢ᠋ ᠬᠠᠷᠢᠴᠠᠭᠤᠯᠤᠨ ᠲᠠᠨᠢᠯᠴᠠᠭᠤᠯᠪᠠ᠃
ᠶᠧᠯᠢᠦᠶ ᠢᠦᠶ ᡁᠢ᠎ᠶ᠋ᠢᠨ ᠪᠤᠩᠬᠤᠨ ᠬᠡᠭᠡᠨᠴᠢᠷ ᠴᠢᠮᠡᠭ᠌ᠯᠡᠯᠢᠶᠡᠷᠢᠶᠡᠨ ᠠᠯᠳᠠᠷᠱᠢᠵᠤ᠂ ᠪᠤᠩᠬᠤᠨ ᠳᠣᠲᠣᠷ᠎ᠠ ᠨᠢ ᠱᠢᠯ ᠲᠣᠭᠣᠰᠭ᠎ᠠ᠎ᠶ᠋ᠢ ᠶᠡᠬᠡ ᠬᠡᠮᠵᠢᠶ᠎ᠡ᠎ᠪᠡᠷ ᠬᠡᠷᠡᠭ᠌ᠯᠡᠵᠦ᠍ ᠴᠢᠮᠡᠭ᠌ᠯᠡᠯ᠎ᠦᠨ ᠮᠠᠲ᠋ᠧᠷᠢᠶᠠᠯ ᠪᠣᠯᠭᠠᠭ᠍ᠰᠠᠨ ᠨᠢ ᠯᠢᠶᠣᠤ ᠤᠯᠤᠰ᠎ᠤᠨ ᠪᠤᠩᠬᠤᠨ᠎ᠤ ᠲᠤᠳᠤᠷ᠎ᠠ ᠮᠠᠰᠢ ᠬᠣᠪᠣᠷᠬᠠᠨ ᠪᠠᠢᠳᠠᠭ᠃ ᠪᠤᠩᠬᠤᠨ᠎ᠤ ᠡᠭᠦᠳᠡ ᠨᠢ ᠱᠢᠩᠬᠤᠨ ᠤᠯᠠᠭᠠᠨ᠎ᠢᠶᠠᠷ ᠳᠡᠪᠢᠰᠭᠡᠷᠯᠡᠵᠦ᠍᠂ ᠮᠠᠨᠳᠠᠷᠸ᠎ᠠ ᠴᠡᠴᠡᠭ ᠭᠠᠷᠤᠳᠢ᠎ᠶ᠋ᠢᠨ ᠵᠢᠷᠤᠭ ᠳᠦᠷᠰᠦ᠎ᠲᠡᠶ᠂ ᠬᠣᠩᠭᠢᠯ ᠵᠠᠮ ᠴᠢᠬᠢᠨ ᠭᠡᠷ᠎ᠢ ᠨᠢ ᠴᠢᠯᠠᠭᠤᠨ ᠬᠠᠪᠳᠠᠰᠤ᠎ᠪᠠᠷ ᠵᠡᠷᠭᠡᠯᠡᠵᠦ᠍ ᠪᠦᠲᠦᠭᠡᠭᠰᠡᠨ ᠪᠦᠭᠡᠳ ᠲᠡᠭᠡᠷ᠎ᠡ ᠨᠢ ᠬᠠᠨ᠎ᠠ᠎ᠶ᠋ᠢᠨ ᠵᠢᠷᠤᠭ᠎ᠲᠠᠶ᠂ ᠪᠤᠩᠬᠤᠨ᠎ᠤ ᠭᠣᠣᠯ ᠭᠡᠷ ᠨᠢ ᠳᠥᠷᠪᠡᠯᠵᠢᠨ ᠬᠡᠯᠪᠡᠷᠢ ᠲᠠᠢ ᠤᠷᠤᠢ ᠨᠢ ᠲᠤᠭᠤᠷᠢᠭ ᠪᠠᠢᠵᠤ᠂ ᠠᠪᠰᠠᠲᠡᠯᠪᠢᠬᠤ ᠣᠷᠣ᠎ᠶ᠋ᠢ ᠨᠣᠭᠣᠭᠠᠨ ᠱᠢᠯ ᠲᠣᠭᠣᠰᠭ᠎ᠠ᠎ᠪᠠᠷ ᠵᠡᠷᠭᠡᠯᠡᠵᠦ᠍ ᠵᠣᠬᠢᠶᠠᠵᠠᠶ᠃ ᠡᠭᠦᠨ᠎ᠲᠡᠶ ᠬᠠᠷᠢᠴᠠᠭᠤᠯᠪᠠᠯ᠂ ᠶᠧᠯᠢᠤᠢ ᠴᠢ᠎ᠶ᠋ᠢᠨ ᠪᠤᠩᠬᠤᠨ ᠨᠢ ᠠᠳᠠᠯᠢᠬᠠᠨ ᠲᠤᠮᠤ ᠬᠡᠯᠪᠡᠷᠢ᠎ᠶ᠋ᠢᠨ ᠲᠣᠭᠣᠰᠭᠠᠨ ᠪᠦᠲᠦᠴᠡ᠎ᠲᠡᠶ ᠪᠤᠩᠬᠤᠨ ᠪᠣᠯᠪᠠᠴᠤ᠌᠂ ᠲᠡᠭᠦᠨ᠎ᠦ ᠣᠨᠴᠠᠯᠢᠭ ᠨᠢ ᠨᠠᠷᠢᠯᠢᠭ ᠪᠠᠢᠷᠢᠱᠢᠯ ᠳ᠋ᠤ ᠪᠤᠢ — ᠪᠤᠩᠬᠤᠨ᠎ᠤ ᠵᠠᠮ᠂ ᠪᠤᠩᠬᠤᠨ᠎ᠤ ᠡᠭᠦᠳᠡ᠂ ᠬᠤᠩᠬᠢᠯ ᠵᠠᠮ᠎ᠤᠨ ᠡᠮᠦᠨ᠎ᠡ ᠦᠷᠦᠭᠡ᠂ ᠵᠡᠭᠦᠨ ᠪᠠᠷᠠᠭᠤᠨ ᠴᠢᠬᠢᠨ ᠭᠡᠷ ᠪᠠ ᠭᠣᠣᠯ ᠦᠷᠦᠭᠡ᠎ᠪᠡᠷ ᠪᠦᠷᠢᠯᠳᠦᠵᠦ᠍᠂ ᠡᠷᠬᠢᠨ ᠲᠣᠭᠣᠷᠢᠨ᠎ᠳ᠋ᠤ᠎ᠨᠢ ᠦᠯᠡᠳᠡᠭ᠌ᠳᠡᠯ ᠮᠣᠳᠣᠨ ᠬᠠᠨ᠎ᠠ᠎ᠶ᠋ᠢᠨ ᠢᠷᠣᠭᠠᠷ ᠬᠦᠷᠢᠶ᠎ᠡ ᠲᠠᠢ᠂ ᠠᠪᠰᠠᠲᠠᠯᠪᠢᠬᠤ ᠣᠷᠣ᠎ᠶ᠋ᠢᠨ ᠡᠷᠬᠢᠨ ᠲᠣᠭᠣᠷᠢᠨ᠎ᠳᠤ ᠮᠣᠳᠣᠨ ᠬᠠᠪᠢᠰᠤᠬᠦᠰᠢᠭᠡ ᠲᠠᠶ ᠪᠠᠢᠳᠠᠭ᠃
ᠵᠧᠦ ᠱᠢᠩ ᠴᠢ᠎ᠶ᠋ᠢᠨ ᠦᠵᠡᠬᠦ᠌᠎ᠪᠡᠷ᠂ ᠡᠨᠡ ᠬᠦ᠌ ᠵᠥᠷᠢᠶ᠎ᠡ ᠨᠢ ᠯᠢᠶᠣᠤ ᠤᠯᠤᠰ᠎ᠤᠨ ᠡᠬᠢᠨ᠎ᠦ ᠦᠶ᠎ᠡ ᠪᠡ ᠰᠡᠭᠦᠯᠴᠢ ᠵᠢᠨ ᠦᠶ᠎ᠡ ᠵᠢᠨ ᠪᠠᠷᠢᠯᠭ᠎ᠠ᠎ᠶ᠋ᠢᠨ ᠬᠡᠪ ᠨᠠᠮᠪᠠ᠎ᠶ᠋ᠢᠨ ᠬᠤᠪᠢᠷᠠᠯᠲᠠ᠎ᠶ᠋ᠢ ᠬᠠᠷᠠᠭᠤᠯᠵᠤ ᠪᠠᠢᠨ᠎ᠠ᠃ ᠬᠣᠶᠠᠷ ᠪᠤᠩᠬᠤᠨ᠎ᠤ ᠰᠦᠷᠦᠭᠵᠢᠯ ᠨᠢ ᠯᠢᠶᠣᠤ ᠤᠯᠤᠰ᠎ᠤᠨ ᠬᠢᠳᠠᠨ᠎ᠤ ᠢᠵᠠᠭᠤᠷᠲᠠᠨ᠎ᠤ ᠪᠤᠩᠬᠤᠨ᠎ᠳᠤ ᠬᠠᠷᠢᠶᠠᠯᠠᠭ᠍ᠳᠠᠬᠤ ᠪᠣᠯᠪᠠᠴᠤ᠌ ᠣᠷᠣᠨ ᠵᠠᠶ᠎ᠶ᠋ᠢᠨ ᠪᠠᠢᠷᠢᠱᠢᠯ᠂ ᠪᠠᠷᠢᠯᠭ᠎ᠠ᠎ᠶ᠋ᠢᠨ ᠬᠡᠪ ᠨᠠᠮᠪᠠ᠎ᠶ᠋ᠢᠨ ᠲᠠᠯ᠎ᠠ᠎ᠪᠠᠷ ᠢᠯᠡ ᠲᠣᠳᠣ ᠬᠠᠷᠢᠴᠠᠭᠤᠯᠤᠯ ᠪᠣᠯᠵᠤ᠂ ᠯᠢᠶᠣᠤ ᠤᠯᠤᠰ᠎ᠤᠨ ᠢᠵᠠᠭᠤᠷᠲᠠᠨ᠎ᠤ ᠣᠷᠣᠱᠢᠭᠤᠯᠭ᠎ᠠ᠎ᠶ᠋ᠢᠨ ᠰᠣᠶᠣᠯ᠎ᠤᠨ ᠪᠦᠷᠢᠨ ᠪᠦᠲᠦᠨ ᠵᠢᠷᠤᠭ᠎ᠢ ᠪᠦᠷᠢᠯᠳᠦᠭᠦᠯᠦᠭ᠌ᠰᠡᠨ ᠪᠠᠢᠨ᠎ᠠ᠃
ᠭᠠᠢᠬᠠᠮᠰᠢᠬᠳᠤ ᠢᠯᠡᠷᠡᠭᠦᠯᠦᠯᠳᠡ
ᠶᠧᠯᠢᠦᠶ ᠢᠦᠶ ᡁᠢ ᠪᠣᠯᠤᠨ ᠶᠧᠯᠢᠦᠢ ᠴᠢ᠎ᠶ᠋ᠢᠨ ᠲᠦᠷᠦᠯ ᠤᠭ᠍ᠰᠠᠭ᠎ᠠ ᠵᠢᠨ ᠪᠤᠩᠬᠤᠨ᠎ᠤ ᠰᠦᠷᠦᠭᠵᠢᠯ ᠢ᠋ ᠢᠯᠡᠷᠡᠭᠦᠯᠬᠦ ᠶᠠᠪᠤᠴᠠ ᠨᠢ ᠵᠦᠴᠦᠭᠡᠯᠢᠭ ᠴᠢᠨᠠᠷ ᠪᠠ ᠭᠡᠨᠡᠳᠲᠡ᠎ᠶ᠋ᠢᠨ ᠴᠢᠨᠠᠷᠲᠠᠢ ᠪᠠᠢᠵᠤ᠂ ᠲᠡᠳᠡᠨ᠎ᠦ ᠮᠠᠯᠲᠠᠵᠤ ᠢᠯᠡᠷᠡᠭᠦᠯᠦᠭᠰᠡᠨ ᠦᠯᠢᠭᠡᠷ ᠨᠢ ᠶᠠᠭ ᠯᠠ ᠬᠣᠶᠠᠷ ᠭᠦᠨ ᠵᠤᠵᠠᠭᠠᠨ ᠲᠡᠦᠬᠡ᠎ᠶ᠋ᠢᠨ ᠨᠣᠮ᠎ᠢ ᠨᠡᠭᠡᠭᠡᠭ᠌ᠰᠡᠨ ᠬᠡᠮᠡᠷ ᠬᠣᠵᠢᠮ᠎ᠤᠨ ᠬᠥᠮᠦᠰ᠎ᠲᠦ ᠯᠢᠶᠣᠤ ᠤᠯᠤᠰ᠎ᠤᠨ ᠢᠵᠠᠭᠤᠷᠲᠠᠨ᠎ᠤ ᠨᠡᠢᠭᠡᠮ᠎ᠦᠨ ᠦᠨᠡᠨ ᠳᠦᠷᠢ᠎ᠶ᠋ᠢ ᠲᠡᠬᠢᠨ ᠢᠯᠡᠷᠡᠬᠦᠯᠤᠨ ᠦᠵᠡᠭᠦᠯᠪᠡ᠃
1992 ᠣᠨ᠎ᠤ 7 ᠰᠠᠷ᠎ᠠ᠎ᠶ᠋ᠢᠨ ᠳᠤᠮᠳᠠᠴᠢ᠎ᠪᠠᠷ᠂ ᠲᠤᠬᠠᠢ᠎ᠶ᠋ᠢᠨ ᠦᠶ᠎ᠡ᠎ᠶ᠋ᠢᠨ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠰᠣᠶᠣᠯ᠎ᠤᠨ ᠲᠢᠩᠬᠢᠮ ᠨᠢᠭᠡᠨ ᠮᠡᠳᠡᠭᠦᠯᠦᠯᠳᠡ ᠵᠢ ᠲᠤᠰᠴᠤ ᠤᠯᠵᠠᠢ᠄ ᠤᠯᠠᠭᠠᠨᠬᠠᠳᠠ ᠬᠤᠲᠠ᠎ᠶ᠋ᠢᠨ ᠠᠷᠤ ᠬᠣᠷᠴᠢᠨ ᠬᠣᠱᠢᠭᠤᠨ᠎ᠤ ᠬᠠᠨᠰᠦ᠋ᠮ᠎ᠡ ᠰᠤᠮᠤᠨ᠎ᠤ ᠨᠢᠭᠡᠨ ᠡᠷᠲᠡᠨ᠎ᠦ ᠪᠤᠩᠬᠤᠨ ᠬᠤᠯᠠᠭᠠᠢᠯᠠᠭ᠍ᠳᠠᠵᠤ᠂ ᠮᠠᠯᠲᠠᠵᠤ ᠭᠠᠷᠭᠠᠭ᠍ᠰᠠᠨ ᠪᠤᠯᠠᠰᠢᠨ ᠬᠦᠰᠢᠶᠡᠨ ᠤ᠋ ᠪᠢᠴᠢᠭᠡᠰᠦ᠎ᠶ᠋ᠢ ᠦᠨᠳᠦᠰᠦᠯᠡᠪᠡᠯ᠂ ᠪᠤᠩᠬᠤᠨ᠎ᠤ ᠡᠵᠡᠨ ᠨᠢ ᠬᠢᠳᠠᠨ ᠤ᠋ ᠵᠡᠭᠦᠨ ᠭᠠᠷ ᠤ᠋ᠨ ᠴᠸᠩᠰᠢᠶᠠᠩ ᠶᠧᠯᠢᠦᠢ ᠢᠦᠢ ᡁᠢ ᠪᠤᠯᠬᠤ ᠵᠢ ᠢᠯᠡᠷᠡᠬᠦᠯᠪᠡ᠃
ᠲᠤᠰ ᠵᠢᠯ᠎ᠦᠨ 8 ᠰᠠᠷ᠎ᠠ᠎ᠶ᠋ᠢᠨ 1 ᠤ᠋ ᠡᠳᠦᠷ᠂ ᠬᠠᠭᠤᠴᠢ ᠰᠤᠳᠤᠯᠤᠯ᠎ᠤᠨ ᠠᠩᠬᠢ ᠬᠥᠬᠡᠬᠣᠲᠠ᠎ᠡᠴᠡ ᠮᠣᠷᠳᠠᠵᠤ᠂ ᠬᠡᠷᠡᠭ ᠭᠠᠷᠤᠭ᠍ᠰᠠᠨ ᠭᠠᠵᠠᠷ᠎ᠲᠤ ᠤᠴᠢᠪᠠ᠃ ᠬᠠᠭᠤᠴᠢ ᠰᠤᠳᠤᠯᠤᠬᠴᠢᠳ ᠲᠤᠬᠠᠶ᠎ᠶ᠋ᠢᠨ ᠲᠠᠯᠠᠪᠠᠶ᠎ᠳᠤ ᠬᠦᠷᠬᠦ᠌᠎ᠳᠦ᠂ ᠳ᠋ᠢᠶᠠᠮᠧᠲ᠋ᠷ᠎ᠨᠢ 1 ᠮᠧᠲ᠋ᠷ ᠣᠷᠴᠢᠮ᠂ ᠢᠷᠣᠭᠠᠷ᠎ᠨᠢ ᠬᠠᠷᠠᠭ᠍ᠳᠠᠬᠤ ᠥᠬᠡᠶ ᠨᠢᠬᠡ ᠨᠦᠭᠡ ᠪᠠᠢᠬᠤ᠎ᠶ᠋ᠢ ᠣᠯᠵᠤ ᠦᠵᠡᠬᠡᠳ ᠡᠨᠡ ᠬᠦ᠌ ᠲᠣᠮᠣ ᠣᠩᠭᠣᠨ᠎ᠢ ᠲᠦᠷᠭᠡᠨ ᠠᠪᠤᠷᠬᠠᠸ᠋ ᠴᠢᠨᠠᠷᠲᠠᠶ ᠮᠠᠯᠲᠠᠬᠰᠠᠨ ᠪᠠᠢᠨ᠎ᠠ᠃ ᠮᠠᠯᠲᠠᠨ ᠠᠭᠤᠳᠠᠯᠬᠤ ᠶᠠᠪᠤᠴᠠ᠎ᠳᠤ᠂ ᠬᠠᠭᠤᠴᠢ ᠰᠤᠳᠤᠯᠤᠭᠠᠴᠢᠳ ᠪᠤᠩᠬᠤᠨ᠎ᠤ ᠥᠷᠥᠭᠡ᠎ᠶ᠋ᠢᠨ ᠬᠡᠭᠡᠨᠴᠢᠷᠢ ᠡᠷᠬᠡ ᠦᠬᠡᠢ ᠭᠠᠢᠬᠠᠪᠠ — ᠪᠤᠩᠬᠤᠨ᠎ᠤ ᠥᠷᠥᠭᠡ ᠨᠢ ᠭᠠᠵᠠᠷ᠎ᠤᠨ ᠭᠠᠳᠠᠷᠭᠤ᠎ᠡᠴᠡ 10 ᠮᠧᠲ᠋ᠷ ᠭᠠᠷᠤᠶ ᠭᠦᠨ ᠪᠠᠢᠵᠤ᠂ ᠪᠤᠩᠬᠤᠨ᠎ᠤ ᠬᠡᠷᠡᠮ᠎ᠢ ᠱᠢᠯ ᠲᠣᠭᠣᠰᠭ᠎ᠠ᠎ᠪᠠᠷ ᠵᠡᠷᠭᠡᠯᠡᠵᠦ᠍᠂ ᠨᠠᠷᠢᠯᠢᠭ ᠰᠠᠢᠬᠠᠨ ᠭᠠᠷ ᠤᠷᠠᠯᠠᠯ ᠨᠢ ᠭᠠᠵᠠᠷ ᠳᠤᠤᠷᠠᠬᠢ ᠣᠷᠳᠣ ᠬᠠᠷᠰᠢ ᠱᠢᠭ᠋ ᠪᠠᠢᠪᠠ᠃ ᠭᠡᠲᠡᠯ᠎ᠡ ᠡᠨᠡ ᠬᠦ᠌ ᠲᠣᠮᠣ ᠪᠤᠩᠬᠤᠨ᠎ᠢ ᠨᠢᠭᠡᠨᠲᠡ ᠬᠤᠯᠠᠭᠠᠢᠯᠠᠨ ᠮᠠᠯᠲᠠᠵᠤ᠂ ᠪᠤᠩᠬᠤᠨ᠎ᠤ ᠲᠤᠳᠤᠷᠠᠬᠢ ᠭᠠᠵᠠᠷ ᠪᠣᠯᠭᠠᠨ᠎ᠳᠤ ᠲᠣᠷᠭ᠎ᠠ ᠳᠤᠷᠳᠤᠩ ᠵᠡᠷᠭᠡ ᠡᠳ᠋ ᠪᠣᠳᠠᠰ ᠡᠨᠳᠠ ᠲᠡᠨᠳᠡ ᠦᠭᠡᠢ ᠬᠠᠶᠠᠭᠳᠠᠪᠠ᠃ ᠣᠢᠷᠠᠯᠴᠠᠭᠠᠬᠢ ᠠᠢᠯ ᠲᠣᠰᠭᠣᠨ᠎ᠢᠶᠠᠷ ᠲᠣᠭᠣᠷᠢᠬᠤ᠎ᠪᠠᠷ ᠳᠡᠮᠵᠢᠨ᠂ ᠬᠠᠭᠤᠴᠢ ᠰᠤᠳᠤᠯᠤᠯ᠎ᠤᠨ ᠠᠩᠭᠢ ᠳᠣᠲᠣᠭᠠᠳᠤ᠎ᠶ᠋ᠢ ᠬᠠᠮᠠᠭᠠᠯᠠᠬᠤ ᠰᠠᠯᠠᠭ᠎ᠠ ᠮᠥᠴᠢᠷ᠎ᠦᠨ ᠬᠠᠪᠰᠤᠷᠤᠯᠭ᠎ᠠ ᠳᠤᠤᠷ᠎ᠠ ᠠᠵᠠ᠎ᠪᠠᠷ 200 ᠭᠠᠷᠤᠶ ᠬᠣᠪᠣᠷ ᠨᠠᠨᠳᠢᠨ ᠲᠡᠦᠬᠡ᠎ᠶ᠋ᠢᠨ ᠳᠤᠷᠠᠰᠭᠠᠯᠲᠤ ᠵᠦᠶ᠋ᠯᠡᠰ᠎ᠢ ᠨᠡᠬᠡᠮᠵᠢᠯᠡᠨ ᠠᠪᠴᠢᠷᠠᠵᠤ᠂ ᠯᠢᠶᠣᠤ ᠤᠯᠤᠰ᠎ᠤᠨ ᠦᠶ᠎ᠡ᠎ᠶ᠋ᠢᠨ ᠡᠨᠡ ᠬᠦ᠌ ᠲᠣᠮᠣ ᠪᠤᠩᠬᠤᠨ᠎ᠢ ᠢᠯᠡᠷᠡᠭᠦᠯᠦᠭᠰᠡᠨ ᠪᠠᠢᠨ᠎ᠠ᠃
ᠶᠧᠯᠢᠦᠶ ᠢᠦᠶ ᡁᠢ᠎ᠶ᠋ᠢᠨ ᠪᠤᠩᠬᠤᠨ᠎ᠢ ᠢᠩᠬᠢᠵᠤ ᠰᠠᠨᠠᠮᠰᠠᠷ ᠦᠬᠡᠢ ᠪᠠᠢᠳᠠᠯ ᠲᠤᠤᠷ᠎ᠠ ᠢᠯᠡᠷᠡᠭᠦᠯᠦᠭᠰᠡᠨ ᠶᠠᠪᠤᠳᠠᠯ ᠲᠠᠢ ᠬᠠᠷᠢᠴᠠᠭᠤᠯᠪᠠᠯ ᠂ ᠶᠧᠯᠢᠦᠢ ᠴᠢ᠎ᠶ᠋ᠢᠨ ᠲᠦᠷᠦᠯ ᠤᠭ᠍ᠰᠠᠭ᠎ᠠ᠎ᠶ᠋ᠢᠨ ᠪᠤᠩᠬᠤᠨ᠎ᠢ ᠠᠭᠤᠳᠠᠯᠤᠬᠰᠠᠨ ᠨᠢ ᠨᠠᠩ ᠢᠯᠡᠭᠦᠦ ᠡᠷᠳᠡᠮ ᠱᠢᠨᠵᠢᠯᠡᠭᠡᠨ᠎ᠦ ᠲᠥᠯᠥᠪᠵᠢᠭᠦᠯᠭᠡ᠎ᠶ᠋ᠢᠨ ᠴᠢᠨᠠᠷᠲᠠᠶ᠃ 1993 ᠣᠨ᠎ᠤ 7 ᠰᠠᠷ᠎ᠠ᠎ᠳᠤ᠂ ᠥᠪᠥᠷ ᠮᠣᠩᠭᠣᠯ᠎ᠤᠨ ᠲᠡᠦᠬᠡ᠎ᠶ᠋ᠢᠨ ᠳᠤᠷᠠᠰᠭᠠᠯᠲᠤ ᠵᠦᠢᠯᠡᠰ᠎ᠦᠨ ᠬᠠᠭᠤᠴᠢ ᠰᠤᠳᠤᠯᠤᠯ᠎ᠤᠨ ᠰᠤᠳᠤᠯᠭᠠᠨ᠎ᠤ ᠭᠠᠵᠠᠷ ᠤ᠋ᠨ ᠬᠢᠨ ᠠᠷᠤ ᠬᠣᠷᠴᠢᠨ ᠬᠣᠱᠢᠭᠤᠨ᠎ᠤ ᠬᠠᠨᠰᠦ᠋ᠮ᠎ᠡ ᠰᠤᠮᠤᠨ᠎ᠳᠤ ᠶᠧᠯᠢᠤᠢ ᠴᠢ ᠵᠢᠨ ᠲᠦᠷᠦᠯ ᠤᠭ᠍ᠰᠠᠭ᠎ᠠ᠎ᠶ᠋ᠢᠨ ᠪᠤᠩᠬᠤᠨ ᠤ᠋ ᠰᠦᠷᠦᠭᠵᠢᠯ᠎ᠢ ᠰᠠᠨᠠᠭᠠᠴᠢᠯᠠᠭ᠎ᠠ᠎ᠡᠴᠡ᠎ᠪᠠᠨ ᠱᠢᠨᠵᠢᠯᠡᠬᠦ᠌ ᠤᠬᠠᠭᠠᠨᠴᠢ᠎ᠪᠠᠷ ᠡᠷᠢᠵᠤ ᠮᠠᠯᠲᠠᠪᠠ᠃ ᠬᠠᠭᠤᠴᠢ ᠰᠤᠳᠤᠯᠤᠬᠴᠢᠳ ᠡᠨᠳᠡ᠎ᠡᠴᠡ ᠲᠣᠭᠣᠰᠭᠠᠨ ᠪᠦᠲᠦᠴᠡ᠎ᠲᠡᠶ ᠲᠣᠮᠣ ᠬᠡᠯᠪᠡᠷᠢ᠎ᠶ᠋ᠢᠨ ᠯᠢᠶᠣᠤ ᠤᠯᠤᠰ᠎ᠤᠨ ᠪᠤᠩᠬᠤᠨ᠎ᠢ ᠢᠯᠡᠷᠡᠭᠦᠯᠵᠦ᠍᠂ ᠪᠤᠯᠠᠰᠢ᠎ᠶᠢᠨ ᠵᠠᠮ᠂ ᠪᠤᠨᠭᠬᠤᠨᠤ ᠡᠭᠦᠳᠡ᠂ ᠭᠤᠤᠯ ᠵᠠᠮ᠎ᠤᠨ ᠡᠮᠦᠨ᠎ᠡ ᠥᠷᠥᠭᠡ᠂ ᠵᠡᠭᠦᠨ ᠪᠠᠷᠠᠭᠤᠨ ᠴᠢᠬᠢᠨ ᠥᠷᠥᠭᠡ ᠪᠠ ᠭᠣᠣᠯ ᠥᠷᠥᠭᠡ᠎ᠪᠡᠷ ᠪᠦᠷᠢᠯᠳᠦᠵᠡᠶ᠃ ᠬᠡᠳᠦᠢᠪᠡᠷ ᠪᠤᠩᠬᠤᠨ᠎ᠤ ᠥᠷᠥᠭᠡ ᠨᠢ ᠪᠠᠰᠠ ᠡᠷᠲᠡ ᠦᠶ᠎ᠡ᠎ᠶ᠋ᠢᠨ ᠡᠪᠳᠡᠯᠡᠭᠡ᠎ᠳᠦ ᠤᠴᠠᠷᠠᠵᠤ᠂ ᠳᠣᠲᠣᠷ᠎ᠠ ᠨᠢ ᠬᠦᠨᠳᠦ ᠨᠣᠴᠢᠲᠠᠶ ᠡᠪᠳᠡᠭᠳᠡᠵᠤ᠂ ᠡᠮᠦᠨ᠎ᠡ ᠥᠷᠥᠭᠡ ᠵᠢᠴᠢ ᠭᠣᠣᠯ ᠥᠷᠥᠭᠡᠨ᠎ᠦ ᠣᠷᠣᠶ ᠨᠢ ᠴᠥᠮᠥᠷᠡᠭ᠌ᠰᠡᠨ ᠪᠣᠯᠪᠠᠴᠤ᠌ ᠬᠠᠭᠤᠴᠢ ᠰᠤᠳᠤᠯᠤᠬᠴᠢᠳ ᠮᠥᠨ ᠯᠡ ᠰᠠᠳᠠᠷᠠᠮᠠᠯ ᠬᠥᠮᠦᠨ᠎ᠦ ᠶᠠᠰᠤ᠎ᠶ᠋ᠢ ᠦᠨᠳᠦᠰᠦᠯᠡᠵᠦ ᠡᠭᠦᠨ᠎ᠢ ᠡᠷ᠎ᠡ ᠡᠮ᠎ᠡ ᠬᠣᠶᠠᠭᠤᠯᠠ᠎ᠶ᠋ᠢ ᠬᠠᠮᠲᠤ ᠣᠷᠣᠱᠢᠭᠤᠯᠤᠭ᠍ᠰᠠᠨ ᠪᠤᠩᠬᠤᠨ ᠭᠡᠵᠦ᠍ ᠮᠠᠭᠠᠳᠯᠠᠪᠠ᠃ ᠡᠨᠡ ᠤᠳᠠᠭ᠎ᠠ᠎ᠶ᠋ᠢᠨ ᠮᠠᠯᠲᠠᠵᠤ ᠭᠠᠷᠭᠠᠭ᠍ᠰᠠᠨ ᠬᠠᠮᠤᠭ᠎ᠤᠨ ᠶᠡᠬᠡ ᠣᠯᠤᠯᠲᠠ ᠭᠡᠪᠡᠯ ᠬᠢᠳᠠᠨ ᠶᠡᠬᠡ ᠦᠰᠦᠭ᠌ᠲᠦ ᠪᠤᠯᠠᠱᠢᠨ ᠬᠥᠱᠢᠶᠡᠨ᠎ᠦ ᠪᠢᠴᠢᠭᠡᠰᠦ᠎ᠶᠢᠨ ᠨᠢᠭᠡ ᠬᠡᠰᠡᠭ᠎ᠢ ᠮᠠᠯᠲᠠᠵᠤ ᠭᠠᠷᠭᠠᠵᠠᠶ᠃ ᠦᠰᠦᠭ᠎ᠤᠨ ᠲᠤᠭ᠎ᠠ ᠨᠢ ᠭᠤᠷᠪᠠᠨ ᠮᠢᠩᠭ᠎ᠠ ᠱᠢᠬᠠᠮ ᠪᠠᠢᠵᠤ᠂ ᠨᠢᠬᠡᠨᠳᠡ ᠤᠯᠳᠠᠬᠰᠠᠨ ᠬᠢᠳᠠᠨ ᠶᠡᠬᠡ ᠦᠰᠦᠭ᠌ᠲᠦ ᠴᠢᠯᠠᠭᠤᠨ ᠰᠡᠢᠯᠦᠮᠡᠯ᠎ᠤᠨ ᠲᠤᠳᠤᠷ᠎ᠠ ᠦᠰᠦᠭ᠎ᠤᠨ ᠲᠤᠭ᠎ᠠ ᠪᠡᠷ ᠬᠠᠮᠤᠭ᠎ᠤᠨ ᠣᠯᠠᠨ ᠨᠢᠬᠡ ᠤᠳᠠᠭ᠎ᠠ ᠵᠢᠨ ᠢᠯᠡᠷᠡᠬᠦᠯᠦᠯᠳᠡ ᠪᠣᠯᠤᠨ᠎ᠠ; ᠡᠭᠦᠨ᠎ᠦ ᠬᠠᠮᠲᠤ ᠪᠠᠰᠠ ᠡᠪᠳᠡᠷᠡᠵᠦ᠍ ᠰᠦᠢᠳᠦᠭ᠌ᠰᠡᠨ ᠬᠢᠲᠠᠳ ᠦᠰᠦᠭᠳᠦ ᠪᠤᠯᠠᠰᠢᠨ ᠬᠥᠱᠢᠶᠡᠨ᠎ᠦ ᠪᠢᠴᠢᠭᠡᠰᠦ᠎ᠶᠢᠨ ᠨᠢᠭᠡ ᠬᠡᠰᠡᠭ᠎ᠢ ᠢᠯᠡᠷᠡᠭᠦᠯᠪᠡ᠃
ᠤᠳᠤ᠎ᠶ᠋ᠢᠨ ᠥᠪᠥᠷ ᠮᠣᠩᠭᠣᠯ᠎ᠤᠨ ᠲᠡᠦᠬᠡ᠎ᠶᠢᠨ ᠳᠤᠷᠠᠰᠭᠠᠯᠲᠤ ᠵᠦᠢᠯᠡᠰ ᠬᠠᠭᠤᠴᠢ ᠰᠤᠳᠤᠯᠤᠯ᠎ᠤᠨ ᠰᠤᠳᠤᠯᠭᠠᠨ᠎ᠤ ᠬᠦᠷᠢᠶᠡᠯᠡᠩ᠎ᠤᠨ ᠳᠡᠳ᠋ ᠳᠠᠷᠤᠭ᠎ᠠ ᠭᠸ ᡁᠢ ᠶᠦᠩ ᠪᠣᠯ ᠲᠤᠬᠠᠢ᠎ᠶ᠋ᠢᠨ ᠦᠶ᠎ᠡ᠎ᠶ᠋ᠢᠨ ᠶᠧᠯᠢᠦᠢ ᠢᠦᠢ ᡁᠢ ᠪᠣᠯᠤᠨ ᠶᠧᠯᠢᠦᠢ ᠴᠢ᠎ᠶᠢᠨ ᠲᠦᠷᠦᠯ ᠤᠭ᠍ᠰᠠᠭᠠᠨ᠎ᠤ ᠪᠤᠩᠬᠤᠨᠢᠠᠭᠤᠳᠠᠯᠤᠨ ᠮᠠᠯᠲᠠᠬᠤ ᠠᠵᠢᠯ᠎ᠤᠨ ᠭᠣᠣᠯ ᠬᠠᠷᠢᠭᠤᠴᠠᠯᠭᠠᠲᠠᠨ᠎ᠤ ᠨᠢᠭᠡ ᠶᠤᠮ᠃ ᠬᠡᠳᠦᠢᠪᠡᠷ 20 ᠭᠠᠷᠤᠢ ᠵᠢᠯ ᠥᠩᠭᠡᠷᠡᠭ᠌ᠰᠡᠨ ᠪᠣᠯᠪᠠᠴᠤ᠌᠂ ᠲᠡᠷᠡ ᠴᠣᠭ᠍ᠲᠤ ᠠᠭᠤᠯᠠ᠎ᠶ᠋ᠢᠨ ᠳᠣᠣᠷᠠᠬᠢ ᠡᠨᠡ ᠬᠤᠶᠠᠷ ᠪᠤᠩᠬᠤᠨ᠎ᠤ ᠰᠦᠷᠦᠭᠵᠢᠯᠳ᠋ᠤ᠌ ᠮᠥᠨ ᠯᠡ ᠣᠨᠴᠠ᠎ᠶ᠋ᠢᠨ ᠬᠦᠨ ᠲᠦᠷᠦᠭᠳᠡᠯ᠎ᠲᠡᠶ ᠪᠠᠢᠯ᠎ᠠ᠃
ᠭᠸ ᡁᠢ ᠶᠦᠩ᠂ ᠯᠢᠶᠣᠤ ᠤᠯᠤᠰ᠎ᠤᠨ ᠦᠶ᠎ᠡ᠎ᠶ᠋ᠢᠨ ᠬᠠᠭᠤᠴᠢ ᠰᠤᠳᠤᠯᠤᠯ᠎ᠤᠨ ᠬᠣᠶᠠᠷ ᠴᠢᠬᠤᠯᠠ ᠢᠯᠡᠷᠡᠭᠦᠯᠦᠯᠲᠡ ᠪᠣᠯᠤᠭ᠍ᠰᠠᠨ᠎ᠤ ᠬᠤᠪᠢ᠎ᠳᠤ᠂ ᠲᠡᠭᠦᠨ᠎ᠦ ᠮᠠᠯᠲᠠᠵᠤ ᠭᠠᠷᠭᠠᠭ᠍ᠰᠠᠨ ᠲᠡᠦᠬᠡ᠎ᠶ᠋ᠢᠨ ᠳᠤᠷᠠᠰᠭᠠᠯᠲᠤ ᠵᠦᠢᠯᠡᠰ ᠨᠢ ᠯᠢᠶᠣᠤ ᠤᠯᠤᠰ᠎ᠤᠨ ᠦᠶ᠎ᠡ᠎ᠶ᠋ᠢᠨ ᠢᠵᠠᠭᠤᠷᠲᠠᠨ᠎ᠤ ᠠᠮᠢᠳᠤᠷᠠᠯ᠎ᠢ ᠰᠤᠳᠤᠯᠬᠤ᠎ᠳᠤ ᠥᠪᠡᠷᠮᠢᠴᠡ ᠬᠠᠷᠠᠭᠠᠰᠤ ᠬᠠᠩᠭᠠᠪᠠ ᠭᠡᠵᠡᠢ᠃
ᠶᠧᠯᠢᠦᠶ ᠢᠦᠶ ᡁᠢ᠎ᠶ᠋ᠢᠨ ᠪᠤᠩᠬᠤᠨ᠎ᠤ ᠦᠯᠡᠳᠡᠭ᠌ᠳᠡᠯ ᠨᠢ ᠤᠷᠠᠯᠢᠭ᠎ᠤᠨ ᠰᠣᠨᠢᠷᠬᠠᠯ᠎ᠤᠨ ᠦᠨ᠎ᠡ ᠥᠷᠲᠡᠭ᠎ᠲᠡᠶ᠎ᠪᠡᠷ ᠪᠠᠷᠠᠬᠤ ᠦᠭᠡᠶ᠂ ᠬᠢᠳᠠᠨ᠎ᠤ ᠢᠵᠠᠭᠤᠷᠲᠠᠨ᠎ᠤ ᠠᠮᠢᠳᠤᠷᠠᠯ᠎ᠤᠨ ᠳᠠᠳᠭᠠᠯ ᠪᠠ ᠭᠤᠤ᠎ᠠ ᠲᠠᠭᠠᠱᠢᠶᠠᠯ᠎ᠤᠨ ᠳᠤᠷ᠎ᠠ ᠰᠣᠨᠢᠷᠬᠠᠯ᠎ᠢ ᠨᠡᠩ ᠰᠠᠢᠨ ᠲᠤᠰᠭᠠᠵᠦ ᠴᠢᠳᠠᠨ᠎ᠠ᠃ ᠵᠢᠱ᠌ᠢᠶᠡᠯᠡᠪᠡᠯ᠂ ᠮᠥᠩᠭᠥᠨ ᠵᠢᠭᠤᠷᠠᠭᠤᠯᠢ ᠮᠠᠯᠲᠠᠵᠤ ᠭᠠᠷᠭᠠᠭ᠍ᠰᠠᠨ ᠨᠢ ᠪᠤᠩᠬᠤᠨ᠎ᠤ ᠡᠵᠡᠨ ᠬᠢᠲᠠᠳ ᠰᠣᠶᠣᠯ᠎ᠢ ᠬᠦᠯᠢᠶᠡᠨ ᠠᠪᠤᠬᠰᠠᠨ ᠪᠠ ᠡᠷᠬᠢᠮᠯᠡᠬᠦ᠌᠎ᠶ᠋ᠢ ᠬᠠᠷᠠᠭᠤᠯᠵᠤ᠂ ᠶᠡᠬᠡ ᠬᠡᠮᠵᠢᠶᠡᠨ᠎ᠦ ᠠᠯᠲᠠ ᠮᠥᠩᠭᠥᠨ ᠡᠳ᠋ᠯᠡᠯ᠎ᠢ ᠬᠡᠷᠡᠭ᠌ᠯᠡᠭ᠌ᠰᠡᠨ ᠨᠢ ᠲᠡᠭᠦᠨ᠎ᠦ ᠨᠡᠷ᠎ᠡ ᠬᠦᠨᠳᠦᠲᠦ ᠪᠠᠢᠷᠢ ᠰᠠᠭᠤᠷᠢ ᠪᠠ ᠡᠯᠪᠡᠭ ᠪᠠᠶᠠᠯᠢᠭ ᠡᠳ᠋᠎ᠦᠨ ᠬᠦᠴᠦᠨ᠎ᠢ ᠢᠯᠡᠷᠡᠭᠦᠯᠦᠭ᠌ᠰᠡᠨ ᠪᠠᠢᠨ᠎ᠠ᠃ ᠪᠤᠩᠬᠤᠨ᠎ᠡᠴᠡ ᠣᠯᠳᠠᠭ᠍ᠰᠠᠨ ᠮᠢᠩᠭ᠎ᠠ ᠱᠢᠬᠠᠮ ᠦᠰᠦᠭ᠎ᠲᠡᠶ ᠬᠢᠴᠢᠶᠡᠩᠭᠦᠢ ᠦᠰᠦᠭᠲᠦ ᠪᠤᠯᠠᠱᠢᠨ ᠬᠥᠱᠢᠶᠡᠨ᠎ᠦ ᠪᠢᠴᠢᠭᠡᠰᠦ ᠵᠢᠨ ᠦᠰᠦᠭ᠎ᠤᠨ ᠬᠤᠶᠠᠷ ᠬᠠᠵᠠᠭᠤ᠎ᠪᠡᠷ ᠠᠯᠲᠠ᠎ᠪᠡᠷ ᠲᠦᠢᠮᠤᠯᠠᠨ ᠵᠢᠷᠤᠵᠦ᠂ ᠶᠧᠯᠢᠦᠢ ᠢᠦᠢ ᡁᠢ ᠪᠣᠯ ᠬᠠᠭᠠᠨ᠎ᠤ ᠤᠭ᠍ᠰᠠᠭ᠎ᠠ᠎ᠶ᠋ᠢᠨ ᠤᠢ᠍ᠢᠷ᠎ᠠ ᠰᠠᠯᠪᠤᠷᠢ ᠪᠣᠯᠬᠤ ᠢᠯᠡ ᠲᠣᠳᠣ ᠤᠳᠤᠮ ᠤᠭ᠍ᠰᠠᠭ᠎ᠠ ᠵᠢᠴᠢ ᠲᠡᠭᠦᠨ᠎ᠦ ᠨᠢᠭᠡ ᠨᠠᠰᠤᠨ᠎ᠤ ᠦᠢᠯᠡ ᠠᠵᠢᠯᠯᠠᠭ᠎ᠠ᠎ᠶ᠋ᠢ ᠲᠡᠮᠳᠡᠭ᠌ᠯᠡᠨ ᠲᠣᠭᠠᠴᠢᠵᠤ᠂ ᠯᠢᠶᠣᠤ ᠤᠯᠤᠰ᠎ᠤᠨ ᠡᠬᠢᠨ᠎ᠦ ᠦᠶ᠎ᠡ᠎ᠶ᠋ᠢᠨ ᠤᠯᠤᠰ ᠲᠦᠷᠦ᠍᠎ᠶ᠋ᠢᠨ ᠲᠡᠦᠬᠡ ᠪᠣᠯᠤᠨ ᠲᠦᠷᠦᠯ ᠤᠭ᠍ᠰᠠᠭ᠎ᠠ᠎ᠶ᠋ᠢᠨ ᠲᠡᠦᠬᠡ᠎ᠶ᠋ᠢ ᠰᠤᠳᠤᠯᠬᠤ᠎ᠳᠤ ᠠᠩᠬᠠᠨ᠎ᠤ ᠮᠠᠲ᠋ᠧᠷᠢᠶᠠᠯ ᠬᠠᠩᠭᠠᠵᠠᠢ᠃ ᠨᠡᠩ ᠡᠷᠬᠢᠮ ᠨᠠᠨᠳᠢᠨ ᠵᠦᠢᠯ ᠭᠡᠪᠡᠯ᠂ ᠪᠤᠯᠠᠱᠢᠨ ᠬᠥᠱᠢᠶᠡᠨ᠎ᠦ ᠪᠢᠴᠢᠭᠡᠰᠦ᠎ᠶ᠋ᠢ ᠬᠢᠲᠠᠳ ᠦᠰᠦᠭ᠎ᠢᠶᠡᠷ ᠪᠢᠴᠢᠵᠦ᠍᠂ ᠠᠭᠤᠯᠭ᠎ᠠ ᠨᠢ ᠨᠠᠷᠢᠨ ᠪᠣᠳᠠᠲᠠᠶ ᠪᠠᠢᠵᠤ ᠂ ᠬᠢᠳᠠᠨ ᠢᠵᠠᠭᠤᠷᠲᠠᠨ᠎ᠤ ᠬᠢᠲᠠᠳᠴᠢᠯᠠᠬᠤ ᠶᠠᠪᠤᠴᠠ᠎ᠶ᠋ᠢ ᠣᠢᠯᠠᠭᠠᠬᠤ ᠴᠢᠬᠤᠯᠠ ᠴᠣᠩᠬᠣᠪᠴᠢ ᠪᠣᠯᠤᠭ᠍ᠰᠠᠨ ᠪᠠᠢᠨ᠎ᠠ᠃
ᠡᠭᠦᠨ᠎ᠲᠡᠶ ᠬᠠᠷᠢᠴᠠᠭᠤᠯᠪᠠᠯ᠂ ᠶᠧᠯᠢᠦᠢ ᠴᠢᠵᠢᠨ ᠲᠥᠷᠥᠯ ᠤᠭᠰᠠᠭ᠎ᠠ᠎ᠶᠢᠨ ᠪᠤᠩᠬᠤᠨ᠎ᠤ ᠭᠣᠣᠯ ᠦᠨ᠎ᠡ ᠥᠷᠲᠡᠭ ᠨᠢ ᠲᠡᠭᠦᠨ᠎ᠦ ᠦᠰᠦᠭ ᠪᠢᠴᠢᠭ᠎ᠦᠨ ᠮᠠᠲ᠋ᠧᠷᠢᠶᠠᠯ᠎ᠳᠤ ᠪᠤᠶ᠃ ᠲᠤᠰ ᠪᠤᠩᠬᠤᠨ᠎ᠡᠴᠡ ᠮᠠᠯᠲᠠᠵᠤ ᠭᠠᠷᠭᠠᠭ᠍ᠰᠠᠨ ᠬᠢᠳᠠᠨ ᠶᠡᠬᠡ ᠦᠰᠦᠭ᠌ᠲᠦ ᠪᠤᠯᠠᠱᠢᠨ ᠬᠥᠱᠢᠶᠡᠨ᠎ᠦ ᠪᠢᠴᠢᠭᠡᠰᠦ᠎ᠶ᠋ᠢ ᠯᠢᠶᠣᠤ ᠤᠯᠤᠰ᠎ᠤᠨ ᠲᠢᠶᠠᠨ ᠽᠦᠸᠧ ᠳ᠋ᠢ ᠬᠠᠭᠠᠨ᠎ᠤ ᠴᠢᠶᠠᠨ ᠲᠦᠩ᠎ᠤᠨ ᠨᠠᠢ᠍ᠮᠠᠳᠤᠭᠠᠷ ᠣᠨ (1108 ᠣᠨ) ᠳ᠋ᠤ ᠰᠡᠢᠯᠵᠦ᠍᠂ ᠪᠢᠴᠢᠭᠡᠰᠦ᠎ᠶᠢᠨ ᠴᠢᠯᠠᠭᠤᠨ ᠳᠡᠭᠡᠷ᠎ᠡ ᠬᠢᠳᠠᠨ ᠶᠡᠬᠡ ᠦᠰᠦᠭ᠎ᠢ 46 ᠮᠥᠷ ᠰᠡᠢᠯᠵᠦ᠍᠂ ᠨᠡᠢᠲᠡ 2930 ᠭᠠᠷᠤᠶ ᠦᠰᠦᠭ᠎ᠲᠡᠶ᠂ 80 ᠭᠠᠷᠤᠶ ᠳᠤᠲᠠᠭᠤ ᠳᠤᠷᠭᠤᠨ ᠦᠰᠦᠭ᠎ᠡᠴᠡ ᠭᠠᠳᠠᠨ᠎ᠠ᠂ ᠪᠠᠰᠠ 2840 ᠭᠠᠷᠤᠶ ᠦᠰᠦᠭ ᠦᠯᠡᠳᠡᠵᠦ᠍᠂ ᠬᠠᠭᠤᠴᠢ ᠰᠤᠳᠤᠯᠤᠯ᠎ᠤᠨ ᠢᠯᠡᠷᠡᠭᠦᠯᠦᠭ᠌ᠰᠡᠨ ᠪᠦᠬᠦ᠌ ᠬᠢᠳᠠᠨ ᠶᠡᠬᠡ ᠦᠰᠦᠭ᠌ᠲᠦ ᠴᠢᠯᠠᠭᠤᠨ ᠰᠡᠢᠯᠦᠮᠡᠯ᠎ᠤᠨ ᠲᠤᠳᠤᠷ᠎ᠠ ᠦᠰᠦᠭ᠎ᠦᠨ ᠲᠣᠭ᠎ᠠ ᠪᠡᠷ ᠬᠠᠮᠤᠭ᠎ᠤᠨ ᠣᠯᠠᠨ ᠪᠣᠯᠤᠭ᠍ᠰᠠᠨ ᠪᠠᠢᠨ᠎ᠠ᠃
ᠬᠣᠶᠠᠷ ᠪᠤᠩᠬᠤᠨ᠎ᠤ ᠰᠦᠷᠦᠭᠵᠢᠯ᠎ᠦᠨ ᠦᠵᠡᠭᠦᠯᠦᠭ᠌ᠰᠡᠨ ᠲᠣᠪᠣᠢᠮ᠎ᠠ ᠬᠤᠪᠢ ᠨᠡᠮᠡᠷᠢ ᠪᠠ ᠴᠢᠬᠤᠯᠠ ᠪᠠᠢᠷᠢ ᠰᠠᠭᠤᠷᠢ᠎ᠳᠤ ᠰᠠᠭᠤᠷᠢᠯᠠᠨ ᠂ ᠶᠧᠯᠢᠤᠢ ᠢᠦᠶᡁᠢ ᠶ᠋ᠢᠨ ᠲᠥᠷᠥᠯ ᠤᠭ᠍ᠰᠠᠭ᠎ᠠ᠎ᠶ᠋ᠢᠨ ᠪᠤᠩᠬᠤᠨ᠎ᠤ ᠰᠦᠷᠦᠭᠵᠢᠯ ᠨᠢ 1992 ᠣᠨ᠎ᠳᠤ ᠪᠦᠬᠦ᠌ ᠤᠯᠤᠰ᠎ᠤᠨ ᠠᠩᠬᠠᠳᠠᠭ᠍ᠴᠢ ᠠᠷᠪᠠᠨ ᠶᠡᠬᠡ ᠬᠠᠭᠤᠴᠢ ᠰᠤᠳᠤᠯᠤᠯ᠎ᠤᠨ ᠱᠢᠨ᠎ᠡ ᠢᠯᠡᠷᠡᠭᠦᠯᠦᠯᠲᠡ᠎ᠶ᠋ᠢᠨ ᠨᠢᠭᠡ᠎ᠪᠡᠷ ᠦᠨᠡᠯᠡᠭ᠌ᠳᠡᠵᠦ᠍᠂ ᠲᠤᠰ ᠲᠤᠰ 2001 ᠣᠨ ᠪᠠ 2013 ᠣᠨ᠎ᠳᠤ ᠪᠦᠬᠦ᠌ ᠤᠯᠤᠰ᠎ᠤᠨ ᠭᠣᠣᠯᠳᠠᠯᠭ᠎ᠠ᠎ᠲᠠᠶ ᠲᠡᠦᠬᠡ᠎ᠶ᠋ᠢᠨ ᠳᠤᠷᠠᠰᠭᠠᠯᠲᠤ ᠵᠦᠢᠯᠡᠰ᠎ᠦᠨ ᠬᠠᠮᠠᠭᠠᠯᠠᠯᠲᠠ᠎ᠶ᠋ᠢᠨ ᠨᠢᠭᠡᠴᠢ᠎ᠳᠦ ᠵᠢᠭ᠍ᠰᠠᠭᠠᠭ᠍ᠳᠠᠪᠠ᠃
ᠠᠪᠤᠷᠠᠨ ᠬᠠᠮᠠᠭᠠᠯᠠᠯᠳᠠ ᠵᠢᠨ ᠦᠯᠢᠬᠡᠷ ᠵᠢᠱᠶ᠋ᠶᠠ
ᠵᠢᠷᠦᠬᠡ ᠭᠠᠴᠡᠭ᠎ᠠ᠎ᠳᠤ ᠠᠩᠬ᠎ᠠ ᠤᠳᠠᠭ᠎ᠠ ᠳᠦᠭᠦᠷᠡᠩᠭᠤᠸᠠᠢ ᠲᠡᠶ ᠠᠭᠤᠯᠵᠠᠬᠤ ᠦᠶᠡᠰ᠂ ᠲᠡᠷᠡ ᠶᠠᠭ ᠶᠧᠯᠢᠤᠢ ᠴᠢ᠎ᠶ᠋ᠢᠨ ᠪᠤᠩᠬᠤᠨ᠎ᠤ ᠬᠢᠨᠠᠨ ᠡᠵᠡᠮᠳᠡᠬᠦ᠌ ᠲᠠᠰᠤᠭ᠎ᠲᠤ ᠮᠣᠩᠭᠣᠯ ᠤᠷᠠᠨ ᠪᠢᠴᠢᠯᠭᠡ ᠪᠣᠯᠪᠠᠰᠤᠷᠠᠵᠦ᠂ ᠶᠧᠯᠢᠤᠢ ᠢᠦᠢ ᡁᠢ ᠪᠣᠯᠤᠨ ᠶᠧᠯᠢᠤᠢ ᠴᠢ᠎ᠶ᠋ᠢᠨ ᠲᠦᠷᠦᠯ ᠤᠭᠰᠠᠭ᠎ᠠ᠎ᠶᠢᠨ ᠪᠤᠩᠬᠤᠨ᠎ᠤ ᠡᠳᠦᠷ ᠲᠤᠲᠤᠮ᠎ᠤᠨ ᠲᠣᠭᠣᠷᠢᠨ ᠬᠠᠮᠠᠭᠠᠯᠠᠬᠤ ᠠᠵᠢᠯ᠎ᠢ ᠲᠡᠷᠡ ᠬᠠᠷᠢᠭᠤᠴᠠᠳᠠᠭ᠃ ᠡᠨᠳᠡᠬᠢ ᠬᠦᠷᠢᠶ᠎ᠡ ᠬᠠᠱᠢᠶ᠎ᠠ ᠪᠣᠯ ᠲᠡᠭᠦᠨ᠎ᠦ ᠭᠡᠷ ᠮᠦᠨ᠂ ᠰᠣᠶᠣᠯ᠎ᠤᠨ ᠬᠠᠮᠠᠭᠠᠯᠠᠭ᠍ᠴᠢ᠎ᠶ᠋ᠢᠨ ᠬᠢᠷᠢ ᠬᠡᠮ᠎ᠡᠴᠡ ᠪᠣᠯᠵᠤ᠂ ᠲᠡᠷᠡ ᠰᠠᠨᠠᠭᠠᠴᠢᠯᠠᠭ᠎ᠠ᠎ᠡᠴᠡ ᠪᠠᠨ ᠰᠣᠶᠣᠯ᠎ᠤᠨ ᠬᠠᠮᠠᠭᠠᠯᠠᠯᠲᠠ᠎ᠶ᠋ᠢᠨ ᠰᠠᠯᠠᠭ᠎ᠠ ᠮᠥᠴᠢᠷ᠎ᠲᠦ ᠡᠷᠭᠦᠳᠡᠯ ᠳᠡᠪᠰᠢᠭᠦᠯᠵᠦ ᠲᠡᠭᠦᠨ᠎ᠦ ᠭᠡᠷ᠎ᠲᠦ ᠨᠢᠭᠡ ᠦᠷᠦᠭᠡ ᠭᠠᠷᠭᠠᠵᠤ᠂ ᠬᠢᠨᠠᠨ ᠡᠵᠡᠮᠳᠡᠬᠦ᠌ ᠲᠥᠬᠥᠭᠡᠷᠦᠮᠵᠢ ᠤᠭ᠍ᠰᠠᠷᠠᠪᠠ᠃
ᠶᠧᠯᠢᠤᠢ ᠴᠢ᠎ᠶ᠋ᠢᠨ ᠲᠦᠷᠦᠯ ᠤᠭ᠍ᠰᠠᠭᠠᠨ᠎ᠤ ᠪᠤᠩᠬᠤᠨ᠎ᠤ ᠠᠮᠤᠷ ᠲᠦᠪᠱᠢᠨ᠎ᠦ ᠰᠡᠷᠭᠡᠢᠯᠡᠯᠲᠡ᠎ᠶ᠋ᠢᠨ ᠠᠷᠭ᠎ᠠ ᠬᠡᠮᠵᠢᠶ᠎ᠡ ᠨᠢ ᠥᠨᠳᠥᠷ ᠬᠡᠷᠡᠮ᠂ ᠲᠡᠮᠦᠷ ᠲᠣᠣᠷ ᠪᠠ ᠮᠠᠰᠢ ᠣᠯᠠᠨ ᠲᠦᠷᠰᠦ ᠰᠢᠩᠬᠡᠬᠡᠬᠦ ᠲᠤᠷᠠᠨᠳᠠᠭᠤᠷ᠎ᠢᠶᠡᠷ ᠪᠦᠷᠢᠯᠳᠦᠵᠦ᠍᠂ ᠶᠧᠯᠢᠤᠢ ᠴᠢ᠎ᠶ᠋ᠢᠨ ᠲᠦᠷᠦᠯ ᠤᠭ᠍ᠰᠠᠭᠠᠨ᠎ᠤ ᠪᠤᠩᠬᠤᠨ ᠵᠢᠴᠢ ᠡᠷᠭᠢᠨ ᠲᠣᠭᠣᠷᠢᠨ᠎ᠤ ᠲᠦᠮᠡᠨ ᠲᠡᠭ᠌ᠰᠢ ᠳᠥᠷᠪᠡᠯᠵᠢᠨ ᠮᠧᠲ᠋ᠷ ᠣᠷᠴᠢᠮ ᠤᠷᠤᠨ ᠪᠦᠰᠡᠵᠢᠬᠠᠮᠤᠷᠴᠤ᠂ ᠨᠢᠭᠡ ᠲᠠᠤᠯᠠᠢᠥᠩᠭᠡᠷᠡᠬᠦ ᠵᠢ ᠴᠤ᠌ ᠲᠣᠳᠣᠷᠬᠠᠶ ᠤᠯᠵᠤ ᠬᠠᠷᠠᠨ᠎ᠠ᠃ ᠶᠧᠯᠢᠦᠶ ᠢᠦᠶᡁᠢ ᠶ᠋ᠢᠨ ᠲᠦᠷᠦᠯ ᠤᠭᠰᠠᠭ᠎ᠠ᠎ᠶ᠋ᠢᠨ ᠪᠤᠩᠬᠤᠨ᠎ᠳᠤ ᠪᠠᠰᠠ ᠲᠡᠮᠦᠷ ᠲᠤᠤᠷ ᠬᠠᠯᠬᠠᠪᠴᠢ ᠬᠡᠷᠡᠰᠭᠡ ᠨᠡᠮᠡᠵᠤ ᠤᠭᠰᠠᠷᠠᠵᠠᠢ᠃
ᠲᠤᠬᠠᠶ᠎ᠶ᠋ᠢᠨ ᠭᠠᠵᠠᠷ᠎ᠤᠨ ᠰᠣᠶᠣᠯ᠎ᠤᠨ ᠬᠠᠮᠠᠭᠠᠯᠠᠯᠲᠠ᠎ᠶ᠋ᠢᠨ ᠰᠠᠯᠠᠭ᠎ᠠ ᠮᠥᠴᠢᠷ ᠶᠧᠯᠢᠦᠢ ᠢᠦᠶ ᡁᠢ ᠪᠣᠯᠤᠨ ᠶᠧᠯᠢᠦᠢ ᠴᠢ᠎ᠶ᠋ᠢᠨ ᠲᠦᠷᠦᠯ ᠤᠭ᠍ᠰᠠᠭᠠᠨ᠎ᠤ ᠪᠤᠩᠬᠤᠨ᠎ᠢ ᠬᠠᠮᠠᠭᠠᠯᠠᠬᠤ ᠠᠵᠢᠯ᠎ᠢ ᠨᠡᠢᠳᠡᠮ ᠬᠢᠭᠰᠡᠭᠡᠷ ᠢᠷᠡᠵᠤ᠂ ᠬᠣᠶᠠᠷ ᠭᠠᠵᠠᠷ᠎ᠡᠴᠡ ᠣᠯᠳᠠᠭ᠍ᠰᠠᠨ ᠲᠡᠦᠬᠡ᠎ᠶ᠋ᠢᠨ ᠳᠤᠷᠠᠰᠭᠠᠯᠲᠤ ᠵᠦᠶ᠋ᠯᠡᠰ᠎ᠦᠨ ᠰᠤᠳᠤᠯᠭᠠᠨ᠎ᠤ ᠠᠵᠢᠯ ᠶᠡᠷᠦ᠍᠎ᠡᠴᠡ ᠵᠣᠭ᠍ᠰᠣᠭ᠍ᠰᠠᠨ ᠦᠭᠡᠶ᠃
ᠨᠠᠩ ᠥᠷᠭᠡᠨ ᠳᠡᠯᠭᠡᠷ ᠡᠷᠳᠡᠮ ᠱᠢᠨᠵᠢᠯᠡᠭᠡᠨ᠎ᠦ ᠲᠡᠦᠬᠡ᠎ᠶ᠋ᠢᠨ ᠬᠠᠷᠠᠭᠠᠰᠤ᠎ᠡᠴᠡ ᠦᠵᠡᠪᠡᠯ᠂ ᠬᠣᠶᠠᠷ ᠪᠤᠩᠬᠤᠨ᠎ᠤ ᠰᠦᠷᠦᠭᠵᠢᠯ᠎ᠦᠨ ᠰᠤᠳᠤᠯᠭᠠᠨ᠎ᠤ ᠥᠩᠭᠡᠷᠡᠯᠲᠡ ᠨᠢ ᠯᠢᠶᠣᠤ ᠤᠯᠤᠰ᠎ᠤᠨ ᠦᠶ᠎ᠡ᠎ᠶ᠋ᠢᠨ ᠬᠠᠭᠤᠴᠢ ᠰᠤᠳᠤᠯᠤᠯ ᠪᠠ ᠲᠡᠦᠬᠡ᠎ᠶ᠋ᠢᠨ ᠤᠬᠠᠭᠠᠨ᠎ᠤ ᠬᠥᠭ᠌ᠵᠢᠯᠲᠡ᠎ᠶ᠋ᠢᠨ ᠤᠯᠠ ᠮᠥᠷ᠎ᠢ ᠲᠤᠰᠭᠠᠭ᠍ᠰᠠᠨ ᠪᠠᠢᠨ᠎ᠠ᠃
ᠶᠧᠯᠢᠦᠶ ᠢᠦᠶ ᡁᠢᠵᠢᠨ ᠪᠤᠩᠬᠤᠨ᠎ᠢ ᠳᠡᠭᠡᠷ᠎ᠡ ᠵᠠᠭᠤᠨ᠎ᠤ ᠶᠡᠷᠡᠭᠡᠳ ᠣᠨ᠎ᠤ ᠡᠬᠢ᠎ᠪᠡᠷ ᠢᠯᠡᠷᠡᠭᠦᠯᠦᠭ᠌ᠰᠡᠨ ᠪᠥᠭᠡᠳ ᠰᠤᠳᠤᠯᠭᠠᠨ ᠦ ᠣᠯᠠᠩᠬᠢ ᠨᠢ ᠤᠷᠠᠯᠢᠭ᠎ᠤᠨ ᠲᠡᠦᠬᠡ ᠪᠠ ᠪᠣᠳᠠᠰ᠎ᠤᠨ ᠰᠣᠶᠣᠯ᠎ᠤᠨ ᠬᠦᠷᠢᠶᠡᠨ᠎ᠳᠦ ᠲᠥᠪᠯᠡᠷᠡᠵᠦ᠍ ᠪᠠᠢᠵᠠᠶ᠃ 2004 ᠣᠨ᠎ᠳᠤ ᠭᠸ ᡁᠢ ᠶᠦᠩ᠎ᠤᠨ ᠪᠢᠴᠢᠭ᠌ᠰᠡᠨ《ᠮᠦᠬᠦᠭᠰᠡᠨ ᠸᠠᠩᠲᠤ ᠲᠥᠷᠥ᠎ᠶ᠋ᠢ ᠬᠠᠢᠬᠤ ᠨᠢ》 ᠭᠡᠬᠦᠪᠦᠳᠦᠬᠡᠯᠤᠨ ᠠᠭᠤᠯᠭ᠎ᠠ ᠨᠢ ᠶᠧᠯᠢᠦᠶ ᠢᠦᠶ ᡁᠢ᠎ᠶ᠋ᠢᠨ ᠪᠤᠩᠬᠤᠨ᠎ᠢ ᠠᠭᠤᠳᠠᠯᠤᠭ᠍ᠰᠠᠨ ᠥᠩᠭᠡᠷᠡᠯᠲᠡ᠎ᠪᠡᠷ ᠭᠣᠣᠯ ᠱᠢᠵᠢᠮ ᠪᠣᠯᠭᠠᠵᠤ᠂ ᠬᠥᠮᠦᠨ ᠪᠦᠬᠦᠨ᠎ᠦ ᠤᠢᠯᠠᠭᠠᠳᠠᠭ ᠤᠢᠯᠠᠭᠠᠮᠵᠢᠳᠠᠢ ᠪᠢᠴᠢᠯᠭᠡ᠎ᠶ᠋ᠢᠨ ᠠᠷᠭ᠎ᠠ᠎ᠪᠠᠷ ᠯᠢᠶᠣᠤ ᠤᠯᠤᠰ᠎ᠤᠨ ᠡᠬᠢᠨ᠎ᠦ ᠦᠶ᠎ᠡ᠎ᠶ᠋ᠢᠨ ᠮᠠᠰᠢ ᠣᠯᠠᠨ ᠲᠡᠦᠬᠡ᠎ᠶ᠋ᠢ ᠢᠯᠡᠷᠡᠭᠦᠯᠦᠭ᠌ᠰᠡᠨ ᠪᠠᠢᠨ᠎ᠠ᠃
ᠶᠧᠯᠢᠦᠶ ᠴᠢ ᠵᠢᠨ ᠪᠤᠩᠬᠤᠨ᠎ᠤ ᠬᠢᠳᠠᠨ ᠶᠡᠬᠡ ᠦᠰᠦᠭᠲᠦ ᠪᠤᠯᠠᠰᠢᠨ ᠬᠦᠰᠢᠶᠡᠨᠤ ᠪᠢᠴᠢᠭᠡᠰᠦ ᠨᠢ 21 ᠳ᠋ᠤᠭᠡᠷ ᠵᠠᠭᠤᠨ᠎ᠤ ᠬᠢᠳᠠᠨ ᠦᠰᠦᠭ᠎ᠦᠨ ᠰᠤᠳᠤᠯᠭᠠᠨ᠎ᠤ ᠭᠦᠨᠵᠡᠭᠡᠢᠷᠡᠨ ᠬᠥᠭ᠌ᠵᠢᠬᠦ᠌᠎ᠶ᠋ᠢ ᠠᠬᠢᠭᠤᠯᠤᠭ᠍ᠰᠠᠨ ᠪᠠᠢᠨ᠎ᠠ᠃ ᠥᠪᠥᠷ ᠮᠣᠩᠭᠣᠯ᠎ᠤᠨ ᠶᠡᠬᠡ ᠰᠤᠷᠭᠠᠭᠤᠯᠢ᠎ᠶ᠋ᠢᠨ 2016 ᠣᠨ᠎ᠤ ᠠᠰᠫᠢᠷᠠᠨᠲ᠎ᠤᠨ ᠥᠭᠦᠯᠡᠯ 《ᠬᠢᠳᠠᠨ ᠶᠡᠬᠡ ᠦᠰᠦᠭ᠌ᠲᠦ 〈ᠶᠸᠯᠢᠤᠢ ᠲᠸ ᠮᠢᠶᠠᠨ ᠯᠠᠩ ᠵᠢᠶᠦ᠋ᠨ᠎ᠦ ᠪᠤᠯᠠᠰᠢᠨ ᠬᠦᠰᠢᠶᠡᠨᠤ ᠪᠢᠴᠢᠭᠡᠰᠦ᠎ᠶᠢᠨ ᠬᠥᠱᠢᠶ᠎ᠡ〉 ᠶ᠋ᠢᠨ ᠰᠤᠳᠤᠯᠤᠯ》 ᠪᠣᠯ ᠶᠸᠯᠢᠤᠢ ᠢᠦᠢᡁᠢ ᠶ᠋ᠢᠨ ᠲᠦᠷᠦᠯ ᠤᠭ᠍ᠰᠠᠭᠠᠨ᠎ᠤ ᠪᠤᠩᠬᠤᠨ᠎ᠤ ᠰᠦᠷᠦᠭᠵᠢᠯ᠎ᠡᠴᠡ ᠣᠯᠳᠠᠭ᠍ᠰᠠᠨ ᠬᠢᠳᠠᠨ ᠶᠡᠬᠡ ᠦᠰᠦᠭ᠌ᠲᠦ ᠪᠤᠯᠠᠰᠢᠨ ᠬᠥᠱᠢᠶᠡᠨᠳᠦ ᠬᠢᠭ᠌ᠰᠡᠨ ᠲᠤᠰᠭᠠᠢ ᠰᠤᠳᠤᠯᠤᠯ ᠪᠣᠯᠤᠨ᠎ᠠ᠂ ᠡᠨᠡ ᠬᠣᠶᠠᠷ ᠪᠤᠩᠬᠤᠨ᠎ᠤ ᠰᠦᠷᠦᠬᠵᠢᠯᠤᠨ ᠡᠷᠳᠡᠮ ᠱᠢᠨᠵᠢᠯᠡᠭᠡᠨ᠎ᠦ ᠨᠥᠯᠥᠭᠡ ᠮᠥᠨ ᠦᠷᠭᠦᠯᠵᠢᠯᠡᠨ ᠬᠦᠨᠵᠡᠬᠡᠢᠷᠡᠵᠤ ᠪᠠᠢᠬᠤ᠎ᠶ᠋ᠢ ᠬᠠᠷᠠᠭᠤᠯᠵᠤ ᠪᠠᠢᠨ᠎ᠠ᠃ ᠰᠤᠳᠤᠯᠤᠬᠴᠢᠳ ᠪᠤᠯᠠᠰᠢᠨ ᠬᠥᠱᠢᠶ᠎ᠡ᠎ᠶ᠋ᠢ ᠲᠤᠬᠠᠶ᠎ᠶ᠋ᠢᠨ ᠭᠠᠵᠠᠷ᠎ᠲᠤᠨᠢ ᠱᠢᠨᠵᠢᠯᠡᠨ ᠪᠠᠢᠴᠠᠭᠠᠬᠤ᠂ ᠥᠰᠥᠭ᠎ᠦᠨ ᠬᠡᠯᠪᠡᠷᠢ᠎ᠶ᠋ᠢ ᠬᠠᠷᠭᠤᠭᠤᠯᠬᠤ᠂ ᠬᠠᠷᠭᠤᠭᠤᠯᠤᠭ᠍ᠰᠠᠨ ᠲᠡᠮᠳᠡᠭ᠌ᠯᠡᠯ ᠪᠠ ᠬᠠᠭᠤᠯᠪᠤᠷᠢ ᠳᠡᠪᠲᠡᠷ ᠵᠣᠬᠢᠶᠠᠬᠤ᠎ᠪᠠᠷ ᠳᠡᠮᠵᠢᠨ᠂ ᠪᠤᠯᠠᠰᠢᠨ ᠬᠥᠱᠢᠶ᠎ᠡ᠎ᠶ᠋ᠢᠨ ᠺᠣᠮᠫᠢᠦ᠋ᠲ᠋ᠧᠷ᠎ᠦᠨ ᠲᠡᠮᠳᠡᠭ᠌ᠯᠡᠯ ᠵᠢᠴᠢ ᠪᠥᠬᠥ᠌ ᠵᠣᠬᠢᠶᠠᠯ᠎ᠢ ᠯᠠᠲ᠋ᠢᠨ ᠦᠰᠦᠭ᠎ᠢᠶᠡᠷ ᠱᠢᠯᠵᠢᠭᠦᠯᠦᠨ ᠪᠢᠴᠢᠬᠦ᠌᠎ᠶ᠋ᠢ ᠪᠡᠶᠡᠯᠡᠭᠦᠯᠦᠭ᠌ᠰᠡᠨ ᠪᠥᠭᠡᠳ ᠡᠭᠦᠨ᠎ᠦ ᠰᠠᠭᠤᠷᠢᠨ ᠳᠡᠭᠡᠷ᠎ᠡ ᠣᠨᠴᠠ ᠵᠠᠷᠢᠮ ᠦᠭᠡ ᠬᠡᠯᠡ ᠥᠰᠥᠭ᠎ᠢ ᠲᠠᠢᠯᠪᠤᠷᠢᠯᠠᠨ ᠤᠩᠱᠢᠪᠠ᠂ ᠡᠢᠮᠦᠷᠬᠦᠦ ᠨᠠᠷᠢᠨ ᠨᠢᠭ᠍ᠲᠠ ᠠᠵᠢᠯᠯᠠᠬᠤ ᠠᠷᠭ᠎ᠠ ᠨᠢ ᠣᠳᠣᠬᠠᠨ᠎ᠤ ᠬᠢᠳᠠᠨ ᠥᠰᠥᠭ᠎ᠦᠨ ᠰᠤᠳᠤᠯᠭᠠᠨ᠎ᠤ ᠤᠷᠤᠢᠯᠠᠭᠰᠠᠨ ᠲᠦᠪᠱᠢᠨ᠎ᠢ ᠲᠥᠯᠥᠭᠡᠯᠡᠵᠡᠢ᠃
ᠮᠠᠯᠲᠠᠵᠤ ᠭᠠᠷᠭᠠᠭ᠍ᠰᠠᠨ ᠲᠡᠦᠬᠡ᠎ᠶ᠋ᠢᠨ ᠳᠤᠷᠠᠰᠭᠠᠯᠲᠤ ᠵᠦᠶ᠋ᠯᠡᠰ᠎ᠢ ᠮᠦᠽᠧᠶ᠎ᠳᠦ ᠳᠡᠯᠭᠡᠨ ᠦᠵᠡᠭᠦᠯᠬᠦ᠌ ᠨᠢ ᠡᠷᠲᠡᠨ᠎ᠡᠴᠡ ᠡᠳᠦᠭᠡ ᠬᠦᠷᠲᠡᠯᠡᠬᠢ ᠲᠡᠦᠬᠡ᠎ᠵᠢ ᠤᠢᠯᠠᠭᠠᠬᠤ ᠬᠠᠮᠤᠭ᠎ᠤᠨ ᠰᠠᠢᠨ ᠠᠷᠭ᠎ᠠ ᠪᠣᠯᠤᠨ᠎ᠠ᠃ ᠠᠷᠤ ᠬᠣᠷᠴᠢᠨ᠎ᠤ ᠮᠦᠽᠧᠶ᠎ᠳᠦ᠂ ᠶᠧᠯᠢᠦᠢ ᠢᠦᠢᡁᠢ ᠶ᠋ᠢᠨ ᠣᠩᠭᠣᠨ᠎ᠤ ᠬᠣᠪᠣᠷ ᠡᠷᠳᠡᠨᠢ ᠮᠢᠩᠭᠠᠨ ᠣᠨ᠎ᠤ ᠴᠠᠭ ᠬᠤᠭᠤᠴᠠᠭ᠎ᠠ᠎ᠶ᠋ᠢ ᠳᠤᠭᠤᠯᠵᠤ᠂ ᠯᠢᠶᠣᠤ ᠤᠯᠤᠰ᠎ᠤᠨ ᠴᠤᠭ ᠪᠢᠯᠢᠭ᠎ᠢ ᠲᠠᠭᠤ ᠦᠬᠡᠢ ᠬᠦᠦᠷᠨᠢᠵᠦ ᠪᠠᠢᠳᠠᠭ᠃ ᠲᠡᠷᠡᠬᠦ᠌ ᠥᠩᠭᠡᠲᠦ ᠵᠢᠰᠢᠬᠦᠯᠵᠢᠨ ᠬᠡᠯᠪᠡᠷᠢᠲᠦ ᠴᠡᠴᠡᠭ ᠰᠡᠢᠯᠦᠭᠰᠡᠨ ᠤᠷᠳᠤ ᠳᠥᠷᠪᠡᠯᠵᠢᠨ ᠬᠡᠯᠪᠡᠷᠢᠲᠡᠢ ᠬᠦᠬᠡ ᠡᠯᠡᠰᠦᠨ ᠴᠢᠯᠠᠭᠤᠯᠢᠭ ᠱᠢᠷᠡᠭᠡ ᠨᠢ ᠴᠡᠪᠳᠡᠭ ᠬᠦᠢᠳᠡᠨ ᠬᠤᠢᠯᠭᠠᠶᠢᠨ ᠡᠳ᠋ ᠯᠡ ᠪᠢᠰᠢ ᠪᠤᠯᠵᠤ᠂ ᠬᠠᠷᠢᠨ ᠬᠢᠳᠠᠨ᠎ᠤ ᠢᠵᠠᠭᠤᠷᠲᠠᠨ᠎ᠤ ᠴᠠᠢ᠎ᠶ᠋ᠢᠨ ᠨᠠᠢᠷ᠎ᠤᠨ ᠲᠤᠬᠠᠢ ᠠᠮᠢᠳᠤ ᠳᠦᠷᠰᠦᠯᠢᠭ ᠵᠢᠷᠤᠬᠯᠠᠯ ᠪᠣᠯᠤᠨ᠎ᠠ; ᠨᠡᠬᠡᠮᠡᠯ ᠬᠡᠮᠡᠷᠯᠢᠭ᠎ᠦᠨ ᠬᠡᠮᠬᠡᠳᠡᠭ ᠳᠡᠭᠡᠷᠡᠬᠢ ᠬᠦᠯᠡᠮᠵᠢ᠎ᠶᠢᠨ ᠡᠪᠡᠰᠦ᠎ᠶ᠋ᠢᠨ ᠬᠡ ᠤᠭᠠᠯᠵᠠ ᠨᠢ ᠭᠡᠷᠡᠯ ᠰᠡᠭᠦᠳᠡᠷ᠎ᠤᠨ ᠰᠣᠯᠪᠢᠴᠠᠯ ᠳᠤᠮᠳᠠ ᠮᠥᠨ ᠯᠡ ᠰᠠᠯᠬᠢᠨ᠎ᠤ ᠠᠶ᠎ᠠ᠎ᠪᠠᠷ ᠨᠠᠢᠭᠤᠵᠤ ᠪᠠᠢᠬᠤ ᠰᠢᠬ ᠲᠠᠯ᠎ᠠ ᠨᠤᠲᠤᠭ᠎ᠤᠨ ᠲᠣᠷᠭᠠᠨ ᠵᠠᠮ᠎ᠤᠨ ᠬᠥᠭ᠌ᠵᠢᠯ ᠪᠠᠳᠠᠷᠠᠯ᠎ᠤᠨ ᠦᠵᠡᠮᠵᠢ᠎ᠶ᠋ᠢ ᠦᠵᠡᠬᠦᠯᠦᠭᠰᠡᠨ ᠪᠠᠢᠨ᠎ᠠ᠃
ᠵᠧᠦ ᠱᠢᠩ ᠴᠢ᠄ 《ᠠᠳᠠᠯᠢᠬᠠᠨ ᠪᠦᠬᠦ᠌ ᠤᠯᠤᠰ᠎ᠤᠨ ᠭᠣᠣᠯᠳᠠᠯᠭ᠎ᠠ᠎ᠲᠠᠶ ᠲᠡᠦᠬᠡ᠎ᠶ᠋ᠢᠨ ᠳᠤᠷᠠᠰᠭᠠᠯᠲᠤ ᠵᠦᠢᠯᠡᠰ᠎ᠦᠨ ᠬᠠᠮᠠᠭᠠᠯᠠᠯᠲᠠ᠎ᠶ᠋ᠢᠨ ᠨᠢᠭᠡᠴᠢ ᠪᠣᠯᠤᠭ᠍ᠰᠠᠨ᠎ᠤ ᠬᠤᠪᠢ᠎ᠳᠤ᠂ ᠶᠧᠯᠢᠦᠢ ᠢᠦᠢ ᡁᠢ ᠪᠣᠯᠤᠨ ᠶᠧᠯᠢᠦᠢ ᠴᠢ᠎ᠶ᠋ᠢᠨ ᠲᠦᠷᠦᠯ ᠤᠭ᠍ᠰᠠᠭ᠎ᠠ᠎ᠶ᠋ᠢᠨ ᠪᠤᠩᠬᠤᠨ᠎ᠢ ᠬᠠᠮᠠᠭᠠᠯᠠᠬᠤ ᠪᠠ ᠠᠱᠢᠭ᠍ᠯᠠᠬᠤ ᠠᠵᠢᠯ ᠨᠢ ᠬᠣᠶᠠᠷ ᠬᠠᠭᠤᠴᠢ ᠰᠤᠳᠤᠯᠤᠯ᠎ᠤᠨ ᠪᠠᠭᠤᠷᠢ᠎ᠶ᠋ᠢᠨ ᠦᠷᠭᠦᠯᠵᠢᠯᠡᠨ ᠣᠷᠣᠱᠢᠬᠤ᠎ᠳᠤ ᠬᠣᠯᠪᠣᠭ᠍ᠳᠠᠬᠤ᠎ᠪᠠᠷ ᠪᠠᠷᠠᠬᠤ ᠦᠭᠡᠢ᠂ ᠨᠡᠩ ᠴᠤ᠌ ᠯᠢᠶᠣᠤ ᠤᠯᠤᠰ᠎ᠤᠨ ᠲᠡᠦᠬᠡ ᠰᠣᠶᠣᠯ᠎ᠢ ᠤᠯᠠᠮᠵᠢᠯᠠᠨ ᠵᠠᠯᠭᠠᠮᠵᠢᠯᠠᠬᠤ ᠴᠢᠬᠤᠯᠠ ᠡᠭᠦᠷᠭᠡ᠎ᠶ᠋ᠢ ᠡᠭᠦᠷᠭᠡᠯᠡᠵᠦ᠍ ᠪᠠᠢᠭ᠎ᠠ ᠶᠤᠮ᠃ ᠬᠣᠶᠠᠷ ᠪᠤᠩᠬᠤᠨ᠎ᠤ ᠰᠦᠷᠦᠭᠵᠢᠯ᠎ᠢ ᠢᠯᠡᠷᠡᠭᠦᠯᠦᠭ᠌ᠰᠡᠨ᠎ᠡᠴᠡ ᠨᠠᠭᠠᠰᠢ᠂ ᠠᠪᠤᠷᠠᠯᠳᠠ᠎ᠶ᠋ᠢᠨ ᠴᠢᠨᠠᠷᠲᠠᠶ ᠬᠠᠮᠠᠭᠠᠯᠠᠯᠲᠠ᠎ᠡᠴᠡ ᠱᠢᠰᠲ᠋ᠧᠮᠲᠦ ᠴᠢᠨᠠᠷᠲᠠᠶ ᠲᠥᠯᠥᠪᠵᠢᠭᠦᠯᠭᠡ ᠬᠦᠷᠲᠡᠯᠡᠬᠢ ᠬᠤᠪᠢᠰᠤᠯᠲᠠ᠎ᠶ᠋ᠢᠨ ᠶᠠᠪᠤᠴᠠ᠎ᠶ᠋ᠢ ᠥᠩᠭᠡᠷᠡᠭᠦᠯᠵᠦ᠍᠂ ᠣᠳᠣᠬᠠᠨ᠎ᠤ ᠬᠠᠮᠠᠭᠠᠯᠠᠯᠲᠠ᠎ᠶ᠋ᠢᠨ ᠠᠷᠭ᠎ᠠ ᠬᠡᠮᠵᠢᠶ᠎ᠡ ᠪᠣᠯᠤᠨ ᠳᠡᠯᠭᠡᠨ ᠦᠵᠡᠭᠦᠯᠵᠦ᠍ ᠠᠱᠢᠭ᠍ᠯᠠᠬᠤ ᠠᠷᠭ᠎ᠠ ᠬᠡᠯᠪᠡᠷᠢ ᠨᠢ ᠲᠣᠰ ᠲᠣᠰ᠎ᠤᠨ ᠣᠨᠴᠠᠯᠢᠭ᠎ᠲᠠᠶ ᠪᠠᠢᠵᠤ᠂ ᠥᠪᠥᠷ ᠮᠣᠩᠭᠣᠯ ᠣᠷᠣᠨ᠎ᠤ ᠯᠢᠶᠣᠤ ᠤᠯᠤᠰ᠎ᠤᠨ ᠦᠶ᠎ᠡ᠎ᠶ᠋ᠢᠨ ᠰᠣᠶᠣᠯ᠎ᠤᠨ ᠥᠪ᠎ᠦᠨ ᠬᠠᠮᠠᠭᠠᠯᠠᠯᠲᠠ᠎ᠶ᠋ᠢᠨ ᠬᠤᠤᠰ ᠥᠯᠢᠭᠡᠷ ᠵᠢᠱ᠌ᠢᠶ᠎ᠡ᠎ᠶ᠋ᠢ ᠬᠠᠮᠲᠤ᠎ᠪᠠᠷ ᠪᠣᠶ ᠪᠣᠯᠭᠠᠵᠠᠶ》 ᠭᠡᠪᠡ᠃
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠵᠣᠣ ᠱᠦ᠍ ᠭᠤᠸᠠᠩ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃