2026-08-12 11:04:37
ᠪᠤᠳᠠᠰᠤᠨ ᠪᠤᠰᠤ ᠰᠤᠶᠤᠯᠤᠨ ᠦᠪᠤᠨ ᠰᠢᠰᠲᠸᠮ ᠲᠠᠢ ᠬᠠᠮᠠᠭᠠᠯᠠᠯᠳᠠ ᠵᠢ ᠯᠠᠪᠳᠠᠭᠤᠨ ᠪᠠᠳᠤᠳᠠᠢ ᠭᠢᠵᠤ᠂ ᠠᠷᠠᠳ ᠲᠦᠮᠡᠨ ᠤ ᠡᠳᠦᠷ ᠢᠷᠡᠭᠦᠶ᠎ᠠ ᠨᠡᠮᠡᠭᠳᠡᠵᠤ ᠪᠦᠭᠦᠢ ᠤᠶᠤᠨ ᠤ ᠠᠮᠢᠳᠤᠷᠠᠯᠤᠨ ᠭᠡᠷᠡᠭᠴᠡᠭᠡ ᠵᠢ ᠨᠡᠩ ᠰᠠᠢᠳᠤᠷ ᠬᠠᠨᠭᠭᠠᠵᠤ᠂ ᠰᠤᠶᠤᠯᠤᠨ ᠢᠳᠡᠭᠡᠯ ᠢ᠋ ᠠᠭᠢᠭᠤᠯᠬᠤ ᠭᠡᠷᠡᠭᠳᠡᠢ᠃
— ᠶᠠᠷᠦᠨᠭᠭᠡᠢ ᠱᠦᠵᠢ ᠰᠢ ᠵᠢᠨ ᠫᠢᠩ ᠤᠨ ᠭᠤᠸᠠᠨᠭᠳᠦ᠋ᠩᠳᠤ ᠰᠢᠨᠵᠢᠯᠡᠨ ᠪᠠᠢᠴᠠᠭᠠᠬᠤ ᠦᠶ᠎ᠠ ᠵᠢᠨ ᠶᠠᠷᠢᠶ᠎ᠠ ᠡᠴᠡ (2020.10.12 —13)

ᠤᠶᠤᠨ ᠡᠴᠡ ᠤᠯᠠᠮᠵᠢᠯᠠᠭᠳᠠᠭᠰᠠᠨ ᠡᠷᠲᠡᠨᠤ ᠠᠶᠠᠯᠭᠤ
ᠭᠦᠷᠦ ᠲᠠᠭᠤᠤ᠂ ᠬᠠᠪᠰᠤᠷᠤᠯ ᠠᠶ᠎ᠠ ᠦᠭᠡᠢ ᠬᠠᠮᠳᠤ ᠵᠢᠨ ᠲᠠᠭᠤᠤ᠂ ᠪᠠᠢᠭᠠᠯᠢ ᠵᠢᠨ ᠡᠭᠡᠰᠢᠭ᠂ ᠨᠠᠢᠷᠠᠯ ᠲᠠᠭᠤᠤ ᠵᠢᠨ ᠡᠭᠡᠰᠢᠭᠯᠡᠩᠢ ᠠᠭᠤᠰᠬᠠᠵᠤ᠂ 2008 ᠤᠨᠳᠤ ᠬᠤᠶᠠᠳᠤᠭᠠᠷ ᠪᠦᠯᠦᠭᠤᠨ ᠤᠯᠤᠰᠤᠨ ᠲᠡᠰᠤᠨ ᠪᠤᠳᠠᠰᠤᠨ ᠪᠤᠰᠤ ᠰᠤᠶᠤᠯᠤᠨ ᠦᠪᠤᠨ ᠨᠡᠷᠡᠰᠤᠨ ᠵᠢᠭᠰᠠᠭᠠᠯᠳᠠᠳᠤ ᠪᠦᠷᠢᠳᠭᠡᠭᠳᠡᠵᠡᠢ᠃
《ᠭᠦᠷᠦ》ᠭᠡᠳᠡᠭ ᠨᠢ ᠮᠤᠨᠭᠭᠤᠯ ᠭᠡᠯᠡᠨᠳᠤ ᠲᠦᠷᠦ ᠭᠦᠷᠦᠨ ᠭᠡᠭᠦ ᠤᠳᠬ᠎ᠠ ᠲᠠᠢ᠃ᠬᠦᠷᠦ ᠲᠠᠭᠤᠤ ᠨᠢ ᠠᠭᠤᠯᠠ ᠤᠰᠤᠨ ᠤ ᠮᠠᠭᠳᠠᠭᠠᠯ᠂ ᠲᠦᠷᠦ ᠭᠦᠷᠦᠨ ᠤ ᠮᠠᠭᠳᠠᠭᠠᠯ᠂ ᠨᠤᠳᠤᠭ ᠤᠰᠤᠨ ᠤ ᠲᠠᠭᠤᠯᠠᠯ ᠪᠤᠯᠤᠭᠰᠠᠨ ᠤᠷᠳᠤᠨ ᠤ ᠭᠡᠭᠡᠨᠴᠢᠷ ᠲᠠᠭᠤᠤ ᠪᠠᠢᠵᠤ᠂ ᠠᠢᠵᠠᠮ ᠴᠤᠭᠢᠯᠭ᠎ᠠ ᠪᠦᠷᠢᠳᠤᠨᠢ ᠡᠷᠳᠡᠨ ᠤ ᠭᠦᠮᠦᠰᠤᠨ ᠡᠭᠡ ᠪᠠᠢᠭᠠᠯᠢ ᠵᠢ ᠰᠢᠳᠦᠭᠦ᠂ ᠠᠮᠢᠳᠤᠷᠠᠯᠢ ᠬᠠᠢᠷᠠᠯᠠᠬᠤ ᠬᠠᠯᠠᠭᠤᠨ ᠰᠡᠳᠭᠢᠯᠭᠡ ᠰᠢᠨᠭᠭᠡᠵᠤ ᠪᠠᠢᠳᠠᠭ᠃
ᠤᠨ ᠴᠠᠭᠤᠨ ᠤᠷᠴᠢᠯᠳᠤ᠂ ᠭᠦᠷᠦ ᠲᠠᠭᠤᠤ ᠵᠢᠨ ᠤᠯᠠᠮᠵᠢᠯᠠᠭᠳᠠᠨ ᠲᠠᠭᠤᠯᠠᠭᠳᠠᠬᠤ ᠶᠠᠪᠤᠴᠠ ᠪᠤᠯᠤᠨ ᠬᠠᠩᠭᠢᠨ ᠤ ᠲᠡᠦᠭᠡ ᠬᠠᠷᠢᠯᠴᠠᠨ ᠠᠭᠤᠰᠤᠯᠴᠠᠵᠤ᠂ ᠲᠦᠪ ᠶᠡᠭᠡᠮᠰᠦᠭ ᠪᠤᠯᠤᠨ ᠪᠤᠷᠤᠭᠵᠢᠭᠤᠨ ᠲᠠᠷᠤᠤ ᠤᠨᠴᠠᠭᠠᠢ ᠭᠡᠪ ᠨᠠᠮᠪᠠ ᠪᠤᠯᠵᠤ ᠪᠦᠷᠢᠯᠳᠦᠵᠡᠢ᠃
ᠭᠦᠷᠦ ᠲᠠᠭᠤᠤ ᠵᠢᠨ ᠲᠠᠳᠠᠬᠤ ᠭᠦᠴᠦᠨ ᠨᠢ ᠲᠡᠭᠦᠨ ᠤ ᠲᠡᠪᠳᠠᠭᠳᠠᠰᠢ ᠦᠭᠡᠢ ᠤᠷᠠᠯᠢᠭᠤᠨ ᠢᠯᠡᠳᠭᠡᠭᠦ ᠭᠡᠯᠪᠠᠷᠢᠳᠤ ᠤᠷᠤᠰᠢᠨ᠎ᠠ᠃
ᠭᠦᠷᠦ ᠲᠠᠭᠤᠤ ᠵᠢᠨ ᠠᠶ᠎ᠠ ᠨᠢ ᠦᠨᠳᠦᠷ ᠨᠠᠮ ᠠᠶᠠᠯᠭᠤ ᠡᠭᠡᠯᠵᠢᠯᠠᠨ᠂ ᠲᠦᠭᠦᠮ ᠴᠡᠪᠠᠷᠭᠡᠨ ᠠᠳᠠᠯ᠎ᠠ ᠪᠠᠨ ᠲᠦᠮᠡᠨ ᠠᠭᠳᠠ ᠵᠢᠨ ᠲᠦᠪᠡᠷᠭᠡᠨ ᠰᠢᠭ ᠰᠦᠷ ᠲᠠᠯᠠᠢᠴᠠ ᠲᠠᠢ ᠪᠠᠢᠵᠤ᠂ ᠪᠠᠢᠭᠠᠯᠢ ᠵᠢᠨ ᠨᠠᠢᠷᠠᠯ ᠭᠦᠭᠵᠢᠮ ᠰᠢᠭ᠂ ᠲᠠᠯ᠎ᠠ ᠵᠢᠨ ᠰᠠᠯᠭᠢ ᠢᠯᠪᠢᠨ ᠦᠨᠭᠭᠡᠷᠡᠭᠦ ᠰᠢᠭ᠂ ᠭᠤᠷᠤᠬᠠᠨ ᠤ ᠤᠷᠤᠰᠬᠠᠯ ᠴᠢᠯᠠᠭᠤᠨ ᠲᠡᠭᠡᠭᠦᠷ ᠤᠷᠤᠰᠤᠨ ᠦᠨᠭᠭᠡᠷᠡᠭᠦ ᠰᠢᠭ ᠪᠠᠢᠵᠤ᠂ ᠤᠷᠳᠤ ᠵᠢᠨ ᠲᠠᠭᠤᠤ᠂ ᠭᠦᠭᠡᠮᠡᠢ ᠡᠴᠡ ᠢᠯᠭᠠᠭᠳᠠᠨ ᠦᠪᠡᠷᠤᠨ ᠵᠢᠡᠨ ᠤᠨᠴᠠᠭᠠᠢ ᠭᠡᠪ ᠨᠠᠮᠪᠠ ᠵᠢ ᠪᠦᠷᠢᠯᠳᠦᠭᠦᠯᠵᠡᠢ᠃
ᠲᠠᠭᠤᠤ ᠵᠢᠨ ᠦᠭᠡᠨᠳᠤ ᠴᠠᠭ ᠲᠦᠷᠦ ᠵᠢᠨ ᠮᠠᠨᠳᠤᠯ ᠪᠠᠭᠤᠷᠠᠯ᠂ ᠡᠴᠢᠭᠡ ᠡᠭᠡ ᠵᠢᠨ ᠡᠨᠡᠷᠢᠯ ᠬᠠᠢᠷ᠎ᠠ᠂ ᠨᠤᠳᠤᠭ ᠤᠰᠤᠨ ᠪ ᠦᠷᠭᠡᠨ ᠠᠭᠤᠳᠠᠮ᠂ ᠠᠭᠳᠠ ᠭᠦᠯᠦᠭᠤᠨ ᠲᠠᠪᠭᠢᠯᠳᠤᠬᠤ ᠴᠢᠮᠡᠭᠡ ᠵᠡᠷᠭᠡ ᠪᠦᠷ ᠪᠠᠭᠳᠠᠵᠤ᠂ ᠪᠠᠳᠠᠭ ᠪᠤᠯᠭᠠᠨ ᠳᠤᠨᠢ ᠤᠯᠤᠰ ᠭᠡᠷ ᠵᠢᠡᠨ ᠬᠠᠢᠷᠠᠯᠠᠬᠤ ᠰᠡᠳᠭᠢᠯᠭᠡ ᠰᠢᠨᠭᠭᠡᠵᠤ᠂ ᠤᠯᠠᠨ ᠦᠨᠳᠦᠰᠦᠳᠡᠨ ᠠᠭᠤᠰᠤᠯᠴᠠᠨ ᠠᠮᠢᠳᠤᠷᠠᠭᠰᠠᠨ ᠤ ᠠᠮᠢᠳᠤᠯᠢᠭ ᠭᠡᠷᠡᠴᠢ ᠪᠤᠯᠤᠭᠰᠠᠨ ᠪᠠᠢᠨ᠎ᠠ᠃

ᠦᠶ᠎ᠡ ᠵᠢᠨ ᠦᠶ᠎ᠡ ᠦᠪᠯᠡᠨ ᠤᠯᠠᠮᠵᠢᠯᠠᠨᠡ
ᠬᠤᠷᠢᠳᠤᠭᠠᠷ ᠵᠠᠭᠤᠨ ᠤ ᠨᠠᠶᠠᠭᠠᠳ ᠤᠨ ᠳᠤ᠂ ᠭᠦᠷᠦ ᠲᠠᠭᠤᠤ ᠤᠰᠠᠳᠤᠨ ᠠᠷᠢᠯᠬᠤ ᠵᠢᠨ ᠢᠷᠮᠡᠭ ᠲᠤ᠌ ᠭᠦᠷᠴᠦ᠂ ᠲᠠᠭᠤᠯᠠᠵᠤ ᠴᠢᠳᠠᠳᠠᠭ ᠭᠦᠮᠦᠨ ᠡᠳᠦᠷᠤᠨ ᠤᠳᠤ ᠮᠡᠳᠦ ᠴᠦᠭᠡᠷᠡᠨ᠂ ᠰᠤᠨᠭᠭᠤᠳᠠᠭ ᠰᠠᠢᠬᠠᠨ ᠲᠠᠭᠤᠤ ᠨᠢ ᠦᠳᠡᠯᠦᠭᠡ ᠲᠠᠭᠤᠴᠢᠳᠤᠨ ᠨᠠᠰᠤ ᠪᠠᠷᠠᠬᠤ ᠵᠢ ᠲᠠᠭᠠᠯᠳᠤᠨ ᠠᠯᠠᠭ᠎ᠠ ᠪᠤᠯᠵᠤ ᠪᠠᠢᠯ᠎ᠠ᠃
《ᠰᠤᠨᠭᠭᠤᠳᠠᠭ ᠪᠦᠳᠦᠭᠡᠯᠤᠨ ᠤᠰᠠᠳᠴᠦ ᠪᠠᠯᠠᠷᠠᠬᠤ ᠵᠢ ᠬᠠᠷᠠᠭᠰᠠᠭᠠᠷ ᠪᠠᠢᠵᠤ᠂ ᠵᠢᠷᠦᠭᠡ ᠡᠮᠵᠡᠭᠯᠡᠨ ᠭᠤᠨᠢᠭᠯᠠᠬᠤ ᠭᠡᠴᠡᠭᠦᠦ》 ᠭᠡᠵᠤ ᠭᠦᠷᠦ ᠲᠠᠭᠤᠤ ᠵᠢᠨ ᠤᠯᠤᠰᠤᠨ ᠲᠡᠰᠤᠨ ᠲᠦᠯᠦᠭᠡᠯᠡᠭᠴᠢ ᠴᠢᠨᠠᠷᠳᠠᠢ ᠤᠯᠠᠮᠵᠢᠯᠠᠭᠴᠢ ᠭᠦᠷᠦᠪᠠᠽᠠᠷ ᠨᠢᠳᠤᠨᠳᠡᠭᠡᠨ ᠨᠢᠯᠪᠤᠰᠤ ᠲᠠᠢ ᠡᠷᠭᠢᠴᠡᠭᠦᠯᠦᠨ ᠶᠠᠷᠢᠨ᠎ᠠ᠃
ᠭᠦᠷᠦ ᠲᠠᠭᠤᠤ ᠵᠢ ᠠᠪᠤᠷᠠᠬᠤ ᠲᠤᠮᠤ ᠡᠭᠦᠷᠭᠡ ᠨᠢ ᠬᠠᠩᠭᠢᠨ ᠬᠤᠰᠢᠭᠤᠨ ᠪ ᠤᠯᠠᠭᠠᠨᠮᠦ᠋ᠴᠢᠷᠤᠨ ᠨᠢᠭᠡᠳᠦᠭᠡᠷ ᠦᠶ᠎ᠠ ᠵᠢᠨ ᠲᠤᠭᠯᠠᠭᠴᠢ ᠪᠤᠯᠬᠤ ᠲᠡᠭᠦᠨ ᠤ ᠮᠦᠷᠦᠨᠳᠤ ᠰᠡᠮᠡᠭᠡᠷ ᠪᠠᠭᠤᠵᠠᠢ᠃
1979 ᠤᠨ ᠳᠤ᠂ ᠭᠦᠷᠦᠪᠠᠽᠠᠷ ᠰᠢᠨᠭᠭᠡᠭᠡᠯᠳᠡ ᠵᠢᠨ ᠮᠠᠰᠢᠨ ᠵᠢᠡᠨ ᠡᠭᠦᠷᠴᠦ᠂ ᠴᠠᠭ ᠬᠤᠭᠤᠴᠠᠭ᠎ᠠ ᠲᠠᠢ ᠤᠷᠤᠯᠳᠤᠭᠰᠠᠨ ᠠᠪᠤᠷᠠᠯᠳᠠ ᠵᠢᠨ ᠴᠢᠨᠠᠷᠳᠠᠢ ᠲᠡᠮᠳᠡᠭᠯᠡᠯ ᠵᠢᠡᠨ ᠡᠭᠢᠯᠡᠭᠦᠯᠦᠭᠰᠡᠨ ᠪᠠᠢᠨ᠎ᠠ᠃ ᠭᠦᠷᠦ ᠲᠠᠭᠤᠤ ᠵᠢᠨ ᠠᠶ᠎ᠠ ᠨᠢ ᠪᠤᠳᠤᠯᠢᠶᠠᠨᠳᠠᠢ᠂ ᠨᠤᠭᠤᠯᠤᠭ᠎ᠠ ᠨᠢ ᠭᠤᠢᠳᠠ ᠰᠠᠢᠬᠠᠨ ᠪᠠᠢᠵᠤ᠂ ᠪᠢᠷ ᠴᠠᠭᠠᠰᠤ ᠪᠡᠷ ᠪᠢᠴᠢᠵᠤ ᠲᠡᠮᠳᠡᠭᠯᠡᠭᠦᠳᠤ ᠲᠦᠪᠡᠭᠳᠡᠢ ᠲᠤᠯᠠ ᠲᠠᠷᠠ ᠠᠢᠯ ᠡᠷᠦᠭᠡ ᠲᠠᠮᠵᠢᠨ ᠠᠬᠠᠮᠠᠳ ᠨᠠᠰᠤᠳᠠᠨᠢ ᠰᠤᠷᠪᠤᠯᠵᠢᠯᠠᠵᠤ᠂ ᠬᠦᠢᠳᠡᠨ ᠬᠠᠯᠠᠭᠤᠨ ᠰᠠᠯᠭᠢᠨ ᠪᠤᠷᠤᠭᠠᠨ ᠢ ᠬᠠᠢᠬᠤᠷᠤᠯ ᠦᠭᠡᠢ᠂ ᠭᠦᠷᠦ ᠲᠠᠭᠤᠤ ᠲᠠᠭᠤᠯᠠᠵᠤ ᠴᠢᠳᠠᠳᠠᠭ ᠨᠠᠰᠤᠳᠠᠨ ᠪᠤᠢ ᠭᠡᠵᠤ ᠰᠤᠨᠤᠰᠤᠭᠰᠠᠭᠠᠷ ᠲᠠᠷᠤᠢᠬᠠᠨ ᠡᠷᠢᠨ ᠭᠦᠷᠴᠦ᠂ ᠰᠢᠨᠭᠭᠡᠭᠡᠯᠳᠡ ᠭᠢᠳᠡᠭ ᠪᠠᠢᠪᠠ᠃ ᠴᠦᠭᠦᠷᠡᠰᠢ ᠦᠭᠡᠢ ᠴᠢᠷᠮᠠᠢᠯᠭ᠎ᠠ ᠪᠡᠷ ᠲᠠᠮᠵᠢᠨ ᠲᠠᠷᠠ ᠤᠰᠠᠳᠤᠮᠠᠷ ᠪᠤᠯᠤᠭᠰᠠᠨ 40 ᠭᠠᠷᠤᠢ ᠭᠦᠷᠦ ᠲᠠᠭᠤᠤ ᠵᠢ ᠰᠢᠨᠭᠭᠡᠭᠡᠨ ᠦᠯᠡᠳᠡᠭᠡᠭᠰᠡᠨ ᠪᠠᠢᠨ᠎ᠠ᠃
ᠠᠵᠢᠯᠤᠨ ᠠᠮᠠᠷᠠᠯᠳᠠ ᠪᠠᠨ ᠠᠪᠤᠭᠰᠠᠨ ᠤ ᠬᠤᠢᠨ᠎ᠠ ᠴᠤ᠌ ᠭᠦᠷᠦᠪᠠᠽᠠᠷ ᠤᠯᠠᠮᠵᠢᠯᠠᠨ ᠵᠠᠯᠭᠠᠮᠵᠢᠯᠠᠬᠤ ᠠᠵᠢᠯ ᠵᠢᠡᠨ ᠬᠠᠶᠠᠭᠰᠠᠨ ᠦᠭᠡᠢ᠂ ᠤᠯᠠᠭᠠᠨᠮᠦ᠋ᠴᠢᠷᠤᠨ ᠭᠡᠰᠢᠭᠦᠨ ᠪᠠ ᠠᠷᠠᠳᠤᠨ ᠲᠤᠮᠳᠠᠭᠢ ᠪᠠᠬᠠᠳᠠᠳᠤᠨ ᠭᠦᠷᠦ ᠲᠠᠭᠤᠤ ᠰᠤᠷᠬᠤ ᠵᠢ ᠵᠢᠯᠤᠭᠤᠳᠬᠤ ᠪᠠᠨ ᠪᠠᠷᠢᠮᠳᠠᠯᠠᠭᠰᠠᠭᠠᠷ ᠃ ᠡᠢᠮᠦᠷᠭᠦᠤ 《ᠪᠠᠭᠰᠢ ᠨᠢ ᠱᠠᠪᠢ ᠲᠠᠭᠠᠭᠤᠯᠬᠤ》 ᠭᠡᠯᠪᠠᠷᠢ ᠨᠢ ᠭᠦᠷᠦ ᠲᠠᠭᠤᠤ ᠵᠢ ᠶᠠᠭ ᠤᠭ ᠭᠡᠪ ᠵᠢᠡᠷ ᠨᠢ ᠤᠯᠠᠮᠵᠢᠯᠠᠵᠤ᠂《ᠤᠯᠠᠮᠵᠢᠯᠠᠭᠴᠢ + ᠭᠡᠰᠢᠭᠦᠨ + ᠲᠤᠷ᠎ᠠ ᠪᠠᠬᠠᠳᠠᠳ》 ᠤ᠋ᠨ ᠤᠯᠠᠨ ᠲᠠᠪᠬᠤᠷᠭ᠎ᠠ ᠵᠢᠨ ᠤᠯᠠᠮᠵᠢᠯᠠᠬᠤ ᠭᠡᠯᠪᠠᠷᠢ ᠨᠢ ᠨᠡᠩ ᠤᠯᠠᠨ ᠭᠦᠷᠦ ᠲᠠᠭᠤᠤ ᠵᠢᠨ ᠪᠠᠬᠠᠳᠠᠨᠢ ᠲᠠᠳᠠᠵᠠᠢ᠃
ᠤᠯᠠᠮᠵᠢᠯᠠᠬᠤᠳᠤ ᠵᠠᠮ ᠪᠤᠢ᠂ ᠬᠠᠮᠠᠭᠠᠯᠠᠬᠤ ᠳᠤ ᠠᠷᠭ᠎ᠠ ᠪᠤᠢ᠃ ᠭᠠᠵᠠᠷ ᠤᠷᠤᠨ ᠤ ᠵᠠᠰᠠᠭᠤᠨ ᠤᠷᠳᠤᠨ ᠪ ᠭᠦᠴᠦᠳᠡᠢ ᠲᠡᠮᠵᠢᠯᠭᠡ ᠨᠢ ᠭᠦᠷᠦ ᠲᠠᠭᠤᠤ ᠵᠢᠨ ᠬᠠᠮᠠᠭᠠᠯᠠᠯᠳᠠᠳᠤ ᠬᠠᠳᠠᠨ ᠪᠠᠳᠤ ᠲᠦᠰᠢᠭ ᠪᠤᠯᠵᠠᠢ᠃ 1979 ᠤᠨ ᠡᠴᠡ ᠡᠭᠢᠯᠡᠨ᠂ ᠬᠠᠩᠭᠢᠨ ᠬᠤᠰᠢᠭᠤ ᠨᠢ ᠭᠦᠷᠦ ᠲᠠᠭᠤᠤ ᠵᠢ ᠰᠢᠰᠲᠸᠮᠳᠤ ᠴᠢᠨᠠᠷᠳᠠᠢ ᠡᠮᠭᠢᠯᠡᠨ ᠬᠠᠮᠠᠭᠠᠯᠠᠬᠤ ᠠᠵᠢᠯᠢ ᠡᠭᠢᠯᠡᠭᠦᠯᠵᠤ᠂ 100 ᠭᠠᠷᠤᠢ ᠰᠤᠨᠭᠭᠤᠳᠠᠭ ᠪᠦᠳᠦᠭᠡᠯᠢ ᠠᠪᠤᠷᠠᠨ ᠬᠠᠮᠠᠭᠠᠯᠠᠵᠤ᠂《ᠬᠠᠩᠭᠢᠨ ᠭᠦᠷᠦ ᠲᠠᠭᠤᠤ》 ᠵᠡᠷᠭᠡ 5 ᠪᠤᠳᠢ ᠪᠦᠳᠦᠭᠡᠯᠢ ᠲᠤᠭᠤᠷᠪᠢᠵᠤ᠂ 《ᠭᠦᠷᠦ ᠲᠠᠭᠤᠤ ᠵᠢᠨ ᠡᠷᠢᠯ》 ᠵᠡᠷᠭᠡ ᠭᠤᠤᠯ ᠰᠡᠳᠦᠪᠳᠦ ᠺᠢᠨᠤ᠋ ᠵᠢ ᠰᠡᠭᠦᠳᠡᠷᠯᠡᠵᠤ᠂ 《ᠤᠯᠠᠭᠠᠨ ᠽᠠᠨᠳᠠᠨ ᠰᠢᠷᠡᠭᠡ》ᠮᠡᠳᠦ ᠵᠢᠨ mv ᠵᠢ 3 ᠰᠢᠨᠭᠭᠡᠭᠡᠵᠤ᠂ ᠭᠦᠷᠦ ᠲᠠᠭᠤᠤ ᠵᠢᠨ ᠵᠢᠭᠠᠨ ᠰᠤᠷᠭᠠᠯᠳᠠ ᠵᠢᠨ ᠹᠢᠯᠢᠮᠢ 50 ᠭᠠᠷᠤᠢ ᠰᠡᠭᠦᠳᠡᠷᠯᠡᠭᠰᠠᠨ ᠪᠠᠢᠨ᠎ᠠ᠃

ᠤᠯᠠᠮᠵᠢᠯᠠᠨ ᠵᠠᠯᠭᠠᠮᠵᠢᠯᠠᠵᠤ ᠰᠢᠨ᠎ᠠ ᠵᠢ ᠡᠭᠦᠳᠦᠨ᠎ᠠ
《 ᠭᠦᠷᠦ ᠲᠠᠭᠤᠤ ᠵᠢᠨ ᠠᠶ᠎ᠠ ᠪᠤᠯᠤᠨ ᠦᠭᠡ ᠪᠤᠯ ᠬᠤᠪᠢᠷᠠᠭᠤᠯᠵᠤ ᠪᠤᠯᠬᠤ ᠦᠭᠡᠢ᠂ ᠬᠠᠶᠠᠵᠤ ᠪᠤᠯᠬᠤ ᠦᠭᠡᠢ ᠤᠯᠠᠮᠵᠢᠯᠠᠯ ᠮᠦᠨ᠃ ᠭᠡᠳᠡᠯ᠎ᠠ ᠵᠠᠯᠠᠭᠤᠴᠤᠳᠤᠨ ᠲᠤᠷ᠎ᠠ ᠪᠠᠬ᠎ᠠ ᠵᠢ ᠲᠠᠳᠠᠵᠤ᠂ ᠶᠢᠷᠳᠢᠨᠴᠦ ᠵᠢᠨ ᠰᠤᠨᠤᠷ ᠲᠤ᠌ ᠭᠦᠷᠭᠡᠶᠠ ᠭᠡᠪᠠᠯ ᠡᠷᠭᠡᠪᠰᠢ ᠤᠯᠠᠮᠵᠢᠯᠠᠯ ᠪᠠ ᠰᠢᠨᠠᠴᠢᠯᠡᠯᠤᠨ ᠠᠭᠤᠯᠵᠠᠷᠢ ᠤᠯᠬᠤ ᠭᠡᠷᠡᠭᠳᠡᠢ》 ᠭᠡᠵᠤ ᠲᠠᠭᠤᠷᠢᠯᠢᠭ ᠵᠦᠴᠦᠭᠡ 《ᠭᠦᠷᠦ ᠲᠠᠭᠤᠤ》 ᠵᠢᠨ ᠨᠠᠢᠷᠠᠭᠤᠯᠤᠭᠴᠢ ᠴᠢ᠊·ᠪᠢᠯᠢᠭ ᠶᠠᠷᠢᠨ᠎ᠠ᠃
2025 ᠤᠨ ᠤ 3 ᠰᠠᠷᠠᠳᠤ᠂ 2 ᠵᠢᠯᠤᠨ ᠴᠠᠭ ᠭᠡᠷᠡᠭᠰᠡᠵᠤ ᠦᠢᠯᠡᠳᠦᠭᠰᠡᠨ ᠲᠠᠭᠤᠷᠢᠯᠢᠭ ᠵᠦᠴᠦᠭᠡ 《ᠭᠦᠷᠦ ᠲᠠᠭᠤᠤ》ᠵᠢ ᠤᠷᠳᠤᠰᠤᠨ ᠲᠤᠮᠤ ᠵᠦᠴᠦᠭᠡ ᠵᠢᠨ ᠭᠦᠷᠢᠶᠡᠯᠡᠩᠳᠤ ᠠᠨᠭᠬᠠᠯᠠᠨ ᠲᠤᠭᠯᠠᠪᠠ᠃ ᠭᠤᠤᠯ ᠵᠤᠭᠢᠶᠠᠨ ᠪᠦᠳᠦᠭᠡᠭᠦ ᠲᠤᠭᠤᠢᠯᠠᠩᠤᠨ ᠭᠢᠨ 《ᠲᠠᠭᠤᠯᠠᠬᠤ ᠭᠡᠯᠪᠠᠷᠢ᠂ ᠦᠨᠳᠦᠰᠦᠨ ᠠᠶ᠎ᠠ᠂ ᠭᠤᠤᠯ ᠲᠠᠭᠤᠤ ᠵᠢᠨ ᠦᠭᠡ᠂ ᠢᠯᠡᠳᠭᠡᠭᠦ ᠠᠬᠤᠢ ᠦᠵᠡᠭᠳᠡᠯᠳᠤ ᠶᠠᠭᠠᠭᠢᠭᠰᠡᠨ ᠴᠤ᠌ ᠬᠠᠭᠤᠷᠮᠠᠭ ᠵᠦᠢᠯ ᠪᠠᠢᠬᠤ ᠦᠭᠡᠢ》ᠵᠢ ᠪᠠᠷᠢᠮᠳᠠᠯᠠᠵᠤ᠂《ᠤᠳᠤᠷᠢᠳᠤᠮᠵᠢ — ᠭᠤᠷᠪᠠᠨ ᠪᠠᠳᠠᠭ ᠭᠤᠤᠯ ᠲᠠᠭᠤᠤ — ᠲᠠᠭᠤᠨ ᠤ ᠲᠠᠪᠳᠠᠮᠵᠢ — ᠰᠡᠭᠦᠯᠤᠨ ᠡᠭᠡᠰᠢᠭ》ᠭᠡᠭᠦ ᠤᠯᠠᠮᠵᠢᠯᠠᠯᠳᠤ ᠲᠠᠭᠤᠤ ᠵᠢᠨ ᠪᠦᠳᠦᠴᠡ ᠵᠢ ᠴᠢᠨᠭᠭ᠎ᠠ ᠪᠠᠷᠢᠮᠳᠠᠯᠠᠨ᠂ ᠤᠯᠠᠨ ᠦᠨᠳᠦᠰᠦᠳᠡᠨ ᠬᠠᠮᠳᠤ ᠪᠠᠷ ᠤᠷᠤᠰᠢᠨ ᠬᠠᠮᠳᠤ ᠪᠠᠷ ᠭᠦᠭᠵᠢᠭᠦ ᠤᠢᠯᠠᠭᠠᠭᠳᠠᠬᠤᠨᠢ ᠵᠦᠴᠦᠭᠡᠳᠡᠭᠡᠨ ᠠᠭᠤᠰᠬᠠᠵᠤ᠂ ᠮᠢᠨᠭᠭᠠᠨ ᠤᠨ ᠤ ᠲᠠᠭᠤᠯᠠᠯ ᠵᠢᠡᠷ ᠪᠦᠭᠦ ᠲᠠᠯᠠᠪᠠᠢ ᠵᠢ ᠭᠠᠢᠬᠠᠭᠤᠯᠤᠭᠰᠠᠨ ᠪᠠᠢᠨ᠎ᠠ᠃
ᠵᠦᠴᠦᠭᠡ ᠵᠢᠨ ᠭᠤᠤᠯ ᠲᠦᠷᠢ ᠭᠦᠪᠴᠢᠨ ᠪᠢᠴᠢᠬᠠᠨ ᠬᠤᠨ ᠢ᠋ ᠰᠢᠷᠬᠠᠳᠤᠭᠤᠯᠵᠤ ᠭᠡᠮᠰᠢᠨ ᠤᠬᠠᠭᠠᠷᠠᠭᠰᠠᠨ ᠡᠴᠡ ᠭᠦᠮᠦᠨ ᠪᠠᠢᠭᠠᠯᠢ ᠡᠶ᠎ᠠ ᠨᠠᠢᠷᠠᠮᠳᠠᠭᠤ ᠬᠠᠷᠢᠯᠴᠠᠨ ᠤᠷᠤᠰᠢᠬᠤ ᠵᠢ ᠤᠢᠯᠠᠭᠠᠭᠰᠠᠨ ᠶᠠᠪᠤᠴᠠ ᠵᠢ ᠭᠦᠷᠦ ᠲᠠᠭᠤᠤ ᠪᠡᠷ ᠢᠯᠡᠳᠭᠡᠵᠤ᠂ ᠲᠤᠮᠳᠠᠳᠤ ᠵᠢᠨ ᠦᠨᠳᠦᠰᠦᠳᠡᠨ ᠪ ᠬᠠᠮᠳᠤ ᠵᠢᠨ ᠴᠤᠭᠴᠠ ᠵᠢᠨ ᠤᠬᠠᠮᠰᠠᠷ ᠪᠤᠯᠤᠨ ᠭᠦᠮᠦᠨ ᠲᠦᠷᠦᠯᠭᠢᠳᠡᠨ ᠪ ᠬᠤᠪᠢ ᠵᠠᠶᠠᠭᠠᠨ ᠪ ᠬᠠᠮᠳᠤ ᠵᠢᠨ ᠴᠤᠭᠴᠠ ᠵᠢᠨ ᠤᠬᠠᠮᠰᠠᠷᠢ ᠠᠮᠢᠳᠤᠯᠢᠭ ᠬᠦᠨᠵᠡᠭᠡᠢ ᠢᠯᠡᠳᠭᠡᠭᠰᠡᠨ ᠪᠠᠢᠨ᠎ᠠ᠃
ᠡᠢᠮᠦᠷᠭᠦᠤ ᠠᠮᠢᠳᠤᠯᠢᠭ ᠦᠢᠯᠡᠳᠦᠯᠭᠡ ᠪᠠᠰᠠ ᠮᠠᠰᠢ ᠤᠯᠠᠨ ᠪᠤᠢ᠃ ᠬᠠᠨᠭᠭᠢᠨ ᠬᠤᠰᠢᠭᠤ 《ᠨᠠᠢᠭᠡᠮᠯᠢᠭ + ᠭᠠᠴᠠᠭ᠎ᠠ》ᠵᠢᠨ ᠭᠡᠯᠪᠠᠷᠢ ᠳ᠋ᠤ᠌ ᠲᠦᠰᠢᠭᠯᠡᠨ᠂ ᠭᠦᠷᠦ ᠲᠠᠭᠤᠤ ᠬᠠᠮᠳᠤ ᠵᠢᠨ ᠠᠵᠤ ᠠᠬᠤᠢᠳᠤ ᠠᠭᠤᠰᠤᠨ ᠤᠷᠤᠬᠤ ᠵᠢ ᠠᠭᠢᠭᠤᠯᠵᠤ᠂ ᠭᠦᠷᠦ ᠲᠠᠭᠤᠤ ᠵᠢᠨ ᠭᠤᠤᠯ ᠰᠡᠳᠦᠪᠳᠦ ᠢᠳᠡᠭᠡᠨ ᠤᠮᠳᠠᠭᠠᠨᠢ ᠰᠤᠳᠤᠯᠤᠨ ᠭᠠᠷᠭᠠᠵᠤ᠂ ᠭᠠᠷ ᠤᠷᠠᠯᠠᠯᠤᠨ ᠪᠦᠳᠦᠭᠡᠭᠳᠡᠭᠦᠨ᠂ ᠭᠦᠭᠵᠢᠮᠤᠨ ᠪᠠᠭᠠᠵᠢ ᠭᠡᠭᠦ ᠮᠡᠳᠦ ᠵᠢᠨ ᠵᠦᠢᠯᠡᠰᠢ ᠭᠢᠵᠤ᠂ ᠭᠤᠤᠯ ᠰᠡᠳᠦᠪᠳᠦ ᠬᠤᠭᠤᠯᠠᠨ ᠭᠡᠷ᠂ ᠲᠤᠭᠯᠠᠯᠳᠠ ᠵᠡᠷᠭᠡ ᠨᠢ ᠵᠠᠬ᠎ᠠ ᠲᠡᠯᠭᠡᠭᠦᠷᠤᠨ ᠭᠦᠷᠢᠶᠡᠯᠡᠯᠢ ᠤᠯᠵᠤ᠂ ᠵᠢᠯ ᠪᠤᠯᠭᠠᠨ ᠤᠷᠤᠯᠳᠤᠭᠠᠨ᠂ ᠪᠤᠯᠪᠠᠰᠤᠷᠠᠯ᠂ ᠵᠢᠭᠤᠯᠴᠢᠯᠠᠯ᠂ ᠪᠠᠶᠠᠷ ᠲᠤᠷᠠᠰᠬᠠᠯᠤᠨ ᠡᠳᠦᠷ ᠭᠡᠭᠦ ᠮᠡᠳᠦ ᠵᠢᠨ ᠭᠦᠳᠡᠯᠭᠡᠭᠡᠨᠢ 100 ᠭᠠᠷᠤᠢ ᠤᠳᠠᠭ᠎ᠠ᠂ ᠰᠤᠶᠤᠯᠤᠨ ᠰᠤᠯᠢᠯᠴᠠᠭᠠᠨ ᠪ ᠠᠵᠢᠯᠯᠠᠭ᠎ᠠ ᠵᠢ 20 ᠭᠠᠷᠤᠢ ᠤᠳᠠᠭ᠎ᠠ ᠵᠤᠭᠢᠶᠠᠨ ᠪᠠᠢᠭᠤᠯᠵᠤ ᠦᠷᠨᠢᠭᠦᠯᠦᠨ᠂ ᠨᠡᠩ ᠤᠯᠠᠨ ᠭᠦᠮᠦᠨᠢ ᠪᠤᠳᠠᠰᠤᠨ ᠪᠤᠰᠤ ᠰᠤᠶᠤᠯᠤᠨ ᠦᠪᠢ ᠬᠠᠮᠠᠭᠠᠯᠠᠬᠤᠳᠤ ᠢᠳᠡᠪᠭᠢᠳᠡᠢ ᠤᠷᠤᠯᠴᠠᠭᠤᠯᠤᠭᠰᠨᠨ ᠪᠠᠢᠨ᠎ᠠ᠃ ᠡᠭᠦᠨ ᠡᠴᠡ ᠭᠠᠳᠠᠨ᠎ᠠ ᠭᠦᠷᠦ ᠲᠠᠭᠤᠤ ᠨᠢ ᠪᠠᠰᠠ ᠲᠤᠮᠳᠠᠳᠤ ᠪᠠᠭ᠎ᠠ ᠰᠤᠷᠭᠠᠭᠤᠯᠢ ᠵᠢᠨ ᠭᠢᠴᠢᠶᠠᠯᠤᠨ ᠲᠠᠨᠭᠭᠢᠮᠳᠤ ᠤᠷᠤᠵᠤ᠂ ᠡᠨᠡ ᠭᠦ᠌ ᠡᠷᠳᠡᠨᠤ ᠭᠡᠭᠡᠨᠴᠢᠷ ᠤᠷᠠᠯᠢᠭᠢ ᠵᠠᠯᠠᠭᠤᠴᠤᠳ ᠪᠠᠭᠠᠴᠤᠳᠤᠨ ᠤᠢ ᠲᠠᠷᠢᠭᠢᠨᠳᠤ ᠦᠨᠳᠦᠰᠦᠯᠡᠭᠦᠯᠭᠦ ᠵᠢ ᠠᠭᠢᠭᠤᠯᠵᠠᠢ᠃
ᠭᠦᠷᠦ ᠲᠠᠭᠤᠤ ᠵᠢᠨ ᠲᠠᠳᠠᠬᠤ ᠭᠦᠴᠦᠨ ᠠᠯᠢ ᠡᠷᠳᠡ ᠡᠴᠡ ᠭᠠᠵᠠᠷ ᠤᠷᠤᠨ ᠪ ᠭᠢᠵᠠᠭᠠᠷᠢ ᠲᠠᠪᠠᠵᠤ᠂ ᠲᠤᠮᠳᠠᠳᠤ ᠵᠢᠨ ᠰᠤᠶᠤᠯ ᠲᠡᠯᠡᠭᠡᠢᠳᠤ ᠠᠭᠢᠬᠤ ᠵᠢᠨ ᠨᠢᠭᠡᠨ ᠨᠠᠷᠠ ᠵᠢᠨ ᠬᠠᠭᠤᠳᠠᠰᠤ ᠪᠤᠯᠵᠠᠢ ᠃ 2016 ᠤᠨ ᠡᠴᠡ ᠨᠠᠭᠠᠰᠢ᠂ ᠬᠠᠨᠭᠭᠢᠨ ᠬᠤᠰᠢᠭᠤᠨ ᠤ ᠭᠦᠷᠦ ᠲᠠᠭᠤᠤ ᠵᠢᠨ ᠤᠷᠠᠯᠢᠭᠤᠨ ᠪᠦᠯᠭᠦᠮ ᠨᠢ ᠮᠤᠨᠭᠭᠤᠯ ᠤᠯᠤᠰ᠂ ᠪᠤᠯᠭᠠᠷᠢᠶ᠎ᠠ᠂ ᠰᠢᠶᠠᠨᠭᠭᠠᠩ ᠵᠡᠷᠭᠡ ᠤᠯᠤᠰ ᠪᠠ ᠭᠠᠵᠠᠷ ᠤᠷᠤᠨ ᠵᠢᠡᠷ ᠭᠦᠷᠴᠦ ᠰᠤᠶᠤᠯᠤᠨ ᠰᠤᠯᠢᠯᠴᠠᠭ᠎ᠠ ᠦᠷᠨᠢᠭᠦᠯᠵᠤ᠂ ᠶᠢᠰᠦᠳᠦᠭᠡᠷ ᠬᠤᠭᠤᠴᠠᠭᠠᠨ ᠤ ᠲᠡᠯᠡᠭᠡᠢ ᠵᠢᠨ ᠦᠨᠳᠦᠰᠦᠳᠡᠨ ᠤ ᠵᠠᠩ ᠵᠠᠨᠭᠰᠢᠯᠤᠨ ᠤᠷᠤᠯᠳᠤᠭᠠᠨ ᠳᠤ ᠠᠯᠳᠠᠨ ᠮᠸᠳᠠᠯ ᠤᠯᠵᠤ᠂ ᠬᠤᠶᠠᠳᠤᠭᠠᠷ ᠬᠤᠭᠤᠴᠠᠭᠠᠨ ᠤ ᠠᠽᠢᠶ᠎ᠠ ᠲᠢᠪᠤᠨ ᠠᠷᠠᠳᠤᠨ ᠵᠠᠩ ᠵᠠᠨᠭᠰᠢᠯᠤᠨ ᠨᠠᠭᠠᠳᠤᠮᠤᠨ ᠶᠡᠭᠡ ᠬᠤᠷᠠᠯ ᠲᠡᠭᠡᠷ᠎ᠠ ᠮᠦᠨᠭᠭᠦᠨ ᠮᠸᠳᠠᠯ ᠢ ᠭᠦᠷᠳᠡᠵᠤ᠂ ᠲᠤᠮᠳᠠᠳᠤ ᠭᠠᠳᠠᠭᠠᠳᠤ ᠵᠢᠨ ᠡᠷᠳᠡᠮᠳᠡᠨ ᠰᠤᠳᠤᠯᠭᠠᠳᠠᠨ ᠲᠠᠰᠤᠷᠠᠯᠳᠠ ᠦᠭᠡᠢ ᠬᠠᠩᠭᠢᠨ ᠬᠤᠰᠢᠭᠤᠨᠳᠤ ᠢᠷᠠᠵᠤ᠂ ᠭᠦᠷᠦ ᠲᠠᠭᠤᠤ ᠵᠢᠨ ᠰᠤᠶᠤᠯᠤᠨ ᠲᠤᠬᠠᠢ ᠰᠢᠨᠵᠢᠯᠡᠭᠡ ᠭᠢᠭᠰᠡᠨ ᠪᠠᠢᠨ᠎ᠠ᠃
ᠰᠦᠯᠵᠢᠶᠠᠨ ᠲᠡᠭᠡᠷᠡᠭᠢ ᠤᠬᠠᠭᠤᠯᠭ᠎ᠠ ᠨᠢ ᠭᠦᠷᠦ ᠲᠠᠭᠤᠤ ᠵᠢ ᠨᠡᠩ ᠤᠯᠠᠨ ᠵᠠᠯᠠᠭᠤ ᠭᠦᠯᠢᠶᠠᠨ ᠠᠪᠤᠭᠴᠢ ᠲᠠᠢ ᠪᠤᠯᠭᠠᠵᠠᠢ᠃ ᠴᠤᠤᠷᠢᠶ᠎ᠠ ᠮᠡᠳᠦ ᠵᠢᠨ ᠲᠠᠪᠴᠠᠩ ᠨᠢ ᠭᠦᠷᠦ ᠲᠠᠭᠤᠤ ᠵᠢᠨ ᠰᠢᠨ᠎ᠠ ᠲᠠᠪᠴᠠᠩ ᠪᠤᠯᠵᠤ᠂ ᠲᠡᠯᠡᠭᠡᠢ ᠵᠢᠨ ᠲᠠᠭᠤᠤ ᠭᠦᠭᠵᠢᠮᠤᠨ ᠪᠠᠬᠠᠳᠠᠳ᠂ ᠰᠤᠶᠤᠯᠤᠨ ᠪᠠᠬᠠᠳᠠᠳ ᠭᠦᠷᠦ ᠲᠠᠭᠤᠤ ᠵᠢᠨ ᠸᠢᠳᠢᠤ᠋ ᠵᠢ ᠲᠠᠮᠵᠢᠭᠤᠯᠵᠤ᠂ ᠵᠠᠯᠠᠭᠤ ᠲᠠᠭᠤᠴᠢᠨ ᠠᠶᠤᠨᠭᠭᠠ ᠵᠢᠨ ᠲᠠᠭᠤᠯᠠᠭᠰᠠᠨ 《ᠭᠦᠷᠦ ᠲᠠᠭᠤᠤ ᠵᠢᠨ ᠡᠷᠢᠯ》 ᠶᠡᠭᠡ ᠪᠠᠷ ᠲᠡᠯᠭᠡᠷᠡᠵᠤ᠂ ᠮᠢᠨᠭᠭᠠᠨ ᠤᠨ ᠤ ᠡᠭᠡᠰᠢᠭᠯᠡᠩᠢ ᠰᠢᠨ᠎ᠠ ᠠᠮᠢᠵᠢᠷᠠᠯᠤᠨ ᠭᠦᠴᠦᠨ ᠲᠠᠢ ᠪᠤᠯᠭᠠᠵᠠᠢ᠃
ᠮᠢᠨᠭᠭᠠᠨ ᠤᠨᠢ ᠲᠤᠭᠤᠯᠤᠭᠰᠠᠨ ᠭᠦᠷᠦ ᠲᠠᠭᠤᠤ᠂ ᠤᠯᠠᠮᠵᠢᠯᠠᠯᠤᠨ ᠲᠤᠮᠳᠠ ᠦᠨᠳᠦᠰᠦ ᠰᠠᠭᠤᠷᠢ ᠪᠠᠨ ᠪᠡᠭᠢᠯᠡᠵᠤ᠂ ᠭᠦᠭᠵᠢᠯᠳᠡ ᠵᠢᠨ ᠲᠤᠮᠳᠠ ᠢᠷᠡᠭᠡᠳᠦᠢ ᠲᠡᠢᠰᠢ ᠪᠠᠨ ᠤᠷᠤᠭᠰᠢᠯᠠᠨᠠᠮ!
ᠤᠯᠠᠮᠵᠢᠯᠠᠯ ᠰᠢᠨᠡᠴᠢᠯᠡᠯ ᠵᠢᠡᠷ ᠪᠤᠳᠠᠰᠤᠨ ᠪᠤᠰᠤ ᠰᠤᠶᠤᠯᠤᠨ ᠦᠪᠤᠨ ᠰᠢᠨ᠎ᠠ ᠬᠠᠭᠤᠳᠠᠰᠤ ᠵᠢ ᠪᠢᠴᠢᠭᠯᠡᠨ᠎ᠠ
● ᠶᠠᠩ ᠢ ᠴᠢᠨ
ᠤᠷᠳᠤᠰᠤᠨ ᠭᠦᠷᠦ ᠲᠠᠭᠤᠤ ᠮᠢᠨᠭᠭᠠᠨ ᠤᠨ ᠪ ᠰᠠᠯᠭᠢᠨ ᠪᠤᠷᠤᠭᠠᠨᠢ ᠲᠤᠭᠤᠯᠤᠭᠠᠳ ᠪᠠᠰᠠ ᠠᠮᠢᠵᠢᠷᠠᠯ ᠤᠨ ᠭᠦᠴᠦᠨ ᠵᠢᠡᠨ ᠪᠠᠳᠠᠷᠠᠭᠤᠯᠤᠭᠰᠠᠭᠠᠷ᠃ ᠤᠷᠳᠤᠨᠤ ᠭᠡᠭᠡᠨᠴᠢᠷ ᠠᠶᠠᠯᠭᠤ ᠪᠠᠢᠭᠰᠠᠨ ᠡᠴᠡ ᠤᠰᠠᠳᠴᠦ ᠪᠠᠯᠠᠷᠠᠬᠤ ᠮᠦᠭᠦᠯᠤᠨ ᠢᠷᠮᠡᠭ ᠲᠤ᠌ ᠭᠦᠷᠴᠦ᠂ ᠲᠠᠭᠢᠨ ᠪᠠᠰᠠ ᠴᠠᠭ ᠦᠶ᠎ᠠ ᠵᠢᠨ ᠰᠢᠯᠭᠠᠯᠳᠠ ᠵᠢ ᠲᠠᠪᠠᠭᠠᠳ ᠰᠢᠨ᠎ᠠ ᠠᠮᠢᠵᠢᠷᠠᠯ ᠵᠢᠡᠨ ᠤᠯᠬᠤ ᠪᠤᠯᠳᠠᠯᠠᠭᠢ ᠲᠡᠭᠦᠨ ᠪ ᠭᠦᠭᠵᠢᠯᠳᠡ ᠵᠢᠨ ᠶᠠᠪᠤᠴᠠ ᠨᠢ ᠪᠢᠳᠡᠨᠳᠤ ᠨᠢᠭᠡ ᠵᠢ ᠪᠤᠳᠤᠭᠤᠯᠵᠤ᠂ 《ᠪᠤᠳᠠᠰᠤᠨ ᠪᠤᠰᠤ ᠰᠤᠶᠤᠯᠤᠨ ᠦᠪᠤᠨ ᠭᠠᠷᠬᠤ ᠵᠠᠮ ᠬᠠᠮᠢᠭ᠎ᠠ ᠪᠠᠢᠬᠤ ᠪᠤᠢ》ᠭᠡᠳᠡᠭ ᠭᠦᠨᠵᠡᠭᠡᠢ ᠠᠰᠠᠭᠤᠳᠠᠯᠢ ᠡᠷᠭᠡ ᠦᠭᠡᠢ ᠰᠡᠳᠭᠢᠭᠦᠯᠦᠨᠠ᠃
ᠭᠦᠷᠦ ᠲᠠᠭᠤᠤ ᠦᠨᠦᠳᠦᠷ ᠪᠠᠰᠠ ᠭᠡᠷᠡᠯ ᠭᠢᠯᠪᠠᠭ᠎ᠠ ᠪᠠᠨ ᠰᠠᠴᠤᠷᠠᠭᠤᠯᠤᠭᠰᠠᠭᠠᠷ ᠪᠠᠢᠬᠤ ᠨᠢ ᠦᠪᠡᠷᠮᠢᠴᠡ ᠤᠷᠠᠯᠢᠭᠤᠨ ᠭᠡᠯᠪᠠᠷᠢ᠂ ᠠᠴᠢᠶᠠᠯᠠᠨ ᠪᠠᠢᠭ᠎ᠠ ᠤᠨᠴᠠᠭᠠᠢ ᠦᠨ᠎ᠠ ᠦᠷᠳᠡᠭ᠂ ᠠᠭᠤᠯᠵᠤ ᠪᠦᠭᠦᠢ ᠤᠷᠠᠨ ᠲᠠᠷᠬᠠᠨ ᠪ ᠵᠤᠷᠢᠭ ᠰᠠᠨᠠᠭ᠎ᠠ᠂ ᠮᠢᠨᠭᠭᠠᠨ ᠤᠨ ᠪ ᠤᠷᠠᠯᠢᠭᠤᠨ ᠲᠤᠨᠳᠠᠰᠤ ᠵᠡᠷᠭᠡᠳᠤ ᠪᠤᠢ;ᠨᠡᠩ ᠴᠤ᠌ ᠪᠤᠳᠠᠰᠤᠨ ᠪᠤᠰᠤ ᠰᠤᠶᠤᠯᠤᠨ ᠦᠪ ᠤ᠋ᠨ ᠲᠦᠯᠦᠭᠡᠯᠡᠭᠴᠢ ᠴᠢᠨᠠᠷᠳᠠᠢ ᠤᠯᠠᠮᠵᠢᠯᠠᠭᠴᠢ ᠵᠢᠨ ᠴᠦᠭᠦᠷᠡᠰᠢ ᠦᠭᠡᠢ ᠪᠠᠷᠢᠮᠳᠠᠯᠠᠯ ᠳᠤ ᠪᠤᠢ᠃
ᠪᠤᠳᠠᠰᠤᠨ ᠪᠤᠰᠤ ᠰᠤᠶᠤᠯᠤᠨ ᠦᠪᠢ ᠨᠡᠩ ᠭᠦᠭᠵᠢᠭᠦᠯᠵᠤ᠂ ᠦᠨᠳᠦᠰᠦ ᠰᠠᠭᠤᠷᠢ ᠵᠢ ᠪᠠᠳᠤᠳᠬᠠᠬᠤ ᠳᠤ ᠰᠢᠰᠲᠸᠮᠴᠢᠯᠡᠭᠰᠡᠨ ᠴᠢᠨᠠᠷᠳᠠᠢ ᠠᠭᠤᠳᠠᠯᠤᠨ ᠡᠮᠭᠢᠯᠡᠭᠦ᠂ ᠤᠯᠠᠮᠵᠢᠯᠠᠨ ᠵᠠᠯᠭᠠᠮᠵᠢᠯᠠᠬᠤ ᠰᠢᠰᠲᠸᠮᠢ ᠪᠠᠢᠭᠤᠯᠵᠤ᠂ ᠰᠤᠨᠭᠭᠤᠳᠠᠭ ᠪᠦᠳᠦᠭᠡᠯᠢ ᠲᠡᠮᠳᠡᠭᠯᠡᠨ ᠦᠯᠡᠳᠡᠭᠡᠵᠤ᠂ ᠲᠡᠭᠦᠨ ᠪ ᠭᠤᠤᠯ ᠴᠢᠮᠦᠭᠡ ᠵᠢ ᠨᠢ ᠪᠦᠷᠢᠨ ᠪᠦᠳᠦᠨ ᠵᠢᠡᠷ ᠦᠯᠡᠳᠡᠭᠡᠨ ᠬᠠᠳᠠᠭᠠᠯᠠᠵᠤ᠂ ᠬᠤᠵᠢᠮᠤᠨ ᠭᠦᠭᠵᠢᠯᠳᠡᠳᠤ ᠪᠠᠳᠤ ᠰᠠᠭᠤᠷᠢ ᠵᠢ ᠲᠠᠯᠪᠢᠬᠤ ᠭᠡᠷᠡᠭᠳᠡᠢ᠃ ᠡᠭᠦᠨᠳᠤ ᠵᠠᠰᠠᠭᠤᠨ ᠤᠷᠳᠤᠨ ᠪ ᠲᠡᠮᠵᠢᠯᠭᠡ᠂ ᠨᠠᠢᠭᠡᠮᠤᠨ ᠤᠷᠤᠯᠴᠠᠯᠭ᠎ᠠ᠂ ᠠᠵᠤ ᠦᠢᠯᠡᠰᠤᠨ ᠡᠨ᠋ᠸᠷᠭᠢ ᠤᠯᠭᠤᠯᠳᠠ ᠱᠠᠭᠠᠷᠳᠠᠭᠳᠠᠨ᠎ᠠ᠃ ᠬᠠᠩᠭᠢᠨ ᠬᠤᠰᠢᠭᠤᠨ ᠪ ᠠᠷᠠᠳᠤᠨ ᠵᠠᠰᠠᠭᠤᠨ ᠤᠷᠳᠤᠨ ᠤᠯᠠᠨ ᠵᠢᠯ ᠤᠨ ᠲᠤᠷᠰᠢ ᠶᠡᠭᠡᠭᠡᠨ ᠲᠡᠮᠵᠢᠯᠭᠡ ᠦᠵᠡᠭᠦᠯᠵᠤ᠂ ᠲᠤᠰᠬᠠᠢ ᠪᠦᠳᠦᠭᠡᠯᠢ ᠲᠤᠭᠤᠷᠪᠢᠨ ᠨᠠᠢᠷᠠᠭᠤᠯᠵᠤ᠂ ᠵᠢᠭᠠᠨ ᠰᠤᠷᠭᠠᠯᠳᠠ ᠵᠢᠨ ᠹᠢᠯᠢᠮᠢ ᠰᠡᠭᠦᠳᠡᠷᠯᠡᠵᠤ᠂ ᠭᠦᠷᠦ ᠲᠠᠭᠤᠤ ᠵᠢᠨ ᠭᠦᠭᠵᠢᠯᠳᠡᠳᠤ ᠪᠠᠳᠤ ᠪᠠᠭᠢ ᠰᠠᠭᠤᠷᠢ ᠲᠠᠯᠪᠢᠵᠤ ᠦᠭᠴᠡᠢ; 《ᠨᠠᠢᠭᠡᠮᠯᠢᠭ + ᠭᠠᠴᠠᠭ᠎ᠠ》 ᠵᠢᠨ ᠵᠠᠭᠪᠤᠷ ᠵᠢᠡᠷ ᠪᠤᠳᠠᠰᠤᠨ ᠪᠤᠰᠤ ᠰᠤᠶᠤᠯᠤᠨ ᠦᠪᠤᠨ ᠬᠠᠮᠳᠤ ᠵᠢᠨ ᠠᠵᠤ ᠠᠬᠤᠢᠳᠤ ᠠᠭᠤᠰᠤᠯᠴᠠᠨ ᠤᠷᠤᠬᠤ ᠵᠢ ᠠᠭᠢᠭᠤᠯᠵᠤ᠂ ᠭᠤᠤᠯ ᠰᠡᠳᠦᠪᠳᠦ ᠢᠳᠡᠭᠡᠨ ᠤᠮᠳᠠᠭᠠᠨ᠂ ᠭᠠᠷ ᠤᠷᠠᠯᠠᠯᠤᠨ ᠪᠦᠳᠦᠭᠡᠭᠳᠡᠭᠦᠨ ᠵᠡᠷᠭᠡ ᠲᠠᠭᠠᠯᠳᠠ ᠪᠦᠳᠦᠭᠡᠭᠳᠡᠭᠦᠨ ᠵᠢᠡᠷ ᠤᠯᠠᠮᠵᠢᠯᠠᠨ ᠵᠠᠯᠭᠠᠮᠵᠢᠯᠠᠬᠤ ᠵᠢ ᠨᠡᠩ ᠦᠷᠭᠦᠯᠵᠢᠯᠡᠭᠦᠢᠴᠡ ᠴᠢᠨᠠᠷ ᠲᠠᠢ ᠪᠤᠯᠭᠠᠵᠠᠢ;ᠪᠤᠳᠠᠰᠤᠨ ᠪᠤᠰᠤ ᠰᠤᠶᠤᠯᠤᠨ ᠦᠪ ᠰᠤᠷᠭᠠᠭᠤᠯᠢ ᠵᠢᠨ ᠭᠦᠷᠢᠶᠠᠨᠳᠤ ᠤᠷᠤᠵᠤ᠂ ᠡᠯ᠎ᠠ ᠲᠦᠷᠦᠯᠤᠨ ᠤᠷᠤᠯᠳᠤᠭᠠᠨ ᠪᠠ ᠰᠤᠯᠢᠯᠴᠠᠭᠠᠨ ᠪ ᠠᠵᠢᠯᠯᠠᠭ᠎ᠠ ᠦᠷᠨᠢᠭᠦᠯᠭᠦ ᠪᠡᠷ ᠲᠠᠮᠵᠢᠨ ᠨᠡᠩ ᠤᠯᠠᠨ ᠭᠦᠮᠦᠨᠢ ᠤᠷᠤᠯᠴᠠᠭᠤᠯᠵᠤ᠂ ᠪᠤᠳᠠᠰᠤᠨ ᠪᠤᠰᠤ ᠰᠤᠶᠤᠯᠤᠨ ᠦᠪᠤᠨ ᠭᠦᠭᠵᠢᠯᠳᠡᠳᠤ ᠭᠦᠳᠡᠯᠭᠡᠭᠦ ᠭᠦᠴᠦᠨ ᠨᠡᠮᠡᠷᠢᠯᠡᠵᠤ᠂ ᠪᠤᠳᠠᠰᠤᠨ ᠪᠤᠰᠤ ᠰᠤᠶᠤᠯᠤᠨ ᠦᠪ ᠰᠢᠨ᠎ᠠ ᠴᠠᠭ ᠦᠶᠠᠳᠤ ᠦᠪᠡᠷᠤᠨ ᠦᠨ᠎ᠠ ᠦᠷᠳᠡᠭ ᠪᠠ ᠪᠠᠢᠷᠢ ᠲᠤᠭᠳᠠᠭᠠᠯᠳᠠ ᠪᠠᠨ ᠤᠯᠵᠠᠢ᠃
ᠴᠠᠭ ᠦᠶ᠎ᠠ ᠬᠤᠪᠢᠷᠠᠵᠤ᠂ ᠭᠤᠸ᠎ᠠ ᠰᠠᠢᠬᠠᠨ ᠪ ᠮᠠᠳᠡᠷᠡᠮᠵᠢ ᠪᠠᠰᠠ ᠬᠤᠪᠢᠷᠠᠭᠰᠠᠭᠠᠷ᠃ ᠪᠤᠳᠠᠰᠤᠨ ᠪᠤᠰᠤ ᠰᠤᠶᠤᠯᠤᠨ ᠦᠪᠢ ᠨᠡᠩ ᠰᠠᠢᠳᠤᠷ ᠭᠦᠭᠵᠢᠭᠦᠯᠦᠶᠠ ᠭᠡᠪᠠᠯ ᠰᠢᠨ᠎ᠠ ᠵᠢ ᠡᠭᠦᠳᠴᠦ᠂ ᠤᠯᠠᠮᠵᠢᠯᠠᠯ ᠪᠠ ᠤᠳᠤᠭᠢᠴᠢᠯᠠᠯᠤᠨ ᠠᠭᠤᠯᠵᠠᠷᠢ ᠡᠷᠢᠨ ᠤᠯᠵᠤ᠂ ᠤᠯᠠᠮᠵᠢᠯᠠᠯᠤᠨ ᠰᠠᠭᠤᠷᠢᠨ ᠲᠡᠭᠡᠷ᠎ᠠ ᠤᠳᠤᠭᠢᠴᠢᠯᠠᠭᠰᠠᠨ ᠲᠠᠢᠯᠤᠮᠵᠢ ᠭᠢᠵᠤ᠂ ᠤᠯᠠᠨ ᠡᠰᠢᠴᠢᠯᠡᠭᠰᠡᠨ ᠭᠡᠯᠪᠠᠷᠢ ᠪᠡᠷ ᠤᠯᠠᠮᠵᠢᠯᠠᠯᠳᠤ ᠰᠤᠶᠤᠯᠢ ᠢᠯᠡᠳᠭᠡᠭᠦ ᠭᠡᠷᠡᠭᠳᠡᠢ᠃ ᠲᠠᠭᠤᠷᠢᠯᠢᠭ ᠵᠦᠴᠦᠭᠡ 《ᠭᠦᠷᠦ ᠲᠠᠭᠤᠤ》 ᠨᠢ ᠠᠮᠢ ᠠᠬᠤᠢ ᠵᠢᠨ ᠬᠠᠮᠠᠭᠠᠯᠠᠯᠳᠠ ᠵᠢᠨ ᠭᠤᠤᠯ ᠰᠡᠳᠦᠪ ᠪᠤᠯᠤᠨ ᠦᠨᠳᠦᠰᠦᠳᠡᠨ ᠬᠠᠮᠳᠤ ᠪᠠᠷ ᠠᠵᠤ ᠲᠦᠷᠦᠭᠦ ᠤᠬᠠᠭᠳᠠᠬᠤᠨᠢ ᠵᠦᠴᠦᠭᠡᠳᠡᠭᠡᠨ ᠠᠭᠤᠰᠬᠠᠵᠤ᠂ ᠮᠢᠨᠭᠭᠠᠨ ᠤᠨ ᠪ ᠡᠷᠳᠡᠨ ᠪ ᠲᠠᠭᠤᠤ ᠵᠢ ᠲᠠᠢᠰᠠᠨ᠎ᠠ ᠭᠠᠢᠬᠠᠭᠤᠯᠤᠭᠰᠠᠨ ᠪᠠᠢᠨ᠎ᠠ;ᠰᠦᠯᠵᠢᠶᠠᠨ ᠲᠡᠭᠡᠷ᠎ᠠ ᠡᠷᠳᠡᠨ ᠪ ᠠᠶᠠᠯᠭᠤ ᠪᠤᠯᠤᠨ ᠵᠠᠯᠠᠭᠤᠴᠤᠳᠤᠨ ᠤᠷᠤᠰᠬᠠᠯ ᠬᠠᠷᠢᠯᠴᠠᠨ ᠨᠠᠢᠯᠠᠵᠤ᠂ ᠤᠷᠠᠯᠢᠭᠤᠨ ᠭᠢᠵᠠᠭᠠᠷᠢ ᠲᠠᠪᠠᠨ ᠠᠭᠤᠰᠤᠯᠴᠠᠵᠤ᠂ ᠲᠠᠮᠵᠢᠭᠤᠯᠭ᠎ᠠ ᠵᠢᠨ ᠭᠡᠯᠪᠠᠷᠢ ᠳ᠋ᠡᠭᠢ ᠴᠠᠭ ᠦᠶ᠎ᠠ ᠲᠠᠢ ᠵᠡᠷᠭᠡ ᠪᠠᠷ ᠤᠷᠤᠭᠰᠢᠯᠠᠵᠤ᠂ ᠪᠤᠳᠠᠰᠤᠨ ᠪᠤᠰᠤ ᠰᠤᠶᠤᠯᠤᠨ ᠦᠪ ᠨᠢ ᠭᠠᠵᠠᠷ ᠤᠷᠤᠨ ᠪ ᠭᠢᠵᠠᠭᠠᠷ ᠪᠠ ᠤᠷᠤᠨ ᠵᠠᠢ ᠵᠢᠨ ᠭᠢᠵᠠᠭᠠᠷᠢ ᠲᠠᠪᠠᠵᠤ᠂ ᠨᠠᠩ ᠤᠯᠠᠨ ᠭᠦᠮᠦᠨ ᠤ ᠬᠠᠷᠠᠭᠠᠨᠳᠤ ᠭᠦᠷᠦᠭᠰᠡᠨ ᠪᠠᠢᠨ᠎ᠠ᠃
ᠰᠤᠶᠤᠯ ᠭᠦᠭᠵᠢᠪᠠᠯ ᠤᠯᠤᠰ ᠭᠦᠭᠵᠢᠨᠠ᠂ ᠰᠤᠶᠤᠯ ᠭᠦᠴᠦᠷᠭᠡᠭᠵᠢᠪᠠᠯ ᠤᠯᠤᠰ ᠭᠦᠴᠦᠷᠭᠡᠭᠵᠢᠨᠠ᠃ ᠪᠤᠳᠠᠰᠤᠨ ᠪᠤᠰᠤ ᠰᠤᠶᠤᠯᠤᠨ ᠦᠪᠢ ᠭᠦᠭᠵᠢᠭᠦᠯᠦᠶᠠ ᠭᠡᠪᠠᠯ ᠡᠷᠭᠡᠪᠰᠢ ᠰᠤᠶᠤᠯᠤᠨ ᠦᠨᠳᠦᠰᠦ ᠰᠠᠭᠤᠷᠢ ᠵᠢ ᠪᠡᠭᠢᠵᠢᠭᠦᠯᠵᠤ᠂ ᠤᠯᠠᠨ ᠲᠠᠯ᠎ᠠ ᠵᠢᠨ ᠭᠦᠴᠦᠨ ᠢ ᠨᠢᠭᠳᠠᠷᠠᠭᠤᠯᠤᠨ᠂ ᠦᠷᠭᠦᠯᠵᠢᠯᠡᠭᠦᠢᠴᠡ ᠴᠢᠨᠠᠷᠳᠠᠢ ᠤᠯᠠᠮᠵᠢᠯᠠᠨ ᠵᠠᠯᠭᠠᠮᠵᠢᠯᠠᠬᠤ ᠠᠮᠢ ᠠᠬᠤᠢ ᠵᠢ ᠪᠠᠢᠭᠤᠯᠬᠤ ᠵᠢᠨ ᠬᠠᠮᠳᠤ ᠪᠠᠰᠠ ᠵᠤᠷᠢᠭᠳᠠᠢ ᠪᠡᠷ ᠰᠢᠨ᠎ᠠ ᠵᠢ ᠡᠭᠦᠳᠦᠨ᠂ ᠴᠠᠭ ᠦᠶ᠎ᠠ ᠵᠢᠨ ᠠᠮᠢᠵᠢᠷᠠᠯᠤᠨ ᠭᠦᠴᠦᠨ ᠢ ᠤᠯᠭᠤᠬᠤ ᠭᠡᠷᠡᠭᠳᠡᠢ᠃
( ᠭᠡᠷᠡᠯ ᠵᠢᠷᠤᠭᠢ ᠬᠠᠩᠭᠢᠨ ᠬᠤᠰᠢᠭᠤᠨ ᠪ ᠪᠤᠳᠠᠰᠤᠨ ᠪᠤᠰᠤ ᠰᠤᠶᠤᠯᠤᠨ ᠲᠦᠪ ᠡᠴᠡ ᠬᠠᠨᠭᠭᠠᠪᠠ)
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠣᠷᠬᠢᠯ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃