ᠲᠡᠷᠢᠭᠦᠨ ᠨᠢᠭᠤᠷ>ᠳᠤᠮᠳᠠᠲᠣ᠎ᠶ᠋ᠢᠨ ᠰᠣᠶᠣᠯ>ᠮᠡᠳᠡᠭᠡᠯᠡᠯ

2026-08-26 11:14:01

ᠵᠣᠬᠢᠶᠠᠭ᠍ᠴᠢ᠄ ᠵᠢᠢ ᠴᠢᠩ ᠯᠢᠩ ᠣᠩᠱᠢᠭ᠍ᠰᠠᠨ ᠣᠳᠠᠭ᠎ᠠ᠄ 3

ᠪᠠᠷᠭᠤ᠎ᠵᠢᠨ ᠲᠠᠯ᠎ᠠ ᠨᠤᠲᠤᠭ᠎ᠲᠤ᠌ ᠵᠡᠭᠡᠷ᠎ᠡ᠎ᠶ᠋ᠢᠨ ᠰᠦᠷᠦᠭ᠎ᠤᠨ ᠪᠦᠬᠡᠷᠡᠩᠬᠡᠢ ᠵᠢᠭᠰᠠᠭᠠᠯ ᠡᠴᠡ ᠢᠷᠡᠯᠲᠡ ᠲᠠᠢ ᠨᠡᠭᠦᠳᠡᠯ ᠮᠠᠯᠵᠢᠯ᠎ᠤᠨ ᠤᠢ ᠳᠤᠷᠠᠰᠤᠮᠵᠢ᠎ᠶ᠋ᠢ ᠠᠴᠢᠶᠠᠯᠠᠭᠰᠠᠨ ᠤᠯᠠᠮᠵᠢᠯᠠᠯᠲᠤ᠌ ᠪᠥᠵᠢᠭ ᠣᠨ ᠰᠠᠷ᠎ᠠ᠎ᠶ᠋ᠢᠨ ᠤᠷᠴᠢᠯ᠎ᠢ ᠲᠤᠭᠤᠯᠤᠭᠠᠳ᠂ ᠰᠢᠨ᠎ᠡ ᠴᠠᠭ ᠦᠶ᠎ᠡ᠎ᠳᠦ ᠭᠡᠷᠡᠯ ᠭᠢᠯᠪᠠᠭ᠎ᠠ ᠪᠠᠨ ᠰᠠᠴᠤᠷᠠᠭᠤᠯᠵᠤ ᠪᠠᠢᠨ᠎ᠠ᠃ ᠡᠨᠡ ᠪᠤᠯ ᠳᠠᠷᠤᠢ ᠵᠡᠭᠡᠷᠡᠩᠬᠡᠢ ᠪᠥᠵᠢᠭ ᠪᠣᠯᠤᠨ᠎ᠠ᠂ 2007 ᠣᠨ᠎ᠳᠤ ᠦᠪᠦᠷ ᠮᠤᠩᠭᠤᠯ᠎ᠤᠨ ᠥᠪᠡᠷᠲᠡᠭᠡᠨ ᠵᠠᠰᠠᠬᠤ ᠣᠷᠤᠨ᠎ᠤ ᠲᠡᠰ᠎ᠤᠨ ᠪᠣᠳᠠᠰ᠎ᠤᠨ ᠪᠤᠰᠤ ᠰᠣᠶᠤᠯ᠎ᠤᠨ ᠥᠪ᠎ᠤᠨ ᠲᠥᠯᠦᠭᠡᠯᠡᠬᠦ᠌ ᠴᠢᠨᠠᠷᠲᠠᠢ ᠲᠦᠷᠦᠯ ᠵᠦᠢᠯ᠎ᠤᠨ ᠨᠡᠷᠡᠰ᠎ᠲᠤ᠌ ᠵᠢᠭᠰᠠᠭᠠᠭᠳᠠᠨ᠂ ᠳᠡᠭᠵᠢᠨ ᠪᠦᠵᠢᠭ᠎ᠤᠨ ᠬᠦᠳᠡᠯᠦᠯ ᠨᠢ ᠳᠤᠮᠳᠠᠳᠤ᠎ᠶ᠋ᠢᠨ ᠰᠢᠯᠢᠳᠡᠭ ᠤᠯᠠᠮᠵᠢᠯᠠᠯᠲᠤ᠌ ᠰᠣᠶᠤᠯ᠎ᠤᠨ ᠪᠦᠲᠦᠭᠡᠯᠴᠢ ᠴᠢᠨᠠᠷᠲᠠᠢ ᠬᠤᠪᠢᠷᠠᠬᠤ᠂ ᠰᠢᠨ᠎ᠡ᠎ᠶ᠋ᠢ ᠡᠭᠦᠳᠦᠨ ᠬᠥᠭᠵᠢᠬᠦ᠎ᠶ᠋ᠢᠨ ᠠᠮᠢᠳᠤᠯᠢᠭ ᠦᠢᠯᠡᠳᠦᠯᠭᠡ᠎ᠶ᠋ᠢ ᠬᠠᠷᠠᠭᠤᠯᠤᠨ᠂ ᠳᠤᠮᠳᠠᠳᠤ᠎ᠶ᠋ᠢᠨ ᠦᠨᠳᠦᠰᠦᠲᠡᠨ᠎ᠤ ᠬᠠᠮᠲᠤ᠎ᠶ᠋ᠢᠨ ᠴᠣᠭᠴᠠ᠎ᠶ᠋ᠢᠨ ᠤᠬᠠᠮᠰᠠᠷ᠎ᠢ ᠪᠠᠲᠤ ᠴᠤᠭᠴᠠᠯᠠᠬᠤ ᠠᠴᠢᠶᠠᠯᠠᠪᠤᠷᠢ ᠪᠣᠯᠵᠠᠢ᠃


QQ截图20260826111501.png


ᠦᠨᠳᠦᠰᠦᠲᠡᠨ᠎ᠨᠦᠭᠦᠳ᠎ᠤᠨ ᠣᠯᠠᠨ ᠲᠦᠮᠡᠨ ᠨᠠᠭᠠᠳᠤᠮ᠎ᠤᠨ ᠬᠤᠷᠠᠯ ᠳᠡᠭᠡᠷ᠎ᠡ ᠵᠡᠭᠡᠷᠡᠩᠬᠡᠢ ᠪᠥᠵᠢᠭ ᠪᠥᠵᠢᠭᠯᠡᠨ᠎ᠡ


ᠰᠤᠶᠤᠯ᠎ᠤᠨ ᠤᠯᠠᠮᠵᠢᠯᠠᠯ᠎ᠤᠨ ᠤᠯᠪᠠᠭ᠎ᠠ ᠦᠶ᠎ᠡ ᠵᠢᠨ ᠦᠶ᠎ᠡ᠎ᠳᠤ ᠲᠠᠰᠤᠯᠳᠠᠬᠤ ᠦᠭᠡᠢ

ᠵᠡᠭᠡᠷᠡᠩᠬᠡᠢ ᠪᠤᠯ ᠪᠠᠷᠭᠤ ᠮᠣᠩᠭᠤᠯᠴᠤᠳ᠎ᠤᠨ ᠦᠶ᠎ᠡ ᠤᠯᠠᠷᠢᠨ ᠤᠯᠠᠮᠵᠢᠯᠠᠵᠤ᠂ ᠲᠣᠭᠯᠠᠭᠠᠮ ᠬᠢᠭᠡᠳ ᠪᠥᠵᠢᠭ᠎ᠦᠨ ᠰᠢᠨᠵᠢ ᠵᠢ ᠪᠦᠷᠢᠯᠳᠦᠭᠦᠯᠦᠭᠰᠡᠨ ᠬᠠᠮᠲᠤ᠎ᠶ᠋ᠢᠨ ᠠᠷᠠᠳ᠎ᠤᠨ ᠤᠷᠠᠯᠢᠭ ᠪᠣᠯᠤᠨ᠎ᠠ᠃

ᠪᠠᠷᠭᠤ ᠮᠣᠩᠭᠤᠯᠴᠤᠳ ᠵᠡᠭᠡᠷ᠎ᠡ ᠵᠢ ᠥᠯᠵᠡᠢᠲᠤ ᠠᠮᠢᠲᠠᠨ ᠭᠡᠵᠦ ᠪᠡᠯᠭᠡᠰᠢᠶᠡᠳᠡᠭ᠃ ᠠᠯᠢ ᠡᠷᠲᠡ ᠪᠠᠷᠭᠤ᠎ᠵᠢᠨ ᠲᠠᠯ᠎ᠠ ᠨᠤᠲᠤᠭ᠎ᠲᠦ᠍ ᠬᠥᠮᠦᠨ ᠠᠮᠠ ᠴᠥᠭᠡᠨ᠂ ᠮᠠᠯ ᠰᠦᠷᠦᠭ᠎ᠦᠨᠢᠷ ᠦᠷᠡᠵᠢᠨ᠂ ᠡᠪᠡᠰᠦ ᠪᠡᠯᠴᠢᠭᠡᠷ᠎ᠬᠠᠯᠢᠭᠤᠷᠠᠭᠠᠳ᠂ ᠵᠡᠭᠡᠷ᠎ᠡ ᠰᠦᠷᠦᠭ ᠰᠦᠷᠦᠭ ᠵᠢᠡᠷ ᠪᠡᠯᠴᠢᠵᠦ ᠪᠠᠢᠵᠠᠢ᠃ ᠬᠠᠪᠤᠷ ᠨᠠᠮᠤᠷ᠎ᠤᠨ ᠦᠶ᠎ᠡ᠎ᠳᠤ ᠪᠦᠷᠦᠢ᠎ᠪᠤᠯᠬᠤ ᠪᠡᠷ ᠵᠡᠭᠡᠷ᠎ᠡ᠎ᠶ᠋ᠢᠨ ᠰᠦᠷᠦᠭ ᠨᠢᠭᠡ ᠳᠣᠤᠷ᠎ᠠ ᠪᠦᠭᠡᠮᠨᠡᠷᠡᠭᠡᠳ᠂ ᠪᠦᠳᠦᠭᠦᠨ ᠵᠡᠭᠡᠷ᠎ᠡ᠎ᠨᠢ ᠢᠨᠵᠠᠭ᠎ᠠ ᠪᠠᠨ ᠪᠦᠬᠡᠷᠡᠩᠬᠡᠢᠯᠡᠵᠦ ᠵᠤᠭᠰᠤᠭᠠᠳ᠂ ᠴᠢᠨ᠋ᠸ᠎ᠠ ᠵᠢᠨ ᠳᠠᠭᠠᠷᠢᠯᠲᠠ ᠵᠢ ᠰᠡᠷᠭᠡᠢᠯᠡᠳᠡᠭ᠃ ᠢᠨᠵᠠᠭ᠎ᠠ ᠨᠤᠭᠤᠳ ᠪᠦᠬᠡᠷᠡᠩᠬᠡᠢ ᠳᠤᠲᠤᠷ᠎ᠠ ᠨᠢ ᠮᠦᠷᠭᠦᠯᠳᠦᠨ ᠲᠤᠭᠯᠠᠯᠳᠤᠳᠠᠭ᠃ ᠡᠭᠦᠨ ᠡᠴᠡ ᠰᠡᠩᠭᠡᠷᠡᠭᠦᠯᠦᠯ ᠠᠪᠴᠤ ᠪᠠᠷᠭᠤ ᠮᠤᠩᠭᠤᠯᠴᠤᠳ ᠵᠡᠭᠡᠷᠡᠩᠬᠡᠢ ᠪᠦᠵᠢᠭ᠎ᠢ ᠵᠤᠬᠢᠶᠠᠨ ᠪᠦᠲᠦᠭᠡᠵᠦ᠂ ᠪᠠᠢᠭᠠᠯᠢ᠎ᠶ᠋ᠢ ᠬᠦᠨᠳᠦᠳᠭᠡᠨ ᠪᠠᠢᠭᠠᠯᠢ ᠡᠴᠡ ᠰᠦᠷᠳᠡᠬᠦ ᠰᠡᠳᠬᠢᠯ᠂ ᠰᠠᠢᠨ ᠰᠠᠢᠬᠠᠨ ᠠᠮᠢᠳᠤᠷᠠᠯ᠎ᠤᠨ ᠲᠤᠬᠠᠢ ᠬᠦᠰᠡᠯ ᠡᠷᠡᠮᠡᠯᠵᠡᠯ᠎ᠵᠢᠡᠨ ᠭᠠᠷ ᠬᠥᠲᠦᠯᠬᠦ᠂ ᠪᠦᠬᠡᠷᠡᠩᠬᠡᠢᠯᠡᠨ ᠰᠢᠷᠭᠤᠬᠤ᠂ ᠭᠦᠶᠦᠬᠦ᠂ ᠳᠡᠪᠰᠡᠬᠦ ᠵᠡᠷᠭᠡ ᠬᠥᠳᠡᠯᠦᠯ ᠳᠤᠮᠳᠠ ᠠᠭᠤᠰᠬᠠᠨ᠂ ᠬᠤᠷᠢᠮ ᠤ᠋ᠨ ᠶᠣᠰᠤᠯᠠᠯ᠂ ᠪᠠᠶᠠᠷ ᠨᠠᠢᠷ᠂ ᠨᠠᠭᠠᠳᠤᠮ ᠴᠤᠭᠯᠠᠭᠠᠨ᠎ᠤ ᠭᠣᠤᠯ ᠵᠤᠭ᠎ᠠ ᠴᠡᠩᠭᠡᠯ᠎ᠦᠨ ᠠᠵᠢᠯᠯᠠᠭ᠎ᠠ ᠪᠣᠯᠤᠭᠰᠠᠨ ᠪᠠᠢᠨ᠎ᠠ᠃

ᠡᠢᠮᠦᠷᠭᠦᠦ ᠬᠠᠮᠲᠤ᠎ᠶ᠋ᠢᠨ ᠪᠥᠵᠢᠭ᠎ᠲᠦ᠍ ᠣᠯᠠᠩᠬᠢ᠎ᠳ᠋ᠠᠭᠠᠨ ᠵᠠᠭᠤᠨ ᠬᠥᠮᠦᠨ᠎ᠡᠴᠡ ᠳᠡᠭᠡᠭᠰᠢ᠂ ᠪᠠᠭ᠎ᠠ ᠳ᠋ᠠᠭᠠᠨ ᠬᠡᠳᠦᠨ ᠠᠷᠪᠠᠨ ᠬᠥᠮᠦᠨ ᠤᠷᠤᠯᠴᠠᠨ᠂ ᠢᠯᠡ ᠲᠣᠳᠤ ᠲᠣᠭᠯᠠᠭᠠᠮ᠎ᠤᠨ ᠰᠢᠨᠵᠢ᠎ᠲᠠᠢ ᠪᠠᠢᠳᠠᠭ᠃ ᠵᠡᠭᠡᠷᠡᠩᠬᠡᠢ ᠪᠥᠵᠢᠭ᠎ᠦᠨ ᠡᠩᠨᠡᠭᠡ᠎ᠨᠢ ᠬᠠᠭᠠᠰ ᠪᠦᠬᠡᠷᠡᠩᠬᠡᠢ ᠬᠡᠯᠪᠡᠷᠢ᠎ᠲᠡᠢ ᠪᠠᠢᠵᠤ᠂ ᠲᠦᠷᠭᠡᠨ ᠭᠦᠶᠦᠵᠦ ᠳᠡᠢᠯᠬᠦ᠎ᠮᠦᠷᠲᠡᠭᠡᠨ ᠳᠠᠭᠤᠯᠠᠵᠤ ᠪᠥᠵᠢᠭᠯᠡᠬᠦ᠌ ᠳ᠋ᠡᠭᠡᠨ ᠰᠠᠢᠨ ᠭᠤᠷᠪᠠᠨ ᠬᠥᠮᠦᠨ ᠳᠠᠭᠠᠭᠤᠯᠤᠨ ᠪᠥᠵᠢᠭᠯᠡᠨ᠎ᠠ᠂ ᠲᠡᠳᠡ ᠲᠤᠰ ᠲᠤᠰ ᠡᠩᠨᠡᠭᠡᠨ᠎ᠤ ᠳᠤᠮᠳᠠ ᠪᠤᠯᠤᠨ ᠬᠣᠶᠠᠷ ᠲᠠᠯ᠎ᠠ᠎ᠳᠤ ᠵᠣᠭᠰᠤᠭᠠᠳ᠂ ᠵᠡᠭᠡᠷᠡᠩᠬᠡᠢ ᠪᠦᠵᠢᠭ᠎ᠤᠨ ᠳᠠᠭᠤᠤ ᠵᠢ ᠳᠠᠭᠠᠭᠤᠯᠤᠨ ᠳᠠᠭᠤᠯᠠᠵᠤ᠂ ᠪᠤᠰᠤᠳ ᠬᠥᠮᠦᠰ ᠳᠠᠭᠤᠤ᠎ᠶ᠋ᠢ ᠳᠠᠭᠠᠭᠠᠳ ᠪᠥᠵᠢᠭᠯᠡᠨ᠎ᠡ᠃

ᠭᠠᠷ ᠬᠦᠲᠦᠯᠦᠨ ᠳᠠᠭᠤᠯᠠᠵᠤ᠂ ᠬᠦᠯ ᠳᠡᠪᠰᠡᠨ ᠪᠦᠵᠢᠭᠯᠡᠬᠦ ᠪᠤᠯ ᠡᠷᠲᠡᠨ᠎ᠤ ᠨᠡᠭᠦᠳᠡᠯ ᠦᠨᠳᠦᠰᠦᠲᠡᠨ᠎ᠤ ᠳᠠᠭᠤᠯᠠᠵᠤ ᠪᠦᠵᠢᠭᠯᠡᠬᠦ ᠴᠢᠬᠤᠯᠠ ᠬᠡᠯᠪᠡᠷᠢ ᠪᠤᠯᠤᠨ᠎ᠠ᠃ ᠡᠨᠡ ᠲᠤᠬᠠᠢ ᠮᠢᠩ ᠤᠯᠤᠰ᠎ᠤᠨ ᠲᠡᠦᠬᠡᠨ ᠪᠢᠴᠢᠭ ᠲᠦ᠍ ᠲᠡᠮᠲᠡᠭᠯᠡᠯ ᠲᠠᠢ ᠪᠠᠢᠳᠠᠭ᠃

ᠵᠡᠭᠡᠷᠡᠩᠬᠡᠢ ᠪᠦᠵᠢᠭ ᠡᠷᠲᠡᠨ᠎ᠦ ᠨᠡᠭᠦᠳᠡᠯᠴᠢᠨ ᠦᠨᠳᠦᠰᠦᠲᠡᠨ᠎ᠦ ᠵᠠᠩ ᠦᠢᠯᠡ᠎ᠯᠤᠭᠡ ᠤᠭ ᠦᠨᠳᠦᠰᠦ ᠨᠢᠭᠡᠲᠡᠢ ᠪᠠᠢᠳᠠᠭ᠃ ᠣᠯᠠᠨ᠎ᠢᠶᠠᠷ᠎ᠢᠶᠠᠨ ᠭᠠᠷ ᠭᠠᠷ ᠵᠢᠡᠨ ᠬᠦᠲᠦᠯᠦᠨ ᠤᠷᠤᠭᠰᠢ ᠠᠯᠬᠤᠭᠠᠳ᠂ ᠬᠣᠶᠠᠷ ᠪᠥᠵᠢᠭᠴᠢᠨ ᠭᠠᠷ᠎ᠵᠢᠡᠨ ᠳᠡᠭᠡᠷ᠎ᠡ ᠡᠷᠭᠦᠬᠦ᠎ᠳᠤ ᠳᠤᠤᠭᠤᠷ ᠨᠢ ᠰᠢᠷᠭᠤᠨ ᠭᠠᠷᠤᠨ᠎ᠠ᠃ ᠲᠡᠭᠡᠭᠡᠳ ᠳᠤᠮᠳᠠᠬᠢ ᠳᠠᠭᠠᠭᠤᠯᠵᠤ ᠪᠦᠵᠢᠭᠯᠡᠬᠦ ᠪᠥᠵᠢᠭᠴᠢᠨ᠎ᠦ ᠡᠮᠦᠨ᠎ᠡ ᠬᠦᠷᠬᠦ᠌᠎ᠳᠦ᠂ ᠡᠨᠡ ᠬᠦ᠌ ᠪᠦᠵᠢᠭᠴᠢᠨ ᠦᠳᠲᠡᠷ ᠲᠦᠷᠭᠡᠨ ᠤᠷᠤᠭᠰᠢ ᠭᠦᠶᠦᠨ᠎ᠡ᠂ ᠣᠯᠠᠨ᠎ᠢᠶᠠᠷ᠎ᠢᠶᠠᠨ ᠬᠠᠰᠬᠢᠷᠤᠯᠳᠤᠨ ᠬᠦᠭᠡᠷᠦᠯᠳᠦᠵᠦ ᠠᠷᠤ ᠡᠴᠡ ᠨᠢ ᠨᠡᠭᠡᠨ᠎ᠡ᠃ ᠡᠨᠡ ᠦᠶ᠎ᠡ᠎ᠳᠦ ᠣᠯᠠᠨ ᠵᠢᠡᠷ ᠵᠢᠡᠨ ᠬᠦᠭᠵᠢᠯᠳᠦᠨ ᠨᠠᠷᠬᠢᠯᠳᠤᠵᠤ᠂ ᠪᠥᠵᠢᠭ᠎ᠦᠨ ᠤᠷᠬᠢᠯ᠎ᠤᠨ ᠦᠶ᠎ᠡ᠎ᠳᠤ ᠪᠤᠯᠳᠠᠭ᠂ ᠳᠠᠭᠠᠭᠤᠯᠵᠤ ᠪᠦᠵᠢᠭᠯᠡᠬᠦ ᠪᠥᠵᠢᠭᠴᠢᠨ᠎ᠢ ᠪᠠᠷᠢᠵᠦ ᠠᠪᠤᠭᠰᠡᠨ᠎ᠤ ᠳᠠᠷᠠᠭ᠎ᠠ ᠬᠦᠭᠵᠢᠶᠠᠨ ᠨᠠᠷᠬᠢᠶᠠᠨ ᠲᠦᠷ ᠵᠠᠪᠰᠠᠷᠯᠠᠨ᠎ᠠ᠃ ᠠᠮᠤᠰᠬᠢᠬᠰᠡᠨ᠎ᠤ ᠳᠠᠷᠠᠭ᠎ᠠ ᠡᠩᠨᠡᠭᠡ᠎ᠪᠠᠨ ᠳᠠᠬᠢᠨ ᠳᠤᠬᠢᠷᠠᠭᠤᠯᠤᠭᠠᠳ ᠪᠠᠰᠠ ᠪᠦᠵᠢᠭᠯᠡᠵᠦ ᠡᠬᠢᠯᠡᠨ᠎ᠡ᠃ ᠡᠨᠡ ᠮᠡᠲᠦ᠎ᠪᠡᠷ ᠠᠬᠢᠨ ᠳᠠᠬᠢᠨ ᠳᠠᠪᠲᠠᠵᠤ ᠦᠷ ᠭᠡᠭᠡᠷᠡᠬᠦ᠎ᠳᠤ ᠰᠠᠶᠢ ᠲᠠᠷᠬᠠᠳᠠᠭ᠃

ᠵᠡᠭᠡᠷᠡᠩᠬᠡᠢ ᠪᠥᠵᠢᠭ᠎ᠦᠨ ᠳᠠᠭᠤᠤ ᠬᠥᠭᠵᠢᠮ ᠪᠣᠯ ᠥᠪᠡᠷᠮᠢᠴᠡ ᠣᠨᠴᠠᠯᠢᠭ᠎ᠲᠠᠢ ᠮᠣᠩᠭᠤᠯ ᠤᠷᠳᠤ ᠵᠢᠨ ᠳᠠᠭᠤᠤ ᠪᠣᠯᠤᠨ᠎ᠠ᠃ 《ᠵᠡᠭᠡᠷᠡᠩᠬᠡᠢ ᠪᠦᠬᠡᠷᠡᠩᠬᠡᠢ ᠨᠠᠭᠠᠳᠤᠶ᠎ᠠ᠂ ᠵᠡᠷᠭᠡᠯᠡᠭᠡᠳ ᠬᠦᠲᠦᠯᠦᠯᠴᠡᠭᠡᠳ ᠪᠦᠵᠢᠭᠯᠡᠶ᠎ᠡ᠂ ᠵᠡᠭᠡᠷ᠎ᠡ ᠵᠢᠨ ᠭᠦᠶᠦᠳᠡᠯ ᠵᠢᠡᠷ ᠳᠡᠭᠳᠡᠨ ᠦᠰᠦᠷᠦᠶ᠎ᠡ᠂ ᠵᠡᠭᠡᠷᠡᠩᠬᠡᠢᠯᠡᠵᠦ ᠪᠦᠬᠡᠷᠡᠩᠬᠡᠢᠯᠡᠵᠦ ᠲᠤᠭᠯᠠᠨ ᠪᠦᠵᠢᠭᠯᠡᠶ᠎ᠡ》 ᠭᠡᠵᠦ ᠳᠠᠭᠤᠯᠠᠳᠠᠭ᠃ ᠠᠢᠵᠠᠮ ᠨᠢ ᠤᠳᠠᠭᠠᠨ᠂ ᠠᠶ᠎ᠠ ᠨᠢ ᠢᠷᠠᠭᠤ ᠪᠠᠢᠳᠠᠭ᠃ ᠬᠥᠭᠵᠢᠮ᠎ᠦᠨ ᠴᠤᠬᠢᠯᠭ᠎ᠠ ᠨᠢ ᠴᠢᠯᠦᠭᠡ᠎ᠲᠡᠢ ᠪᠠᠢᠵᠤ᠂ ᠭᠣᠤᠯᠳᠠᠭᠤ ᠪᠠᠶᠠᠷ ᠬᠥᠷ᠎ᠲᠡᠢ ᠰᠡᠳᠭᠢᠯᠭᠡ᠎ᠶ᠋ᠢ ᠢᠯᠡᠷᠡᠭᠦᠯᠵᠦ᠍᠂ ᠪᠥᠵᠢᠭ᠎ᠤᠨ ᠠᠯᠬᠤᠮ᠎ᠤᠨ ᠬᠤᠷᠳᠤᠨ ᠤᠳᠠᠭᠠᠨ᠎ᠨᠢ ᠪᠥᠵᠢᠭᠴᠢᠳ᠎ᠦᠨ ᠤᠷᠮ᠎ᠠ ᠰᠡᠳᠭᠢᠯᠭᠡ᠎ᠶ᠋ᠢᠨ ᠬᠤᠪᠢᠷᠠᠯᠲᠠ᠎ᠶ᠋ᠢ ᠳᠠᠭᠠᠵᠤ ᠬᠤᠪᠢᠷᠠᠨ᠎ᠠ᠃

ᠪᠣᠷᠤᠭᠵᠢᠭᠤᠨ ᠲᠡᠭᠵᠢᠨ ᠪᠥᠵᠢᠭ᠎ᠤᠨ ᠬᠦᠳᠡᠯᠦᠯ ᠢᠷᠠᠭᠤ ᠤᠷᠲᠤ ᠠᠶ᠎ᠠ ᠲᠠᠢ ᠨᠡᠢᠯᠡᠵᠤ᠂ ᠦᠶ᠎ᠡ ᠵᠢᠨ ᠦᠶ᠎ᠡ᠎ᠳᠤ ᠤᠯᠠᠮᠵᠢᠯᠠᠭᠳᠠᠭᠠᠳ ᠤᠳᠤ ᠪᠤᠯᠬᠤ᠎ᠳᠤ ᠮᠦᠨ ᠬᠦ᠌ ᠥᠪᠡᠷᠮᠢᠴᠡ ᠲᠠᠲᠠᠬᠤ ᠬᠦᠴᠦᠨ᠎ᠲᠡᠢ ᠪᠠᠢᠳᠠᠭ᠃


QQ截图20260826112025.png


ᠵᠡᠭᠡᠷᠡᠩᠬᠡᠢ ᠪᠥᠵᠢᠭ᠎ᠦᠨ ᠲᠣᠭᠯᠠᠯᠲᠠ


ᠰᠡᠳᠭᠢᠯ ᠨᠢᠭᠡᠳᠦᠨ ᠴᠤᠭᠭᠠᠷ ᠪᠥᠵᠢᠭᠯᠡᠵᠦ ᠰᠣᠶᠤᠯ᠎ᠢ ᠬᠠᠮᠲᠤ᠎ᠪᠠᠷ ᠡᠳ᠋ᠯᠡᠨ᠎ᠡ

20 ᠳ᠋ᠤᠭᠠᠷ ᠵᠠᠭᠤᠨ᠎ᠤ ᠳᠤᠮᠳᠠ ᠰᠡᠭᠦᠯᠴᠢ ᠪᠡᠷ᠂ ᠦᠢᠯᠡᠳᠪᠦᠷᠢᠯᠡᠯ ᠠᠮᠢᠳᠤᠷᠠᠯ᠎ᠤᠨ ᠬᠡᠯᠪᠡᠷᠢ᠎ᠶ᠋ᠢᠨ ᠬᠤᠪᠢᠷᠠᠯᠲᠠ᠎ᠶ᠋ᠢ ᠳᠠᠭᠠᠯᠳᠤᠨ᠂ ᠰᠢᠨ᠎ᠡ ᠪᠠᠷᠭᠤ ᠵᠡᠭᠦᠨ ᠬᠣᠰᠢᠭᠤ ᠪᠠ ᠰᠢᠨ᠎ᠡ ᠪᠠᠷᠭᠤ ᠪᠠᠷᠠᠭᠤᠨ ᠬᠣᠰᠢᠭᠤᠨ᠎ᠳᠤ ᠤᠯᠠᠮᠵᠢᠯᠠᠭᠳᠠᠵᠤ ᠳᠡᠯᠭᠡᠷᠡᠭᠰᠡᠨ ᠵᠡᠭᠡᠷᠡᠩᠬᠡᠢ ᠪᠥᠵᠢᠭ ᠨᠢᠭᠡ ᠦᠶ᠎ᠡ ᠤᠯᠠᠮᠵᠢᠯᠠᠯ ᠲᠠᠰᠤᠷᠠᠮᠠᠷ ᠪᠤᠯᠵᠠᠢ᠃ 1984 ᠣᠨ᠎ᠳᠤ ᠬᠥᠯᠦᠨ ᠪᠤᠢᠷ ᠴᠥᠭᠡᠨ ᠲᠣᠭᠠᠲᠤ᠌ ᠦᠨᠳᠦᠰᠦᠲᠡᠨ᠎ᠦ ᠠᠷᠠᠳ᠎ᠤᠨ ᠪᠥᠵᠢᠭ᠎ᠢ ᠠᠪᠤᠷᠠᠬᠤ ᠢᠨᠵᠧᠨᠧᠷᠢᠩ᠎ᠢ ᠬᠡᠷᠡᠭᠵᠢᠭᠦᠯᠵᠦ ᠡᠬᠢᠯᠡᠨ᠂ ᠵᠡᠭᠡᠷᠡᠩᠬᠡᠢ ᠪᠥᠵᠢᠭ᠎ᠦᠨ ᠠᠶ᠎ᠠ ᠬᠦᠭ᠂ ᠦᠢᠯᠡ ᠬᠥᠳᠡᠯᠦᠯ᠂ ᠡᠩᠨᠡᠭᠡᠨ᠎ᠤ ᠬᠡᠯᠪᠡᠷᠢ᠎ᠶ᠋ᠢ ᠰᠢᠰᠲᠧᠮ᠎ᠲᠡᠢ ᠡᠷᠢᠨ ᠴᠤᠭᠯᠠᠭᠤᠯᠵᠤ ᠡᠮᠬᠢᠳᠭᠡᠭᠡᠳ᠂ ᠪᠥᠵᠢᠭ᠎ᠦᠨ ᠲᠤᠬᠠᠢ ᠪᠦᠷᠢᠨ ᠪᠦᠲᠦᠨ ᠲᠡᠮᠳᠡᠭᠯᠡᠯ ᠬᠢᠵᠦ᠂ ᠳᠠᠷᠠᠭᠠᠴᠢ᠎ᠶ᠋ᠢᠨ ᠤᠯᠠᠮᠵᠢᠯᠠᠨ ᠵᠠᠯᠭᠠᠮᠵᠢᠯᠠᠵᠤ ᠰᠢᠨ᠎ᠡ᠎ᠶ᠋ᠢ ᠡᠭᠦᠳᠬᠦ᠎ᠳᠦ ᠪᠠᠲᠤ᠌ ᠰᠠᠭᠤᠷᠢ᠎ᠲᠠᠯᠪᠢᠭᠰᠠᠨ ᠪᠠᠢᠨ᠎ᠠ᠃

ᠥᠨᠦᠳᠦᠷ᠎ᠤᠨ ᠵᠡᠭᠡᠷᠡᠩᠬᠡᠢ ᠪᠥᠵᠢᠭ ᠲᠠᠩ ᠭᠠᠭᠴᠠ ᠦᠨᠳᠦᠰᠦᠲᠡᠨ᠎ᠤ ᠰᠣᠶᠤᠯ᠎ᠤᠨ ᠬᠡᠪᠴᠢᠶ᠎ᠡ᠎ᠶ᠋ᠢ ᠳᠠᠪᠠᠭᠠᠳ᠂ ᠮᠣᠩᠭᠤᠯ᠂ ᠬᠢᠲᠠᠳ᠂ ᠡᠸᠡᠩᠬᠢ᠂ ᠣᠷᠴᠤᠨ᠂ ᠳᠠᠭᠤᠷ᠂ ᠰᠣᠯᠤᠩᠭᠤᠰ᠂ ᠣᠷᠤᠰ ᠵᠡᠷᠭᠡ ᠣᠯᠠᠨ ᠦᠨᠳᠦᠰᠦᠲᠡᠨ᠎ᠤ ᠬᠠᠮᠲᠤ ᠪᠡᠷ ᠲᠤᠭᠤᠵᠤ ᠪᠠᠬᠠᠷᠬᠠᠳᠠᠭ ᠣᠯᠠᠨ ᠲᠦᠮᠡᠨᠴᠢ ᠰᠣᠶᠤᠯ ᠪᠣᠯᠵᠠᠢ᠃

ᠤᠯᠠᠮᠵᠢᠯᠠᠭᠴᠢᠳ ᠬᠠᠮᠲᠤ ᠪᠡᠷ ᠬᠦᠴᠦᠯᠡᠵᠦ᠍ ᠴᠢᠷᠮᠠᠢᠨ᠂ ᠦᠨᠳᠦᠰᠦᠨ ᠱᠠᠳᠤᠨ᠎ᠳᠤ ᠭᠦᠨᠵᠡᠭᠡᠢᠷᠡᠨ ᠵᠢᠭᠠᠨ ᠰᠤᠷᠭᠠᠯᠲᠠ᠎ᠶ᠋ᠢ ᠲᠦᠭᠡᠮᠡᠯᠵᠢᠭᠦᠯᠪᠡ᠃ ᠵᠡᠭᠡᠷᠡᠩᠬᠡᠢ ᠪᠥᠵᠢᠭ᠎ᠤᠨ ᠣᠷᠤᠨ᠎ᠤ ᠲᠡᠰ᠎ᠤᠨ ᠪᠣᠳᠠᠰ᠎ᠤᠨ ᠪᠤᠰᠤ ᠰᠣᠶᠤᠯ᠎ᠤᠨ ᠥᠪ᠎ᠤᠨ ᠲᠥᠯᠦᠭᠡᠯᠡᠬᠦ᠌ ᠴᠢᠨᠠᠷᠲᠠᠢ ᠤᠯᠠᠮᠵᠢᠯᠠᠭᠴᠢ ᠫᠦᠷᠫᠦᠵᠠᠪ᠂ ᠮᠧᠢ ᠯᠢᠩ᠎ᠢᠶᠠᠷ ᠲᠥᠯᠦᠭᠡᠯᠡᠭᠦᠯᠦᠭᠰᠡᠨ ᠤᠯᠠᠮᠵᠢᠯᠠᠭᠴᠢ᠎ᠶ᠋ᠢᠨ ᠡᠩᠨᠡᠭᠡ᠎ᠵᠢᠯ ᠲᠤᠷᠰᠢ ᠰᠤᠷᠭᠠᠭᠤᠯᠢ᠎ᠶ᠋ᠢᠨ ᠬᠦᠷᠢᠶᠡᠨ᠎ᠳᠤ ᠭᠦᠨᠵᠡᠭᠡᠶ᠋ᠢᠷᠡᠨ᠂ ᠵᠢᠭᠠᠨ ᠰᠤᠷᠭᠠᠯᠲᠠ᠎ᠶ᠋ᠢ ᠲᠦᠭᠡᠮᠡᠯᠵᠢᠭᠦᠯᠵᠦ᠂ ᠵᠡᠭᠡᠷᠡᠩᠬᠡᠢ ᠪᠥᠵᠢᠭ᠎ᠢ ᠵᠠᠯᠠᠭᠤᠴᠤᠳ ᠪᠠᠭᠠᠴᠤᠳ᠎ᠤᠨ ᠳᠤᠮᠳᠠ ᠤᠯᠠᠮᠵᠢᠯᠠᠵᠠᠢ᠃

ᠪᠤᠳᠠᠰ᠎ᠤᠨ ᠪᠤᠰᠤ ᠰᠤᠶᠤᠯ᠎ᠤᠨ ᠦᠪ᠎ᠤᠨ ᠤᠯᠠᠮᠵᠢᠯᠠᠯ ᠰᠤᠷᠭᠠᠭᠤᠯᠢ᠎ᠶ᠋ᠢᠨ ᠬᠦᠷᠢᠶᠡᠨ᠎ᠳᠤ ᠣᠷᠤᠬᠤ᠎ᠠᠴᠠ ᠭᠠᠳᠠᠨ᠎ᠠ᠂ ᠰᠣᠶᠤᠯ ᠵᠢᠭᠤᠯᠴᠢᠯᠠᠯ᠎ᠯᠤᠭ᠎ᠠ ᠠᠭᠤᠰᠤᠯᠴᠠᠭᠤᠯᠬᠤ ᠵᠠᠭᠪᠤᠷ᠎ᠴᠤ᠌ ᠵᠡᠭᠡᠷᠡᠩᠬᠡᠢ ᠪᠥᠵᠢᠭ᠎ᠤᠨ ᠬᠥᠭᠵᠢᠯᠲᠡ᠎ᠳᠤ ᠰᠢᠨ᠎ᠡ ᠠᠮᠢᠵᠢᠷᠠᠯ᠎ᠤᠨ ᠬᠦᠴᠦᠨ ᠨᠡᠮᠡᠷᠢᠯᠡᠪᠡ᠃ ᠨᠠᠭᠠᠳᠤᠮ᠎ᠤᠨ ᠬᠤᠷᠠᠯ᠂ ᠵᠠᠩ ᠦᠢᠯᠡ᠎ᠶ᠋ᠢᠨ ᠪᠠᠶᠠᠷ ᠳᠤᠷᠠᠰᠭᠠᠯ᠎ᠤᠨ ᠡᠳᠦᠷ ᠪᠤᠯᠪᠠᠯ ᠵᠡᠭᠡᠷᠡᠩᠬᠡᠢ ᠪᠥᠵᠢᠭ ᠵᠠᠪᠠᠯ ᠲᠣᠭᠯᠠᠬᠤ ᠰᠣᠳᠤᠨ ᠪᠦᠲᠦᠭᠡᠯ ᠪᠤᠯᠵᠤ᠂ ᠦᠨᠳᠦᠰᠦᠲᠡᠨ᠎ᠨᠦᠭᠦᠳ᠎ᠤᠨ ᠭᠤᠶᠤᠯᠠᠯ ᠵᠢᠡᠷ ᠵᠢᠡᠨ ᠵᠠᠰᠠᠵᠤ ᠴᠢᠮᠡᠭᠡᠭᠰᠡᠨ ᠣᠯᠠᠨ ᠲᠦᠮᠡᠨ ᠵᠡᠭᠡᠷᠡᠩᠬᠡᠢ ᠪᠦᠵᠢᠭ᠎ᠤᠨ ᠠᠶ᠎ᠠ ᠳᠡᠭᠡᠷ᠎ᠡ ᠭᠠᠷ ᠬᠤᠯᠪᠤᠨ ᠪᠥᠵᠢᠭᠯᠡᠵᠡᠭᠡᠨ᠎ᠡ᠄ ᠡᠸᠡᠩᠬᠢ ᠦᠨᠳᠦᠰᠦᠲᠡᠨ ᠴᠠ ᠪᠤᠭᠤ ᠵᠢᠨ ᠳᠡᠭᠵᠢᠨ ᠬᠥᠳᠡᠯᠦᠯ᠎ᠢ ᠠᠭᠤᠰᠬᠠᠬᠤ᠎ᠳᠤ᠂ ᠣᠷᠴᠤᠨ ᠦᠨᠳᠦᠰᠦᠲᠡᠨ ᠠᠩ ᠠᠩᠨᠠᠯ᠎ᠤᠨ ᠪᠥᠵᠢᠭ᠎ᠤᠨ ᠤᠨᠴᠠᠯᠢᠬ ᠵᠢᠡᠨ ᠢᠯᠡᠷᠡᠭᠦᠯᠦᠨ᠎ᠡ᠃ ᠳᠠᠭᠤᠷ ᠦᠨᠳᠦᠰᠦᠲᠡᠨ ᠯᠦᠷᠬᠢᠯ ᠪᠥᠵᠢᠭ᠎ᠤᠨ ᠠᠯᠬᠤᠭ᠎ᠠ᠎ᠶ᠋ᠢ ᠤᠷᠤᠭᠤᠯᠵᠤ᠂ ᠣᠷᠤᠰ ᠦᠨᠳᠦᠰᠦᠲᠡᠨ ᠭᠠᠷ ᠬᠦᠲᠦᠯᠦᠨ ᠳᠡᠪᠰᠡᠨ ᠪᠦᠵᠢᠭᠯᠡᠵᠤ᠂ ᠦᠨᠳᠦᠰᠦᠲᠡᠨ᠎ᠨᠦᠭᠦᠳ ᠨᠢᠭᠡ ᠠᠶ᠎ᠠ ᠳᠡᠭᠡᠷ᠎ᠡ ᠥᠪᠡᠷ ᠥᠪᠡᠷ᠎ᠤᠨ ᠰᠣᠶᠤᠯ᠎ᠢᠶᠠᠨ ᠢᠯᠡᠷᠡᠭᠦᠯᠵᠦ᠍᠂ ᠬᠠᠮᠵᠢᠯᠴᠠᠨ ᠪᠥᠵᠢᠭᠯᠡᠬᠦ᠌ ᠳᠤᠮᠳᠠ ᠰᠠᠨᠠᠭ᠎ᠠ ᠰᠡᠳᠬᠢᠯ ᠵᠢᠡᠨ ᠨᠢᠭᠲᠠᠷᠠᠭᠤᠯᠤᠭᠰᠠᠨ ᠪᠠᠢᠨ᠎ᠠ᠃

ᠡᠨᠡ᠎ᠬᠦ᠌ ᠰᠣᠶᠤᠯ᠎ᠤᠨ ᠨᠡᠷ᠎ᠡ᠎ᠶ᠋ᠢᠨ ᠬᠠᠭᠤᠳᠠᠰᠤ᠎ᠨᠠᠩ ᠦᠷᠭᠡᠨ ᠠᠭᠤᠳᠠᠮ ᠣᠷᠤᠨ ᠵᠠᠢ ᠵᠢ ᠵᠤᠷᠢᠪᠠ᠃

2002 ᠣᠨ᠎ᠳᠤ᠂ ᠰᠢᠨ᠎ᠡ ᠪᠠᠷᠭᠤ ᠵᠡᠭᠦᠨ ᠬᠤᠰᠢᠭᠤᠨ᠎ᠤ ᠤᠯᠠᠭᠠᠨᠮᠦ᠋ᠴᠢᠷ ᠪᠣᠯᠤᠨ ᠣᠯᠠᠨ ᠲᠦᠮᠡᠨ᠎ᠤ ᠰᠣᠶᠤᠯ᠎ᠤᠨ ᠣᠷᠳᠤᠨ ᠤᠷᠠᠯᠢᠭ᠎ᠤᠨ ᠰᠢᠨ᠎ᠡ᠎ᠶ᠋ᠢ ᠡᠭᠦᠳᠬᠦ᠌ ᠬᠡᠯᠪᠡᠷᠢ᠎ᠪᠠᠷ ᠵᠡᠭᠡᠷᠡᠩᠬᠡᠢ ᠪᠥᠵᠢᠭ᠎ᠤᠨ ᠭᠤᠸ᠎ᠠ ᠲᠠᠭᠠᠰᠢᠶᠠᠯ᠎ᠤᠨ ᠡᠯᠧᠮᠧᠨ᠋ᠲ᠎ᠢ ᠪᠣᠯᠪᠠᠰᠤᠷᠠᠭᠤᠯᠵᠤ᠂ ᠤᠷᠠᠯᠢᠭ᠎ᠤᠨ ᠬᠡᠪ ᠨᠠᠮᠪᠠ᠎ᠶ᠋ᠢ ᠡᠷᠴᠢᠮᠵᠢᠭᠦᠯᠦᠭᠡᠳ᠂ ᠲᠠᠢᠰᠠᠨ᠎ᠤ 《ᠵᠡᠭᠡᠷᠡᠩᠬᠡᠢ》 ᠵᠢ ᠨᠠᠷᠢᠨ ᠨᠢᠮᠪᠠᠢ ᠵᠤᠬᠢᠶᠠᠨ ᠪᠦᠲᠦᠭᠡᠭᠰᠡᠨ ᠪᠠᠢᠨ᠎ᠠ᠃

ᠳᠠᠭᠤᠤ ᠬᠥᠭᠵᠢᠮ᠎ᠤᠨ ᠲᠠᠯ᠎ᠠ᠎ᠪᠠᠷ᠂ ᠠᠢᠵᠠᠮ ᠴᠣᠬᠢᠯᠭ᠎ᠠ᠎ᠬᠢᠭᠡᠳ ᠬᠥᠭ ᠠᠶᠠᠯᠭᠤ ᠵᠢᠨ ᠳᠡᠰ ᠳᠠᠪᠬᠤᠷᠭ᠎ᠠ᠎ᠶ᠋ᠢ ᠳᠤᠪᠤᠢᠯᠭᠠᠨ᠂ ᠰᠣᠶᠤᠯ᠎ᠤᠨ ᠳᠣᠲᠤᠭᠠᠳᠤ ᠴᠥᠮ᠎ᠡ᠎ᠶ᠋ᠢ ᠦᠯᠡᠳᠡᠭᠡᠬᠦ᠎ᠶ᠋ᠢᠨ ᠬᠠᠮᠲᠤ᠌ ᠳᠠᠢᠰᠠᠨ ᠳᠡᠭᠡᠷ᠎ᠡ ᠲᠤᠭᠯᠠᠬᠤ᠎ᠳᠤ ᠳᠤᠬᠢᠷᠠᠮᠵᠢᠲᠠᠢ ᠪᠤᠯᠭᠠᠵᠠᠢ᠃ ᠪᠥᠵᠢᠭ᠎ᠤᠨ ᠲᠠᠯ᠎ᠠ ᠪᠡᠷ᠂ ᠭᠠᠷ ᠬᠥᠲᠦᠯᠦᠯᠴᠡᠬᠦ᠂ ᠡᠷᠭᠦᠭᠰᠡᠨ ᠭᠠᠷ᠎ᠤᠨ ᠳᠤᠤᠭᠤᠷ ᠰᠢᠷᠭᠤᠬᠤ᠂ ᠭᠦᠶᠦᠬᠦ᠌ ᠵᠡᠷᠭᠡ ᠭᠤᠤᠯ ᠡᠯᠧᠮᠧᠨ᠋ᠲ᠎ᠢ ᠪᠣᠯᠪᠠᠰᠤᠷᠠᠭᠤᠯᠤᠭᠠᠳ᠂ ᠵᠡᠭᠡᠷ᠎ᠠ ᠵᠢᠨ ᠳᠡᠪᠬᠡᠷᠬᠦ᠂ ᠲᠤᠭᠯᠠᠯᠳᠤᠬᠤ᠂ ᠰᠡᠷᠡᠮᠵᠢᠯᠡᠬᠦ᠌ ᠵᠡᠷᠭᠡ ᠬᠦᠳᠡᠯᠦᠯ᠎ᠢ ᠪᠦᠲᠦᠭᠡᠯᠴᠢ ᠪᠡᠷ ᠳᠠᠭᠤᠷᠢᠶᠠᠨ᠂ ᠬᠥᠨᠳᠡᠯᠡᠨ ᠮᠥᠷ᠂ ᠳᠠᠩ ᠪᠦᠬᠡᠷᠡᠩᠬᠡᠢ᠂ ᠬᠣᠤᠰ ᠪᠦᠬᠡᠷᠡᠩᠬᠡᠢ᠂ ᠮᠤᠰᠬᠢᠷᠠᠭ᠎ᠠ ᠵᠡᠷᠭᠡ ᠡᠩᠨᠡᠭᠡ᠎ᠶ᠋ᠢᠨ ᠬᠡᠯᠪᠡᠷᠢ ᠵᠢ ᠲᠦᠯᠦᠪᠯᠡᠨ ᠪᠠᠶᠠᠯᠢᠬᠵᠢᠭᠤᠯᠵᠤ᠂ ᠪᠦᠬᠡᠷᠡᠩᠬᠡᠢ ᠬᠡᠯᠪᠡᠷᠢ᠎ᠶ᠋ᠢᠨ ᠰᠣᠶᠤᠯ᠎ᠤᠨ ᠲᠡᠮᠳᠡᠭ᠎ᠢ ᠦᠯᠡᠳᠡᠭᠡᠬᠦ᠎ᠶ᠋ᠢᠨ ᠬᠠᠮᠲᠤ᠌ ᠬᠠᠷᠠᠭᠠᠨ ᠰᠡᠷᠡᠯ᠎ᠦᠨ ᠰᠡᠲᠡᠯᠲᠡ ᠵᠢ ᠴᠢᠩᠭᠠᠳᠬᠠᠵᠠᠢ; ᠪᠦᠲᠦᠴᠡ᠎ᠶ᠋ᠢᠨ ᠲᠠᠯ᠎ᠠ᠎ᠪᠠᠷ᠂ 《ᠤᠳᠠᠭᠠᠨ — ᠲᠦᠷᠭᠡᠨ — ᠲᠦᠷᠭᠡᠨ》 ᠭᠡᠬᠦ ᠭᠤᠷᠪᠠᠨ ᠬᠡᠰᠡᠭ᠎ᠪᠤᠯᠭᠠᠨ᠂ ᠠᠮᠤᠷ ᠲᠠᠯᠪᠢᠭᠤᠨ᠎ᠠᠴᠠ ᠬᠦᠷ ᠬᠦᠭᠵᠢᠶᠠᠨ ᠲᠠᠢ ᠪᠤᠯᠬᠤ ᠪᠤᠯᠲᠠᠯ᠎ᠠ᠂ ᠳᠡᠰ ᠳᠡᠰ ᠵᠢᠡᠷ ᠠᠬᠢᠵᠤ᠂ ᠦᠨᠳᠦᠰᠦᠲᠡᠨ᠎ᠦ ᠤᠮᠤᠭ ᠵᠤᠷᠢᠬ᠎ᠢ ᠢᠯᠡᠷᠡᠭᠦᠯᠵᠦ᠍᠂ ᠤᠷᠢᠳ ᠬᠣᠵᠢᠳ ᠳᠤᠮᠳᠠᠳᠤ ᠤᠯᠤᠰ᠎ᠤᠨ ᠮᠣᠩᠭᠤᠯ ᠪᠥᠵᠢᠭ᠎ᠦᠨ ᠤᠷᠤᠯᠳᠤᠭᠠᠨ᠎ᠤ ᠵᠣᠬᠢᠶᠠᠨ ᠪᠦᠲᠦᠭᠡᠯᠭᠡ ᠵᠢᠨ ᠬᠦᠷᠡᠯ ᠱᠠᠩᠨᠠᠯ᠂ ᠲᠤᠭᠯᠠᠯᠲᠠ ᠵᠢᠨ ᠬᠦᠷᠡᠯ ᠱᠠᠩᠨᠠᠯ ᠵᠡᠷᠭᠡ ᠣᠯᠠᠨ ᠢᠷᠠᠭᠤ ᠠᠯᠳᠠᠷ᠎ᠢ ᠬᠦᠷᠲᠡᠨ᠂ ᠥᠪᠦᠷ ᠮᠣᠩᠭᠤᠯ᠎ᠤᠨ ᠦᠨᠳᠦᠰᠦᠲᠡᠨ᠎ᠦ ᠪᠥᠵᠢᠭ᠎ᠦᠨ ᠰᠣᠩᠭᠤᠳᠠᠭ ᠲᠥᠯᠦᠭᠡᠯᠡᠭᠴᠢ ᠪᠦᠲᠦᠭᠡᠯ ᠪᠣᠯᠤᠭᠰᠠᠨ ᠪᠠᠢᠨ᠎ᠠ᠃

ᠪᠥᠵᠢᠭ᠎ᠦᠨ ᠬᠡᠯᠪᠡᠷᠢ ᠵᠢ ᠲᠠᠰᠤᠷᠠᠯᠲᠠ ᠥᠬᠡᠢ ᠰᠢᠨᠡᠴᠢᠯᠡᠬᠦ᠎ᠶ᠋ᠢᠨ ᠬᠠᠮᠲᠤ᠌᠂ ᠲᠠᠭᠠᠷᠠᠭᠤᠯᠤᠭᠰᠠᠨ ᠬᠥᠭᠵᠢᠮ᠎ᠨᠢ ᠴᠦ᠍ ᠰᠢᠨ᠎ᠡ᠎ᠶ᠋ᠢ ᠡᠭᠦᠳᠬᠦ᠌ ᠠᠯᠬᠤᠮ᠎ᠢ ᠳᠠᠭᠠᠵᠤ᠂ ᠣᠯᠠᠨ ᠡᠰᠢᠲᠤ ᠬᠥᠭᠵᠢᠮ᠎ᠦᠨ ᠬᠡᠪ ᠪᠣᠢ ᠪᠣᠯᠵᠠᠢ᠃ 2022 ᠣᠨ᠎ᠳᠤ ᠳᠠᠭᠤᠴᠢᠨ ᠡᠷᠬᠢᠮᠪᠠᠲᠤ 《ᠰᠢᠨ᠎ᠡ ᠵᠡᠭᠡᠷᠡᠩᠬᠡᠢ᠂ ᠪᠦᠭᠡᠷᠡᠩᠬᠡᠢ》 ᠭᠡᠬᠦ᠌ ᠳᠠᠭᠤᠤ᠎ᠶ᠋ᠢ ᠳᠠᠭᠤᠯᠠᠪᠠ᠃ 2024 ᠣᠨ᠎ᠳᠤ ᠳᠠᠭᠤᠴᠢᠨ ᠠᠨᠠᠷ ᠥᠭᠡᠷᠡᠴᠢᠯᠡᠵᠦ ᠨᠠᠢᠷᠠᠭᠤᠯᠤᠭᠰᠠᠨ 《ᠵᠡᠭᠡᠷᠡᠩᠬᠡᠢ᠂ ᠪᠦᠭᠡᠷᠡᠩᠬᠡᠢ》 ᠭᠡᠬᠦ ᠳᠠᠭᠤᠤ᠎ᠶ᠋ᠢ ᠳᠠᠭᠤᠯᠠᠭᠰᠠᠨ ᠪᠠᠢᠳᠠᠭ᠃

ᠡᠭᠦᠨ᠎ᠡᠴᠡ ᠭᠠᠳᠠᠨ᠎ᠠ᠂ ᠲᠣᠭᠠᠴᠢᠯᠠᠭᠰᠠᠨ ᠳᠠᠮᠵᠢᠭᠤᠯᠭ᠎ᠠ ᠵᠡᠭᠡᠷᠡᠩᠬᠡᠢ ᠪᠥᠵᠢᠭ᠎ᠢ ᠤᠯᠠᠮ ᠨᠢᠭᠡ ᠠᠯᠬᠤᠮ ᠠᠯᠳᠠᠷᠰᠢᠭᠤᠯᠪᠠ᠃ ᠦᠨᠳᠦᠰᠦᠲᠡᠨ ᠨᠤᠬᠦᠳ᠎ᠤᠨ ᠬᠠᠮᠲᠤ ᠪᠡᠷ ᠪᠦᠵᠢᠭᠯᠡᠭᠰᠡᠨ ᠵᠡᠭᠡᠷᠡᠩᠬᠡᠢ ᠪᠥᠵᠢᠭ᠎ᠤᠨ ᠸᠢᠳᠢᠣ᠋ ᠨᠡᠶ᠋ᠢᠭᠡᠮ᠎ᠤᠨ ᠬᠠᠷᠢᠯᠴᠠᠭᠠᠨ᠎ᠤ ᠲᠠᠪᠴᠠᠩ᠎ᠳᠡᠭᠡᠷ᠎ᠡ ᠤᠯᠠᠨ᠎ᠤ ᠠᠩᠬᠠᠷᠤᠯ᠎ᠳᠤ ᠬᠦᠷᠴᠦ᠂ ᠦᠨᠳᠦᠰᠦᠲᠡᠨ᠎ᠤ ᠪᠦᠯᠬᠦᠮᠳᠡᠯ᠎ᠢ ᠬᠠᠷᠠᠭᠤᠯᠤᠭᠰᠠᠨ ᠨᠡᠷ᠎ᠡ᠎ᠶ᠋ᠢᠨ ᠬᠠᠭᠤᠳᠠᠰᠤ ᠪᠣᠯᠤᠭᠰᠠᠨ ᠪᠠᠢᠨ᠎ᠠ᠃

ᠵᠡᠭᠡᠷᠡᠩᠬᠡᠢ ᠪᠥᠵᠢᠭ᠎ᠤᠨ ᠢᠷᠠᠭᠤ ᠠᠶᠠᠯᠭᠤ ᠪᠠᠷᠭᠤ᠎ᠵᠢᠨ ᠲᠠᠯ᠎ᠠ ᠨᠤᠲᠤᠭ᠎ᠲᠤ᠌ ᠴᠤᠤᠷᠢᠶᠠᠳᠤᠵᠦ᠂ ᠳᠡᠭᠵᠢᠨ ᠪᠥᠵᠢᠭ᠎ᠤᠨ ᠬᠦᠳᠡᠯᠦᠯ᠎ᠨᠢ ᠴᠠᠭ ᠦᠶ᠎ᠡ᠎ᠶ᠋ᠢᠨ ᠭᠢᠯᠪᠠᠭ᠎ᠠ ᠵᠢ ᠰᠠᠴᠤᠷᠠᠭᠤᠯᠤᠨ᠎ᠠ᠃

(ᠵᠢᠷᠤᠭ᠎ᠤᠳ᠎ᠢ ᠰᠢᠨ᠎ᠡ ᠪᠠᠷᠭᠤ ᠵᠡᠭᠦᠨ ᠬᠣᠰᠢᠭᠤᠨ᠎ᠤ ᠰᠣᠶᠤᠯ᠎ᠤᠨ ᠣᠷᠳᠤᠨ ᠬᠠᠩᠭᠠᠪᠠ)

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠬᠦᠰᠡᠯᠡᠩ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面