ᠲᠡᠷᠢᠭᠦᠨ ᠨᠢᠭᠤᠷ>ᠳᠤᠮᠳᠠᠲᠣ᠎ᠶ᠋ᠢᠨ ᠰᠣᠶᠣᠯ>ᠮᠡᠳᠡᠭᠡᠯᠡᠯ

2026-09-09 11:19:29

ᠵᠣᠬᠢᠶᠠᠭ᠍ᠴᠢ᠄ ​ ᠵᠢᠢ ᠴᠢᠩ ᠯᠢᠩ ᠣᠩᠱᠢᠭ᠍ᠰᠠᠨ ᠣᠳᠠᠭ᠎ᠠ᠄ 3

ᠲᠤᠮᠳᠠᠳᠤ ᠵᠢᠨ ᠦᠨᠳᠦᠰᠦᠳᠡᠨ ᠎ᠤ ᠬᠠᠮᠳᠤ ᠵᠢᠨ ᠴᠤᠭᠴᠠ ᠵᠢᠨ ᠤᠬᠠᠮᠰᠠᠷ᠎ᠢ ᠪᠠᠳᠤ ᠴᠤᠭᠴᠠᠯᠠᠬᠤ ᠠᠵᠢᠯ᠎ᠤᠨ ᠱᠠᠭᠠᠷᠳᠠᠯᠭ᠎ᠠ ᠵᠢ ᠪᠦᠭᠦ ᠤᠷᠤᠨ ᠎ᠤ ᠲᠡᠦᠭᠡ ᠰᠤᠶᠤᠯ ᠤᠬᠠᠭᠤᠯᠭ᠎ᠠ ᠭᠦᠮᠦᠵᠢᠯ᠂ ᠤᠯᠠᠨ ᠨᠠᠢᠳᠡ ᠵᠢᠨ ᠰᠤᠶᠤᠯ᠎ᠤᠨ ᠲᠦᠭᠦᠭᠡᠷᠦᠮᠵᠢ ᠵᠢᠨ ᠪᠠᠢᠭᠤᠯᠤᠯᠳᠠ᠂ ᠬᠤᠳᠠ ᠵᠢᠨ ᠪᠡᠯᠭᠡ ᠲᠡᠮᠳᠡᠭ᠎ᠤᠨ ᠴᠢᠨᠠᠷᠳᠠᠢ ᠪᠠᠷᠢᠯᠭ᠎ᠠ ᠵᠢᠨ ᠪᠠᠢᠭᠤᠯᠤᠯᠳᠠ᠂ ᠵᠢᠭᠤᠯᠴᠢᠯᠠᠯ ᠦᠵᠡᠮᠵᠢ ᠲᠡᠯᠭᠡᠨ ᠦᠵᠡᠭᠦᠯᠭᠡ ᠵᠡᠷᠭᠡ ᠬᠠᠮᠢᠶ᠎ᠠ ᠪᠦᠭᠦᠢ ᠲᠠᠯ᠎ᠠ᠎ᠳᠤ ᠲᠤᠭᠤᠰᠢᠯᠠᠭᠤᠯᠵᠤ᠂ ᠲᠤᠮᠳᠠᠳᠤ ᠵᠢᠨ ᠰᠤᠶᠤᠯ ᠪᠠ ᠲᠤᠰ ᠦᠨᠳᠦᠰᠦᠳᠡᠨ ᠎ᠤ ᠰᠤᠶᠤᠯ᠎ᠤᠨ ᠬᠠᠷᠢᠴᠠᠭ᠎ᠠ ᠵᠢ ᠵᠦᠪ ᠤᠨᠤᠪᠴᠢᠳᠠᠢ ᠰᠢᠢᠳᠪᠦᠷᠢᠯᠡᠵᠤ᠂ ᠲᠤᠮᠳᠠᠳᠤ ᠵᠢᠨ ᠦᠨᠳᠦᠰᠦᠳᠡᠨ ᠎ᠤ ᠬᠠᠮᠳᠤ ᠵᠢᠨ ᠴᠤᠭᠴᠠ ᠵᠢᠨ ᠤᠬᠠᠮᠰᠠᠷ᠎ᠢ ᠪᠠᠳᠤ ᠴᠤᠭᠴᠠᠯᠠᠬᠤ᠎ᠳᠤ ᠦᠵᠡᠯ ᠰᠠᠨᠠᠭ᠎ᠠ ᠰᠤᠶᠤᠯ᠎ᠤᠨ ᠰᠠᠭᠤᠷᠢ ᠵᠢ ᠪᠡᠭᠢᠵᠢᠭᠦᠯᠭᠦ ᠭᠡᠷᠡᠭᠳᠡᠢ᠃

— ᠶᠡᠷᠦᠨᠭᠭᠡᠢ ᠱᠦᠵᠢ ᠰᠢ ᠵᠢᠨ ᠫᠢᠩ ᠠᠷᠪᠠᠨ ᠭᠤᠷᠪᠠᠳᠤᠭᠠᠷ ᠬᠤᠭᠤᠴᠠᠭᠠᠨ ᠎ᠤ ᠪᠦᠭᠦ ᠤᠯᠤᠰ᠎ᠤᠨ ᠠᠷᠠᠳ᠎ᠤᠨ ᠲᠦᠯᠦᠭᠡᠯᠡᠭᠴᠢᠳ᠎ᠤᠨ ᠶᠡᠭᠡ ᠬᠤᠷᠠᠯ᠎ᠤᠨ ᠲᠠᠪᠤᠳᠤᠭᠠᠷ ᠬᠤᠷᠠᠯ᠎ᠤᠨ ᠦᠪᠦᠷ ᠮᠤᠨᠭᠭᠤᠯ᠎ᠤᠨ ᠲᠦᠯᠦᠭᠡᠯᠡᠭᠴᠢᠳ᠎ᠤᠨ ᠪᠦᠯᠭᠦᠮ᠎ᠤᠨ ᠭᠢᠨᠡᠨ ᠵᠦᠪᠯᠡᠭᠦ ᠎ᠳᠤ ᠤᠷᠤᠯᠴᠠᠬᠤ ᠦᠶ᠎ᠡ ᠵᠢᠨ ᠶᠠᠷᠢᠶ᠎ᠠ ᠡᠴᠡ(2022 ᠤᠨ ᠎ᠤ 3 ᠰᠠᠷ᠎ᠠ ᠵᠢᠨ 5 ᠎ᠤ ᠡᠳᠦᠷ)


QQ20260909-111834.png


ᠵᠠᠷᠤᠳ᠎ᠤᠨ ᠲᠠᠯ᠎ᠠ ᠨᠤᠳᠤᠭ ᠲᠤ᠌᠂ ᠠᠷᠤ ᠭᠦᠨᠳᠡᠯᠡᠨ ᠭᠤᠤᠯ ᠪᠤᠯᠤᠨ ᠦᠯᠵᠡᠢᠮᠦ᠋ᠷᠡᠨ ᠭᠤᠤᠯ ᠡᠭᠡ ᠭᠠᠵᠠᠷ᠎ᠤᠨ ᠬᠤᠭᠤᠷ᠎ᠤᠨ ᠴᠢᠪᠬᠠᠳᠠᠰᠤ ᠰᠢᠭ᠋ ᠬᠤᠤᠰᠯᠠᠨ᠂ ᠡᠨᠡ ᠨᠤᠳᠤᠭ᠎ᠤᠨ ᠦᠯᠢᠭᠡᠷ ᠲᠡᠦᠭᠡ ᠵᠢ ᠬᠠᠢᠯᠠᠨ ᠤᠷᠤᠰᠤᠨ᠎ᠠ᠃

ᠡᠭᠦᠨ᠎ᠳᠤ ᠦᠭᠡᠷ᠎ᠠ ᠨᠢᠭᠡᠨ ᠭᠡᠯᠪᠠᠷᠢ ᠵᠢᠨ 《ᠤᠷᠤᠰᠬᠠᠯ ᠭᠤᠤᠯ》 ᠪᠤᠯᠤᠭᠰᠠᠨ ᠬᠤᠭᠤᠷ᠎ᠤᠨ ᠦᠯᠢᠭᠡᠷ ᠨᠢ ᠡᠨᠡ ᠨᠤᠳᠤᠭ᠎ᠤᠨ ᠭᠦᠮᠦᠨ ᠠᠷᠠᠳ᠎ᠤᠨ ᠰᠡᠳᠭᠢᠯ᠎ᠢ ᠤᠮᠳᠠᠯᠠᠭᠰᠠᠭᠠᠷ ᠢᠷᠠᠵᠠᠢ᠃

ᠬᠤᠭᠤᠷ᠎ᠤᠨ ᠦᠯᠢᠭᠡᠷ ᠨᠢ ᠭᠠᠭᠴᠠ ᠭᠦᠮᠦᠨ ᠬᠤᠭᠤᠷᠳᠠᠵᠤ᠂ ᠦᠭᠦᠯᠡᠨ ᠲᠠᠭᠤᠯᠠᠬᠤ ᠤᠷᠠᠯᠢᠭ ᠪᠠᠢᠵᠤ᠂ ᠰᠡᠳᠦᠪᠯᠡᠭᠦᠨ ᠨᠢ ᠦᠷᠭᠡᠨ ᠲᠡᠯᠭᠡᠷ᠂ ᠬᠤᠭᠤᠷᠴᠢ ᠡᠴᠡ ᠮᠠᠭᠳᠠᠨ ᠲᠠᠭᠤᠯᠠᠬᠤ᠂ ᠠᠳᠠᠯᠢᠳᠬᠠᠨ ᠵᠦᠢᠷᠯᠡᠭᠦ᠂ ᠲᠠᠭᠢᠨ ᠲᠠᠪᠳᠠᠬᠤ᠂ ᠦᠰᠭᠡᠵᠤ ᠲᠠᠪᠠᠭᠤᠯᠬᠤ ᠮᠡᠳᠦ ᠵᠢᠨ ᠤᠷᠠᠯᠢᠭ᠎ᠤᠨ ᠠᠷᠭ᠎ᠠ ᠪᠠᠷᠢᠯ ᠵᠢᠡᠷ ᠦᠭᠦᠯᠡᠨ ᠲᠤᠭᠠᠴᠢᠵᠤ᠂ ᠦᠯᠢᠭᠡᠷᠯᠡᠨ ᠲᠠᠭᠤᠯᠠᠵᠤ᠂ ᠦᠯᠢᠭᠡᠷ᠎ᠤᠨ ᠲᠦᠷᠢ ᠵᠢ ᠨᠠᠷᠢᠯᠢᠭ ᠡᠰᠭᠡᠵᠤ᠂ ᠤᠢᠯᠠᠭᠠᠬᠤ᠎ᠳᠤ ᠠᠮᠠᠷᠬᠠᠨ᠂ ᠱᠤᠭ ᠶᠦᠮᠦᠷᠯᠢᠭ᠂ ᠪᠠᠷᠢᠨ ᠢᠯᠡᠳᠭᠡᠭᠦ ᠭᠡᠭᠦ ᠮᠡᠳᠦ ᠵᠢᠨ ᠤᠷᠠᠯᠢᠭ᠎ᠤᠨ ᠭᠡᠪ ᠨᠠᠮᠪᠠ ᠲᠠᠢ ᠪᠠᠢᠳᠠᠭ᠃

ᠲᠦᠨᠭᠯᠢᠶᠤᠤ ᠬᠤᠳᠠ ᠵᠢᠨ ᠵᠠᠷᠤᠳ ᠬᠤᠰᠢᠭᠤ ᠨᠢ 《ᠲᠤᠮᠳᠠᠳᠤ ᠤᠯᠤᠰ᠎ᠤᠨ ᠬᠤᠭᠤᠷ᠎ᠤᠨ ᠦᠯᠢᠭᠡᠷ᠎ᠤᠨ ᠨᠤᠳᠤᠭ》 ᠭᠡᠮᠡᠭᠳᠡᠵᠤ᠂ ᠦᠯᠢᠭᠡᠷ ᠨᠢ ᠲᠡᠭᠷᠢ᠎ᠳᠤ ᠲᠦᠭᠡᠭᠦ ᠤᠳᠤᠨ ᠮᠡᠴᠢᠳ ᠮᠡᠳᠦ ᠭᠡᠷᠡᠯᠳᠦᠨ ᠰᠠᠴᠤᠷᠠᠭᠰᠠᠭᠠᠷ᠃

ᠭᠦᠮᠦᠨ ᠠᠷᠠᠳ ᠵᠢᠡᠨ ᠪᠠᠶᠠᠰᠬᠠᠨ᠎ᠠ

ᠬᠤᠭᠤᠷ᠎ᠤᠨ ᠦᠯᠢᠭᠡᠷ ᠭᠡᠭᠦ ᠡᠨᠡ ᠭᠦ᠌ ᠡᠷᠳᠡᠨ᠎ᠤ ᠲᠠᠭᠤᠷᠢᠯᠢᠭ ᠤ᠋ᠨ ᠬᠡᠯᠪᠠᠷᠢ ᠨᠢ ᠮᠢᠩ ᠎ᠤᠨ ᠰᠡᠭᠦᠯᠴᠢ ᠴᠢᠩ᠎ᠤᠨ ᠡᠭᠢᠨ ᠵᠢᠡᠷ ᠦᠪᠦᠷ ᠮᠤᠨᠭᠭᠤᠯ᠎ᠤᠨ ᠵᠡᠭᠦᠨ ᠭᠡᠰᠡᠭ ᠲᠤ᠌ ᠪᠤᠢ ᠪᠤᠯᠵᠤ᠂ ᠵᠠᠷᠤᠳ ᠨᠤᠳᠤᠭ ᠲᠤ᠌ ᠦᠨᠳᠦᠰᠦᠯᠡᠵᠡᠢ᠃

ᠲᠡᠭᠦᠨ᠎ᠢ ᠲᠡᠯᠭᠡᠷᠡᠭᠦᠯᠦᠨ ᠤᠯᠠᠮᠵᠢᠯᠠᠭᠴᠢ ᠵᠢ ᠭᠦᠮᠦᠰ 《ᠬᠤᠭᠤᠷᠴᠢ》 (ᠦᠯᠢᠭᠡᠷ ᠶᠠᠷᠢᠭᠴᠢ) ᠭᠡᠮᠡᠵᠤ᠂ ᠲᠡᠳᠡᠨᠠᠷ ᠬᠤᠭᠤᠷ ᠵᠢᠡᠨ ᠡᠭᠦᠷᠴᠦ᠂ ᠠᠢᠯ ᠲᠠᠮᠵᠢᠨ ᠦᠯᠢᠭᠡᠷ ᠭᠡᠯᠡᠵᠤ᠂ ᠭᠦᠮᠦᠨ ᠠᠷᠠᠳ ᠵᠢᠡᠨ ᠪᠠᠶᠠᠰᠬᠠᠵᠤ ᠶᠠᠪᠤᠳᠠᠭ᠃


QQ20260909-111847.png


ᠬᠤᠭᠤᠷ᠎ᠤᠨ ᠦᠯᠢᠭᠡᠷ ᠵᠠᠷᠤᠳ ᠨᠤᠳᠤᠭ ᠲᠤ᠌ ᠤᠯᠠᠮᠵᠢᠯᠠᠭᠳᠠᠭᠰᠠᠨ ᠲᠤᠬᠠᠢ ᠲᠤᠳᠤᠷᠬᠠᠢ ᠲᠡᠮᠳᠡᠭᠯᠡᠯ ᠲᠠᠢ ᠪᠠᠢᠳᠠᠭ᠃ ᠠᠷᠪᠠ ᠶᠢᠰᠦᠳᠦᠭᠡᠷ ᠵᠠᠭᠤᠨ ᠎ᠤ ᠰᠡᠭᠦᠯᠴᠢ ᠪᠡᠷ ᠎ᠳ᠋ᠠᠨᠽᠠᠨᠨᠢᠮ᠎ᠠ ᠭᠡᠭᠴᠢ ᠭᠦᠮᠦᠨ ᠡᠨᠡ ᠨᠤᠳᠤᠭ ᠲᠤ᠌ ᠤᠯᠠᠮᠵᠢᠯᠠᠨ᠂ ᠴᠤᠢᠪᠠᠩ᠂ ᠪᠠᠶᠠᠨᠪᠤᠯᠠᠭ ᠮᠡᠳᠦ ᠵᠢᠨ ᠬᠤᠶᠠᠳᠤᠭᠠᠷ ᠦᠶ᠎ᠠ ᠵᠢᠨ ᠤᠯᠠᠮᠵᠢᠯᠠᠭᠴᠢ ᠵᠢ ᠭᠦᠮᠦᠵᠢᠭᠦᠯᠵᠤ᠂ ᠬᠤᠭᠤᠷ᠎ᠤᠨ ᠦᠯᠢᠭᠡᠷ᠎ᠢ ᠵᠠᠷᠤᠳ ᠨᠤᠳᠤᠭ ᠲᠤ᠌ ᠦᠨᠳᠦᠰᠦᠯᠡᠭᠦᠯᠦᠭᠡᠳ᠂ ᠰᠡᠭᠦᠯᠡᠷ ᠨᠢ ᠫᠠᠵᠠᠢ᠂ ᠮᠤᠦᠠᠦ᠋ᠭᠢᠨ ᠮᠡᠳᠦ ᠵᠢᠨ ᠠᠯᠳᠠᠷᠳᠤ ᠬᠤᠭᠤᠷᠴᠢᠳ ᠭᠦᠮᠦᠵᠢᠭᠳᠡᠨ ᠭᠠᠷᠴᠠᠢ᠃

ᠦᠶ᠎ᠠ ᠵᠢᠨ ᠦᠶ᠎ᠠ᠎ᠳᠤ ᠤᠯᠠᠮᠵᠢᠯᠠᠨ᠎ᠠ

ᠵᠠᠷᠤᠳ ᠨᠤᠳᠤᠭ᠎ᠤᠨ ᠬᠤᠭᠤᠷᠴᠢᠳ ᠦᠶ᠎ᠠ ᠵᠢᠨ ᠦᠶ᠎ᠠ ᠬᠤᠭᠤᠷ᠎ᠤᠨ ᠦᠯᠢᠭᠡᠷ ᠎ᠢ᠋ ᠦᠪᠯᠡᠨ ᠤᠯᠠᠮᠵᠢᠯᠠᠭᠰᠠᠭᠠᠷ᠃

ᠲᠦᠷᠪᠡᠳᠦᠭᠡᠷ ᠦᠶ᠎ᠠ ᠵᠢᠨ ᠬᠤᠭᠤᠷᠴᠢ ᠲᠤᠮᠳᠠ ᠯᠤᠤᠽᠠᠷ ᠪᠤᠯᠤᠨ ᠷᠠᠰᠢᠠᠤᠳᠼᠠᠷ ᠭᠡᠭᠦ ᠬᠤᠶᠠᠷ ᠦᠨᠳᠦᠷ ᠤᠷᠭᠢᠯ ᠪᠤᠢ᠃

ᠯᠤᠤᠽᠠᠷ ᠬᠤᠭᠤᠷᠴᠢ ᠦᠯᠢᠭᠡᠷ ᠶᠠᠷᠢᠬᠤ᠎ᠳᠠᠭᠠᠨ ᠴᠢᠳᠠᠮᠠᠭᠠᠢ ᠪᠡᠷ ᠦᠯᠦ ᠪᠠᠷᠠᠮ ᠤᠨᠤᠯ᠎ᠤᠨ ᠰᠤᠳᠤᠯᠭᠠᠨ ᠎ᠤ ᠲᠠᠯ᠎ᠠ ᠪᠡᠷ ᠴᠤ᠌ ᠠᠮᠵᠢᠯᠳᠠ ᠶᠡᠭᠡ ᠲᠠᠢ ᠪᠠᠢᠵᠤ᠂ ᠶᠡᠭᠡ ᠭᠡᠮᠵᠢᠶᠠᠨ ᠎ᠤ ᠬᠤᠭᠤᠷ᠎ᠤᠨ ᠦᠯᠢᠭᠡᠷ᠎ᠤᠨ ᠤᠨᠤᠯ ᠰᠤᠳᠤᠯᠭᠠᠨ ᠎ᠤ ᠵᠤᠭᠢᠶᠠᠯ ᠪᠦᠳᠦᠭᠡᠯ᠎ᠢ ᠪᠢᠴᠢᠵᠤ᠂ ᠲᠤᠰ ᠲᠦᠷᠦᠯ᠎ᠤᠨ ᠤᠨᠤᠯ ᠰᠤᠳᠤᠯᠭᠠᠨ ᠎ᠤ ᠰᠠᠭᠤᠷᠢ ᠵᠢ ᠲᠠᠯᠪᠢᠭᠰᠠᠨ ᠪᠠᠢᠨ᠎ᠠ᠃

ᠷᠠᠰᠢᠠᠤᠳᠼᠠᠷ ᠬᠤᠭᠤᠷᠴᠢ ᠭᠤᠷᠪᠠᠨ ᠵᠠᠭᠤ ᠭᠠᠷᠤᠢ ᠲᠦᠮᠡᠨ ᠦᠰᠦᠭ ᠪᠦᠭᠦᠢ ᠪᠦᠳᠦᠭᠡᠯ ᠲᠤᠭᠤᠷᠪᠢᠨ᠂ ᠬᠤᠭᠤᠷ᠎ᠤᠨ ᠦᠯᠢᠭᠡᠷ᠎ᠤᠨ ᠶᠠᠷᠢᠵᠤ ᠲᠠᠭᠤᠯᠠᠬᠤ ᠰᠤᠨᠭᠭᠤᠳᠠᠭ ᠤᠷᠠᠯᠢᠭ ᠪᠤᠯᠬᠤ ᠭᠦᠭᠦᠷᠭᠡ ᠵᠢ ᠲᠠᠯᠪᠢᠵᠠᠢ᠃1987 ᠤᠨ ᠎ᠳ᠋ᠤ᠌ ᠲᠡᠭᠦᠨ ᠎ᠤ ᠪᠦᠳᠦᠭᠡᠯ 《ᠬᠠᠳᠤᠯᠠᠩ ᠲᠡᠭᠡᠷ᠎ᠠ》 ᠂ 《ᠡᠮᠡᠭᠳᠡᠢ ᠪᠦᠭᠡᠴᠢᠨ》 ᠨᠢ ᠪᠦᠭᠦ ᠤᠯᠤᠰ᠎ᠤᠨ ᠲᠤᠯᠤᠳᠤᠭᠠᠷ ᠬᠤᠭᠤᠴᠠᠭᠠᠨ᠎ᠤ ᠤᠳᠤᠨ ᠮᠠᠴᠢᠳ ᠱᠠᠨᠭᠨᠠᠯ᠎ᠤᠨ ᠰᠢᠯᠢᠳᠡᠭ ᠱᠠᠨᠭᠨᠠᠯ;《ᠰᠢᠨ᠎ᠠ ᠠᠮᠢᠳᠤᠷᠠᠯ ᠵᠢᠡᠨ ᠮᠠᠭᠳᠠᠨ ᠲᠠᠭᠤᠯᠠᠨ᠎ᠠ》 ᠭᠡᠭᠦ ᠪᠦᠳᠦᠭᠡᠯ ᠨᠢ ᠦᠪᠡᠷᠳᠡᠭᠡᠨ ᠵᠠᠰᠠᠬᠤ ᠤᠷᠤᠨ ᠪ ᠠᠨᠭᠬᠠᠳᠤᠭᠠᠷ ᠬᠤᠭᠤᠴᠠᠭᠠᠨ ᠎ᠤ ᠠᠷᠠᠳ᠎ᠤᠨ ᠤᠷᠠᠨ ᠵᠤᠭᠢᠶᠠᠯ᠎ᠤᠨ ᠵᠤᠭᠢᠶᠠᠨ ᠪᠦᠳᠦᠭᠡᠯᠭᠡ ᠵᠢᠨ ᠬᠤᠶᠠᠳᠤᠭᠠᠷ ᠲᠡᠰ ᠪᠠ ᠠᠨᠭᠬᠠᠳᠤᠭᠠᠷ ᠬᠤᠭᠤᠴᠠᠭᠠᠨ ᠪ ᠮᠤᠨᠭᠭᠤᠯ ᠨᠤᠮ ᠰᠡᠳᠭᠦᠯ᠎ᠤᠨ ᠬᠤᠶᠠᠳᠤᠭᠠᠷ ᠲᠡᠰ᠎ᠤᠨ ᠱᠠᠨᠭᠨᠠᠯ;《ᠦᠨᠡᠨ ᠶᠤᠰᠤᠨ ᠪ ᠲᠠᠭᠤᠯᠠᠯ》 ᠨᠢ ᠦᠪᠡᠷᠳᠡᠭᠡᠨ ᠵᠠᠰᠠᠬᠤ ᠤᠷᠤᠨ ᠎ᠤ ᠵᠢᠷᠭᠤᠳᠤᠭᠠᠷ ᠬᠤᠭᠤᠴᠠᠭᠠᠨ᠎ᠤ 《ᠰᠠᠷᠠᠨ᠎ᠠ》 ᠱᠠᠨᠭᠨᠠᠯ᠎ᠢ ᠲᠤᠰ ᠲᠤᠰ ᠭᠦᠷᠳᠡᠵᠡᠢ ᠃ 2004 ᠤᠨ ᠎ᠳᠤ ᠲᠤᠮᠳᠠᠳᠤ ᠤᠯᠤᠰ᠎ᠤᠨ ᠲᠠᠭᠤᠷᠢᠯᠢᠭ ᠤᠷᠠᠯᠢᠭ᠎ᠤᠨ ᠨᠠᠢᠭᠡᠮᠯᠢᠭ ᠡᠴᠡ ᠲᠡᠭᠦᠨ᠎ᠢ 《ᠮᠤᠷᠠᠯ ᠤᠷᠠᠯᠢᠭ᠎ᠤᠨ ᠬᠤᠤᠰ ᠰᠤᠳᠤᠨ》 ᠠᠯᠳᠠᠷ ᠵᠢᠡᠷ ᠱᠠᠨᠭᠨᠠᠭᠰᠠᠨ ᠪᠠᠢᠨ᠎ᠠ᠃ ᠲᠡᠭᠦᠨ ᠎ᠤ 《ᠵᠠᠨᠭᠵᠤᠨ ᠎ᠤ ᠭᠦᠦ — ᠲᠢᠩ ᠪᠠᠭᠠᠳᠤᠷ》᠂《ᠰᠢᠵᠢᠷ ᠠᠯᠳᠠᠨ ᠠᠭᠤᠯᠠ ᠰᠠᠷᠢᠳᠠᠭ》᠂《ᠡᠭᠡ ᠵᠢᠨ ᠰᠤᠷᠭᠠᠯ 》 ᠵᠡᠷᠭᠡ ᠪᠦᠳᠦᠭᠡᠯ ᠨᠢ ᠤᠷᠢᠳ ᠬᠤᠵᠢᠳ ᠦᠪᠡᠷᠳᠡᠭᠡᠨ ᠵᠠᠰᠠᠬᠤ ᠤᠷᠤᠨ ᠎ᠤ 《ᠲᠠᠪᠤ ᠨᠢᠭᠡ ᠵᠢᠨ ᠢᠨᠵᠸᠨ᠋ᠸᠷᠢᠩ 》 ᠎ᠤ᠋ᠨ ᠱᠠᠨᠭᠨᠠᠯ ᠪᠠ 《ᠰᠠᠷᠠᠨ᠎ᠠ》 ᠱᠠᠨᠭᠨᠠᠯ᠎ᠢ ᠬᠦᠷᠳᠡᠵᠠᠢ᠃


QQ20260909-111904.png


ᠦᠨᠦᠳᠦᠷ᠂ ᠬᠤᠭᠤᠷ᠎ᠤᠨ ᠦᠯᠢᠭᠡᠷ᠎ᠤᠨ ᠤᠯᠤᠰ᠎ᠤᠨ ᠲᠡᠰ᠎ᠤᠨ ᠪᠤᠳᠠᠰ᠎ᠤᠨ ᠪᠤᠰᠤ ᠰᠤᠶᠤᠯ᠎ᠤᠨ ᠦᠪ᠎ᠤᠨ ᠲᠦᠯᠦᠭᠡᠯᠡᠭᠴᠢ ᠴᠢᠨᠠᠷᠳᠠᠢ ᠤᠯᠠᠮᠵᠢᠯᠠᠭᠴᠢ ᠵᠠᠩ ᠲᠠᠯᠭᠡᠷ᠂ ᠦᠪᠡᠷᠳᠡᠭᠡᠨ ᠵᠠᠰᠠᠬᠤ ᠤᠷᠤᠨ᠎ᠤ ᠲᠡᠰ᠎ᠤᠨ ᠲᠦᠯᠦᠭᠡᠯᠡᠭᠴᠢ ᠴᠢᠨᠠᠷᠳᠠᠢ ᠤᠯᠠᠮᠵᠢᠯᠠᠭᠴᠢ ᠲᠠᠪᠬᠤᠷᠪᠠᠶᠠᠷ᠂ ᠪᠠᠢ ᠰᠠᠢᠨ᠎ᠠ ᠵᠡᠷᠭᠡ ᠪᠠᠢᠵᠤ᠂ ᠤᠯᠠᠮᠵᠢᠯᠠᠯ ᠵᠠᠯᠭᠠᠮᠵᠢᠯᠠᠯ᠎ᠤᠨ ᠭᠦᠨᠳᠦ ᠡᠭᠦᠷᠭᠡ ᠵᠢ ᠡᠭᠦᠷᠭᠡᠯᠡᠵᠤ ᠶᠠᠪᠤᠨ᠎ᠠ᠃

ᠲᠠᠪᠬᠤᠷᠪᠠᠶᠠᠷ 1980 ᠤᠨ ᠎ᠳᠤ ᠵᠠᠷᠤᠳ ᠬᠤᠰᠢᠭᠤᠨ ᠎ᠳᠤ ᠲᠦᠷᠦᠵᠡᠢ᠃ ᠲᠠᠷᠠ ᠬᠠᠷᠠᠬᠠᠨ ᠪᠠᠭ᠎ᠠ ᠡᠴᠡ ᠪᠠᠨ ᠬᠤᠭᠤᠷ᠎ᠤᠨ ᠦᠯᠢᠭᠡᠷ᠂ ᠬᠤᠯᠪᠤᠭ᠎ᠠ ᠪᠠ ᠠᠷᠠᠳ᠎ᠤᠨ ᠲᠠᠭᠤᠤ᠎ᠳᠤ ᠮᠠᠰᠢ ᠶᠡᠭᠡ ᠲᠤᠷ᠎ᠠ ᠪᠠᠬᠠᠳᠠᠢ ᠪᠠᠢᠵᠤ᠂ 11 ᠨᠠᠰᠤᠨ ᠡᠴᠡ ᠪᠠᠨ ᠡᠭᠢᠯᠡᠨ ᠷᠠᠳᠢᠣ᠋ ᠡᠴᠡ ᠠᠬᠠᠮᠠᠳ ᠬᠤᠭᠤᠷᠴᠢᠳ᠎ᠤᠨ ᠦᠯᠢᠭᠡᠷ ᠶᠠᠷᠢᠬᠤ ᠵᠢ ᠲᠠᠭᠤᠷᠢᠶᠠᠨ ᠰᠤᠷᠴᠤ᠂ ᠠᠭᠠᠵᠢᠮ ᠵᠢᠡᠷ ᠦᠪᠡᠷ᠎ᠤᠨ ᠤᠨᠴᠠᠯᠢᠭ ᠲᠠᠢ ᠪᠠᠨ ᠤᠶᠠᠯᠳᠤᠭᠤᠯᠵᠤ ᠡᠭᠢᠯᠡᠭᠰᠡᠨ ᠶᠤᠮ᠃16 ᠨᠠᠰᠤᠳᠠᠢ᠎ᠳᠠᠭᠠᠨ ᠲᠠᠷᠠ ᠭᠦᠨᠭᠭᠢᠨᠡᠮ᠎ᠠ ᠲᠠᠭᠤ ᠲᠠᠢ ᠲᠦᠷᠪᠡᠨ ᠤᠳᠠᠰᠤᠳᠤ ᠬᠤᠭᠤᠷ ᠭᠢᠵᠤ ᠦᠯᠢᠭᠡᠷ ᠭᠡᠯᠡᠳᠡᠭ ᠪᠤᠯᠪᠠ᠃ 2001 ᠤᠨ᠎ᠳᠤ ᠲᠠᠪᠬᠤᠷᠪᠠᠶᠠᠷ ᠡᠴᠡ ᠯᠤᠤᠽᠠᠷ ᠬᠤᠭᠤᠷᠴᠢ᠎ᠳᠤ ᠱᠠᠪᠢᠯᠠᠵᠤ᠂ ᠬᠤᠭᠤᠷ᠎ᠤᠨ ᠦᠯᠢᠭᠡᠷ᠎ᠢ ᠰᠢᠰᠲᠸᠮ ᠲᠠᠢ ᠰᠤᠷᠤᠯᠴᠠᠭᠰᠠᠨ ᠪᠠᠢᠨ᠎ᠠ᠃

2002 ᠤᠨ᠎ᠳᠤ ᠲᠠᠪᠬᠤᠷᠪᠠᠶᠠᠷ ᠤᠯᠠᠭᠠᠨᠮᠦ᠋ᠴᠢᠷ᠎ᠤᠨ ᠲᠤᠭᠯᠠᠭᠴᠢ ᠪᠤᠯᠵᠤ᠂ ᠲᠤᠭᠯᠠᠯᠳᠠ ᠵᠢᠨ ᠲᠤᠮᠳᠠ ᠲᠠᠰᠤᠷᠠᠯᠳᠠ ᠦᠭᠡᠢ ᠦᠪᠡᠷ ᠎ᠢ ᠪᠠᠨ ᠲᠡᠭᠦᠯᠳᠡᠷᠵᠢᠭᠦᠯᠭᠦ ᠵᠢᠨ ᠤᠯᠠᠮ ᠡᠴᠡ ᠦᠪᠡᠷᠮᠢᠴᠡ ᠤᠨᠴᠠᠯᠢᠭ ᠵᠢᠡᠨ ᠪᠦᠷᠢᠯᠳᠦᠭᠦᠯᠵᠡᠢ᠃

2011 ᠤᠨ ᠎ᠳᠤ ᠲᠠᠪᠬᠤᠷᠪᠠᠶᠠᠷ ᠵᠠᠷᠤᠳ ᠬᠤᠰᠢᠭᠤᠨ ᠪ ᠰᠤᠶᠤᠯ᠎ᠤᠨ ᠤᠷᠳᠤᠨ᠎ᠳᠤ ᠠᠵᠢᠯ ᠰᠢᠯᠵᠢᠵᠤ᠂ ᠲᠤᠰ ᠤᠷᠳᠤᠨ ᠎ᠤ ᠦᠯᠢᠭᠡᠷ ᠤᠷᠠᠯᠢᠭ᠎ᠤᠨ ᠪᠦᠯᠭᠦᠮ᠎ᠤᠨ ᠲᠠᠷᠤᠭ᠎ᠠ ᠪᠡᠷ ᠠᠵᠢᠯᠯᠠᠭᠰᠠᠨ ᠪᠠᠢᠨ᠎ᠠ᠃ ᠲᠠᠷᠠ ᠦᠷᠭᠦᠯᠵᠢ ᠦᠯᠢᠭᠡᠷ ᠤᠷᠠᠯᠢᠭ᠎ᠤᠨ ᠪᠦᠯᠭᠦᠮ ᠵᠢᠡᠨ ᠲᠠᠭᠠᠭᠤᠯᠤᠨ ᠦᠨᠳᠦᠰᠦᠨ ᠱᠠᠳᠤᠨ᠎ᠳᠤ ᠪᠠᠭᠤᠵᠤ ᠲᠤᠭᠯᠠᠯᠳᠠ ᠭᠠᠷᠭᠠᠨ᠂ ᠤᠯᠠᠨ ᠲᠦᠮᠡᠨ ᠎ᠤ ᠤᠷᠠᠯᠢᠭ᠎ᠤᠨ ᠠᠮᠢᠳᠤᠷᠠᠯ᠎ᠢ ᠪᠠᠶᠠᠯᠢᠭᠵᠢᠭᠤᠯᠤᠭᠰᠠᠨ ᠵᠢᠡᠷ ᠦᠯᠦ ᠪᠠᠷᠠᠮ ᠪᠠᠰᠠ ᠠᠷᠪᠠ ᠭᠠᠷᠤᠢ ᠰᠢᠯᠢᠳᠡᠭ ᠱᠠᠪᠢ ᠭᠦᠮᠦᠵᠢᠭᠦᠯᠦᠭᠰᠡᠨ ᠪᠠᠢᠨ᠎ᠠ᠃

ᠲᠠᠪᠬᠤᠷᠪᠠᠶᠠᠷ ᠪᠠᠰᠠ ᠦᠯᠢᠭᠡᠷ ᠤᠷᠠᠯᠢᠭ᠎ᠢ ᠰᠢᠨᠡᠴᠢᠯᠡᠭᠦ ᠵᠢᠨ ᠲᠦᠯᠦᠭᠡ ᠴᠦᠭᠦᠷᠡᠰᠢ ᠦᠭᠡᠢ ᠵᠢᠳᠭᠦᠵᠤ᠂ ᠨᠠᠮ᠎ᠤᠨ ᠴᠢᠭᠯᠡᠯᠳᠡ ᠲᠦᠷᠦ ᠵᠢᠨ ᠪᠤᠳᠤᠯᠭ᠎ᠠ ᠪᠠ ᠵᠢᠱ᠌ᠢᠶᠠᠴᠢ ᠰᠢᠯᠢᠳᠡᠭ ᠭᠦᠮᠦᠰ᠎ᠤᠨ ᠦᠯᠢᠭᠡᠷ᠎ᠢ ᠦᠨᠳᠦᠰᠦᠯᠡᠨ ᠵᠤᠭᠢᠶᠠᠨ ᠪᠦᠳᠦᠭᠡᠯᠭᠡ ᠭᠢᠵᠤ᠂ 《ᠨᠢᠰᠴᠦ ᠢᠷᠡᠭᠡᠳ ᠯᠤ᠌᠎ᠳ᠋ᠢᠩ ᠴᠢᠶᠤᠤ ᠭᠦᠭᠦᠷᠭᠡ ᠵᠢ ᠡᠵᠡᠯᠡᠭᠰᠡᠨ ᠨᠢ》᠂ 《ᠳ᠋ᠦᠩ ᠼᠦᠨ ᠷᠦᠢ ᠠᠮᠢ ᠪᠠᠨ ᠴᠦᠯᠡᠵᠤ ᠪᠡᠭᠢᠯᠡᠯᠳᠡ ᠵᠢ ᠲᠡᠯᠪᠡᠴᠢᠭᠰᠡᠨ ᠨᠢ》᠂《ᠬᠠᠮᠤᠭ᠎ᠤᠨ ᠭᠤᠶᠤ ᠡᠮᠡᠭᠳᠡᠢ ᠪᠠᠭᠰᠢ ᠵᠠᠩ ᠯᠢ ᠯᠢ》᠂ 《ᠰᠢᠨ᠎ᠠ ᠴᠠᠭ ᠦᠶ᠎ᠠ ᠵᠢᠨ ᠰᠢᠯᠢᠳᠡᠭ ᠺᠠᠳ᠋ᠷ ᠵᠢᠶᠠᠩ ᠯᠠᠢ ᠵᠤ᠌》 ᠭᠡᠭᠦ ᠮᠡᠳᠦ ᠵᠢᠨ ᠰᠢᠯᠢᠳᠡᠭ ᠪᠦᠳᠦᠭᠡᠯ᠎ᠢ ᠵᠤᠭᠢᠶᠠᠭᠰᠠᠨ ᠪᠠᠢᠨ᠎ᠠ᠃

ᠤᠯᠠᠮᠵᠢᠯᠠᠯ ᠵᠠᠯᠭᠠᠮᠵᠢᠯᠠᠯ ᠰᠢᠨᠡᠴᠢᠯᠡᠯ᠎ᠤᠨ ᠲᠤᠮᠳᠠ ᠬᠤᠭᠤᠷ᠎ᠤᠨ ᠦᠯᠢᠭᠡᠷ ᠨᠢ ᠨᠡᠩ ᠶᠡᠭᠡ ᠠᠮᠢᠵᠢᠷᠠᠯ᠎ᠤᠨ ᠭᠦᠴᠦᠨ ᠲᠠᠢ ᠪᠤᠯᠵᠤ᠂ ᠤᠳᠤᠬᠠᠨ᠎ᠳᠤ ᠵᠠᠷᠤᠳ ᠬᠤᠰᠢᠭᠤᠨ᠎ᠳᠤ ᠤᠯᠤᠰ᠎ᠤᠨ ᠲᠡᠰ᠎ᠤᠨ ᠪᠤᠳᠠᠰ᠎ᠤᠨ ᠪᠤᠰᠤ ᠰᠤᠶᠤᠯ᠎ᠤᠨ ᠦᠪ᠎ᠤᠨ ᠤᠯᠠᠮᠵᠢᠯᠠᠭᠴᠢ 1᠂ ᠦᠪᠡᠷᠳᠡᠭᠡᠨ ᠵᠠᠰᠠᠬᠤ ᠤᠷᠤᠨ ᠎ᠤ ᠲᠡᠰ᠎ᠤᠨ 2᠂ ᠬᠤᠳᠠ ᠵᠢᠨ ᠲᠡᠰ᠎ᠤᠨ 3᠂ ᠬᠤᠰᠢᠭᠤᠨ ᠲᠡᠰ᠎ᠤᠨ 11 ᠭᠦᠮᠦᠨ ᠪᠠᠢᠵᠤ᠂ ᠲᠡᠨᠭᠰᠠᠯᠠᠭᠤᠯᠤᠭᠰᠠᠨ ᠬᠤᠭᠤᠷᠴᠢ 80 ᠭᠠᠷᠤᠢ ᠪᠤᠯᠵᠠᠢ᠃

ᠰᠠᠯᠭᠢ ᠰᠦᠷᠦᠨ ᠤᠷᠤᠭᠰᠢᠯᠠᠨ᠎ᠠ

ᠶᠡᠮᠠᠷ ᠭᠤᠶᠤ ᠴᠡᠴᠡᠭ ᠬᠤᠸᠠᠷ ᠴᠤ᠌ ᠰᠠᠯᠭᠢᠨ ᠪᠤᠷᠤᠭᠠᠨ᠎ᠢ ᠲᠤᠭᠤᠯᠳᠠᠭ ᠯᠠ ᠤᠴᠢᠷᠳᠠᠢ᠃ ᠰᠦᠯᠵᠢᠶ᠎ᠡ᠂ ᠭᠠᠷ ᠤᠳᠠᠰᠤ ᠵᠡᠷᠭᠡ ᠵᠢᠨ ᠭᠦᠭᠵᠢᠨ ᠲᠦᠭᠡᠮᠡᠯᠵᠢᠭᠦ ᠵᠢ ᠲᠠᠭᠠᠯᠳᠤᠨ᠂ ᠬᠤᠭᠤᠷ᠎ᠤᠨ ᠦᠯᠢᠭᠡᠷ ᠨᠢ ᠴᠤ᠌ ᠲᠠᠢᠰᠡᠨ᠎ᠤ ᠦᠨᠴᠦᠭ ᠲᠤ᠌ ᠰᠢᠬᠠᠭᠳᠠᠨ ᠬᠤᠴᠤᠷᠴᠠᠢ᠃

ᠡᠢᠮᠦᠷᠭᠦᠦ ᠪᠠᠢᠳᠠᠯ᠎ᠳᠤ ᠵᠠᠷᠤᠳ ᠬᠤᠰᠢᠭᠤ ᠨᠢ ᠦᠯᠢᠭᠡᠷ ᠤᠷᠠᠯᠢᠭ ᠵᠢᠡᠨ ᠲᠡᠭᠡᠳᠦᠯᠡᠵᠤ᠂ ᠬᠠᠮᠠᠭᠠᠯᠠᠬᠤ ᠪᠠ ᠭᠦᠭᠵᠢᠭᠦᠯᠭᠦ ᠬᠤᠤᠰ ᠠᠮᠵᠢᠯᠳᠠ ᠵᠢ ᠤᠯᠤᠭᠰᠠᠨ ᠪᠠᠢᠨ᠎ᠠ᠃

1998 ᠤᠨ ᠎ᠳᠤ ᠲᠤᠮᠳᠠᠳᠤ ᠤᠯᠤᠰ᠎ᠤᠨ ᠲᠠᠭᠤᠷᠢᠯᠢᠭ ᠤᠷᠠᠯᠢᠭ᠎ᠤᠨ ᠨᠡᠢᠭᠡᠮᠯᠢᠭ ᠪᠠ ᠦᠪᠦᠷ ᠮᠤᠨᠭᠭᠤᠯ᠎ᠤᠨ ᠤᠳᠬ᠎ᠠ ᠤᠷᠠᠯᠢᠭ᠎ᠤᠨ ᠭᠢᠨ ᠎ᠤ ᠬᠤᠯᠪᠤᠭ᠎ᠠ ᠡᠴᠡ ᠤᠷᠠᠯᠢᠭ᠎ᠤᠨ ᠶᠡᠭᠡ ᠪᠠᠭᠰᠢᠳᠠᠨ ᠫᠠᠵᠠᠢ᠂ ᠮᠤᠤᠠᠦ᠋ᠭᠢᠨ ᠎ᠳᠤ ᠭᠦᠰᠢᠶ᠎ᠠ ᠲᠤᠷᠠᠰᠬᠠᠯ ᠪᠤᠰᠬᠠᠨ ᠦᠭᠴᠡᠢ᠃ 2000 ᠤᠨ ᠎ᠳᠤ 《ᠫᠠᠵᠠᠢ ᠬᠤᠨᠳᠠᠭᠠᠳᠤ》 ᠪᠦᠭᠦ ᠤᠯᠤᠰ᠎ᠤᠨ ᠦᠯᠢᠭᠡᠷ᠎ᠤᠨ ᠶᠡᠭᠡ ᠤᠷᠤᠯᠳᠤᠭᠠᠨ ᠵᠠᠷᠤᠳ ᠬᠤᠰᠢᠭᠤᠨ᠎ᠳᠤ ᠶᠠᠪᠤᠭᠳᠠᠵᠤ᠂ ᠫᠠᠵᠠᠢ ᠬᠤᠭᠤᠷᠴᠢ ᠵᠢᠨ ᠮᠡᠨᠳᠦᠯᠡᠭᠰᠡᠨ 100 ᠵᠢᠯ᠎ᠤᠨ ᠤᠢ ᠵᠢ ᠲᠤᠷᠠᠰᠬᠠᠬᠤ ᠰᠢᠷᠢᠰ ᠠᠵᠢᠯᠯᠠᠭ᠎ᠠ ᠨᠢ ᠬᠤᠭᠤᠷ᠎ᠤᠨ ᠦᠯᠢᠭᠡᠷ᠎ᠤᠨ ᠬᠠᠯᠠᠭᠤᠷᠠᠯ᠎ᠢ ᠲᠠᠭᠢᠨᠳᠠ ᠪᠤᠢ ᠪᠤᠯᠭᠠᠭᠰᠠᠨ ᠪᠠᠢᠨ᠎ᠠ᠃ 2003 ᠤᠨ ᠎ᠳᠤ ᠲᠤᠮᠳᠠᠳᠤ ᠤᠯᠤᠰ᠎ᠤᠨ ᠨᠠᠢᠭᠡᠮ᠎ᠤᠨ ᠰᠢᠨᠵᠢᠯᠡᠭᠦ ᠤᠬᠠᠭᠠᠨ ᠎ᠤ ᠴᠦᠭᠡᠨ ᠲᠤᠭᠠᠳᠤ ᠦᠨᠳᠦᠰᠦᠳᠡᠨ ᠎ᠤ ᠦᠭᠡ ᠭᠡᠯᠡ ᠦᠰᠦᠭ ᠪᠢᠴᠢᠭ᠎ᠤᠨ ᠰᠤᠳᠤᠯᠭᠠᠨ ᠎ᠤ ᠭᠦᠷᠢᠶᠡᠯᠡᠩ ᠨᠢ ᠵᠠᠷᠤᠳ ᠬᠤᠰᠢᠭᠤᠨ ᠎ᠤ ᠵᠠᠰᠠᠭ᠎ᠤᠨ ᠤᠷᠳᠤᠨ ᠲᠠᠢ ᠭᠡᠷ᠎ᠠ ᠲᠤᠭᠳᠠᠵᠤ᠂ ᠬᠤᠭᠤᠷ᠎ᠤᠨ ᠦᠯᠢᠭᠡᠷ᠎ᠤᠨ ᠰᠤᠳᠤᠯᠭᠠᠨ ᠎ᠤ ᠰᠠᠭᠤᠷᠢᠨ᠎ᠢ ᠪᠠᠢᠭᠤᠯᠵᠤ᠂ ᠰᠢᠰᠲᠸᠮ ᠲᠠᠢ ᠠᠪᠤᠷᠠᠯᠳᠠ ᠵᠢᠨ ᠠᠵᠢᠯᠯᠯᠠᠭ᠎ᠠ ᠵᠢ ᠡᠭᠢᠯᠡᠭᠦᠯᠦᠭᠰᠡᠨ ᠪᠠᠢᠨ᠎ᠠ᠃

2006 ᠤᠨ᠎ᠳᠤ ᠬᠤᠭᠤᠷ᠎ᠤᠨ ᠦᠯᠢᠭᠡᠷ ᠨᠢ ᠨᠢᠭᠡᠳᠦᠭᠡᠷ ᠪᠦᠯᠦᠭ᠎ᠤᠨ ᠤᠯᠤᠰ᠎ᠤᠨ ᠲᠡᠰ᠎ᠤᠨ ᠪᠤᠳᠠᠰ᠎ᠤᠨ ᠪᠤᠰᠤ ᠰᠤᠶᠤᠯ᠎ᠤᠨ ᠦᠪ᠎ᠤᠨ ᠬᠠᠮᠠᠭᠠᠯᠠᠯᠳᠠ ᠵᠢᠨ ᠲᠦᠷᠦᠯ ᠵᠦᠢᠯ᠎ᠳᠤ ᠪᠦᠷᠢᠳᠭᠡᠭᠳᠡᠵᠤ᠂ ᠬᠠᠮᠠᠭᠠᠯᠠᠯᠳᠠ ᠵᠢᠨ ᠠᠵᠢᠯ᠎ᠳᠤ ᠨᠡᠩ ᠶᠡᠭᠡ ᠪᠠᠳᠤᠯᠠᠭ᠎ᠠ ᠬᠠᠨᠭᠭᠠᠵᠠᠢ᠃ 2003 ᠤᠨ ᠎ᠳᠤ ᠵᠠᠷᠤᠳ ᠬᠤᠰᠢᠭᠤᠨ ᠎ᠤ ᠬᠤᠭᠤᠷ ᠤᠷᠠᠯᠢᠭ᠎ᠤᠨ ᠪᠦᠯᠭᠦᠮ ᠪᠠᠢᠭᠤᠯᠤᠭᠳᠠᠵᠤ᠂ ᠲᠤᠰᠬᠠᠢᠯᠠᠨ ᠬᠠᠮᠠᠭᠠᠯᠠᠬᠤ᠂ ᠤᠯᠠᠮᠵᠢᠯᠠᠬᠤ ᠪᠠ ᠦᠵᠡᠭᠦᠯᠭᠡ ᠵᠢᠨ ᠠᠵᠢᠯ᠎ᠢ ᠭᠢᠭᠦ ᠵᠢᠨ ᠬᠠᠮᠳᠤ ᠪᠠᠰᠠ ᠵᠠᠯᠭᠠᠮᠵᠢᠯᠠᠭᠴᠢ ᠵᠢ ᠬᠠᠮᠠᠭᠠᠯᠠᠬᠤ ᠲᠤᠭᠳᠠᠴᠡ ᠵᠢ ᠪᠠᠢᠭᠤᠯᠵᠤ᠂ ᠲᠤᠭᠳᠠᠭᠰᠠᠨ ᠬᠤᠭᠤᠴᠠᠭ᠎ᠠ ᠲᠠᠢ ᠦᠨᠡᠯᠡᠨ ᠵᠢᠰᠢᠭᠦ᠂ ᠭᠦᠳᠡᠯᠦᠨᠭᠭᠦᠢ ᠬᠠᠮᠢᠶᠠᠷᠤᠯᠳᠠ ᠪᠡᠷ ᠲᠡᠮᠵᠢᠵᠤ᠂ ᠵᠠᠯᠭᠠᠮᠵᠢᠯᠠᠭᠴᠢ ᠨᠢᠭᠡ ᠪᠦᠷᠢ ᠵᠢᠨ ᠰᠡᠳᠭᠢᠯ ᠎ᠢ ᠲᠤᠯᠠᠭᠠᠴᠠᠭᠤᠯᠤᠭᠰᠠᠨ ᠎ᠪᠠᠢᠨ᠎ᠠ᠃

ᠤᠯᠠᠨ ᠠᠷᠭ᠎ᠠ ᠭᠡᠮᠵᠢᠶ᠎ᠠ ᠵᠢᠨ ᠲᠤᠳᠤᠷ᠎ᠠ ᠡᠴᠡ ᠰᠤᠷᠭᠠᠨ ᠭᠦᠮᠦᠵᠢᠯ ᠵᠢᠡᠷ ᠤᠯᠠᠮᠵᠢᠯᠠᠨ ᠵᠠᠯᠭᠠᠮᠵᠢᠯᠠᠬᠤ ᠪᠤᠯ ᠬᠠᠮᠤᠭ᠎ᠤᠨ ᠰᠠᠢᠨ ᠠᠷᠭ᠎ᠠ ᠭᠡᠮᠵᠢᠶ᠎ᠠ ᠮᠦᠨ᠃ ᠵᠠᠷᠤᠳ ᠬᠤᠰᠢᠭᠤ ᠦᠯᠢᠭᠡᠷ᠎ᠤᠨ ᠰᠤᠷᠭᠠᠭᠤᠯᠢ ᠪᠠᠢᠭᠤᠯᠵᠤ᠂ ᠮᠤᠨᠭᠭᠤᠯ ᠲᠤᠷᠰᠢᠯᠳᠠ ᠵᠢᠨ ᠪᠠᠭ᠎ᠠ ᠰᠤᠷᠭᠠᠭᠤᠯᠢ ᠵᠢ 《ᠪᠤᠯᠪᠠᠰᠤᠷᠠᠯ᠎ᠤᠨ ᠰᠠᠭᠤᠷᠢᠨ》 ᠵᠢᠡᠷ ᠲᠤᠭᠳᠠᠭᠠᠵᠠᠢ᠃ 2008 ᠤᠨ ᠎ᠤ 3 ᠰᠠᠷ᠎ᠠ᠎ᠳᠤ 《ᠦᠯᠢᠭᠡᠷ᠎ᠤᠨ ᠤᠨᠴᠠᠯᠢᠭᠳᠤ ᠠᠩᠭᠢ》 ᠵᠢᠨᠭᠭᠢᠨᠢ ᠪᠡᠷ ᠭᠢᠴᠢᠶᠠᠯ ᠵᠢᠡᠨ ᠡᠭᠢᠯᠡᠭᠦᠯᠪᠠ᠃ ᠭᠢᠴᠢᠶᠡᠯ᠎ᠤᠨ ᠭᠡᠷ ᠲᠤ᠌ ᠰᠤᠷᠤᠭᠴᠢᠳ ᠲᠦᠷᠪᠠᠨ ᠤᠳᠠᠰᠤᠳᠤ ᠬᠤᠭᠤᠷ᠎ᠢ ᠬᠤᠭᠤᠷᠳᠠᠵᠤ ᠦᠯᠢᠭᠡᠷ ᠭᠡᠯᠡᠵᠤ ᠰᠤᠷᠴᠠᠢ᠃ ᠪᠦᠯᠦᠭ ᠪᠦᠯᠦᠭ ᠪᠢᠴᠢᠬᠠᠨ ᠬᠤᠭᠤᠷᠴᠢ ᠢᠩᠭᠢᠵᠤ ᠭᠦᠮᠦᠵᠢᠭᠳᠡᠨ᠂ ᠪᠡᠯᠡᠳᠭᠡᠯ ᠭᠦᠴᠦᠨ ᠎ᠤ ᠰᠠᠭᠤᠷᠢ ᠡᠳᠦᠷ ᠲᠤᠳᠤᠮ ᠪᠡᠭᠢᠵᠢᠭᠰᠡᠨ ᠪᠠᠢᠨ᠎ᠠ᠃

ᠡᠭᠦᠨ ᠎ᠤ ᠬᠠᠮᠳᠤ ᠵᠠᠷᠤᠳ ᠬᠤᠰᠢᠭᠤᠨ ᠎ᠤ ᠰᠤᠶᠤᠯ᠎ᠤᠨ ᠤᠷᠳᠤᠨ ᠎ᠤ ᠤᠯᠠᠨ ᠭᠡᠷᠡᠭᠴᠡᠭᠡᠳᠦ ᠲᠢᠨᠭᠭᠢᠮ ᠨᠢ ᠪᠠᠰᠠ ᠦᠯᠢᠭᠡᠷ ᠦᠵᠡᠭᠦᠯᠭᠡ ᠵᠢᠨ ᠲᠢᠨᠭᠭᠢᠮ ᠪᠤᠯᠵᠤ᠂ ᠵᠢᠯ ᠪᠦᠷᠢ ᠵᠢᠨ 3 - 5 ᠰᠠᠷ᠎ᠠ᠂ 9 - 12 ᠰᠠᠷ᠎ᠠ ᠵᠢᠨ ᠡᠳᠦᠷ ᠪᠤᠯᠭᠠᠨ ᠎ᠤ ᠦᠳᠡ ᠵᠢᠨ ᠬᠤᠢᠨ᠎ᠠ ᠬᠤᠶᠠᠷ ᠴᠠᠭ ᠰᠦᠢᠳᠭᠡᠯ ᠦᠭᠡᠢ ᠪᠡᠷ ᠦᠯᠢᠭᠡᠷ ᠭᠡᠯᠡᠵᠤ᠂ ᠲᠤᠰ ᠤᠷᠠᠯᠢᠭ᠎ᠢ ᠠᠷᠠᠳ ᠤᠯᠠᠨ ᠎ᠤ ᠠᠮᠢᠳᠤᠷᠠᠯ᠎ᠳᠤ ᠲᠠᠭᠢᠨᠳᠠ ᠤᠢᠷᠠᠳᠤᠭᠤᠯᠵᠠᠢ᠃ 2003 ᠤᠨ᠂ 2004 ᠤᠨ᠂ 2005 ᠤᠨ᠎ᠳᠤ ᠤᠯᠤᠰ᠎ᠤᠨ ᠪᠤᠳᠠᠰ᠎ᠤᠨ ᠪᠤᠰᠤ ᠰᠤᠶᠤᠯ᠎ᠤᠨ ᠦᠪ᠎ᠤᠨ ᠲᠦᠷᠦᠯ ᠵᠦᠢᠯ ᠦᠯᠢᠭᠡᠷ᠎ᠤᠨ ᠪᠤᠯᠪᠠᠰᠤᠷᠠᠯ᠎ᠤᠨ ᠠᠩᠭᠢ ᠵᠠᠯᠭᠠᠭ᠎ᠠ ᠪᠠᠷ ᠭᠢᠴᠢᠶᠠᠯ ᠨᠡᠭᠡᠭᠡᠵᠤ᠂ ᠦᠨᠳᠦᠰᠦᠨ ᠱᠠᠳᠤᠨ᠎ᠳᠤ 35 ᠲᠠᠯᠠᠪᠠᠢ ᠲᠤᠭᠯᠠᠯᠳᠠ ᠭᠠᠷᠭᠠᠭᠰᠠᠨ ᠪᠠᠢᠨ᠎ᠠ᠃

ᠠᠷᠤ ᠭᠦᠨᠳᠡᠯᠡᠨ ᠪᠤᠯᠤᠨ ᠦᠯᠵᠡᠢᠮᠦ᠋ᠷᠡᠨ ᠬᠤᠶᠠᠷ ᠭᠤᠤᠯ ᠵᠠᠷᠤᠳ᠎ᠤᠨ ᠲᠠᠯ᠎ᠠ ᠨᠤᠳᠤᠭ᠎ᠢ ᠤᠮᠳᠠᠯᠠᠨ ᠤᠷᠤᠰᠬᠤ ᠰᠢᠭ᠋ ᠬᠤᠭᠤᠷ᠎ᠤᠨ ᠦᠯᠢᠭᠡᠷ ᠨᠢ ᠴᠤ᠌ ᠠᠮᠢᠵᠢᠷᠠᠯ᠎ᠤᠨ ᠭᠦᠴᠦᠨ ᠵᠢᠡᠷ ᠪᠢᠯᠬᠠᠮ᠎ᠠ ᠤᠷᠠᠯᠢᠭ ᠵᠢᠡᠷ ᠵᠢᠡᠨ ᠭᠦᠮᠦᠨ ᠠᠷᠠᠳ᠎ᠤᠨ ᠵᠢᠡᠨ ᠰᠡᠳᠭᠢᠯ᠎ᠢ ᠤᠮᠳᠠᠯᠠᠭᠰᠠᠭᠠᠷ ᠁


ᠬᠤᠭᠤᠷ᠎ᠤᠨ ᠦᠯᠢᠭᠡᠷ᠎ᠢ ᠤᠯᠠᠮᠵᠢᠯᠠᠨ ᠭᠦᠭᠵᠢᠭᠦᠯᠦᠶ᠎ᠡ

ᠹᠸᠩ ᠴᠢ

ᠤᠯᠤᠰ᠎ᠤᠨ ᠲᠡᠰ᠎ᠤᠨ ᠪᠤᠳᠠᠰ᠎ᠤᠨ ᠪᠤᠰᠤ ᠰᠤᠶᠤᠯ᠎ᠤᠨ ᠦᠪ ᠪᠤᠯᠤᠭᠰᠠᠨ᠎ᠤ ᠬᠤᠪᠢ᠎ᠳᠤ ᠬᠤᠭᠤᠷ᠎ᠤᠨ ᠦᠯᠢᠭᠡᠷ᠎ᠤᠨ ᠤᠯᠠᠮᠵᠢᠯᠠᠯ ᠭᠦᠭᠵᠢᠯ᠎ᠤᠨ ᠲᠡᠦᠭᠡ ᠪᠤᠯ ᠡᠷᠳᠡᠨ ᠎ᠤ ᠲᠠᠭᠤᠷᠢᠯᠢᠭ ᠤᠷᠠᠯᠢᠭ᠎ᠤᠨ ᠤᠯᠠᠮᠵᠢᠯᠠᠯ ᠰᠢᠨᠡᠴᠢᠯᠡᠯ᠎ᠤᠨ ᠲᠡᠦᠭᠡ ᠮᠦᠨ᠃

ᠬᠤᠭᠤᠷ᠎ᠤᠨ ᠦᠯᠢᠭᠡᠷ ᠨᠢ ᠬᠠᠭᠤᠴᠢᠨ ᠎ᠤ ᠰᠤᠨᠭᠭᠤᠳᠠᠭ ᠵᠤᠭᠢᠶᠠᠯ ᠪᠦᠳᠦᠭᠡᠯ ᠲᠠᠢ ᠠᠳᠠᠯᠢ ᠦᠭᠡᠢ ᠪᠠᠢᠵᠤ᠂ ᠭᠡᠭᠡᠷ᠎ᠠ ᠵᠢᠨ ᠰᠠᠯᠭᠢ ᠲᠠᠢ ᠬᠠᠨᠢᠯᠠᠨ᠂ ᠲᠡᠭᠷᠢ ᠭᠠᠵᠠᠷ᠎ᠤᠨ ᠲᠤᠮᠳᠠ ᠲᠠᠢᠰᠠ ᠪᠠᠨ ᠪᠠᠢᠭᠤᠯᠵᠤ᠂ ᠭᠡᠯᠪᠠᠷᠢ᠎ᠳᠤ ᠪᠠᠷᠢᠭᠳᠠᠬᠤ ᠦᠭᠡᠢ᠂ ᠪᠡᠯᠡᠨ ᠠᠪᠢᠶᠠᠰ ᠵᠢᠡᠷ ᠦᠯᠢᠭᠡᠷ ᠭᠡᠯᠡᠵᠤ᠂ ᠰᠡᠳᠭᠢᠯᠭᠡ ᠪᠠᠨ ᠤᠯᠠᠨ ᠶᠠᠨᠭᠵᠤ ᠪᠡᠷ ᠢᠯᠡᠳᠭᠡᠵᠤ᠂ ᠠᠷᠠᠳ ᠤᠯᠠᠨ ᠪ ᠠᠮᠢᠳᠤᠷᠠᠯ᠎ᠢ ᠪᠠᠶᠠᠯᠢᠭᠵᠢᠭᠤᠯᠤᠨ᠂ ᠦᠪᠡᠷᠮᠢᠴᠡ ᠰᠤᠶᠤᠯ᠎ᠤᠨ ᠤᠨᠴᠠᠯᠢᠭ ᠎ᠢ ᠪᠤᠢ ᠪᠤᠯᠭᠠᠵᠠᠢ᠃

ᠤᠭ ᠰᠠᠨᠠᠭ᠎ᠠ ᠪᠠᠨ ᠪᠠᠷᠢᠮᠳᠠᠯᠠᠵᠤ᠂ ᠰᠤᠨᠭᠭᠤᠳᠠᠭ ᠪᠦᠳᠦᠭᠡᠯ᠎ᠢ ᠱᠤᠭᠤᠨ᠎ᠠ᠃ ᠨᠢᠭᠡᠨ ᠵᠦᠢᠯ᠎ᠤᠨ ᠤᠷᠠᠯᠢᠭ᠎ᠤᠨ ᠦᠷᠭᠦᠯᠵᠢᠳᠡ ᠤᠷᠤᠰᠢᠬᠤ ᠨᠢ ᠤᠷᠠᠯᠢᠭᠴᠢ ᠵᠢᠨ ᠵᠢᠳᠭᠦᠯ᠂ ᠰᠤᠳᠤᠯᠤᠭᠴᠢ ᠵᠢᠨ ᠡᠷᠢᠯᠭᠢᠯᠡᠯ᠂ ᠵᠠᠯᠭᠠᠮᠵᠢᠯᠠᠭᠴᠢ ᠵᠢᠨ ᠭᠦᠴᠦ ᠵᠠᠯᠭᠠᠯᠳᠠ ᠲᠠᠢ ᠰᠠᠯᠤᠰᠢ ᠦᠭᠡᠢ ᠬᠤᠯᠪᠤᠭ᠎ᠠ ᠲᠠᠢ᠃ ᠯᠤᠤᠽᠠᠷ ᠬᠤᠭᠤᠷᠴᠢ ᠵᠢᠨ ᠤᠨᠤᠯ᠎ᠤᠨ ᠰᠤᠳᠤᠯᠭᠠᠨ ᠡᠴᠡ ᠷᠠᠰᠢᠤᠳᠽᠠᠷ᠎ᠤᠨ ᠵᠤᠭᠢᠶᠠᠨ ᠪᠦᠳᠦᠭᠡᠯᠭᠡ ᠭᠦᠷᠳᠡᠯ᠎ᠠ ᠠᠬᠠᠮᠠᠳ ᠦᠶ᠎ᠠ ᠵᠢᠨ ᠬᠤᠭᠤᠷᠴᠢᠳ ᠤᠷᠠᠨ ᠲᠠᠷᠬᠠᠨ ᠪ ᠵᠤᠷᠢᠭ ᠰᠠᠨᠠᠭ᠎ᠠ ᠪᠡᠷ ᠦᠯᠢᠭᠡᠷ ᠤᠷᠠᠯᠢᠭ᠎ᠤᠨ ᠪᠠᠳᠤ ᠰᠠᠭᠤᠷᠢ ᠵᠢ ᠲᠠᠯᠪᠢᠭᠰᠠᠨ ᠪᠠᠢᠨ᠎ᠠ᠃ ᠰᠢᠨ᠎ᠠ ᠴᠠᠭ ᠦᠶ᠎ᠠ᠎ᠳᠤ ᠵᠠᠯᠭᠠᠮᠵᠢᠯᠠᠭᠴᠢᠳ ᠪᠤᠤᠭᠢᠶ᠎ᠠ ᠠᠳᠬᠤᠨ ᠤᠷᠤᠭᠰᠢᠯᠠᠵᠤ᠂ ᠤᠯᠠᠮᠵᠢᠯᠠᠯ᠎ᠢ ᠵᠠᠯᠭᠠᠮᠵᠢᠯᠠᠬᠤ ᠵᠢᠨ ᠬᠠᠮᠳᠤ ᠪᠠᠰᠠ ᠰᠢᠨ᠎ᠠ ᠵᠢ ᠡᠭᠦᠳᠦᠨ ᠰᠢᠨ᠎ᠠ ᠰᠡᠳᠦᠪ ᠵᠢᠡᠷ ᠵᠤᠭᠢᠶᠠᠨ ᠪᠦᠳᠦᠭᠡᠯᠭᠡ ᠭᠢᠵᠤ ᠂ ᠡᠷᠳᠡᠨ ᠪ ᠤᠷᠠᠯᠢᠭ᠎ᠢ ᠰᠢᠨ᠎ᠠ ᠠᠮᠢᠵᠢᠷᠠᠯ᠎ᠤᠨ ᠭᠦᠴᠦᠨ ᠲᠠᠢ ᠪᠤᠯᠭᠠᠵᠠᠢ᠃

ᠵᠠᠭᠠᠭ ᠭᠢᠵᠠᠭᠠᠷ᠎ᠢ ᠡᠪᠳᠡᠵᠤ᠂ ᠤᠯᠠᠨ ᠲᠠᠯᠠᠳᠤ ᠲᠠᠮᠵᠢᠭᠤᠯᠭ᠎ᠠ ᠪᠡᠷ ᠭᠦᠭᠵᠢᠯᠳᠡ ᠪᠠᠨ ᠤᠯᠤᠨ᠎ᠠ᠃ ᠰᠤᠶᠤᠯ ᠵᠢᠭᠤᠯᠴᠢᠯᠠᠯ᠎ᠤᠨ ᠠᠭᠤᠰᠤᠯᠴᠠᠯ ᠪᠤᠯᠤᠨ ᠲᠤᠭᠠᠴᠢᠯᠠᠭᠰᠠᠨ ᠲᠠᠮᠵᠢᠭᠤᠯᠭ᠎ᠠ ᠵᠢᠨ ᠦᠷᠨᠢᠭᠦᠨ ᠭᠦᠭᠵᠢᠯᠳᠡ ᠲᠠᠢ ᠦᠨᠦᠳᠦᠷ ᠬᠤᠭᠤᠷ᠎ᠤᠨ ᠦᠯᠢᠭᠡᠷ ᠭᠠᠵᠠᠷ ᠤᠷᠤᠨ ᠪ ᠭᠢᠵᠠᠭᠠᠷ᠎ᠢ ᠲᠠᠪᠠᠵᠤ ᠂ ᠪᠦᠭᠦ ᠲᠠᠯ᠎ᠠ ᠵᠢᠨ ᠪᠤᠰᠤᠭ᠎ᠠ ᠴᠤᠭᠴᠠᠳᠤ ᠲᠠᠮᠵᠢᠭᠤᠯᠭ᠎ᠠ ᠵᠢᠨ ᠰᠢᠨ᠎ᠠ ᠠᠶᠠᠨ ᠵᠢᠡᠨ ᠡᠭᠢᠯᠡᠭᠦᠯᠵᠡᠢ᠃ ᠬᠠᠭᠤᠴᠢᠨ ᠎ᠤ ᠲᠠᠩ ᠴᠤᠯᠭᠤᠢ ᠭᠡᠯᠪᠠᠷᠢ ᠡᠴᠡ ᠪᠠᠨ ᠤᠳᠤ ᠰᠦᠯᠵᠢᠶ᠎ᠠ ᠪᠠ ᠪᠤᠳᠠᠳᠤ ᠴᠤᠭᠴᠠ ᠵᠢᠨ ᠬᠠᠷᠢᠯᠴᠡᠨ ᠭᠦᠳᠡᠯᠦᠯᠴᠡᠭᠦ ᠭᠡᠯᠪᠠᠷᠢ ᠵᠢ ᠠᠰᠢᠭᠯᠠᠬᠤ ᠪᠤᠯᠵᠠᠢ᠃ ᠵᠠᠯᠠᠭᠤ ᠬᠤᠭᠤᠷᠴᠢᠳ ᠰᠢᠨ᠎ᠠ ᠵᠠᠭᠤᠴᠢᠯᠠᠭᠤᠷ᠎ᠢ ᠰᠠᠨᠠᠭᠠᠴᠢᠯᠠᠭ᠎ᠠ ᠡᠴᠡ ᠪᠠᠨ ᠠᠰᠢᠭᠯᠠᠵᠤ᠂ ᠤᠬᠤᠷ ᠸᠢᠳᠢᠤ᠋᠂ ᠰᠦᠯᠵᠢᠶᠠᠨ ᠰᠢᠭᠤᠳ ᠨᠡᠪᠳᠡᠷᠡᠭᠦᠯᠭᠡ ᠪᠡᠷ ᠲᠠᠮᠵᠢᠭᠤᠯᠤᠨ ᠬᠤᠭᠤᠷ᠎ᠤᠨ ᠦᠯᠢᠭᠡᠷ᠎ᠢ ᠠᠷᠠᠳ ᠤᠯᠠᠨ ᠪ ᠠᠮᠢᠳᠤᠷᠠᠯ᠎ᠳᠤ ᠭᠦᠷᠭᠡᠭᠰᠡᠨ ᠪᠠᠢᠨ᠎ᠠ᠃ ᠡᠭᠦᠨ ᠪ ᠬᠠᠮᠳᠤ ᠬᠤᠭᠤᠷ᠎ᠤᠨ ᠦᠯᠢᠭᠡᠷ ᠨᠢ ᠰᠤᠶᠤᠯ ᠵᠢᠭᠤᠯᠴᠢᠯᠠᠯ᠎ᠤᠨ ᠠᠵᠤ ᠦᠢᠯᠡᠰ᠂ ᠰᠤᠷᠭᠠᠭᠤᠯᠢ ᠵᠢᠨ ᠭᠦᠷᠢᠶ᠎ᠠ᠂ ᠦᠨᠳᠦᠰᠦᠨ ᠱᠠᠳᠤᠨ ᠎ᠤ ᠰᠤᠶᠤᠯ᠎ᠤᠨ ᠪᠦᠳᠦᠭᠡᠨ ᠪᠠᠢᠭᠤᠯᠤᠯᠳᠠ ᠵᠡᠷᠭᠡ ᠵᠢ ᠪᠦᠳᠦᠮᠵᠢᠳᠡᠢ ᠠᠰᠢᠭᠯᠠᠨ᠂ ᠪᠠᠢᠨᠭᠭᠤ ᠵᠢᠨ ᠴᠢᠨᠠᠷᠳᠠᠢ ᠲᠤᠭᠤᠷᠢᠨ ᠲᠤᠭᠯᠠᠯᠳᠠ᠂ ᠵᠢᠭᠠᠨ ᠰᠤᠷᠭᠠᠯᠳᠠ ᠭᠢᠵᠤ᠂ ᠬᠤᠭᠤᠷ᠎ᠤᠨ ᠦᠯᠢᠭᠡᠷ᠎ᠤᠨ ᠲᠦᠭᠡᠮᠡᠯᠵᠢᠭᠦ ᠵᠢ ᠠᠭᠢᠭᠤᠯᠤᠭᠰᠠᠨ ᠪᠠᠢᠨ᠎ᠠ᠃

ᠬᠤᠭᠤᠷ᠎ᠤᠨ ᠦᠯᠢᠭᠡᠷ᠎ᠤᠨ ᠤᠯᠠᠮᠵᠢᠯᠠᠯ ᠵᠠᠯᠭᠠᠮᠵᠢᠯᠠᠯ ᠪᠠ ᠰᠢᠨᠡᠴᠢᠯᠡᠯ ᠪᠤᠯ ᠪᠤᠳᠠᠰ᠎ᠤᠨ ᠪᠤᠰᠤ ᠰᠤᠶᠤᠯ᠎ᠤᠨ ᠦᠪ᠎ᠤᠨ ᠠᠮᠢᠳᠤᠯᠢᠭ ᠵᠠᠯᠭᠠᠮᠵᠢᠯᠠᠯ᠎ᠤᠨ ᠬᠤᠷᠢᠶᠠᠨᠭᠭᠤᠢ ᠲᠦᠷᠰᠦ ᠪᠠᠢᠵᠤ᠂ ᠰᠤᠶᠤᠯ᠎ᠤᠨ ᠢᠳᠡᠭᠡᠯ᠎ᠤᠨ ᠠᠮᠢᠳᠤᠯᠢᠭ ᠲᠤᠭᠠᠴᠢᠯᠳᠠ ᠮᠦᠨ᠃ ᠢᠷᠡᠭᠡᠳᠦᠢ ᠎ᠳᠤ ᠤᠯᠠᠮᠵᠢᠯᠠᠯ ᠵᠠᠯᠭᠠᠮᠵᠢᠯᠠᠯ᠎ᠤᠨ ᠰᠢᠰᠲᠸᠮ᠎ᠤᠨ ᠲᠠᠰᠤᠷᠠᠯᠳᠠ ᠦᠭᠡᠢ ᠲᠡᠭᠦᠯᠳᠡᠷᠵᠢᠭᠦ ᠵᠢ ᠲᠠᠭᠠᠯᠳᠤᠨ ᠲᠠᠮᠵᠢᠭᠤᠯᠭ᠎ᠠ ᠵᠢᠨ ᠠᠷᠭ᠎ᠠ ᠵᠠᠮ ᠨᠢ ᠤᠯᠠᠮ ᠦᠷᠭᠡᠵᠢᠨ᠂ ᠰᠢᠨᠡᠴᠢᠯᠡᠭᠦ ᠭᠡᠯᠪᠠᠷᠢ ᠨᠢ ᠨᠡᠩ ᠪᠠᠶᠠᠯᠢᠭ ᠪᠤᠯᠬᠤ ᠨᠢ ᠲᠠᠮᠵᠢᠭ ᠦᠭᠡᠢ ᠃

(ᠭᠡᠷᠡᠯ ᠵᠢᠷᠤᠭ᠎ᠢ ᠵᠠᠷᠤᠳ ᠬᠤᠰᠢᠭᠤᠨ ᠪ ᠰᠤᠶᠤᠯ ᠵᠢᠭᠤᠯᠴᠢᠯᠠᠯ᠎ᠤᠨ ᠲᠤᠪᠴᠢᠶ᠎ᠠ ᠡᠴᠡ ᠬᠠᠨᠭᠭᠠᠪᠠ)

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠣᠷᠬᠢᠯ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面