2026-09-23 11:26:07
ᠪᠠᠷᠠᠭᠤᠨ ᠯᠢᠶᠣᠤᠾᠧ ᠭᠤᠣᠯᠤᠭᠠᠯᠵᠠᠯᠠᠨ ᠤᠷᠤᠰᠴᠤ᠌᠂ ᠮᠢᠩᠭᠠᠨ ᠭᠠᠵᠠᠷ᠎ᠤᠨ ᠱᠢᠮᠡᠯᠢᠭ ᠬᠦᠷᠦᠰᠦ᠎ᠶ᠋ᠢ ᠤᠮᠳᠠᠯᠠᠨ᠎ᠠ; ᠬᠤᠷᠴᠢᠨ᠎ᠤ ᠲᠠᠯ᠎ᠠ ᠨᠤᠲᠤᠭ ᠳᠡᠭᠡᠷ᠎ᠡ ᠵᠢᠨ ᠬᠦᠭᠵᠢᠯᠲᠠ ᠵᠢᠨ ᠢᠷᠡᠭᠤ ᠲᠤᠤᠯᠢᠰ ᠪᠢᠴᠢᠭᠯᠡᠭᠳᠡᠨ᠂ ᠤᠷᠤᠨ ᠨᠤᠲᠤᠭ᠎ᠤᠨ ᠦᠪᠡᠷᠮᠢᠴᠡ ᠤᠨᠴᠠᠯᠢᠬ ᠲᠠᠢ ᠰᠤᠶᠤᠯ ᠢᠷᠭᠡᠨᠰᠢᠯ᠎ᠢ ᠪᠦᠲᠦᠭᠡᠭᠰᠡᠨ ᠪᠠᠢᠳᠠᠭ᠃
ᠡᠨᠡ ᠬᠦ᠌ ᠨᠡᠭᠦᠳᠡᠯ ᠮᠠᠯᠵᠢᠯ᠎ᠤᠨ ᠰᠣᠶᠣᠯ ᠪᠣᠯᠤᠨ ᠲᠠᠷᠢᠶᠠᠯᠠᠬᠤ ᠰᠣᠶᠣᠯ ᠠᠭᠤᠰᠤᠯᠴᠠᠵᠤ ᠬᠠᠮᠲᠤ ᠣᠷᠣᠱᠢᠬᠰᠠᠨ ᠨᠤᠲᠤᠭ ᠳᠡᠭᠡᠷ᠎ᠡ ᠬᠤᠷᠴᠢᠨ᠎ᠤ ᠠᠷᠠᠳ᠎ᠤᠨ ᠳᠠᠭᠤᠤ ᠥᠨᠢ ᠤᠳᠠᠭᠠᠨ ᠤᠨ ᠰᠠᠷ᠎ᠠ᠎ᠶ᠋ᠢ ᠲᠤᠭᠤᠯᠵᠤ᠂ ᠤᠶᠠᠬᠠᠨ ᠠᠢᠵᠠᠮ᠂ ᠪᠣᠷᠣᠭ᠍ᠵᠢᠭᠤᠨ ᠦᠭᠡ᠂ ᠭᠦᠨᠵᠡᠭᠡᠢ ᠠᠭᠤᠯᠤᠭᠳᠠᠬᠤᠨ ᠲᠠᠢ ᠪᠤᠯᠵᠤ᠂ ᠦᠨᠳᠦᠰᠦᠲᠡᠨ᠎ᠤ ᠤᠢ ᠳᠤᠷᠠᠰᠤᠮᠵᠢ᠎ᠶ᠋ᠢ ᠠᠴᠢᠶᠠᠯᠠᠬᠤ᠂ ᠤᠯᠤᠰ ᠭᠡᠷᠵᠢᠡᠨ ᠭᠡᠰᠡᠨ ᠬᠠᠢᠷ᠎ᠠ ᠰᠡᠳᠭᠢᠯᠭᠡ᠎ᠶ᠋ᠢ ᠲᠣᠭᠠᠴᠢᠬᠤ᠂ ᠤᠯᠠᠮᠵᠢᠯᠠᠯᠳᠤ ᠰᠤᠶᠤᠯ᠎ᠢ ᠠᠴᠢᠶᠠᠯᠠᠬᠰᠠᠨ ᠤᠷᠠᠯᠢᠭ᠎ᠤᠨ ᠦᠨᠡᠲᠦ ᠡᠷᠳᠡᠨᠢ ᠪᠣᠯᠵᠠᠢ᠃
2008 ᠣᠨ᠎ᠳᠤ᠂ ᠬᠣᠷᠴᠢᠨ ᠠᠷᠠᠳ᠎ᠤᠨ ᠳᠠᠭᠤᠤ ᠨᠢ ᠤᠯᠤᠰ᠎ᠤᠨ ᠳᠡᠰ᠎ᠦᠨ ᠪᠣᠳᠠᠰ᠎ᠤᠨ ᠪᠤᠰᠤ ᠰᠤᠶᠤᠯ᠎ᠤᠨ ᠥᠪ᠎ᠦᠨ ᠲᠥᠯᠥᠭᠡᠯᠡᠬᠦ᠌ ᠴᠢᠨᠠᠷᠲᠠᠢ ᠲᠥᠷᠥᠯ ᠵᠦᠢᠯ᠎ᠦᠨ ᠨᠡᠷᠡᠰ᠎ᠦᠨ ᠵᠢᠭ᠍ᠰᠠᠭᠠᠯᠲᠠ᠎ᠳᠤ ᠣᠷᠣᠵᠤ᠂ ᠴᠠᠭ ᠦᠶ᠎ᠡ᠎ᠶ᠋ᠢᠨ ᠤᠷᠲᠤ ᠠᠶᠠᠨ᠎ᠳᠤ ᠠᠮᠢᠵᠢᠷᠠᠯ᠎ᠤᠨ ᠬᠦᠴᠦᠨ ᠵᠢᠡᠨ ᠳᠠᠬᠢᠨᠲᠠ ᠪᠠᠳᠠᠷᠠᠭᠤᠯᠤᠭᠰᠠᠨ ᠪᠠᠢᠨ᠎ᠠ᠃

ᠪᠠᠶᠠᠷ (ᠵᠡᠭᠦᠨᠳᠡᠬᠢ) ᠬᠤᠷᠴᠢᠨ ᠠᠷᠠᠳ᠎ᠤᠨ ᠳᠠᠭᠤᠤ ᠳᠠᠭᠤᠯᠠᠵᠤ ᠪᠤᠢ
ᠭᠦᠸᠧ ᠬᠤᠩ ᠲᠤᠤ ᠰᠡᠭᠦᠳᠡᠷᠯᠡᠪᠡ
ᠬᠠᠷᠢᠯᠴᠠᠨ ᠠᠭᠤᠰᠤᠯᠴᠠᠵᠤ ᠦᠪᠡᠷᠮᠢᠴᠡ ᠤᠨᠴᠠᠯᠢᠭ᠎ᠢ ᠪᠦᠷᠢᠯᠳᠦᠭᠦᠯᠪᠠ
ᠣᠷᠣᠨ ᠪᠦᠰᠡ ᠪᠣᠯ ᠰᠤᠶᠤᠯ᠎ᠤᠨ ᠦᠨᠳᠦᠰᠦ᠂ ᠠᠮᠢᠳᠤᠷᠠᠯ ᠪᠣᠯ ᠤᠷᠠᠯᠢᠭ᠎ᠤᠨ ᠡᠬᠢ ᠰᠤᠷᠪᠤᠯᠵᠢ᠃
ᠬᠣᠷᠴᠢᠨ ᠠᠷᠠᠳ᠎ᠤ᠋ᠨ ᠳᠠᠭᠤᠤ ᠢᠯᠡ ᠲᠣᠳᠣ ᠤᠷᠠᠯᠢᠭ᠎ᠤ᠋ᠨ ᠦᠪᠡᠷᠮᠢᠴᠡ ᠣᠨᠴᠠᠯᠢᠭ᠎ᠢ ᠪᠦᠷᠢᠯᠳᠦᠭᠦᠯᠦᠨ᠂ ᠳᠠᠭᠤᠤ ᠬᠥᠭ᠌ᠵᠢᠮᠦ᠋ᠨ ᠭᠤᠸ᠎ᠠ ᠰᠠᠢᠬᠠᠨ ᠬᠢᠭᠡᠳ ᠤᠳᠭ᠎ᠠ ᠵᠣᠬᠢᠶᠠᠯ᠎ᠤ᠋ᠨ ᠲᠤᠳᠤᠭᠠᠳᠤ ᠠᠭᠤᠯᠬᠤᠨ ᠲᠠᠢ᠃ ᠬᠥᠭ᠌ᠵᠢᠮ᠎ᠤᠨ ᠲᠠᠯ᠎ᠠ᠎ᠪᠠᠷ᠂ ᠠᠢᠵᠠᠮ᠎ᠨᠢ ᠤᠶᠠᠬᠠᠨ ᠰᠤᠨᠤᠰᠪᠤᠷᠢᠲᠠᠢ᠂ ᠠᠷᠭ᠎ᠠ ᠪᠠᠷᠢᠯ᠎ᠨᠢ ᠤᠷᠠᠨ ᠠᠪᠴᠠᠯᠳᠤᠩᠭᠤᠢ ᠪᠠᠢᠵᠤ᠂ ᠡᠬᠢᠯᠡᠬᠦ᠂ ᠵᠠᠯᠭᠠᠬᠤ᠂ ᠰᠤᠯᠢᠬᠤ᠂ ᠨᠡᠢᠯᠡᠭᠦᠯᠬᠦ ᠵᠡᠷᠭᠡ ᠦᠨᠳᠦᠰᠦᠨ ᠠᠷᠭ᠎ᠠ ᠮᠡᠷᠭᠡᠵᠢᠯ᠎ᠢ ᠴᠢᠳᠠᠮᠠᠭᠠᠢ ᠬᠡᠷᠡᠭᠯᠡᠬᠦ ᠪᠡᠷ ᠪᠠᠷᠠᠬᠤ ᠦᠭᠡᠢ᠂ ᠬᠦᠭ ᠰᠤᠯᠢᠬᠤ᠂ ᠬᠦᠭ ᠰᠤᠯᠪᠢᠴᠠᠬᠤ ᠵᠡᠷᠭᠡ ᠠᠷᠭ᠎ᠠ ᠮᠡᠷᠭᠡᠵᠢᠯ᠎ᠢ ᠤᠷᠠᠨ ᠡᠪᠲᠡᠢ ᠠᠭᠤᠰᠤᠯᠴᠠᠭᠤᠯᠤᠭᠠᠳ᠂ ᠥᠪᠡᠷᠮᠢᠴᠡ ᠬᠥᠭ᠌ᠵᠢᠮ᠎ᠤᠨ ᠠᠢᠵᠠᠮ᠎ᠢ ᠪᠦᠷᠢᠯᠳᠦᠭᠦᠯᠪᠡ; ᠠᠭᠤᠯᠭ᠎ᠠ᠎ᠶ᠋ᠢᠨ ᠲᠠᠯ᠎ᠠ᠎ᠪᠠᠷ᠂ ᠦᠯᠢᠭᠡᠷ᠎ᠤᠨ ᠦᠢᠯᠡ ᠶᠠᠪᠤᠳᠠᠯ᠎ᠨᠢ ᠪᠦᠷᠢᠨ ᠪᠦᠲᠦᠨ ᠪᠠᠢᠵᠤ᠂ ᠵᠡᠷᠭᠡᠴᠡᠭᠦᠯᠦᠯ᠂ ᠳᠠᠪᠠᠭᠤᠯᠤᠯ᠂ ᠵᠦᠢᠷᠯᠡᠯ᠂ ᠠᠰᠠᠭᠤᠬᠤ ᠵᠡᠷᠭᠡ ᠨᠠᠢᠷᠠᠭᠤᠯᠭ᠎ᠠ ᠵᠢ ᠡᠪᠲᠡᠢ ᠬᠡᠷᠡᠭ᠌ᠯᠡᠵᠦ᠍᠂ ᠰᠡᠳᠬᠢᠯᠭᠡ ᠬᠢᠭᠡᠳ ᠭᠤᠣᠯ ᠰᠡᠳᠦᠪ᠎ᠢᠶᠠᠨ ᠨᠠᠷᠢᠨ ᠳᠤᠳᠤᠷᠬᠠᠢ ᠢᠯᠡᠳᠭᠡᠵᠡᠢ᠃
ᠰᠣᠩᠭᠤᠳᠠᠭ ᠠᠷᠠᠳ᠎ᠤᠨ ᠳᠠᠭᠤᠤ 《ᠬᠠᠳᠬᠤᠮᠠᠯ ᠬᠤᠸᠠᠷ ᠲᠠᠢ ᠵᠢᠨᠲᠤᠤ》 ᠳ᠋ᠦ 《ᠵᠢᠨᠵᠧᠦ ᠯᠡ ᠬᠤᠳᠠ᠎ᠵᠢᠨ ᠬᠢᠨᠢ ᠵᠢᠩ ᠲᠠᠢ ᠬᠡ ᠲᠠᠢ ᠲᠤᠷᠭ᠎ᠠ ᠪᠡᠷ ᠨᠢ ᠭᠦ ᠬᠦᠢ᠂ ᠵᠢᠨᠳᠤᠤ ᠵᠢᠨ ᠬᠢᠨᠢ ᠦᠩᠭᠡᠨ ᠳᠡᠭᠡᠷ᠎ᠡ ᠨᠢ ᠱᠠᠭᠯᠠᠭᠠᠳ ᠯᠡ ᠤᠶᠤᠭᠰᠠᠨ ᠶᠤᠮ ᠡ ᠬᠦᠢ ᠂ ᠵᠢᠩ ᠪᠠᠢᠰᠢᠩ ᠯᠤᠤ ᠪᠠᠢᠰᠢᠩ ᠬᠤᠶᠠᠷ᠎ᠢ ᠨᠢ ᠪᠤᠯᠪᠠᠯ ᠳ᠋ᠠ ᠭᠦ ᠭᠦᠢ᠂ ᠵᠢᠩᠬᠢᠨᠢ ᠶᠠᠩᠵᠤ ᠪᠡᠷ ᠱᠠᠭᠯᠠᠭᠠᠳ ᠯᠡ ᠤᠶᠤᠭᠰᠠᠨ ᠶᠤᠮ ᠡ ᠬᠦᠢ᠂ ᠤᠷᠢᠳᠤ ᠭᠠᠵᠠᠷ᠎ᠤᠨ ᠤᠯᠠᠭᠠᠨ ᠶᠠᠭᠠᠨ ᠲᠤᠷᠭ᠎ᠠ ᠪᠡᠷ ᠵᠢᠡᠨ ᠭᠦ ᠭᠦᠢ᠂ ᠤᠭᠤᠲᠠᠨᠤ ᠬᠢᠨᠢ ᠪᠤᠯᠤᠩ ᠳᠡᠭᠡᠷ᠎ᠡ ᠨᠢ ᠱᠠᠭᠯᠠᠭᠠᠳ ᠯᠡ ᠤᠶᠤᠭᠰᠠᠨ ᠶᠤᠮ ᠡ ᠬᠦᠢ᠂ ᠤᠲᠠᠢ ᠯᠡ ᠪᠡᠭᠡᠵᠢᠩ ᠲᠠᠭᠱᠠᠨ ᠲᠠᠪᠤᠨ ᠤᠷᠤᠨ᠎ᠢ ᠭᠦ ᠬᠦᠢ᠂ ᠠᠭᠤᠯᠠ ᠤᠰᠤ ᠲᠠᠢ ᠨᠢ ᠱᠠᠭᠯᠠᠭᠠᠳ ᠯᠡ ᠤᠶᠤᠭᠰᠠᠨ ᠶᠤᠮ ᠡ ᠬᠦᠢ》 ᠭᠡᠬᠦ᠌ ᠳᠠᠭᠤᠤ ᠵᠢᠨ ᠦᠭᠡ᠎ᠨᠢ ᠲᠤᠯᠤᠭᠠᠢ ᠰᠡᠭᠦᠯ ᠬᠤᠯᠪᠤᠭᠠᠳ᠂ ᠰᠠᠨᠠᠭ᠎ᠠ ᠠᠬᠤᠢ ᠵᠢ ᠤᠷᠠᠨ ᠳᠦᠷᠰᠦᠯᠢᠭ ᠢᠯᠡᠳᠭᠡᠨ᠂ ᠲᠡᠦᠬᠡᠨ ᠳᠡᠭᠡᠷᠡᠬᠢ ᠬᠤᠷᠴᠢᠨ᠎ᠤ ᠲᠠᠯ᠎ᠠ ᠨᠤᠲᠤᠭ ᠬᠢᠭᠡᠳ ᠵᠦᠩᠶᠤᠸᠠᠨ ᠣᠷᠣᠨ᠎ᠤ ᠠᠵᠤ ᠠᠬᠤᠢ ᠨᠡᠪᠲᠡᠷᠡᠯᠴᠡᠵᠤ᠂ ᠰᠣᠶᠣᠯ ᠠᠭᠤᠰᠤᠯᠴᠠᠭᠰᠠᠨ ᠦᠷᠨᠢᠭᠦᠨ ᠬᠥᠭ᠌ᠵᠢᠯᠲᠡ ᠵᠢ ᠱᠢᠭᠤᠳ ᠬᠠᠷᠠᠭᠤᠯᠤᠭᠰᠠᠨ ᠪᠠᠢᠳᠠᠭ᠃
《ᠪᠠᠷᠠᠭᠤᠨ ᠯᠢᠶᠣᠤᠾᠧ ᠵᠢᠨ ᠮᠠᠭ᠍ᠲᠠᠭᠠᠯ》᠂ 《ᠯᠦᠸᠧ ᠶᠠᠩ》᠂ 《ᠱᠤᠩᠬᠤᠷ᠎ᠤᠨ ᠳᠣᠮᠣᠭ》 ᠵᠡᠷᠭᠡ ᠮᠠᠰᠢ ᠠᠷᠪᠢᠨ ᠬᠤᠷᠴᠢᠨ ᠠᠷᠠᠳ᠎ᠤᠨ ᠳᠠᠭᠤᠣᠡᠷᠲᠡ ᠡᠳᠦᠭᠡ᠎ᠶ᠋ᠢᠨ ᠭᠠᠵᠠᠷ᠎ᠤᠨ ᠨᠡᠷ᠎ᠡ᠎ᠪᠠᠷ ᠰᠡᠳᠦᠪᠯᠡᠵᠦ᠍᠂ ᠠᠯᠲᠠᠢ ᠬᠠᠩᠭᠠᠢ᠂ ᠬᠢᠩᠭᠠᠨ ᠳᠠᠪᠠᠭ᠎ᠠ᠂ ᠯᠤᠤᠬ᠎ᠠ᠎ᠶ᠋ᠢᠨ ᠭᠤᠣᠯ ᠵᠡᠷᠭᠡ ᠠᠭᠤᠯᠠ ᠲᠠᠯ᠎ᠠ ᠭᠤᠤᠯ ᠮᠦᠷᠡᠨ᠎ᠢ ᠳᠤᠷᠠᠳᠴᠤ᠂ ᠬᠤᠷᠴᠢᠨ ᠠᠷᠠᠳ᠎ᠤᠨ ᠳᠠᠭᠤᠤ᠎ᠶ᠋ᠢᠨ ᠬᠤᠪᠢᠰᠤᠯᠲᠠ᠎ᠶ᠋ᠢᠨ ᠵᠠᠮ᠎ᠢ ᠳᠦᠷᠰᠦᠯᠡᠭᠰᠡᠨ ᠮᠦᠷᠲᠡᠭᠡᠨ ᠬᠤᠷᠴᠢᠨ᠎ᠤ ᠠᠷᠠᠳ᠎ᠤᠨ ᠳᠠᠭᠤᠤ᠎ᠶ᠋ᠢᠨ ᠴᠢᠩ ᠦᠨᠡᠨᠴᠢ ᠰᠡᠳᠭᠢᠯᠭᠡ᠂ ᠪᠦᠬᠦᠨ᠎ᠢ ᠪᠠᠭᠳᠠᠭᠠᠨ ᠬᠠᠳᠠᠭᠠᠯᠠᠭᠰᠠᠨ ᠰᠤᠶᠤᠯ᠎ᠤᠨ ᠴᠢᠨᠠᠷ᠎ᠢ ᠬᠠᠷᠠᠭᠤᠯᠵᠠᠢ᠃
ᠬᠠᠭᠤᠴᠢᠨ ᠲᠠᠭᠤᠤ ᠵᠢ ᠰᠢᠨᠡᠴᠢᠯᠡᠵᠤ ᠠᠮᠢᠵᠢᠷᠠᠯ᠎ᠤᠨ ᠭᠦᠴᠦᠨ ᠲᠠᠢ ᠪᠤᠯᠭᠠᠪᠠ
ᠬᠤᠷᠴᠢᠨᠠᠷᠠᠳᠤᠨ ᠳᠠᠭᠤᠤ᠎ᠶ᠋ᠢᠨ ᠬᠥᠭ᠌ᠵᠢᠯᠲᠡ᠎ᠶ᠋ᠢᠨ ᠤᠯᠪᠠᠭ᠎ᠠ ᠵᠢ ᠭᠤᠯᠳᠤ ᠪᠡᠷ ᠠᠵᠢᠭ᠍ᠯᠠᠪᠠᠯ᠂ ᠡᠨᠡ ᠬᠦ᠌ ᠡᠷᠲᠡᠨ᠎ᠤ ᠤᠷᠠᠯᠢᠭ ᠢᠮᠠᠭ᠍ᠲᠠ ᠴᠠᠭ ᠦᠶ᠎ᠡ᠎ᠶ᠋ᠢᠨ ᠠᠢᠵᠠᠮ᠎ᠢ ᠰᠠᠯᠤᠯ ᠦᠭᠡᠢ ᠳᠠᠭᠠᠵᠤ᠂ ᠴᠠᠭ ᠦᠶ᠎ᠡ᠎ᠶ᠋ᠢᠨ ᠤᠷᠤᠰᠭᠠᠯ ᠳᠤᠮᠳᠠ ᠳᠡᠰ ᠳᠡᠰ ᠵᠢᠡᠷ ᠬᠤᠪᠢᠰᠴᠤ ᠢᠷᠡᠭᠰᠡᠨ᠎ᠢ ᠤᠯᠵᠤ ᠮᠡᠳᠡᠨ᠎ᠡ᠃
ᠱᠢᠨ᠎ᠡ ᠳᠤᠮᠳᠠᠳᠤ ᠤᠯᠤᠰ ᠪᠠᠢᠭᠤᠯᠤᠭ᠍ᠳᠠᠭ᠍ᠰᠠᠨ᠎ᠤ ᠳᠠᠷᠠᠭ᠎ᠠ᠂ ᠬᠤᠷᠴᠢᠨᠠᠷᠠᠳᠤᠨ ᠳᠠᠭᠤᠤ ᠣᠷᠣᠨ ᠪᠦᠰᠡ ᠵᠢᠨ ᠵᠠᠭᠠᠭ ᠬᠢᠵᠠᠭᠠᠷ᠎ᠢ ᠳᠠᠪᠠᠭᠠᠳ᠂ ᠤᠷᠠᠯᠢᠭ ᠵᠢᠡᠷ ᠥᠭᠡᠷᠡᠴᠢᠯᠡᠨ ᠨᠠᠢᠷᠠᠭᠤᠯᠤᠭ᠍ᠰᠠᠨᠤ ᠳᠠᠷᠠᠭ᠎ᠠ ᠪᠥᠬᠦ᠌ ᠤᠯᠤᠰ᠎ᠲᠤ ᠠᠯᠳᠠᠷᠰᠢᠨ᠂ ᠦᠨᠳᠦᠰᠦᠲᠡᠨ᠎ᠤ ᠬᠠᠢᠷ᠎ᠠ ᠰᠡᠳᠭᠢᠯᠭᠡ᠎ᠶ᠋ᠢ ᠢᠯᠡᠳᠭᠡᠵᠦ᠂ ᠰᠣᠶᠣᠯ᠎ᠤᠨ ᠢᠲᠡᠭᠡᠯ᠎ᠢ ᠬᠠᠷᠠᠭᠤᠯᠤᠭᠰᠠᠨ ᠰᠣᠩᠭᠤᠳᠠᠭ ᠲᠡᠮᠳᠡᠭ ᠪᠣᠯᠤᠭ᠍ᠰᠠᠨ ᠪᠠᠢᠨ᠎ᠠ᠃
ᠲᠣᠮᠣ ᠬᠡᠯᠪᠡᠷᠢ᠎ᠶ᠋ᠢᠨ ᠪᠥᠵᠢᠭ᠎ᠳᠤ ᠲᠤᠤᠯᠢ 《ᠳᠣᠷᠣᠨ᠎ᠠ ᠵᠦᠭ ᠡᠴᠡ ᠲᠤᠶᠠᠭᠠᠷᠠᠨ᠎ᠠ》 ᠳ᠋ᠡᠬᠢ 《ᠮᠠᠭ᠍ᠲᠠᠭᠠᠯ ᠳᠠᠭᠤᠤ》 ᠵᠢ ᠬᠤ᠌ ᠰᠦᠩ ᠬᠤᠸᠠ 《ᠵᠢᠩᠶᠸᠷᠮᠡ》 ᠭᠡᠬᠦ᠌ ᠳᠠᠭᠤᠤ᠎ᠶ᠋ᠢ ᠥᠭᠡᠷᠡᠴᠢᠯᠡᠨ ᠨᠠᠢᠷᠠᠭᠤᠯᠵᠤ᠂ ᠬᠥᠭ ᠠᠶ᠎ᠠ ᠨᠢ ᠣᠷᠭᠢᠯᠤᠮ᠎ᠠ ᠬᠠᠯᠠᠭᠤᠨ᠂ ᠤᠮᠤᠭ ᠪᠠᠳᠠᠷᠠᠭᠤᠨ ᠪᠠᠢᠵᠤ᠂ ᠮᠣᠩᠭᠤᠯ ᠦᠨᠳᠦᠰᠦᠲᠡᠨ᠎ᠤ ᠠᠷᠠᠳ ᠲᠦᠮᠡᠨ᠎ᠤ ᠰᠢᠯᠤᠭᠤᠨ ᠠᠰᠪᠤᠷᠢ ᠵᠠᠩ ᠴᠢᠨᠠᠷ ᠪᠣᠯᠤᠨ ᠤᠯᠤᠰ᠎ᠢᠶᠠᠨ ᠬᠠᠢᠷᠠᠯᠠᠬᠤ ᠰᠡᠳᠭᠢᠯᠭᠡ᠎ᠶ᠋ᠢ ᠢᠯᠡᠷᠡᠭᠦᠯᠪᠡ; 《ᠲᠠᠯ᠎ᠠ ᠨᠤᠲᠤᠭ᠎ᠲᠤ ᠮᠥᠩᠬᠡ᠎ᠶ᠋ᠢᠨ ᠨᠠᠷᠠᠨ ᠮᠠᠨᠳᠤᠯ᠎ᠠ》 ᠭᠡᠬᠦ ᠳᠠᠭᠤᠤ ᠵᠢ ᠮᠡᠯᠴᠢᠭ ᠠᠷᠠᠳ᠎ᠤᠨ ᠳᠠᠭᠤᠤ 《ᠮᠸᠯᠢᠮᠠ》 ᠳ᠋ᠤ ᠲᠦᠱᠢᠭ᠌ᠯᠡᠨ ᠵᠤᠬᠢᠶᠠᠨ ᠪᠦᠲᠦᠭᠡᠵᠦ᠂ ᠠᠢᠵᠠᠮ ᠨᠢ ᠲᠠᠯ᠎ᠠ ᠰᠢᠬ ᠲᠡᠨᠢᠭᠡᠷ ᠠᠭᠤᠳᠠᠮ ᠪᠠᠢᠵᠤ᠂ ᠲᠠᠯ᠎ᠠ ᠨᠤᠲᠤᠭ᠎ᠤᠨ ᠦᠷᠭᠡᠨ ᠠᠭᠤᠳᠠᠮ ᠦᠵᠡᠰᠭᠦᠯᠡᠩ ᠰᠠᠢᠬᠠᠨ᠎ᠢ ᠳᠦᠷᠰᠦᠯᠡᠨ᠂ ᠥᠪᠥᠷ ᠮᠣᠩᠭᠤᠯ᠎ᠤᠨ ᠬᠥᠪᠡᠭᠦᠳ ᠥᠬᠢᠳ᠎ᠤᠨ ᠱᠢᠨ᠎ᠡ ᠳᠤᠮᠳᠠᠳᠤ ᠤᠯᠤᠰ ᠵᠢᠡᠨ ᠮᠠᠭ᠍ᠲᠠᠨ ᠳᠠᠭᠤᠯᠠᠭ᠍ᠰᠠᠨ ᠴᠢᠩ ᠦᠨᠡᠨᠴᠢ ᠰᠡᠳᠬᠢᠯ᠎ᠢ ᠢᠯᠡᠳᠭᠡᠪᠡ᠃ ᠡᠳᠡᠭᠡᠷ ᠥᠭᠡᠷᠡᠴᠢᠯᠡᠨ ᠨᠠᠢᠷᠠᠭᠤᠯᠤᠭ᠍ᠰᠠᠨ ᠰᠢᠯᠢᠳᠡᠭ ᠪᠦᠲᠦᠭᠡᠯ᠎ᠤᠳ ᠬᠣᠷᠴᠢᠨ ᠠᠷᠠᠳ᠎ᠤ᠋ᠨ ᠳᠠᠭᠤᠤ ᠵᠢ ᠬᠥᠮᠦᠰ᠎ᠦ᠋ᠨ ᠰᠡᠳᠭᠢᠯᠳ᠋ᠦ᠍ ᠨᠡᠩ ᠭᠦᠨ ᠬᠠᠲᠠᠩᠰᠢᠭᠤᠯᠵᠠᠢ᠃
20 ᠳ᠋ᠤᠭᠠᠷ ᠵᠠᠭᠤᠨ᠎ᠤ ᠨᠠᠶᠠᠭᠠᠳ ᠣᠨ᠎ᠤ ᠦᠶ᠎ᠡ᠎ᠳᠤ 《ᠮᠣᠩᠭᠤᠯ ᠠᠷᠠᠳ᠎ᠤᠨ ᠳᠠᠭᠤᠤ ᠮᠢᠩᠭᠠᠨ ᠪᠠᠳᠠᠭ》 ᠬᠡᠪᠯᠡᠭᠳᠡᠵᠦ᠂ ᠬᠠᠭᠠᠰ ᠱᠢᠬᠠᠮ ᠬᠡᠰᠡᠭ᠎ᠨᠢ ᠬᠤᠷᠴᠢᠨ᠎ᠤ ᠦᠯᠢᠭᠡᠷ᠎ᠲᠤ ᠠᠷᠠᠳ᠎ᠤᠨ ᠳᠠᠭᠤᠤ ᠪᠠᠢᠵᠤ᠂ ᠣᠲᠣ ᠪᠣᠯᠲᠠᠯ᠎ᠠ 800 ᠭᠠᠷᠤᠶ ᠳᠠᠭᠤᠤ ᠵᠢ ᠡᠮᠬᠢᠳᠭᠡᠨ ᠬᠠᠳᠠᠭᠠᠯᠠᠵᠤ᠂ ᠰᠣᠶᠣᠯ᠎ᠤᠨ ᠤᠯᠠᠮᠵᠢᠯᠠᠯᠳᠤ ᠬᠤᠪᠣᠷ ᠨᠠᠨᠳᠢᠨ ᠲᠡᠦᠬᠡ᠎ᠶ᠋ᠢᠨ ᠮᠠᠲ᠋ᠧᠷᠢᠶᠠᠯ ᠦᠯᠡᠳᠡᠭᠡᠭ᠌ᠰᠡᠨ ᠪᠠᠢᠨ᠎ᠠ᠃
ᠳᠠᠮᠵᠢᠭᠤᠯᠭ᠎ᠠ᠎ᠶ᠋ᠢᠨ ᠠᠷᠭ᠎ᠠ ᠵᠠᠮ᠎ᠤᠨ ᠥᠷᠭᠡᠳᠬᠦ᠌᠎ᠶ᠋ᠢ ᠳᠠᠭᠠᠯᠳᠤᠨ᠂ ᠲᠥᠪ ᠲᠧᠯᠸᠢᠰ᠎ᠤᠨ 《ᠠᠷᠠᠳ᠎ᠤᠨ ᠳᠠᠭᠤᠤ·ᠳᠤᠮᠳᠠᠳᠤ ᠤᠯᠤᠰ》 ᠲᠤᠰᠭᠠᠶ ᠰᠡᠳᠦᠪᠲᠦ ᠨᠡᠪᠲᠡᠷᠡᠭᠦᠯᠭᠡ᠂ ᠣᠯᠠᠨ ᠤᠯᠤᠰ᠎ᠤᠨ ᠰᠣᠶᠣᠯ᠎ᠤᠨ ᠰᠣᠯᠢᠯᠴᠠᠭᠠᠨ᠎ᠤ ᠲᠣᠭ᠍ᠯᠠᠯᠲᠠ ᠵᠡᠷᠭᠡ ᠲᠠᠪᠴᠠᠩᠵᠢᠡᠷ ᠳᠠᠮᠵᠢᠨ᠂ ᠬᠤᠷᠴᠢᠨ ᠠᠷᠠᠳ᠎ᠤᠨ ᠳᠠᠭᠤᠤᠥᠪᠥᠷ ᠮᠣᠩᠭᠤᠯ᠎ᠠᠴᠠ ᠪᠠᠨ ᠳᠡᠯᠡᠬᠡᠶ ᠵᠢ ᠵᠤᠷᠢᠨ᠂ ᠦᠨᠳᠦᠰᠦᠲᠡᠨ᠎ᠤ ᠳᠠᠭᠤᠤ ᠬᠥᠭ᠌ᠵᠢᠮ᠎ᠤᠨ ᠥᠪᠡᠷᠮᠢᠴᠡ ᠷᠢᠳᠢ ᠱᠢᠳᠢ᠎ᠶ᠋ᠢ ᠢᠯᠡᠷᠡᠭᠦᠯᠵᠡᠢ᠃
ᠣᠳᠣ ᠦᠶ᠎ᠡ᠎ᠳᠤ ᠬᠦᠷᠴᠦ ᠢᠷᠡᠭᠡᠳ᠂ᠰᠡᠴᠡᠨᠭᠡᠷᠡᠯ᠂ ᠠᠨᠳᠠ ᠬᠠᠮᠲᠤᠯᠢᠭ᠂ ᠨᠠᠢᠷ ᠬᠠᠮᠲᠤᠯᠢᠭ ᠵᠡᠷᠭᠡ ᠳᠠᠭᠤᠴᠢᠨ ᠬᠥᠭ᠌ᠵᠢᠮᠴᠢᠨ ᠤᠷᠤᠰᠬᠠᠯ᠂ ᠷᠤᠺ᠂ ᠡᠯᠸᠺᠲ᠋ᠷᠤᠨ ᠬᠦᠭᠵᠢᠮ ᠵᠡᠷᠭᠡ ᠣᠳᠣ ᠦᠶ᠎ᠡ᠎ᠶ᠋ᠢᠨ ᠬᠡᠯᠪᠡᠷᠢ᠎ᠵᠢ ᠠᠰᠢᠬᠯᠠᠨ᠂ ᠰᠢᠨ᠎ᠡ ᠵᠢ ᠡᠭᠦᠳᠦᠨ ᠨᠠᠢᠷᠠᠭᠤᠯᠪᠠ; ᠤᠯᠠᠭᠠᠨᠳᠤᠶᠠᠭ᠎ᠠ ᠵᠢᠨ ᠱᠢᠨᠡᠴᠢᠯᠡᠨ ᠨᠠᠢᠷᠠᠭᠤᠯᠤᠭ᠍ᠰᠠᠨ 《ᠱ᠌ᠢ ᠲᠸᠦ ᠭᠡ ᠭᠡ》 ᠵᠡᠷᠭᠡ ᠠᠷᠠᠳ᠎ᠤᠨ ᠳᠠᠭᠤᠤ ᠰᠦᠯᠵᠢᠶ᠎ᠡ᠂ ᠠᠭᠤᠳᠠᠮ ᠲᠠᠯᠠᠪᠠᠶ᠎ᠶ᠋ᠢᠨ ᠪᠥᠵᠢᠭ ᠵᠡᠷᠭᠡ ᠣᠯᠠᠨ ᠡᠱᠢᠲᠦ ᠬᠡᠯᠪᠡᠷᠢ᠎ᠵᠢᠨ ᠳᠠᠮᠵᠢᠭᠤᠯᠭ᠎ᠠ᠎ᠳᠤ ᠲᠦᠰᠢᠭᠯᠡᠨ᠂ ᠬᠤᠷᠴᠢᠨ ᠠᠷᠠᠳ᠎ᠤᠨ ᠳᠠᠭᠤᠤ᠎ᠶ᠋ᠢ ᠵᠠᠯᠠᠭᠤᠴᠤᠳ᠎ᠲᠤ ᠤᠢᠷᠠᠳᠤᠭᠤᠯᠤᠭᠰᠠᠨ ᠪᠠᠢᠨ᠎ᠠ᠃ ᠰᠢᠨ᠎ᠡ ᠵᠢ ᠡᠭᠦᠳᠦᠭᠰᠡᠨ ᠪᠦᠲᠦᠭᠡᠯ 《ᠬᠠᠢ ᠯᠢ ᠬᠠᠢ ᠳ᠋ᠠᠨ》 ᠭᠡᠬᠦ ᠬᠤᠷᠴᠢᠨ᠎ᠤ ᠦᠯᠢᠭᠡᠷ᠎ᠲᠤ ᠠᠷᠠᠳ᠎ᠤᠨ ᠳᠠᠭᠤᠤ᠎ᠳᠤ ᠣᠲᠣ ᠦᠶ᠎ᠡ᠎ᠶ᠋ᠢᠨ ᠬᠥᠭ᠌ᠵᠢᠮ ᠪᠠ ᠳᠡᠯᠡᠬᠡᠶ᠎ᠶ᠋ᠢᠨ ᠬᠥᠭ᠌ᠵᠢᠮ᠎ᠤᠨ ᠡᠯᠧᠮᠧᠨ᠋ᠲ᠎ᠢ ᠤᠷᠣᠭᠤᠯᠵᠤ᠂ ᠰᠣᠶᠣᠯ ᠠᠯᠤᠰᠯᠠᠭᠰᠠᠨ ᠳᠠᠭᠤᠤ ᠬᠥᠭ᠌ᠵᠢᠮ᠎ᠤᠨ ᠵᠣᠬᠢᠶᠠᠨ ᠪᠦᠲᠦᠭᠡᠯᠭᠡ᠎ᠶ᠋ᠢᠨ ᠥᠯᠢᠭᠡᠷ ᠵᠢᠱ᠌ᠢᠶ᠎ᠡ ᠪᠣᠯᠵᠠᠢ ᠁ ᠠᠯᠢ ᠣᠯᠠᠨ ᠠᠮᠢᠳᠤᠯᠢᠭ ᠵᠢᠱ᠌ᠢᠶᠡᠬᠤᠷᠴᠢᠨ ᠠᠷᠠᠳ᠎ᠤᠨ ᠳᠠᠭᠤᠤ ᠵᠢᠨ ᠴᠠᠭ ᠦᠶ᠎ᠡ᠎ᠲᠠᠢ ᠵᠡᠷᠭᠡ᠎ᠪᠠᠷ ᠤᠷᠤᠭ᠍ᠰᠢᠯᠠᠭᠰᠠᠨ ᠠᠮᠢᠵᠢᠷᠠᠯ᠎ᠤᠨ ᠬᠦᠴᠦᠨ᠎ᠢ ᠬᠠᠷᠠᠭᠤᠯᠵᠠᠢ᠃

ᠬᠣᠣᠯᠢᠨᠭᠭᠣᠣᠯ ᠬᠣᠲᠠ᠎ᠶᠢᠨ ᠰᠣᠶᠣᠯ᠎ᠤ᠋ᠨ ᠣᠷᠳᠣᠨ ᠪᠤᠯᠤᠨ ᠯᠦᠸᠧᠶᠠᠩ᠎ᠤᠨ ᠦᠨᠳᠦᠰᠦᠲᠡᠨ᠎ᠦ᠌ ᠵᠠᠩ ᠦᠢᠯᠡ᠎ᠶᠢᠨ ᠮᠦᠽᠧᠢ ᠪᠣᠳᠠᠰ᠎ᠤ᠋ᠨ ᠪᠤᠰᠤ ᠰᠣᠶᠣᠯ᠎ᠤ᠋ᠨ ᠥᠪ᠎ᠦ᠋ᠨ ᠰᠣᠯᠢᠯᠴᠠᠭ᠎ᠠ ᠬᠢᠵᠤ ᠪᠤᠢ
ᠭᠦᠸᠧ ᠬᠤᠩ ᠲᠤᠤ ᠰᠡᠭᠦᠳᠡᠷᠯᠡᠪᠡ
ᠤᠯᠠᠨ ᠲᠠᠯ᠎ᠠ ᠪᠡᠷ ᠬᠦᠴᠦᠯᠡᠵᠤ ᠤᠯᠠᠮᠵᠢᠯᠠᠨ ᠵᠠᠯᠭᠠᠮᠵᠢᠯᠠᠬᠤ ᠵᠢ ᠠᠭᠢᠭᠤᠯᠪᠠ
ᠬᠤᠤᠯᠢᠨᠭᠭᠤᠤᠯ ᠬᠤᠲᠠ᠎ᠶ᠋ᠢᠨ ᠰᠣᠶᠣᠯ᠎ᠤᠨ ᠣᠷᠳᠣᠨ᠎ᠤ ᠬᠤᠷᠴᠢᠨ ᠠᠷᠠᠳ᠎ᠤᠨ ᠳᠠᠭᠤᠤ᠎ᠶ᠋ᠢ ᠤᠯᠠᠮᠵᠢᠯᠠᠬᠤ ᠰᠠᠭᠤᠷᠢᠨ᠎ᠳᠤ ᠬᠦᠷᠬᠦ᠌᠎ᠳᠤ᠂ ᠪᠣᠳᠠᠰ᠎ᠤᠨ ᠪᠤᠰᠤ ᠰᠣᠶᠣᠯ᠎ᠤᠨ ᠥᠪ ᠪᠤᠯᠬᠤ ᠬᠤᠷᠴᠢᠨ ᠠᠷᠠᠳ᠎ᠤᠨ ᠳᠠᠭᠤᠤ᠎ᠶ᠋ᠢᠨ ᠥᠪᠡᠷᠲᠡᠭᠡᠨ ᠵᠠᠰᠠᠬᠤ ᠣᠷᠣᠨ᠎ᠤ ᠲᠡᠰ᠎ᠤᠨ ᠲᠥᠯᠥᠭᠡᠯᠡᠬᠦ᠌ ᠴᠢᠨᠠᠷᠲᠠᠶ ᠤᠯᠠᠮᠵᠢᠯᠠᠭ᠍ᠴᠢ ᠪᠠᠶᠠᠷ ᠬᠤᠷᠴᠢᠨ ᠠᠷᠠᠳ᠎ᠤᠨ ᠳᠠᠭᠤᠤ ᠵᠢᠨ ᠪᠠᠬᠠᠲᠠᠳ᠎ᠲᠤ ᠬᠤᠷᠴᠢᠨ ᠠᠷᠠᠳ᠎ᠤᠨ ᠳᠠᠭᠤᠤ᠎ᠶ᠋ᠢᠨ ᠤᠷᠠᠯᠢᠭ᠎ᠤᠨ ᠣᠨᠴᠠᠯᠢᠭ᠎ᠢ ᠲᠠᠢᠯᠪᠤᠷᠢᠯᠠᠨ ᠥᠭ᠌ᠴᠦ ᠪᠠᠢᠯ᠎ᠠ᠃
ᠡᠨᠡ ᠵᠢᠯ 63 ᠨᠠᠰᠤᠲᠠᠶ ᠪᠠᠶᠠᠷᠬᠤᠷᠴᠢᠨ ᠠᠷᠠᠳ᠎ᠤᠨ ᠳᠠᠭᠤᠤᠯᠤᠭᠠ ᠵᠢᠨ ᠬᠠᠭᠠᠰ ᠨᠠᠰᠤᠨ᠎ᠤ ᠬᠤᠪᠢ ᠪᠠᠷᠢᠯᠳᠤᠯᠭ᠎ᠠ ᠪᠠᠨ ᠤᠮᠤᠭᠰᠢᠯ ᠪᠠᠬᠠᠳᠤᠯ ᠲᠠᠢ ᠶᠠᠷᠢᠨ᠎ᠠ᠃
ᠪᠠᠶᠠᠷ ᠬᠠᠷᠠᠬᠠᠨ ᠪᠠᠭ᠎ᠠ ᠡᠴᠡ ᠪᠠᠨ ᠬᠣᠷᠴᠢᠨ ᠠᠷᠠᠳ᠎ᠤ᠋ᠨ ᠳᠠᠭᠤᠤ ᠵᠢᠨ ᠢᠷᠡᠭᠤ ᠡᠭᠡᠱᠢᠭ ᠲᠦ᠍ ᠪᠦᠪᠡᠢᠯᠡᠭᠳᠡᠨ ᠦᠰᠴᠡᠢ᠃ ᠲᠡᠷᠡ ᠦᠷᠭᠦᠯᠵᠢ ᠬᠢᠴᠢᠶᠡᠯ᠎ᠦ᠋ᠨ ᠴᠢᠯᠥᠭᠡ ᠵᠡᠪ ᠵᠢᠡᠷ ᠵᠢᠡᠨ ᠰᠡᠪ ᠰᠡᠮᠡᠬᠡᠷ ᠭᠠᠴᠠᠭᠠᠨ᠎ᠤ ᠪᠠᠨ ᠰᠣᠶᠣᠯ᠎ᠤ᠋ᠨ ᠬᠥᠳᠡᠯᠭᠡᠭᠡᠨᠦ᠌ ᠲᠠᠰᠤᠭ᠎ᠲᠤ ᠬᠦᠷᠴᠦ᠂ ᠱᠢᠩᠭᠡᠭᠡᠬᠦ᠌ ᠮᠠᠱᠢᠨᠵᠢᠡᠷ ᠬᠣᠷᠴᠢᠨ ᠠᠷᠠᠳ᠎ᠤ᠋ᠨ ᠳᠠᠭᠤᠤ ᠵᠢ ᠳᠠᠬᠢᠨ ᠳᠠᠪᠲᠠᠨ ᠰᠤᠨᠤᠰᠴᠤ ᠪᠠᠢᠵᠠᠢ᠃ ᠢᠩᠬᠢᠭᠡᠳ ᠲᠡᠷᠡ ᠦᠶ᠎ᠡ ᠡᠴᠡ ᠬᠤᠷᠴᠢᠠ ᠠᠷᠠᠳ᠎ᠤᠨ ᠳᠠᠭᠤᠤ ᠵᠢᠨ ᠢᠷᠠᠭᠤ ᠠᠶᠠᠰᠲᠤ ᠲᠠᠲᠠᠭᠳᠠᠨ᠂ ᠳᠤᠷ᠎ᠠ ᠰᠤᠨᠢᠷᠬᠠᠯ ᠲᠠᠢ ᠪᠤᠯᠤᠭᠰᠠᠨ ᠪᠠᠢᠨ᠎ᠠ᠃
1997 ᠤᠨ᠎ᠳᠤ᠂ ᠪᠠᠶᠠᠷ ᠬᠤᠤᠯᠢᠨᠭᠭᠤᠤᠯ ᠬᠤᠲᠠ᠎ᠶ᠋ᠢᠨ ᠶᠤᠸᠠᠨ ᠶᠤᠸᠠᠨ ᠡᠨᠧᠷᠭᠢ᠎ᠶ᠋ᠢᠨ ᠪᠦᠯᠦᠭ᠌ᠯᠡᠯ᠎ᠳᠤ ᠠᠵᠢᠯ᠎ᠤᠨ ᠭᠠᠷᠤᠭ᠎ᠠ ᠪᠠᠨ ᠠᠪᠴᠤ ᠠᠵᠢᠯᠴᠢᠨ ᠪᠣᠯᠪᠠ᠃ ᠠᠵᠢᠯ ᠶᠠᠭᠠᠷᠠᠤ ᠪᠤᠯᠪᠠᠴᠤ ᠲᠡᠷᠡ ᠳᠤᠷ᠎ᠠ ᠰᠤᠨᠢᠷᠬᠠᠯ ᠵᠢᠡᠨ ᠬᠠᠶᠠᠭᠰᠠᠨ ᠦᠭᠡᠢ᠃ ᠡᠳᠦᠷ᠎ᠦᠨ ᠠᠵᠢᠯ᠎ᠢᠶᠠᠨ ᠳᠠᠭᠤᠰᠭᠠᠭ᠍ᠰᠠᠨ᠎ᠤ ᠳᠠᠷᠠᠭ᠎ᠠ ᠬᠢᠲ᠋ᠡᠷ ᠨᠢ ᠪᠠᠶᠠᠷ᠎ᠤᠨ ᠬᠠᠮᠤᠭ᠎ᠤᠨ ᠳᠣᠲᠣᠨᠣ ᠬᠠᠨᠢ ᠪᠣᠯᠵᠤ ᠶᠠᠳᠠᠷᠠᠭ᠎ᠠ ᠴᠢᠯᠡᠭᠡ ᠵᠢ ᠨᠢ ᠲᠠᠢᠯᠳᠠᠭ ᠪᠠᠢᠯ᠎ᠠ᠃ ᠰᠤᠯᠠ ᠰᠡᠯᠡᠭᠦᠦ ᠴᠠᠭ᠎ᠲᠠᠭᠠᠨ ᠲᠡᠷᠡ ᠤᠯᠠᠮᠵᠢᠯᠠᠯᠲᠤ ᠬᠤᠷᠴᠢᠨ ᠠᠷᠠᠳ᠎ᠤᠨ ᠳᠠᠭᠤᠤ᠎ᠶ᠋ᠢ ᠲᠠᠬᠢᠨ ᠳᠠᠪᠲᠠᠨ ᠰᠤᠳᠤᠯᠤᠨ ᠰᠤᠷᠤᠯᠴᠠᠵᠤ᠂ ᠤᠯᠠᠮᠵᠢᠯᠠᠯᠲᠤ ᠬᠦᠭ ᠠᠶ᠎ᠠ ᠪᠠ ᠠᠶ᠎ᠠ ᠨᠠᠢᠷᠠᠭᠤᠯᠬᠤ ᠪᠦᠲᠦᠴᠡ ᠵᠢ ᠰᠤᠳᠤᠯᠬᠤ ᠪᠠᠷ ᠴᠢᠷᠮᠠᠢᠵᠤ᠂ ᠬᠤᠷᠴᠢᠨ᠎ᠤ ᠦᠯᠢᠭᠡᠷ᠎ᠲᠤ ᠠᠷᠠᠳ᠎ᠤᠨ ᠳᠠᠭᠤᠤ 《ᠨᠤᠭᠤᠨᠵᠠᠶᠠᠭ᠎ᠠ》 ᠶ᠋ᠢᠨ ᠠᠢᠵᠠᠮ᠎ᠢ ᠨᠢ ᠥᠭᠡᠷᠡᠴᠢᠯᠡᠨ ᠨᠠᠢᠷᠠᠭᠤᠯᠵᠤ᠂ ᠤᠯᠠᠮᠵᠢᠯᠠᠯᠲᠤ ᠬᠤᠷᠴᠢᠨ ᠠᠷᠠᠳ᠎ᠤᠨ ᠳᠠᠭᠤᠤ᠎ᠶ᠋ᠢ ᠣᠳᠣᠬᠢᠴᠢᠯᠠᠵᠤᠳᠡᠯᠭᠡᠷᠡᠭᠦᠯᠬᠦ᠌ ᠠᠷᠭ᠎ᠠ ᠵᠠᠮ᠎ᠢ ᠰᠦᠪᠡᠭ᠌ᠴᠢᠯᠡᠪᠡ᠃
ᠣᠯᠠᠨ ᠵᠢᠯᠰᠤᠳᠤᠯᠵᠤ ᠰᠦᠪᠡᠭᠴᠢᠯᠡᠬᠦ ᠪᠡᠷ ᠳᠠᠮᠵᠢᠨ᠂ ᠪᠠᠶᠠᠷ ᠳᠠᠭᠤᠯᠠᠬᠤ ᠪᠠ ᠥᠭᠡᠷᠡᠴᠢᠯᠡᠨ ᠨᠠᠢᠷᠠᠭᠤᠯᠬᠤ ᠲᠠᠯ᠎ᠠ ᠪᠡᠷ ᠦᠪᠡᠷᠮᠢᠴᠡ ᠬᠡᠪ ᠨᠠᠮᠪᠠ ᠲᠠᠢ ᠪᠤᠯᠵᠠᠢ᠃ ᠲᠡᠷᠡ ᠨᠢᠭᠡ ᠤᠳᠠᠭᠠᠨ᠎ᠤ ᠵᠠᠯᠠᠭᠤ ᠳᠠᠭᠤᠴᠢᠨᠤ ᠤᠷᠤᠯᠳᠤᠭᠠᠨ᠎ᠳᠤ ᠤᠷᠤᠯᠴᠠᠨ᠂ ᠤᠯᠠᠮᠵᠢᠯᠠᠯᠲᠤ ᠬᠣᠷᠴᠢᠨ ᠠᠷᠠᠳ᠎ᠤ᠋ᠨ ᠳᠠᠭᠤᠤ᠎ᠳᠤ ᠷᠤᠺ᠎ᠤᠨ ᠠᠶ᠎ᠠ ᠨᠠᠢᠷᠠᠭᠤᠯᠬᠤ ᠬᠡᠪ ᠨᠠᠮᠪᠠ᠎ᠶᠢ ᠠᠭᠤᠰᠬᠠᠨ ᠳᠠᠭᠤᠯᠠᠭᠠᠳ᠂ ᠤᠷᠤᠯᠳᠤᠭᠠᠨ᠎ᠤ᠋ ᠬᠠᠮᠤᠭ᠎ᠤ᠋ᠨ ᠱᠢᠯᠢᠳᠡᠭ ᠤᠤᠭᠠᠯ ᠪᠦᠲᠦᠭᠡᠯ᠎ᠤᠨ ᠱᠠᠩᠨᠠᠯᠢ᠋ ᠬᠦᠷᠲᠡᠵᠡᠢ᠃
ᠲᠤᠰ ᠤᠳᠠᠭᠠᠨ᠎ᠤ ᠱᠠᠩᠨᠠᠯ᠎ᠢ ᠭᠥᠷᠳᠡᠭᠡᠳ᠂ ᠪᠠᠶᠠᠷ ᠥᠪᠡᠷ᠎ᠤᠨ ᠤᠯᠠᠮᠵᠢᠯᠠᠬᠤ ᠣᠢᠯᠠᠭᠠᠭ᠍ᠳᠠᠬᠤᠨ᠎ᠤ ᠪᠠᠨ ᠲᠤᠬᠠᠢ ᠨᠡᠩ ᠲᠤᠳᠤᠷᠬᠠᠢ ᠲᠠᠨᠢᠯᠲᠠ᠎ᠲᠠᠢ ᠪᠤᠯᠪᠠ᠃ 《ᠤᠯᠠᠮᠵᠢᠯᠠᠬᠤ ᠨᠢ ᠬᠠᠭᠤᠯᠪᠤᠷᠢᠯᠠᠵᠤ ᠪᠠᠢᠬᠤ ᠪᠢᠰᠢ᠂ ᠬᠠᠷᠢᠨ ᠬᠠᠭᠤᠴᠢᠨ ᠬᠥᠭ᠌ᠵᠢᠮ᠎ᠢ ᠱᠢᠨ᠎ᠡ ᠠᠮᠢᠵᠢᠷᠠᠯ᠎ᠤᠨ ᠭᠦᠴᠦᠨ ᠲᠠᠢ ᠪᠤᠯᠭᠠᠬᠤ᠎ᠳᠤ ᠪᠤᠢ》᠃ ᠣᠳᠣ ᠪᠣᠯᠲᠠᠯ᠎ᠠ ᠲᠡᠷᠡ ᠡᠨᠡ ᠬᠦ᠌ ᠤᠢᠯᠠᠭᠠᠭᠳᠠᠬᠤᠨ ᠵᠢᠡᠨ ᠪᠠᠷᠢᠮᠳᠠᠯᠠᠭᠠᠳ᠂ ᠰᠤᠷᠤᠭ᠍ᠴᠢ᠎ᠳᠤ ᠵᠢᠭᠠᠵᠤ᠂ ᠨᠢᠭᠡ ᠰᠡᠳᠭᠢᠯ᠎ᠢᠶᠡᠷ ᠵᠣᠬᠢᠶᠠᠨ ᠪᠥᠲᠥᠭᠡᠭᠰᠡᠨ ᠪᠠᠢᠨ᠎ᠠ᠃
ᠤᠷᠠᠯᠢᠭ᠍ᠴᠢᠳ᠎ᠤᠨ ᠬᠤᠪᠢ ᠬᠥᠮᠦᠨ᠎ᠤ ᠴᠤᠴᠠᠰᠢ ᠦᠭᠡᠢ ᠴᠢᠷᠮᠠᠢᠯᠠᠭᠠ ᠡᠴᠡ ᠭᠠᠳᠠᠨ᠎ᠠ᠂ ᠣᠢᠷ᠎ᠠ᠎ᠶ᠋ᠢᠨ ᠵᠢᠯ᠎ᠠᠴᠠ ᠨᠠᠭᠠᠰᠢ ᠲᠦᠩᠯᠢᠶᠣᠤ ᠬᠤᠲᠠ᠂ ᠬᠤᠤᠯᠢᠨᠭᠭᠤᠤᠯ ᠬᠤᠲᠠ ᠬᠤᠶᠠᠷ ᠱᠠᠲᠤᠨ᠎ᠤ ᠰᠣᠶᠣᠯ ᠵᠢᠭᠤᠯᠴᠢᠯᠠᠯ᠎ᠤᠨ ᠰᠠᠯᠠᠭ᠎ᠠ ᠮᠥᠴᠢᠷ᠎ᠤᠨ ᠭᠢᠨ ᠵᠠᠰᠠᠭ᠎ᠤᠨ ᠣᠷᠳᠣᠨ᠎ᠤ ᠵᠢᠯᠤᠭᠤᠳᠤᠯᠭ᠎ᠠ ᠪᠡᠷ ᠭᠤᠤᠯᠳᠠᠭᠤᠯᠬᠤ᠂ ᠲᠠᠯᠠᠪᠤᠷ ᠣᠷᠳᠣᠨ᠎ᠤ ᠲᠠᠨᠢᠯᠴᠠᠭᠤᠯᠭ᠎ᠠ ᠪᠡᠷ ᠭᠤᠤᠯᠳᠠᠭᠤᠯᠬᠤ᠂ ᠰᠤᠷᠭᠠᠭᠤᠯᠢ ᠪᠠ ᠣᠷᠣᠨ ᠨᠤᠲᠤᠭ ᠬᠤᠯᠪᠣᠭᠠᠯᠠᠨ ᠬᠥᠳᠡᠯᠦᠯᠴᠡᠭ᠌ᠦ᠂ ᠵᠠᠬ᠎ᠠ ᠳᠡᠯᠭᠡᠭᠦᠷ ᠬᠦᠴᠦ ᠨᠡᠮᠡᠷᠢᠯᠡᠬᠦ ᠂ ᠣᠯᠠᠨ ᠡᠱᠢᠴᠢᠯᠡᠨ ᠤᠯᠠᠮᠵᠢᠯᠠᠬᠤ ᠪᠣᠰᠤᠭ᠎ᠠ ᠴᠣᠭ᠍ᠴᠠᠲᠤ ᠪᠣᠳᠠᠰ᠎ᠤᠨ ᠪᠤᠰᠤ ᠰᠣᠶᠣᠯ᠎ᠤᠨ ᠥᠪ᠎ᠢ ᠬᠠᠮᠠᠭᠠᠯᠠᠬᠤ ᠱᠢᠰᠲ᠋ᠧᠮ᠎ᠢ ᠪᠠᠢᠭᠤᠯᠵᠤ᠂ ᠬᠤᠷᠴᠢᠨ ᠠᠷᠠᠳ᠎ᠤᠨ ᠳᠠᠭᠤᠤ᠎ᠶ᠋ᠢ ᠤᠯᠠᠮᠵᠢᠯᠠᠬᠤ ᠪᠠ ᠱᠢᠨ᠎ᠡ᠎ᠶ᠋ᠢ ᠡᠭᠦᠳᠦᠨ ᠬᠥᠭ᠌ᠵᠢᠭᠦᠯᠬᠦ᠎ᠶ᠋ᠢ ᠪᠥᠬᠦ᠌ ᠲᠠᠯ᠎ᠠ᠎ᠪᠠᠷ ᠠᠬᠢᠭᠤᠯᠪᠠ᠃
ᠥᠪᠥᠷ ᠮᠣᠩᠭᠤᠯ᠎ᠤᠨ ᠤᠷᠠᠯᠢᠭ᠎ᠤᠨ ᠳᠡᠭᠡᠳᠦ ᠰᠤᠷᠭᠠᠭᠤᠯᠢ ᠬᠤᠷᠴᠢᠨ ᠲᠤᠤᠯᠢ᠎ᠶ᠋ᠢ ᠤᠯᠠᠮᠵᠢᠯᠠᠬᠤ ᠥᠷᠲᠡᠭᠡ ᠪᠠᠢᠭᠤᠯᠵᠤ᠂ ᠴᠠᠭᠠᠨ ᠬᠠᠮᠲᠤᠯᠢᠬ᠂ ᠱᠤᠩᠬᠤᠷ ᠬᠠᠮᠲᠤᠯᠢᠭ ᠵᠡᠷᠭᠡ ᠤᠷᠠᠯᠢᠭ᠎ᠤᠨ ᠪᠦᠯᠬᠦᠮ᠎ᠢ ᠬᠦᠮᠦᠵᠢᠭᠦᠯᠵᠡᠢ᠃ ᠡᠳᠡᠭᠡᠷ ᠱᠢᠨ᠎ᠡ ᠬᠦᠴᠦᠨ ᠴᠤᠭᠤᠷ᠂ ᠲᠣᠪᠱᠢᠭᠤᠷ᠂ ᠳᠥᠷᠪᠡᠨ ᠤᠲᠠᠰᠤᠲᠤ ᠬᠤᠭᠤᠷ᠂ ᠮᠣᠷᠢᠨ ᠬᠤᠭᠤᠷ ᠪᠠ ᠪᠦᠮᠪᠦᠷᠢ ᠨᠡᠢᠯᠡᠭᠦᠯᠦᠨ᠂ ᠤᠯᠠᠮᠵᠢᠯᠠᠯᠲᠤ ᠬᠤᠷᠴᠢᠨ ᠠᠷᠠᠳ᠎ᠤᠨ ᠳᠠᠭᠤᠤ ᠬᠢᠭᠡᠳ ᠳᠡᠯᠡᠬᠡᠢ᠎ᠶ᠋ᠢᠨ ᠬᠥᠭ᠌ᠵᠢᠮ᠂ ᠤᠳᠤ ᠦᠶ᠎ᠡ᠎ᠶ᠋ᠢᠨ ᠤᠷᠤᠰᠬᠠᠯ ᠬᠥᠭ᠌ᠵᠢᠮ᠎ᠢ ᠤᠶᠠᠯᠳᠤᠭᠤᠯᠵᠤ᠂ ᠳᠡᠰ ᠳᠠᠪᠬᠤᠷᠭ᠎ᠠ ᠪᠠᠶᠠᠯᠢᠭ ᠬᠠᠷᠠᠭ᠎ᠠ ᠰᠤᠨᠤᠷ᠎ᠢ ᠪᠠᠶᠠᠰᠬᠠᠬᠤ ᠳᠠᠭᠤᠤ ᠬᠦᠭᠵᠢᠮ᠎ᠢ ᠨᠠᠢᠷᠠᠭᠤᠯᠤᠨ ᠵᠤᠬᠢᠶᠠᠭᠰᠠᠨ ᠪᠠᠢᠨ᠎ᠠ᠃ ᠱᠤᠩᠬᠤᠷ ᠬᠠᠮᠲᠤᠯᠢᠭ᠎ᠤᠨ ᠥᠭᠡᠷᠡᠴᠢᠯᠡᠨ ᠨᠠᠢᠷᠠᠭᠤᠯᠤᠭᠰᠠᠨ《ᠲᠠᠨᠬᠤᠸᠠᠷ》 ᠨᠠᠢᠷᠠᠯ ᠳᠠᠭᠤᠤ ᠪᠡᠷ ᠡᠬᠢᠯᠡᠨ᠂ ᠦᠨᠳᠦᠰᠦᠲᠡᠨ᠎ᠤ ᠬᠦᠭ᠌ᠵᠢᠮ᠎ᠤᠨ ᠵᠢᠮᠰᠡᠭ᠎ᠢ ᠵᠤᠬᠢᠴᠠᠭᠤᠯᠤᠨ ᠬᠦᠭᠵᠢᠮᠳᠡᠵᠦ᠂ ᠬᠥᠬᠡᠮᠡᠢ ᠵᠢᠨ ᠬᠡᠯᠡᠵᠦ ᠳᠠᠭᠤᠯᠠᠬᠤ ᠵᠢ ᠤᠷᠤᠭᠤᠯᠤᠨ᠂ ᠤᠯᠠᠮᠵᠢᠯᠠᠯᠲᠤ ᠬᠤᠷᠴᠢᠨ ᠠᠷᠠᠳ᠎ᠤᠨ ᠳᠠᠭᠤᠤ᠎ᠵᠢ ᠴᠣ ᠱᠢᠨ᠎ᠡ ᠦᠩᠭᠡ ᠭᠡᠷᠡᠯ ᠲᠠᠢ ᠪᠤᠯᠭᠠᠵᠠᠢ᠃ 2025 ᠣᠨ᠎ᠳᠤ 《ᠪᠠᠷᠠᠭᠤᠨ ᠯᠢᠶᠣᠤᠾᠧ ᠭᠤᠣᠯ᠎ᠤᠨ ᠰᠠᠪᠠ ᠭᠠᠵᠠᠷ ᠲᠡᠬᠢ ᠠᠷᠠᠳ᠎ᠤᠨ ᠳᠠᠭᠤᠤ ᠵᠢ ᠰᠢᠨᠡᠳᠭᠡᠨ ᠳᠠᠭᠤᠯᠠᠵᠤ᠂ ᠲᠦᠩᠯᠢᠶᠣᠤ᠎ᠵᠢᠨ ᠰᠢᠨ᠎ᠡ ᠬᠦᠭᠵᠢᠯᠲᠠ ᠵᠢ ᠠᠬᠢᠭᠤᠯᠤᠶ᠎ᠠ》 ᠭᠡᠬᠦ᠌ ᠵᠣᠬᠢᠶᠠᠨ ᠨᠠᠢᠷᠠᠭᠤᠯᠬᠤ ᠤᠷᠤᠯᠳᠤᠭᠠᠨ᠎ᠳᠤ ᠡᠯᠰᠡᠭ᠌ᠰᠡᠨ 103 ᠪᠦᠲᠦᠭᠡᠯᠳᠤᠲᠤᠷᠠ 13 ᠱᠢᠯᠢᠳᠡᠭ ᠪᠦᠲᠦᠭᠡᠯ᠎ᠨᠢ ᠦᠨᠳᠦᠰᠦᠲᠡᠨ᠎ᠤ ᠬᠦᠭᠵᠢᠮ ᠬᠢᠭᠡᠳ ᠡᠯᠸᠺᠲ᠋ᠷᠤᠨ ᠭᠦᠭᠵᠢᠮ᠂ ᠤᠷᠲᠤ᠎ᠶ᠋ᠢᠨ ᠳᠠᠭᠤᠤ ᠬᠢᠭᠡᠳ ᠣᠬᠤᠷ ᠳᠠᠭᠤᠤ᠂ ᠬᠡᠯᠡᠵᠦ᠍ ᠳᠠᠭᠤᠯᠠᠬᠤ ᠬᠢᠭᠡᠳ ᠨᠠᠢᠷᠠᠯ ᠬᠥᠭ᠌ᠵᠢᠮ᠎ᠢ ᠠᠭᠤᠰᠤᠯᠴᠠᠭᠤᠯᠵᠤ᠂ ᠣᠬᠤᠷ ᠸᠢᠳᠢᠣ᠋᠎ᠶ᠋ᠢᠨ ᠲᠠᠪᠴᠠᠩᠵᠢᠡᠷ ᠳᠠᠮᠵᠢᠨ ᠥᠷᠭᠡᠨ᠎ᠢᠶᠠᠷ ᠳᠡᠯᠭᠡᠷᠡᠭᠰᠨᠨ ᠪᠠᠢᠳᠠᠭ᠃
ᠪᠠᠷᠠᠭᠤᠨ ᠯᠢᠶᠤᠤᠾᠧ ᠭᠤᠣᠯᠲᠠᠰᠤᠷᠠᠰᠢ ᠦᠭᠡᠢ ᠤᠷᠤᠰᠴᠤ᠌᠂ ᠬᠤᠷᠴᠢᠨ ᠠᠷᠠᠳ᠎ᠤᠨ ᠳᠠᠭᠤᠤ ᠵᠤᠭᠰᠤᠰᠢ ᠦᠭᠡᠢ ᠤᠶᠠᠩᠭᠠᠷᠠᠨ᠎ᠠ᠃ ᠠᠮᠠ᠎ᠪᠠᠷ ᠤᠯᠠᠮᠵᠢᠯᠠᠬᠤ᠎ᠠᠴᠠ ᠲᠤᠭᠠᠴᠢᠯᠡᠨ ᠤᠯᠠᠮᠵᠢᠯᠠᠬᠤ ᠬᠦᠷᠲᠡᠯ᠎ᠡ᠂ ᠠᠷᠠᠳ᠎ᠤᠨ ᠳᠤᠮᠳᠠ᠎ᠠᠴᠠ ᠳᠡᠯᠡᠬᠡᠢ᠎ᠶ᠋ᠢᠨ ᠲᠠᠪᠴᠠᠩ ᠬᠦᠷᠲᠡᠯ᠎ᠡ᠂ ᠬᠤᠷᠴᠢᠨ ᠠᠷᠠᠳ᠎ᠤᠨ ᠳᠠᠭᠤᠤ ᠪᠠᠲᠤ ᠰᠠᠬᠢᠬᠤ ᠳᠤᠮᠳᠠ ᠤᠯᠠᠮᠵᠢᠯᠠᠭᠳᠠᠨ᠂ ᠱᠢᠨ᠎ᠡ᠎ᠶ᠋ᠢ ᠡᠭᠦᠳᠬᠦ᠌ ᠳᠤᠮᠳᠠ ᠬᠥᠭ᠌ᠵᠢᠵᠦ᠍᠂ ᠢᠮᠠᠭ᠍ᠲᠠ ᠢᠷᠠᠭᠤ ᠡᠭᠡᠱᠢᠭ᠎ᠢᠶᠠᠷ ᠦᠨᠳᠦᠰᠦᠲᠡᠨ᠎ᠤ ᠲᠡᠦᠬᠡ᠎ᠶ᠋ᠢ ᠬᠦᠦᠷᠨᠢᠨ᠂ ᠬᠠᠢᠷ᠎ᠠ ᠰᠡᠳᠭᠢᠯᠭᠡ᠎ᠶ᠋ᠢ ᠳᠠᠮᠵᠢᠭᠤᠯᠵᠤ᠂ ᠰᠣᠶᠣᠯ᠎ᠤᠨ ᠬᠥᠭ᠌ᠵᠢᠯᠲᠡ᠎ᠶ᠋ᠢ ᠪᠢᠴᠢᠭ᠌ᠯᠡᠨ᠎ᠡ᠃
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠬᠦᠰᠡᠯᠡᠩ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃