ᠲᠡᠷᠢᠭᠦᠨ ᠨᠢᠭᠤᠷ>ᠳᠤᠮᠳᠠᠲᠣ᠎ᠶ᠋ᠢᠨ ᠰᠣᠶᠣᠯ>ᠮᠡᠳᠡᠭᠡᠯᠡᠯ

2026-11-11 16:27:41

ᠵᠣᠬᠢᠶᠠᠭ᠍ᠴᠢ᠄ ᠪᠠᠶᠠᠰᠬᠤᠯᠠᠩ ᠵᠠᠩ ᠶᠢᠩ ᠣᠩᠱᠢᠭ᠍ᠰᠠᠨ ᠣᠳᠠᠭ᠎ᠠ᠄ 3

ᠲᠤᠮᠳᠠᠳᠤ ᠵᠢᠨ ᠦᠨᠳᠦᠰᠦᠳᠡᠨ ᠭᠡᠷᠭᠢᠨ ᠭᠡᠳᠦᠨ ᠮᠢᠨᠭᠭᠠᠨ ᠵᠢᠯ᠎ᠤᠨ ᠭᠡᠷᠡᠯ ᠰᠠᠴᠤᠷᠠᠨᠭᠭᠤᠢ ᠪᠤᠯᠪᠠᠰᠤᠨ᠎ᠢ ᠡᠭᠦᠳᠦᠨ ᠪᠦᠳᠦᠭᠡᠵᠤ᠂ ᠤᠯᠠᠮᠵᠢᠯᠠᠨ ᠭᠦᠭᠵᠢᠭᠦᠯᠵᠤ ᠴᠢᠳᠠᠭᠰᠠᠨ ᠪᠤᠢ? ᠡᠭᠦᠨ ᠪ ᠭᠤᠤᠯ ᠨᠢᠭᠡᠨ ᠰᠢᠯᠳᠠᠭᠠᠨ ᠪᠤᠯ ᠲᠤᠮᠳᠠᠳᠤ ᠵᠢᠨ ᠦᠨᠳᠦᠰᠦᠳᠡᠨ ᠤᠯᠠᠮᠵᠢᠯᠠᠨ ᠵᠠᠯᠭᠠᠮᠵᠢᠯᠠᠬᠤ ᠵᠤᠷᠢᠭ ᠰᠠᠨᠠᠭᠠᠨ ᠪ ᠭᠦᠭᠡᠭᠡᠴᠡᠯᠳᠦᠯ᠂ ᠵᠤᠷᠢᠭ ᠰᠠᠨᠠᠭᠠᠨ ᠪ ᠤᠨᠴᠠᠯᠢᠭ᠂ ᠵᠤᠷᠢᠭ ᠰᠠᠨᠠᠭᠠᠨ ᠪ ᠰᠤᠳᠠᠰᠤ ᠲᠠᠢ ᠡᠴᠡ ᠪᠤᠯᠵᠠᠢ᠃

— ᠶᠠᠷᠦᠨᠭᠭᠡᠢ ᠱᠦᠵᠢ ᠰᠢ ᠵᠢᠨ ᠫᠢᠩ᠎ᠤᠨ ᠤᠳᠭ᠎ᠠ ᠤᠷᠠᠯᠢᠭ᠎ᠤᠨ ᠠᠵᠢᠯ᠎ᠤᠨ ᠶᠠᠷᠢᠯᠴᠠᠬᠤ ᠬᠤᠷᠠᠯ ᠲᠡᠭᠡᠷᠡᠭᠢ ᠶᠠᠷᠢᠶ᠎ᠠ ᠡᠴᠡ ᠰᠡᠢᠷᠡᠭᠦᠯᠪᠡ  (2014  ᠤᠨ ᠪ 10 ᠰᠠᠷ᠎ᠠ ᠵᠢᠨ 15  ᠪ ᠡᠳᠦᠷ)


ᠤᠷᠠᠨ ᠭᠠᠷ᠎ᠤᠨ ᠡᠷᠳᠡᠮ᠎ᠳᠦ ᠲᠡᠮᠡᠭᠡᠨ ᠨᠤᠤᠰᠤᠨ ᠤᠲᠠᠰᠤ  ᠢᠰᠡᠭᠡᠢ ᠳᠡᠭᠡᠷ᠎ᠡ ᠠᠮᠢᠯᠠᠵᠤ᠂ ᠳᠡᠷᠲᠡᠭᠡ ᠬᠤᠯᠠ ᠎ᠠᠴᠠ ᠮᠠᠯᠵᠢᠯ ᠎ᠤᠨ ᠲᠠᠭᠤᠨ ᠦᠶ᠎ᠡ ᠦᠶ᠎ᠡ ᠴᠤᠤᠷᠢᠶᠠᠳᠤᠬᠤ ᠱᠢᠭ᠋ ᠪᠤᠯᠤᠨ᠎ᠠ᠃ ᠢᠰᠡᠭᠡᠢ ᠬᠠᠳᠭᠤᠮᠠᠯ ᠎ᠳᠤ ᠮᠠᠯᠵᠢᠬᠤ ᠠᠮᠢᠳᠤᠷᠠᠯ ᠱᠢᠩᠭᠡᠭᠡᠵᠦ᠍᠂ ᠲᠡᠰᠪᠦᠷᠢ ᠲᠡᠪᠴᠢᠶᠡᠷᠢ᠂ ᠤᠷᠠᠨ ᠨᠠᠷᠢᠨ᠂ ᠭᠤᠸ᠎ᠠ ᠰᠠᠢᠬᠠᠨ ᠎ᠢ ᠠᠭᠤᠰᠭᠠᠭ᠍ᠰᠠᠨ ᠪᠠᠢᠳᠠᠭ᠃


ᠪᠤᠷᠤᠭᠵᠢᠭᠤᠨ ᠭᠡᠭᠡᠨᠴᠢᠷ ᠭᠡᠪ ᠨᠠᠮᠪᠠ ᠪᠡᠷ ᠵᠢᠡᠨ ᠤᠨᠴᠠᠯᠢᠭᠳᠠᠨ᠎ᠠ

ᠮᠤᠨᠭᠭᠤᠯ ᠦᠨᠳᠦᠰᠦᠳᠡᠨ ᠪ ᠬᠠᠳᠬᠤᠮᠠᠯ ᠤᠷᠠᠯᠠᠯ᠎ᠦᠨᠢ ᠤᠳᠠᠭᠠᠨ ᠲᠡᠦᠭᠡ ᠲᠠᠢ᠃ ᠡᠷᠳᠡᠨ ᠪ ᠤᠮᠠᠷᠠᠳᠤ ᠵᠢᠨ ᠡᠯ᠎ᠠ ᠴᠦᠭᠡᠨ ᠲᠤᠭᠠᠳᠤ ᠦᠨᠳᠦᠰᠦᠳᠡᠨ ᠮᠤᠨᠭᠭᠤᠯ᠎ᠤᠨ ᠦᠨᠳᠦᠷᠯᠢᠭ ᠲᠤ᠌ ᠨᠡᠭᠦᠳᠡᠯᠯᠡᠨ ᠮᠠᠯᠵᠢᠵᠤ᠂ ᠦᠨᠳᠦᠰᠦᠳᠡᠨ ᠪ ᠤᠨᠴᠠᠯᠢᠭ ᠪᠤᠯᠤᠨ ᠭᠠᠵᠠᠷ ᠤᠷᠤᠨ ᠪ ᠤᠨᠴᠠᠯᠢᠭ ᠲᠠᠢ ᠪᠠᠨ ᠤᠶᠠᠯᠳᠤᠭᠤᠯᠵᠤ᠂ ᠪᠠᠰᠠ ᠵᠦᠨᠭᠶᠤᠸᠠᠨ ᠤᠷᠤᠨ ᠡᠴᠡ ᠲᠠᠰᠤᠷᠠᠯᠳᠠ ᠦᠭᠡᠢ ᠰᠤᠷᠤᠯᠴᠠᠬᠤ ᠪᠡᠷ ᠲᠠᠮᠵᠢᠭᠠᠳ ᠠᠭᠠᠵᠢᠮ ᠵᠢᠡᠷ ᠦᠪᠡᠷᠮᠢᠴᠡ ᠤᠨᠴᠠᠯᠢᠭ ᠲᠠᠢ ᠬᠠᠳᠬᠤᠮᠠᠯ ᠤᠷᠠᠯᠠᠯ᠎ᠤᠨ ᠤᠷ᠎ᠠ ᠮᠡᠷᠭᠡᠵᠢᠯ ᠲᠠᠢ ᠪᠤᠯᠵᠤ ᠪᠦᠷᠢᠯᠳᠦᠭᠰᠡᠨ ᠪᠠᠢᠨ᠎ᠠ᠃ ᠢᠯᠠᠨᠭᠭᠤᠶ᠎ᠠ ᠯᠢᠶᠤᠤ᠂ ᠶᠤᠸᠠᠨ᠂ ᠮᠢᠩ᠂ ᠴᠢᠩ᠎ᠤᠨ ᠦᠶ᠎ᠡ᠎ᠳᠤ ᠤᠯᠠᠮ ᠨᠢᠭᠡ ᠠᠯᠬᠤᠮ ᠭᠦᠭᠵᠢᠵᠤ᠂ ᠲᠠᠯ᠎ᠠ ᠨᠤᠳᠤᠭ᠂ ᠨᠡᠭᠦᠳᠡᠯ ᠮᠠᠯᠵᠢᠯ᠎ᠤᠨ ᠰᠤᠶᠤᠯ ᠬᠠᠷᠢᠯᠴᠠᠨ ᠤᠶᠠᠯᠳᠤᠭᠰᠠᠨ ᠢᠯᠡ ᠲᠤᠳᠤ ᠤᠨᠴᠠᠯᠢᠭ ᠲᠠᠢ ᠪᠤᠯᠵᠤ᠂ ᠲᠤᠬᠠᠢ ᠵᠢᠨ ᠭᠠᠵᠠᠷ᠎ᠤᠨ ᠠᠷᠠᠳ ᠲᠦᠮᠡᠨ ᠪ ᠠᠵᠢᠯᠴᠢ ᠪᠤᠷᠤᠭᠵᠢᠭᠤᠨ ᠠᠷᠠᠨᠰᠢᠨ᠂ ᠭᠦᠮᠦᠨ ᠪᠠᠢᠭᠠᠯᠢ ᠵᠢᠨ ᠡᠶ᠎ᠠ ᠨᠠᠢᠷᠠᠮᠳᠠᠭᠤ ᠵᠢᠨ ᠢᠯᠡᠷᠡᠭᠦᠯᠦᠯ ᠪᠤᠯᠵᠠᠢ᠃ ᠢᠰᠡᠭᠡᠢ ᠬᠠᠳᠬᠤᠮᠠᠯ ᠨᠢ ᠮᠤᠨᠭᠭᠤᠯ ᠦᠨᠳᠦᠰᠦᠳᠡᠨ ᠪ ᠬᠠᠳᠬᠤᠮᠠᠯ ᠤᠷᠠᠯᠠᠯ᠎ᠤᠨ ᠲᠦᠯᠦᠭᠡᠯᠡᠭᠴᠢ ᠪᠤᠯᠤᠭᠰᠠᠨ ᠪ ᠬᠤᠪᠢ᠎ᠳᠤ 2014  ᠤᠨ ᠎ᠳᠤ ᠤᠯᠤᠰ᠎ᠤᠨ ᠲᠡᠰ᠎ᠤᠨ ᠪᠤᠳᠠᠰ᠎ᠤᠨ ᠪᠤᠰᠤ ᠰᠤᠶᠤᠯ᠎ᠤᠨ ᠦᠪ᠎ᠤᠨ ᠲᠦᠯᠦᠭᠡᠯᠡᠭᠴᠢ ᠴᠢᠨᠠᠷᠳᠠᠢ ᠲᠦᠷᠦᠯ ᠵᠦᠢᠯ᠎ᠤᠨ ᠨᠡᠷᠡᠰ᠎ᠤᠨ ᠵᠢᠭᠰᠠᠭᠠᠯ᠎ᠳᠤ ᠪᠦᠷᠢᠳᠭᠡᠭᠳᠡᠭᠰᠡᠨ ᠪᠠᠢᠨ᠎ᠠ᠃



  ᠤᠯᠠᠮᠵᠢᠯᠠᠯᠳᠤ ᠢᠰᠡᠭᠡᠢ ᠬᠠᠳᠬᠤᠮᠠᠯ᠎ᠤᠨ ᠪᠦᠳᠦᠭᠡᠭᠳᠡᠭᠦᠨ


ᠢᠰᠡᠭᠡᠢ ᠬᠠᠳᠬᠤᠮᠠᠯ᠎ᠢ ᠲᠡᠮᠡᠭᠡᠨ ᠨᠤᠤᠰᠤᠨ ᠤᠳᠠᠰᠤ ᠪᠡᠷ ᠢᠮᠡᠭᠠᠨ ᠨᠤᠤᠰᠤᠨ ᠢᠰᠡᠭᠡᠢ ᠲᠡᠭᠡᠷ᠎ᠠ ᠬᠠᠳᠬᠤᠮᠠᠯᠯᠠᠨ ᠤᠷᠠᠯᠠᠳᠠᠭ᠃ ᠢᠰᠡᠭᠡᠢ ᠬᠠᠳᠬᠤᠮᠠᠯ᠎ᠤᠨ ᠵᠢᠷᠤᠭ ᠲᠦᠷᠰᠦ ᠨᠢ ᠦᠯᠵᠡᠢᠳᠦ ᠭᠡ ᠤᠭᠠᠯᠵᠠ᠂ ᠲᠠᠪᠤᠨ ᠬᠤᠰᠢᠭᠤ ᠮᠠᠯ᠂ ᠴᠡᠴᠡᠭ ᠰᠢᠪᠠᠭᠤ ᠵᠡᠷᠭᠡ ᠵᠢᠷᠤᠭ ᠲᠦᠷᠰᠦ ᠪᠡᠷ ᠭᠤᠤᠯᠯᠠᠳᠠᠭ᠃

ᠰᠦᠵᠸᠦ ᠵᠢᠨ ᠬᠠᠳᠬᠤᠮᠠᠯ᠂ ᠬᠤᠨᠠᠨ ᠪ ᠬᠠᠳᠬᠤᠮᠠᠯ᠎ᠤᠨ ᠭᠤᠶᠤᠮᠰᠤᠭ ᠨᠡᠮᠡᠭᠦᠨ ᠭᠡᠪ ᠨᠠᠮᠪᠠ ᠲᠠᠢ ᠠᠳᠠᠯᠢ ᠦᠭᠡᠢ᠂ ᠢᠰᠡᠭᠡᠢ ᠬᠠᠳᠬᠤᠮᠠᠯ ᠨᠢ ᠲᠦᠪᠯᠡᠭᠦᠨ ᠪᠤᠷᠤᠭᠵᠢᠭᠤᠨ ᠭᠡᠪ ᠨᠠᠮᠪᠠ ᠲᠠᠢ ᠪᠠᠢᠳᠠᠭ᠃ ᠲᠡᠭᠦᠨ ᠪ ᠰᠡᠳᠦᠪᠯᠡᠭᠦᠨ᠂ ᠠᠭᠤᠯᠭ᠎ᠠ᠂ ᠢᠯᠡᠷᠡᠭᠦᠯᠭᠦ ᠠᠷᠭ᠎ᠠ ᠪᠠᠷᠢᠯ ᠵᠢᠴᠢ ᠤᠷᠠᠯᠢᠭ᠎ᠤᠨ ᠭᠡᠯᠪᠠᠷᠢ ᠵᠡᠷᠭᠡ ᠨᠢ ᠪᠦᠷ ᠨᠡᠭᠦᠳᠡᠯᠴᠢᠨ ᠦᠨᠳᠦᠰᠦᠳᠡᠨ ᠪ ᠦᠢᠯᠡᠳᠪᠦᠷᠢᠯᠡᠯ ᠠᠮᠢᠳᠤᠷᠠᠯ ᠲᠠᠢ ᠰᠠᠯᠤᠰᠢ ᠦᠭᠡᠢ ᠬᠤᠯᠪᠤᠭ᠎ᠠ ᠲᠠᠢ ᠃

ᠢᠰᠡᠭᠡᠢ ᠬᠠᠳᠬᠤᠮᠠᠯ ᠨᠢ ᠭᠡᠷᠡᠭᠯᠡᠭᠡᠨ ᠪ ᠴᠢᠨᠠᠷ ᠵᠢᠡᠷ ᠴᠢᠨᠭᠭ᠎ᠠ᠂ ᠪᠤᠭᠢᠷᠳᠤᠯ ᠦᠭᠡᠢ᠂ ᠦᠨ᠎ᠠ ᠨᠢ ᠭᠢᠮᠳᠡ ᠴᠢᠨᠠᠷ ᠨᠢ ᠰᠠᠢᠨ ᠵᠡᠷᠭᠡ ᠤᠨᠴᠠᠯᠢᠭ ᠲᠠᠢ ᠪᠠᠢᠵᠤ᠂ ᠤᠮᠠᠷᠠᠳᠤ ᠵᠢᠨ ᠴᠦᠭᠡᠨ ᠲᠤᠭᠠᠳᠤ ᠦᠨᠳᠦᠰᠦᠳᠡᠨ ᠪ ᠦᠢᠯᠡᠳᠪᠦᠷᠢᠯᠡᠯ ᠠᠮᠢᠳᠤᠷᠠᠯ᠎ᠳᠤ ᠲᠤᠳᠠᠭᠳᠠᠵᠤ ᠪᠤᠯᠤᠰᠢ ᠦᠭᠡᠢ ᠵᠦᠢᠯ ᠪᠠᠢᠵᠤ᠂ ᠤᠮᠠᠷᠠᠳᠤ ᠵᠢᠨ ᠴᠦᠭᠡᠨ ᠲᠤᠭᠠᠳᠤ ᠦᠨᠳᠦᠰᠦᠳᠡᠨ  ᠪ ᠭᠠᠷ ᠤᠷᠠᠯᠠᠯ᠎ᠤᠨ ᠤᠷ᠎ᠠ ᠮᠡᠷᠭᠡᠵᠢᠯ ᠪᠤᠯᠤᠨ ᠤᠶᠤᠨ ᠤᠬᠠᠭᠠᠨ᠎ᠢ ᠠᠭᠤᠰᠬᠠᠵᠤ᠂ ᠦᠨᠳᠦᠰᠦᠳᠡᠨ ᠪᠤᠯᠤᠨ ᠴᠠᠭ ᠦᠶ᠎ᠠ ᠵᠢᠨ ᠲᠡᠦᠭᠡ ᠰᠤᠶᠤᠯ᠎ᠢ ᠠᠴᠢᠶᠠᠯᠠᠨ᠂ ᠭᠤᠸ᠎ᠠ ᠵᠦᠢ ᠪᠤᠯᠤᠨ ᠦᠨᠳᠦᠰᠦᠳᠡᠨ ᠪ ᠤᠷᠠᠯᠢᠭ ᠬᠠᠷᠢᠯᠴᠠᠨ ᠠᠭᠤᠰᠤᠯᠴᠠᠭᠰᠠᠨ ᠤᠨᠴᠠᠯᠢᠭ ᠲᠠᠢ ᠪᠠᠢᠳᠠᠭ᠃

ᠦᠪᠯᠡᠨ ᠤᠯᠠᠮᠵᠢᠯᠠᠵᠤ ᠭᠦᠭᠵᠢᠭᠦᠯᠦᠨ ᠪᠠᠳᠠᠷᠠᠭᠤᠯᠤᠨ᠎ᠠ

ᠲᠡᠦᠭᠡ ᠵᠢᠨ ᠲᠤᠷᠠᠰᠤᠮᠵᠢ ᠪᠠ ᠭᠦᠨ ᠵᠤᠵᠠᠭᠠᠨ ᠬᠠᠢᠷ᠎ᠠ ᠰᠡᠳᠭᠢᠯᠭᠡ ᠵᠢ ᠠᠴᠢᠶᠠᠯᠠᠭᠰᠠᠨ ᠢᠰᠡᠭᠡᠢ ᠬᠠᠳᠬᠤᠮᠠᠯ ᠨᠢ ᠦᠶ᠎ᠠ ᠦᠶ᠎ᠠ ᠵᠢᠨ ᠤᠷᠠᠴᠤᠳ᠎ᠤᠨ ᠤᠯᠠᠮᠵᠢᠯᠠᠯ ᠵᠠᠯᠭᠠᠮᠵᠢᠯᠠᠯ ᠵᠢᠡᠷ ᠲᠠᠮᠵᠢᠨ ᠰᠢᠨ᠎ᠠ ᠭᠦᠭᠵᠢᠯᠳᠡ ᠪᠠᠨ ᠤᠯᠵᠠᠢ᠃ ᠰᠦᠨᠢᠳ ᠪᠠᠷᠠᠭᠤᠨ ᠬᠤᠰᠢᠭᠤᠨ ᠪ ᠬᠤᠰᠢᠭᠤᠨ ᠲᠡᠰ᠎ᠤᠨ ᠪᠤᠳᠠᠰ᠎ᠤᠨ ᠪᠤᠰᠤ ᠰᠤᠶᠤᠯ᠎ᠤᠨ ᠦᠪ᠎ᠤᠨ ᠲᠦᠯᠦᠭᠡᠯᠡᠭᠴᠢ ᠴᠢᠨᠠᠷᠳᠠᠢ ᠲᠦᠷᠦᠯ ᠵᠦᠢᠯ ᠢᠰᠡᠭᠡᠢ ᠬᠠᠳᠬᠤᠮᠠᠯ᠎ᠤᠨ ᠲᠦᠯᠦᠭᠡᠯᠡᠭᠴᠢ ᠴᠢᠨᠠᠷᠳᠠᠢ ᠤᠯᠠᠮᠵᠢᠯᠠᠭᠴᠢ ᠤᠯᠠᠭᠠᠨᠳᠤᠶᠠᠭ᠎ᠠ ᠤᠯᠠᠮᠵᠢᠯᠠᠯᠳᠤ ᠢᠰᠡᠭᠡᠢ ᠬᠠᠳᠬᠤᠮᠠᠯ᠎ᠤᠨ ᠰᠠᠭᠤᠷᠢᠨ ᠲᠡᠭᠡᠷ᠎ᠠ ᠰᠢᠨ᠎ᠠ ᠵᠢ ᠡᠭᠦᠳᠴᠦ᠂ ᠢᠰᠡᠭᠡᠢ ᠬᠠᠳᠬᠤᠮᠠᠯ᠎ᠳᠤ ᠰᠢᠨ᠎ᠠ ᠠᠮᠢᠵᠢᠷᠠᠯ᠎ᠤᠨ ᠭᠦᠴᠦᠨ ᠤᠯᠭᠤᠵᠤ ᠪᠤᠢ᠃

《ᠪᠢ ᠠᠳᠤᠭᠤ ᠦᠭᠡᠷ᠂ ᠴᠡᠴᠡᠭ ᠤᠷᠭᠤᠮᠠᠯ ᠵᠡᠷᠭᠡ ᠵᠢ ᠬᠠᠳᠬᠤᠮᠠᠯᠯᠠᠬᠤ ᠵᠢ ᠰᠤᠷᠴᠦ᠂ ᠡᠳᠦᠷ ᠲᠤᠳᠤᠮ᠎ᠤᠨ ᠠᠮᠢᠳᠤᠷᠠᠯ ᠲᠤᠮᠳᠠᠭᠢ ᠰᠠᠢᠨ ᠰᠠᠢᠬᠠᠨ ᠵᠦᠢᠯᠡᠰ᠎ᠢ ᠢᠰᠡᠭᠡᠢ ᠲᠡᠭᠡᠷ᠎ᠠ ᠬᠠᠳᠬᠤᠮᠠᠯᠯᠠᠨ ᠢᠯᠡᠷᠡᠭᠦᠯᠭᠦ ᠵᠢ ᠵᠤᠷᠢᠵᠤ ᠪᠤᠢ》 ᠭᠡᠵᠤ ᠤᠯᠠᠭᠠᠨᠳᠤᠶᠠᠭ᠎ᠠ ᠪᠠᠶᠠᠷᠳᠠᠢ ᠶᠠᠷᠢᠨ᠎ᠠ᠃

ᠤᠯᠪᠤᠭ ᠤᠷᠠᠯᠠᠬᠤ ᠡᠴᠡ ᠮᠤᠨᠭᠭᠤᠯ ᠭᠡᠷ ᠲᠤᠳᠤᠷᠠᠭᠢ ᠵᠠᠰᠠᠯ ᠴᠢᠮᠡᠭᠯᠡᠯ᠎ᠤᠨ ᠵᠦᠢᠯᠡᠰ᠎ᠢ ᠤᠷᠠᠯᠠᠬᠤ ᠭᠦᠷᠳᠡᠯ᠎ᠠ ᠤᠯᠠᠭᠠᠨᠳᠤᠶᠠᠭ᠎ᠠ ᠵᠢᠨ ᠬᠠᠳᠬᠤᠮᠠᠯ᠎ᠤᠨ ᠤᠷ᠎ᠠ ᠮᠡᠷᠭᠡᠵᠢᠯ ᠤᠯᠠᠮ ᠡᠴᠡ ᠤᠯᠠᠮ ᠰᠠᠢᠵᠢᠷᠠᠵᠤ᠂ ᠬᠤᠯᠠ ᠤᠢᠷ᠎ᠠ᠎ᠳᠠᠭᠠᠨ ᠠᠯᠳᠠᠷᠰᠢᠭᠰᠠᠨ 《ᠤᠷᠠᠨ ᠬᠠᠳᠬᠤᠮᠠᠯᠴᠢᠨ》 ᠪᠤᠯᠵᠠᠢ᠃



ᠤᠯᠠᠭᠠᠨᠳᠤᠶᠠᠭ᠎ᠠ ᠰᠢᠭᠤᠳ ᠨᠡᠪᠳᠡᠷᠡᠭᠦᠯᠭᠡ ᠪᠡᠷ ᠢᠰᠡᠭᠡᠢ ᠬᠠᠳᠬᠤᠮᠠᠯ ᠵᠢᠡᠨ ᠲᠠᠨᠢᠯᠴᠠᠭᠤᠯᠤᠨ᠎ᠠ


ᠠᠨᠭᠬ᠎ᠠ ᠡᠭᠢᠨ᠎ᠳᠡᠭᠡᠨ ᠭᠠᠴᠠᠭᠠᠨ ᠪ ᠪᠦᠰᠡᠭᠦᠢᠴᠦᠳ ᠠᠵᠢᠯ᠎ᠤᠨ ᠰᠡᠯᠡᠭᠦᠦ ᠪᠠᠨ ᠠᠰᠢᠭᠯᠠᠨ ᠤᠯᠠᠭᠠᠨᠳᠤᠶᠠᠭ᠎ᠠ ᠡᠴᠡ ᠬᠠᠳᠬᠤᠮᠠᠯ ᠰᠤᠷᠴᠦ ᠪᠠᠢᠪᠠ᠃ ᠪᠦᠭᠦᠳᠡᠭᠡᠷ ᠲᠤᠭᠤᠷᠢᠨ ᠰᠠᠭᠤᠵᠤ ᠰᠤᠷᠤᠯᠴᠠᠬᠤ ᠵᠢᠨ ᠲᠠᠭᠠᠦ ᠵᠤᠭᠤᠭᠳᠠᠨ ᠨᠠᠷᠭᠢᠯᠳᠤᠵᠤ ᠨᠠᠢᠷ ᠰᠡᠳᠭᠢᠯᠭᠡ ᠪᠠᠨ ᠵᠤᠵᠠᠭᠠᠳᠬᠠᠬᠤ ᠵᠢᠨ ᠲᠠᠭᠠᠦ ᠤᠷᠠᠯᠠᠨ ᠤᠶᠤᠭᠰᠠᠨ ᠬᠠᠳᠬᠤᠮᠠᠯ᠎ᠤᠨ ᠪᠦᠳᠦᠭᠡᠭᠳᠡᠭᠦᠨ ᠵᠢᠡᠨ ᠬᠤᠳᠠᠯᠳᠤᠵᠤ ᠠᠢᠯ ᠭᠡᠷ ᠲᠡᠭᠡᠨ ᠨᠡᠮᠡᠷᠢ ᠪᠤᠯᠭᠠᠵᠤ᠂ ᠤᠷᠤᠯᠭ᠎ᠠ ᠵᠢᠨ ᠵᠠᠮ ᠵᠢᠡᠨ ᠦᠷᠭᠡᠳᠭᠡᠭᠰᠡᠨ ᠪᠠᠢᠨ᠎ᠠ᠃

2017 ᠤᠨ ᠎ᠳᠤ᠂ ᠤᠯᠠᠭᠠᠨᠳᠤᠶᠠᠭ᠎ᠠ ᠲᠡᠭᠷᠢᠯᠢᠭ ᠦᠨᠳᠦᠰᠦᠳᠡᠨ ᠪ ᠰᠤᠶᠤᠯ ᠤᠬᠠᠭᠤᠯᠭ᠎ᠠ ᠵᠢᠨ ᠭᠢᠵᠠᠭᠠᠷᠳᠤ ᠺᠤᠮᠫᠠᠨᠢ ᠵᠢ ᠪᠠᠢᠭᠤᠯᠵᠤ᠂ ᠲᠠᠰᠤᠷᠠᠯᠳᠠ ᠦᠭᠡᠢ ᠰᠢᠨ᠎ᠠ ᠵᠢ ᠡᠭᠦᠳᠴᠦ ᠰᠦᠪᠡᠭᠴᠢᠯᠡᠨ᠂ ᠤᠯᠠᠮᠵᠢᠯᠠᠯᠳᠤ ᠵᠢᠷᠤᠭ ᠲᠦᠷᠰᠦ ᠪᠡᠷ ᠰᠠᠭᠤᠷᠢ ᠪᠤᠯᠭᠠᠵᠤ᠂ ᠲᠡᠮᠡᠭᠡᠨ ᠨᠤᠤᠰᠤᠨ ᠤᠳᠠᠰᠤᠨ᠎ᠳᠤ ᠰᠢᠨ᠎ᠠ ᠪᠤᠳᠤᠭ ᠰᠠᠭᠤᠯᠭᠠᠵᠤ᠂ ᠢᠰᠡᠭᠡᠢ ᠬᠠᠳᠬᠤᠮᠠᠯ᠎ᠤᠨ ᠪᠦᠳᠦᠭᠡᠭᠳᠡᠭᠦᠨ᠎ᠢ ᠨᠡᠩ ᠶᠡᠭᠡ ᠠᠮᠢᠵᠢᠷᠠᠯ᠎ᠤᠨ ᠭᠦᠴᠦᠨ ᠲᠠᠢ  ᠪᠤᠯᠭᠠᠵᠠᠢ᠃

ᠡᠭᠢᠨ᠎ᠳᠡᠭᠡᠨ ᠭᠤᠷᠪᠠ ᠲᠠᠪᠤᠨ ᠭᠦᠮᠦᠨ ᠰᠤᠷᠤᠯᠴᠠᠵᠤ ᠪᠠᠢᠭᠰᠠᠨ ᠡᠴᠡ ᠰᠡᠭᠦᠯᠡᠷ ᠨᠢ ᠠᠷᠪᠠᠨ ᠭᠡᠳᠦᠨ ᠭᠦᠮᠦᠨ ᠴᠢᠨᠠᠭᠰᠢᠯᠡᠨ ᠭᠡᠳᠦᠨ ᠠᠷᠪᠠᠨ ᠭᠦᠮᠦᠨ ᠬᠠᠮᠳᠤ ᠪᠠᠷ ᠬᠠᠳᠬᠤᠮᠠᠯᠯᠠᠬᠤ ᠪᠤᠯᠪᠠ᠃ ᠰᠤᠷᠤᠯᠴᠠᠬᠤ ᠭᠦᠮᠦᠨ ᠠᠭᠠᠵᠢᠮ ᠵᠢᠡᠷ ᠤᠯᠠᠰᠢᠷᠠᠭᠰᠠᠨ ᠡᠴᠡ ᠲᠠᠷᠠ ᠪᠤᠯᠪᠠᠰᠤᠷᠠᠯ᠎ᠤᠨ ᠠᠩᠭᠢ ᠡᠷᠭᠢᠯᠡᠭᠦ ᠭᠡᠯᠪᠠᠷᠢ ᠪᠡᠷ ᠤᠯᠠᠨ ᠳ᠋ᠤ᠌ ᠤᠷ᠎ᠠ ᠮᠡᠷᠭᠡᠵᠢᠯ ᠵᠢᠡᠨ ᠤᠯᠠᠮᠵᠢᠯᠠᠵᠠᠢ᠃ ᠡᠭᠦᠨ ᠪ ᠲᠠᠭᠠᠦ ᠲᠡᠷᠡ ᠪᠠᠰᠠ ᠪᠤᠰᠤᠳ ᠬᠤᠰᠢᠭᠤ ᠰᠢᠶᠠᠨ (ᠬᠤᠳᠠ᠂ ᠲᠤᠭᠤᠷᠢᠭ) ᠵᠢᠡᠷ ᠭᠦᠷᠴᠦ᠂ ᠢᠰᠡᠭᠡᠢ ᠬᠠᠳᠬᠤᠮᠠᠯ᠎ᠤᠨ ᠪᠠᠬᠠᠳᠠᠳ ᠲᠤ᠌ ᠤᠷ᠎ᠠ ᠮᠡᠷᠭᠡᠵᠢᠯ ᠵᠢᠡᠨ ᠬᠠᠷᠠᠮ ᠦᠭᠡᠢ ᠵᠢᠭᠠᠭᠰᠠᠨ ᠪᠠᠢᠨ᠎ᠠ᠃ ᠲᠠᠷᠠ ᠪᠤᠯᠤᠨ 《ᠲᠡᠳᠡᠨᠦᠰ》  ᠢᠩᠭᠢᠵᠦ᠍ ᠢᠰᠡᠭᠡᠢ ᠬᠠᠳᠬᠤᠮᠠᠯ ᠵᠢᠡᠷ ᠵᠠᠭᠤᠴᠢ ᠪᠤᠯᠭᠠᠵᠤ ᠦᠨᠳᠦᠰᠦᠳᠡᠨ ᠪ ᠪᠦᠯᠭᠦᠮᠳᠡᠯ᠎ᠤᠨ ᠨᠢᠭᠡᠨ ᠡᠷᠴᠢ ᠭᠦᠴᠦᠨ ᠪᠤᠯᠪᠠ᠃



ᠢᠰᠡᠭᠡᠢ ᠬᠠᠳᠬᠤᠮᠠᠯ᠎ᠤᠨ ᠰᠤᠶᠤᠯ᠎ᠤᠨ ᠪᠦᠳᠦᠭᠡᠯᠴᠢ ᠦᠢᠯᠡᠳᠭᠦᠨ


ᠰᠦᠯᠵᠢᠶᠠᠨ ᠲᠠᠪᠴᠡᠩ᠎ᠤᠨ ᠦᠷᠭᠡᠨ ᠵᠢᠡᠷ ᠭᠡᠷᠡᠭᠯᠡᠭᠳᠡᠭᠦ ᠵᠢ ᠲᠠᠭᠠᠯᠳᠤᠭᠠᠳ ᠤᠯᠠᠭᠠᠨᠳᠤᠶᠠᠭ᠎ᠠ ᠪᠠᠰᠠ ᠤᠬᠠᠭᠤᠯᠵᠤ ᠰᠤᠷᠳᠠᠯᠴᠢᠯᠠᠬᠤ ᠲᠡᠭᠡᠷ᠎ᠠ ᠭᠦᠴᠦ ᠪᠠᠨ ᠲᠠᠯᠪᠢᠵᠡᠢ᠃ ᠡᠭᠢᠯᠡᠭᠡᠳ ᠰᠦᠯᠵᠢᠶᠠᠨ ᠪ ᠵᠢᠭᠠᠨ ᠰᠤᠷᠭᠠᠯᠳᠠ ᠵᠢ ᠭᠡᠷᠭᠢᠨ ᠰᠠᠢᠳᠤᠷ ᠭᠢᠭᠦ ᠲᠤᠬᠠᠢ ᠲᠡᠮᠡᠢ ᠮᠡᠳᠡᠭᠦ ᠦᠭᠡᠢ ᠪᠤᠯᠬᠤᠷ ᠪᠠᠬᠠᠷᠬᠠᠭᠴᠢ ᠵᠢᠨ ᠲᠤᠭ᠎ᠠ ᠴᠦᠭᠡᠨ᠂ ᠰᠢᠭᠤᠳ ᠨᠡᠪᠳᠡᠷᠡᠭᠦᠯᠭᠡ ᠵᠢᠨ ᠴᠠᠭ ᠨᠢ ᠪᠠᠰᠠ ᠤᠬᠤᠷ ᠪᠠᠢᠪᠠ᠃

ᠡᠭᠢᠯᠡᠭᠦᠯᠦᠭᠰᠡᠨ ᠶᠤᠮ ᠴᠢᠨᠢ ᠪᠠᠷᠢᠮᠳᠠᠯᠠᠬᠤ ᠯᠡ ᠭᠡᠷᠡᠭᠳᠡᠢ ᠭᠡᠮᠡᠨ ᠵᠤᠷᠢᠭ ᠰᠢᠭᠤᠳᠤᠭᠰᠠᠨ  ᠲᠠᠷᠠ ᠪᠠᠷ ᠰᠢᠭᠤᠳ ᠨᠡᠪᠳᠡᠷᠡᠭᠦᠯᠭᠡ ᠵᠢᠨ ᠦᠷᠦᠭᠡ ᠪᠠᠨ ᠪᠠᠰᠠ  《ᠠᠢᠯ ᠭᠡᠷ》 ᠵᠢᠡᠷ ᠦᠵᠡᠵᠤ᠂ ᠨᠠᠢᠵᠠ ᠨᠦᠭᠦᠳ ᠲᠠᠢ ᠪᠠᠨ ᠵᠤᠭᠤᠭᠳᠠᠵᠤ ᠪᠠᠢᠬᠤ ᠰᠢᠭ᠋ ᠨᠡᠪᠳᠡᠷᠡᠭᠦᠯᠭᠡ ᠵᠢᠨ ᠦᠷᠦᠭᠡ ᠎ᠳᠡᠭᠡᠨ ᠵᠤᠭᠤᠭ ᠲᠡᠯᠭᠡᠵᠤ᠂ ᠤᠷ᠎ᠠ ᠮᠡᠷᠭᠡᠵᠢᠯ ᠵᠢᠡᠨ ᠬᠤᠪᠢᠶᠠᠯᠴᠠᠭᠰᠠᠭᠠᠷ ᠪᠠᠢᠵᠤ᠂ ᠲᠠᠭᠠᠭᠴᠢ ᠵᠢᠨ ᠲᠤᠭ᠎ᠠ ᠨᠢ 2.4 ᠲᠦᠮᠡ ᠵᠢ ᠲᠠᠪᠠᠵᠤ᠂ ᠪᠦᠭᠦ ᠤᠷᠤᠨ ᠪ ᠡᠯ᠎ᠠ ᠭᠠᠵᠠᠷ ᠲᠤ᠌ ᠱᠠᠪᠢ ᠲᠠᠢ ᠪᠤᠯᠤᠭᠰᠠᠨ ᠵᠢᠡᠷ ᠦᠯᠦ ᠪᠠᠷᠠᠮ  ᠰᠢᠨᠵᠢᠶᠠᠩ᠂ ᠭᠠᠨᠰᠦ ᠎ᠳ᠋ᠤ᠌ ᠪᠠᠰᠠ ᠱᠠᠪᠢ ᠲᠠᠢ ᠪᠤᠯᠵᠤ᠂ ᠢᠰᠡᠭᠡᠢ ᠤᠷᠠᠯᠠᠯ᠎ᠤᠨ ᠤᠯᠠᠮᠵᠢᠯᠠᠬᠤ ᠭᠡᠪᠴᠢᠶ᠎ᠠ ᠨᠢ ᠨᠡᠩ ᠦᠷᠭᠡᠵᠢᠵᠡᠢ᠃

ᠪᠦᠯᠭᠦᠮᠳᠡᠨ ᠨᠢᠭᠳᠠᠷᠠᠵᠤ ᠰᠢᠨ᠎ᠠ ᠬᠠᠭᠤᠳᠠᠰᠤ ᠵᠢ ᠪᠢᠴᠢᠭᠯᠡᠨ᠎ᠠ

ᠭᠦᠪᠡᠭᠡ ᠬᠢᠵᠠᠭᠠᠷ ᠦᠭᠡᠢ ᠦᠷᠭᠡᠨ ᠠᠭᠤᠳᠠᠮ ᠲᠠᠯ᠎ᠠ᠂ ᠭᠦᠢᠰ ᠭᠦᠢᠰ ᠲᠡᠯᠭᠡᠷᠡᠭᠰᠡᠨ ᠠᠨᠠᠷ᠎ᠤᠨ ᠴᠡᠴᠡᠭᠡᠰ ᠁ ᠤᠯᠠᠭᠠᠨᠳᠤᠶᠠᠭ᠎ᠠ ᠢᠰᠡᠭᠡᠢ ᠬᠠᠳᠬᠤᠮᠠᠯ ᠎ᠤ᠋ᠨ ᠪᠠᠬᠠᠳᠠᠳ ᠵᠢᠡᠨ ᠲᠠᠭᠠᠭᠤᠯᠤᠨ ᠨᠤᠳᠤᠭ ᠤᠰᠤᠨ ᠪ ᠪᠠᠨ ᠭᠤᠸ᠎ᠠ ᠰᠠᠢᠬᠠᠨ᠎ᠢ ᠤᠷᠠᠯᠠᠨ ᠢᠯᠡᠳᠭᠡᠨ᠎ᠠ᠃

《ᠪᠢᠳᠡ ᠢᠰᠡᠭᠡᠢ ᠬᠠᠳᠬᠤᠮᠠᠯ᠎ᠢ ᠠᠮᠢᠳᠤᠷᠠᠯ᠎ᠳᠤ ᠠᠭᠤᠰᠬᠠᠵᠤ᠂ ᠡᠯᠭᠦᠮᠡᠯ ᠵᠢᠷᠤᠭ᠂ ᠤᠯᠪᠤᠭ ᠭᠢᠭᠦ ᠡᠴᠡ ᠭᠠᠳᠠᠨ᠎ᠠ ᠪᠠᠰᠠ ᠴᠤᠮᠤ ᠵᠢᠨ ᠲᠡᠪᠢᠰᠭᠡᠷ᠂ ᠪᠢᠷ᠎ᠤᠨ ᠲᠦᠨᠭᠰᠡ ᠵᠡᠷᠭᠡ ᠵᠢ ᠭᠢᠵᠤ ᠵᠠᠯᠠᠭᠤ ᠭᠡᠷᠡᠭᠯᠡᠭᠴᠢᠳ᠎ᠢ ᠲᠠᠳᠠᠭᠰᠠᠨ》 ᠭᠡᠵᠤ ᠤᠯᠠᠭᠠᠨᠳᠤᠶᠠᠭ᠎ᠠ ᠪᠠᠶᠠᠷᠳᠠᠢ ᠶᠠᠷᠢᠨ᠎ᠠ᠃




ᠢᠰᠡᠭᠡᠢ ᠬᠠᠳᠬᠤᠮᠠᠯ᠎ᠤᠨ ᠪᠦᠳᠦᠭᠡᠭᠳᠡᠭᠦᠨ


ᠲᠡᠭᠦᠰᠭᠡᠷᠡᠯ ᠪᠤᠯ ᠤᠯᠠᠭᠠᠨᠳᠤᠶᠠᠭ᠎ᠠ ᠵᠢᠨ ᠰᠢᠯᠢᠳᠡᠭ ᠱᠠᠪᠢ ᠪᠠᠢᠵᠤ᠂ ᠤᠳᠤᠬᠠᠨ᠎ᠳᠤ ᠲᠠᠷᠠ ᠤᠯᠠᠭᠠᠨᠳᠤᠶᠠᠭ᠎ᠠ ᠵᠢᠨ ᠲᠠᠭᠠᠭᠤᠯᠭ᠎ᠠ ᠲᠤᠤᠷ᠎ᠠ 《ᠪᠤᠳᠠᠰ᠎ᠤᠨ ᠪᠤᠰᠤ ᠰᠤᠶᠤᠯ᠎ᠤᠨ ᠦᠪ  + ᠰᠦᠯᠵᠢᠶ᠎ᠠ》 ᠵᠢᠨ ᠪᠠᠶᠠᠵᠢᠯ᠎ᠤᠨ ᠲᠦᠷᠭᠡᠨ ᠵᠠᠮ᠎ᠳᠤ ᠭᠠᠷᠴᠠᠢ᠃ ᠲᠡᠭᠦᠰᠭᠡᠷᠡᠯ ᠰᠤᠷᠪᠤᠯᠵᠢᠯᠠᠭᠴᠢ᠎ᠳᠤ 《ᠨᠡᠩ ᠤᠯᠠᠨ ᠭᠦᠮᠦᠨ ᠢᠰᠡᠭᠡᠢ ᠬᠠᠳᠬᠤᠮᠠᠯ᠎ᠬᠠᠳᠬᠤᠬᠤ ᠡᠨᠭᠨᠡᠭᠡᠨ᠎ᠳᠤ ᠤᠷᠤᠵᠤ᠂ ᠤᠯᠠᠮᠵᠢᠯᠠᠯᠳᠤ ᠰᠤᠶᠤᠯ ᠵᠢᠡᠨ ᠵᠠᠯᠭᠠᠮᠵᠢᠯᠠᠨ ᠪᠠᠳᠠᠷᠠᠭᠤᠯᠬᠤ ᠵᠢᠨ ᠬᠠᠮᠳᠤ ᠪᠠᠰᠠ ᠪᠠᠶ᠎ᠠ ᠪᠠᠨ ᠲᠠᠭᠠᠭᠠᠵᠤ ᠦᠢᠯᠡᠰ ᠪᠤᠰᠬᠠᠨ᠂ ᠬᠤᠤᠰ ᠦᠷ᠎ᠠ ᠠᠰᠢᠭ᠎ᠢ ᠡᠭᠦᠳᠴᠦ ᠪᠠᠢᠨ᠎ᠠ》 ᠭᠡᠵᠤ ᠲᠠᠨᠢᠯᠴᠠᠭᠤᠯᠤᠨ᠎ᠠ᠃

ᠤᠢᠷ᠎ᠠ ᠵᠢᠨ ᠵᠢᠯ ᠡᠴᠡ ᠢᠰᠡᠭᠡᠢ ᠬᠠᠳᠬᠤᠮᠠᠯ ᠠᠭᠠᠵᠢᠮ ᠵᠢᠡᠷ ᠠᠵᠤ ᠦᠢᠯᠡᠰᠵᠢᠯᠳᠡ᠂ ᠵᠠᠬ᠎ᠠ ᠲᠡᠯᠭᠡᠭᠦᠷᠵᠢᠯᠳᠡ ᠲᠡᠰᠢ ᠭᠦᠭᠵᠢᠵᠤ᠂ ᠢᠰᠡᠭᠡᠢ ᠬᠠᠳᠬᠤᠮᠠᠯ᠎ᠤᠨ ᠬᠠᠮᠠᠭᠠᠯᠠᠯᠳᠠ ᠪᠠ ᠭᠦᠭᠵᠢᠭᠦᠯᠦᠯᠳᠡ ᠵᠢ ᠠᠭᠢᠭᠤᠯᠤᠭᠰᠠᠨ ᠪᠠᠢᠨ᠎ᠠ᠃ ᠰᠦᠨᠢᠳ ᠪᠠᠷᠠᠭᠤᠨ ᠬᠤᠰᠢᠭᠤᠨ ᠪᠠᠰᠠ ᠡᠯ᠎ᠡ ᠵᠦᠢᠯ᠎ᠤᠨ ᠢᠰᠡᠭᠡᠢ ᠬᠠᠳᠬᠤᠮᠠᠯ᠎ᠤᠨ ᠤᠷᠤᠯᠳᠤᠭᠠᠨ᠂ ᠪᠤᠯᠪᠠᠰᠤᠷᠠᠯ᠎ᠤᠨ ᠠᠩᠭᠢ ᠡᠷᠭᠢᠯᠡᠭᠦ ᠪᠡᠷ ᠲᠠᠮᠵᠢᠭᠤᠯᠵᠤ᠂ ᠢᠰᠡᠭᠡᠢ ᠬᠠᠳᠬᠤᠮᠠᠯ ᠲᠠᠢ ᠬᠠᠮᠢᠶ᠎ᠠ ᠪᠦᠭᠦᠢ ᠠᠵᠤ ᠠᠬᠤᠢᠯᠠᠯ᠎ᠢ ᠢᠳᠡᠪᠭᠢᠳᠡᠢ ᠪᠤᠢᠵᠢᠭᠤᠯᠵᠤ᠂ ᠰᠤᠶᠤᠯ᠎ᠤᠨ ᠡᠭᠢ ᠪᠠᠶᠠᠯᠢᠭ᠎ᠤᠨ ᠲᠠᠪᠠᠭᠤᠯᠢᠭ᠎ᠢ ᠠᠵᠤ ᠠᠬᠤᠢ ᠠᠵᠤ ᠦᠢᠯᠡᠰ᠎ᠤᠨ ᠲᠠᠪᠠᠭᠤᠯᠢᠭ ᠪᠤᠯᠭᠠᠨ ᠬᠤᠪᠢᠷᠠᠭᠤᠯᠤᠭᠰᠨᠨ ᠪᠠᠢᠨ᠎ᠠ᠃

ᠢᠰᠡᠭᠡᠢ ᠬᠠᠳᠬᠤᠮᠠᠯ᠎ᠤᠨ ᠦᠨᠭᠭᠡ ᠪᠤᠳᠤᠭ ᠨᠢ ᠰᠤᠯᠤᠨᠭᠭᠠᠷᠠᠵᠤ᠂ ᠡᠭᠡᠭᠡ ᠯᠡ ᠮᠠᠨ ᠪ ᠤᠯᠠᠨ ᠦᠨᠳᠦᠰᠦᠳᠡᠨ ᠪ ᠲᠤᠮᠤ ᠭᠡᠷ ᠪᠦᠯᠢ ᠰᠢᠭ ᠪᠠᠢᠵᠤ᠂ ᠨᠢᠭᠡ ᠵᠡᠭᠦᠦ ᠨᠢᠭᠡ ᠤᠳᠠᠰᠤ ᠪᠡᠷ ᠲᠤᠮᠳᠠᠳᠤ ᠵᠢᠨ ᠲᠤᠮᠤ ᠭᠡᠷ ᠪᠦᠯᠢ ᠵᠢᠨ ᠰᠦᠷᠯᠢᠭ ᠰᠠᠢᠬᠠᠨ ᠬᠠᠭᠤᠳᠠᠰᠤ ᠵᠢ ᠬᠠᠳᠬᠤᠮᠠᠯᠯᠠᠨ ᠵᠢᠷᠤᠭᠯᠠᠨ᠎ᠠ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠵᠣᠣ ᠱᠦ᠍ ᠭᠤᠸᠠᠩ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ ᠎ᠤᠨ ᠮᠤᠩᠭᠤᠯ ᠬᠡᠯᠡᠨ᠎ᠦ ᠰᠤᠨᠢᠨ ᠮᠡᠳᠡᠭᠡ ᠎ᠶ᠋ᠢᠨ ᠰᠦᠯᠵᠢᠶ᠎ᠡ
兼容浏览器的HTML页面