2026-11-06 11:56:22
ᠨᠠᠯᠠᠭᠠᠷ ᠨᠠᠮᠤᠷ᠎ᠤᠨ ᠲᠦᠰᠢᠶᠡᠲᠦ ᠨᠤᠲᠤᠭ ᠲᠦ᠍᠂ ᠠᠭᠤᠯᠠ ᠲᠠᠯ᠎ᠠ ᠰᠢᠷᠭᠠᠯᠲᠤᠵᠦ᠂ ᠪᠠᠲᠤᠴᠠᠭᠠᠨ᠎ᠤ ᠨᠠᠪᠴᠢ ᠤᠯᠠᠢᠨ᠎ᠠ᠃
ᠬᠤᠷᠴᠢᠨ ᠪᠠᠷᠡᠭᠤᠨ ᠭᠠᠷᠤᠨ ᠲᠤᠮᠲᠠᠲᠦ ᠬᠤᠰᠢᠭᠤᠨ᠎ᠳᠤ ᠤᠯᠤᠰ᠎ᠤᠨ ᠲᠤᠲᠤᠭᠠᠲᠦ᠎ᠶᠢᠨ ᠬᠠᠮᠤᠭ᠎ᠤᠨ ᠪᠦᠷᠢᠨ ᠪᠦᠲᠦᠨ᠂ ᠲᠠᠯᠠᠪᠠᠢ ᠪᠡᠷ ᠬᠠᠮᠤᠭ᠎ᠤᠨ ᠶᠡᠬᠡ ᠪᠠᠲᠤᠴᠠᠭᠠᠨ᠎ᠤ ᠤᠢ ᠪᠠᠢᠲᠠᠭ᠃ ᠲᠤᠰ ᠬᠤᠰᠢᠭᠤᠨ᠎ᠤ ᠲᠠᠢᠴᠢᠨᠲᠠᠯᠠ ᠰᠤᠮᠤᠨ᠎ᠳᠤ ᠪᠠᠢᠷᠢᠯᠠᠭ᠎ᠠ ᠪᠠᠲᠤᠴᠠᠭᠠᠨ ᠤ ᠠᠮᠢ ᠠᠬᠤᠢ ᠵᠢᠭᠤᠯᠴᠢᠯᠠᠯ᠎ᠤᠨ ᠦᠵᠡᠮᠵᠢ᠎ᠶᠢᠨ ᠤᠷᠤᠨ᠎ᠤ 93 ᠲᠦᠮᠡᠨ ᠮᠦ᠍ ᠨᠤᠲᠤᠭ ᠲᠡᠭᠡᠷ᠎ᠡ᠂ 1.5 ᠲᠦᠮᠡᠨ ᠰᠠᠭᠤᠷᠢ ᠪᠠᠲᠤᠴᠠᠭᠠᠨ ᠤᠷᠭᠤᠵᠦ᠂ ᠨᠠᠮᠤᠷ ᠪᠤᠯᠬᠤ᠎ᠶᠢ ᠲᠠᠭᠠᠨ ᠦᠨᠭᠭᠡ ᠨᠢ ᠠᠭᠠᠵᠢᠮᠶ᠋ᠢᠡᠷ ᠰᠢᠷᠭᠠᠯᠲᠤᠨ ᠤᠯᠠᠢᠵᠦ᠂ ᠤᠮᠠᠷᠠᠲᠦ᠎ᠶᠢᠨ ᠲᠠᠯ᠎ᠠ ᠨᠤᠲᠤᠭ᠎ᠤᠨ ᠢᠯᠡᠷᠭᠡᠢ ᠰᠢᠨᠵᠢ ᠲᠡᠮᠳᠡᠭ ᠪᠦᠬᠦᠢ ᠰᠡᠢᠷᠡᠭ ᠤᠢᠲᠦ ᠠᠮᠢ ᠠᠬᠤᠢ᠎ᠶᠢᠨ ᠰᠢᠰᠲᠸᠮ᠎ᠢ ᠪᠦᠷᠢᠯᠲᠦᠬᠦᠯᠦᠭᠰᠡᠨ ᠪᠢᠯᠡ᠃
10 ᠰᠠᠷ᠎ᠠ᠎ᠶᠢᠨ ᠲᠤᠮᠲᠠᠴᠢ ᠪᠡᠷ᠂ 《ᠠᠯᠲᠠᠨ ᠨᠠᠮᠤᠷ ᠪᠠᠲᠤᠴᠠᠭᠠᠨ ᠤᠢ ᠶᠢ ᠪᠤᠳᠤᠭᠯᠠᠵᠤ᠂ ᠬᠢᠩᠭᠠᠨ ᠨᠤᠲᠤᠭ ᠵᠢᠷᠤᠭ ᠰᠢᠭ᠋ ᠭᠣᠶᠣᠬᠠᠨ》 ᠭᠡᠬᠦ᠌ 2026 ᠣᠨ᠎ᠤ᠋ ᠬᠢᠩᠭᠠᠨ ᠠᠢᠮᠠᠭ ᠤ᠋ᠨ ᠪᠠᠲᠤᠴᠠᠭᠠᠨᠤ᠋ ᠰᠣᠶᠣᠯ ᠵᠢᠭᠤᠯᠴᠢᠯᠠᠯ᠎ᠤ᠋ᠨ ᠤᠯᠠᠷᠢᠯᠢ᠋ ᠪᠡᠯᠭᠡᠯᠡᠬᠦ᠌ ᠶᠣᠰᠣᠯᠠᠯ ᠬᠤᠷᠴᠢᠨ ᠪᠠᠷᠠᠭᠤᠨ ᠭᠠᠷᠤᠨ ᠲᠤᠮᠲᠠᠲᠦ ᠬᠤᠰᠢᠭᠤᠨ᠎ᠤ ᠪᠠᠲᠤᠴᠠᠭᠠᠨᠤ᠋ ᠠᠮᠢ ᠠᠬᠤᠢ ᠵᠢᠭᠤᠯᠴᠢᠯᠠᠯ᠎ᠤ᠋ᠨ ᠦᠵᠡᠮᠵᠢ᠎ᠶᠢᠨ ᠣᠷᠣᠨ᠎ᠳᠤ ᠶᠠᠪᠤᠭᠲᠠᠪᠠ᠃ ᠦᠵᠡᠮᠵᠢ᠎ᠶᠢᠨ ᠤᠷᠤᠨ᠎ᠤ ᠬᠢᠨ ᠪᠠᠲᠤᠴᠠᠭᠠᠨ᠎ᠤ ᠤᠢ᠎ᠶᠢ ᠰᠤᠨᠢᠷᠬᠠᠬᠤ᠂ ᠪᠤᠲᠠᠰ᠎ᠤᠨ ᠪᠤᠰᠤ ᠰᠤᠶᠤᠯ᠎ᠤᠨ ᠦᠪ᠎ᠤᠨ ᠵᠠᠬ᠎ᠠ ᠪᠡᠷ ᠲᠤᠭᠤᠷᠢᠬᠤ᠂ ᠤᠶᠤᠨᠲᠤ᠌ AI ᠮᠠᠰᠢᠨ ᠬᠥᠮᠦᠨᠶ᠋ᠢᠡᠷ ᠦᠯᠢᠭᠡᠷ ᠶᠠᠷᠢᠭᠤᠯᠬᠤ ᠵᠡᠷᠭᠡ ᠪᠠᠶᠠᠯᠢᠭ ᠤᠯᠠᠨ ᠠᠵᠢᠯᠯᠠᠭ᠎ᠠ ᠲᠤᠬᠢᠷᠠᠭᠤᠯᠵᠦ᠂ ᠶᠤᠰᠤᠯᠠᠯ᠎ᠤᠨ ᠠᠨᠭᠬᠠᠨ᠎ᠤ ᠡᠲᠦᠷᠲᠡᠭᠡᠨ 4 ᠲᠦᠮᠡᠨ ᠵᠢᠭᠤᠯᠴᠢᠯᠠᠬᠰᠠᠳ᠎ᠢ ᠲᠠᠲᠠᠬᠰᠠᠨ ᠪᠠᠢᠨ᠎ᠠ᠃

ᠤᠢᠷ᠎ᠠ᠎ᠶᠢᠨ ᠵᠢᠯ᠎ᠳᠤ᠂ ᠬᠤᠷᠴᠢᠨ ᠪᠠᠷᠠᠭᠤᠨ ᠭᠠᠷᠤᠨ ᠲᠤᠮᠲᠠᠲᠦ ᠬᠤᠰᠢᠭᠤ ᠨᠢ ᠠᠮᠢ ᠠᠬᠤᠢ ᠪᠡᠷ ᠰᠠᠭᠤᠷᠢ ᠪᠤᠯᠭᠠᠨ᠂ ᠰᠤᠶᠤᠯᠶ᠋ᠢᠡᠷ ᠰᠦᠭ ᠰᠦᠨᠡᠰᠦ ᠪᠤᠯᠭᠠᠵᠦ᠂ ᠤᠷᠤᠨ ᠨᠤᠲᠤᠭ᠎ᠤᠨ ᠰᠤᠶᠤᠯ ᠵᠢᠭᠤᠯᠴᠢᠯᠠᠯ᠎ᠤᠨ ᠲᠦᠷᠦᠯ ᠲᠡᠮᠳᠡᠭ᠎ᠢ ᠡᠬᠦᠳᠴᠦ᠂ ᠠᠮᠢ ᠠᠬᠤᠢ ᠪᠠ ᠰᠤᠶᠤᠯ ᠵᠢᠭᠤᠯᠴᠢᠯᠠᠯ ᠠᠭᠤᠰᠤᠯᠴᠠᠭᠰᠠᠨ ᠴᠢᠨᠠᠷ ᠰᠠᠢᠲᠠᠢ ᠬᠦᠭᠵᠢᠯᠳᠡ᠎ᠶᠢᠨ ᠰᠢᠨ᠎ᠡ ᠵᠠᠮᠶ᠋ᠢᠡᠷ ᠵᠠᠮᠨᠠᠬᠰᠠᠨ ᠪᠢᠯᠡ᠃
ᠠᠮᠢ ᠠᠬᠤᠢ᠄ ᠵᠢᠭᠤᠯᠴᠢᠯᠠᠯ᠎ᠤᠨ ᠬᠦᠭᠵᠢᠯᠳᠡ᠎ᠶᠢᠨ ᠰᠠᠭᠤᠷᠢ
ᠠᠮᠢ ᠠᠬᠤᠢ ᠪᠤᠯ ᠤᠷᠤᠨ ᠨᠤᠲᠤᠭ᠎ᠤᠨ ᠰᠤᠶᠤᠯ ᠵᠢᠭᠤᠯᠴᠢᠯᠠᠯ᠎ᠤᠨ ᠰᠠᠭᠤᠷᠢ ᠪᠤᠯᠤᠨ᠎ᠠ᠃ ᠪᠠᠲᠤᠴᠠᠭᠠᠨ᠎ᠤ ᠪᠠᠢᠭᠠᠯᠢ᠎ᠶᠢᠨ ᠬᠠᠮᠠᠭᠠᠯᠠᠯᠲᠠ᠎ᠶᠢᠨ ᠤᠷᠤᠨ ᠪᠤᠯ ᠬᠤᠷᠴᠢᠨ ᠪᠠᠷᠠᠭᠤᠨ ᠭᠠᠷᠤᠨ ᠲᠤᠮᠲᠠᠲᠦ ᠬᠤᠰᠢᠭᠤᠨ᠎ᠤ ᠠᠮᠢ ᠠᠬᠤᠢ ᠰᠤᠶᠤᠯ ᠵᠢᠭᠤᠯᠴᠢᠯᠠᠯ᠎ᠤᠨ ᠦᠢᠯᠡᠰ᠎ᠤᠨ ᠭᠤᠤᠯᠲᠠᠯᠭ᠎ᠠ ᠪᠤᠯᠤᠨ᠎ᠠ᠃ ᠬᠠᠮᠠᠭᠠᠯᠠᠯᠲᠠ᠎ᠶᠢᠨ ᠤᠷᠤᠨ ᠨᠢ ᠠᠮᠢ ᠠᠬᠤᠢ᠎ᠶᠢᠨ ᠬᠠᠮᠠᠭᠠᠯᠠᠯᠲᠠ ᠪᠠ ᠬᠠᠮᠢᠶᠠᠷᠤᠯᠲᠠ᠎ᠶᠢ ᠲᠡᠷᠢᠬᠦᠨ ᠪᠠᠢᠷᠢᠨ᠎ᠳᠤ ᠲᠠᠯᠪᠢᠵᠦ᠂ ᠵᠢᠭᠤᠯᠴᠢᠯᠠᠯ᠎ᠤᠨ ᠵᠠᠮ ᠱᠤᠭᠤᠮ᠎ᠢ ᠰᠢᠨᠵᠢᠯᠡᠬᠦ ᠤᠬᠠᠭᠠᠨᠴᠢ ᠪᠡᠷ ᠲᠦᠯᠦᠪᠵᠢᠬᠦᠯᠵᠦ᠂ ᠠᠮᠢ ᠠᠬᠤᠢ᠎ᠶᠢᠨ ᠵᠢᠭᠤᠯᠴᠢᠯᠠᠯ᠎ᠢ ᠠᠯᠬᠤᠮ ᠲᠠᠷᠠᠭ᠎ᠠ ᠲᠠᠢ ᠬᠦᠭᠵᠢᠬᠦᠯᠦᠭᠰᠡᠨ ᠪᠠᠢᠨ᠎ᠠ᠃
《ᠪᠢᠳᠡ ᠠᠮᠢ ᠠᠬᠤᠢ ᠶᠢᠨ ᠬᠠᠮᠠᠭᠠᠯᠠᠯᠲᠠ᠎ᠶᠢᠨ ᠦᠨᠲᠦᠰᠦᠨ ᠱᠤᠭᠤᠮ᠎ᠢ ᠭᠤᠢᠪᠢᠰᠢ ᠦᠬᠡᠢ ᠰᠠᠬᠢᠵᠦ᠂ ᠬᠠᠮᠠᠭᠠᠯᠠᠯᠲᠠ ᠬᠠᠮᠢᠶᠠᠷᠤᠯᠲᠠ᠎ᠶᠢᠨ ᠲᠤᠮᠲᠠ ᠪᠠᠨ ᠠᠮᠢ ᠠᠬᠤᠢ᠎ᠶᠢᠨ ᠦᠵᠡᠮᠵᠢ ᠪᠠᠨ ᠰᠢᠨᠵᠢᠯᠡᠬᠦ ᠤᠬᠠᠭᠠᠨᠴᠢ ᠪᠡᠷ ᠠᠰᠢᠬᠯᠠᠵᠦ᠂ ᠠᠮᠢ ᠠᠬᠤᠢ᠎ᠶᠢᠨ ᠦᠵᠡᠮᠵᠢ ᠪᠡᠷ ᠲᠠᠮᠵᠢᠭᠤᠯᠤᠨ ᠤᠯᠠᠨ ᠲᠦᠮᠡᠨ᠎ᠤ ᠤᠷᠤᠯᠭ᠎ᠠ᠎ᠶᠢ ᠨᠡᠮᠡᠭᠳᠡᠬᠦᠯᠦᠨ᠎ᠠ》 ᠭᠡᠵᠦ ᠬᠤᠷᠴᠢᠨ ᠪᠠᠷᠠᠭᠤᠨ ᠭᠠᠷᠤᠨ ᠲᠤᠮᠲᠠᠲᠦ ᠬᠤᠰᠢᠭᠤᠨ᠎ᠤ ᠪᠠᠲᠤᠴᠠᠭᠠᠨ᠎ᠤ ᠪᠠᠢᠭᠠᠯᠢ᠎ᠶᠢᠨ ᠬᠠᠮᠠᠭᠠᠯᠠᠯᠲᠠ᠎ᠶᠢᠨ ᠤᠷᠤᠨ᠎ᠤ ᠬᠠᠮᠢᠶᠠᠷᠤᠯᠲᠠ᠎ᠶᠢᠨ ᠲᠤᠪᠴᠢᠶᠠᠨ᠎ᠤ ᠲᠠᠷᠤᠭ᠎ᠠ ᠵᠤᠤ ᠡᠦ ᠱᠠᠨ ᠶᠠᠷᠢᠨ᠎ᠠ᠃
ᠲᠡᠭᠡᠷ᠎ᠡ ᠵᠠᠭᠤᠨ᠎ᠤ ᠲᠠᠯ᠎ᠠ ᠨᠠᠶᠠᠭᠠᠳ ᠤᠨ᠎ᠤ ᠦᠶ᠎ᠡ᠎ᠳᠤ᠂ ᠬᠠᠩᠭᠠᠯ ᠨᠠᠭᠤᠷ᠎ᠤᠨ ᠤᠰᠤᠨ ᠴᠦᠬᠦᠷᠦᠮ᠎ᠢ ᠭᠤᠤᠯᠲᠠᠭᠤ ᠲᠠᠷᠢᠶ᠎ᠠ ᠤᠰᠤᠯᠠᠬᠤ᠂ ᠦᠶᠡᠷ᠎ᠢ ᠰᠡᠷᠭᠡᠢᠯᠡᠬᠦ᠂ ᠵᠢᠭᠠᠰᠦ ᠲᠡᠵᠢᠭᠡᠬᠦ ᠵᠡᠷᠭᠡ᠎ᠳᠤ ᠭᠡᠷᠡᠭᠯᠡᠵᠦ ᠪᠠᠢᠵᠠᠢ᠃ ᠲᠤᠬᠠᠢ᠎ᠶᠢᠨ ᠦᠶ᠎ᠡ᠎ᠳᠤ ᠴᠦᠬᠦᠷᠦᠮ᠎ᠤᠨ ᠠᠮᠢ ᠠᠬᠤᠢ ᠤᠷᠴᠢᠨ ᠲᠤᠭᠤᠷᠢᠨ ᠠᠨᠠᠢ᠂ ᠲᠤᠨᠤᠭ ᠲᠦᠬᠦᠭᠡᠷᠦᠮᠵᠢ ᠨᠢ ᠲᠦᠬᠦᠮ ᠪᠦᠲᠦᠬᠦᠯᠢᠭ᠂ ᠦᠢᠯᠡᠲᠦᠯ ᠴᠢᠲᠠᠪᠬᠢ ᠨᠢ ᠲᠠᠩ ᠴᠤᠯᠭᠤᠢ ᠪᠠᠢᠵᠦ᠂ ᠠᠮᠢᠲᠤᠷᠠᠯ ᠦᠢᠯᠡᠳᠪᠦᠷᠢᠯᠡᠯ᠎ᠤᠨ ᠦᠨᠲᠦᠰᠦᠨ ᠱᠠᠭᠠᠷᠲᠠᠯᠭ᠎ᠠ᠎ᠶᠢ ᠯᠡ ᠬᠠᠩᠭᠠᠲᠠᠭ ᠪᠠᠢᠵᠠᠢ᠃ ᠤᠲᠠᠭᠠᠨ ᠵᠢᠯ᠎ᠤᠨ ᠪᠦᠲᠦᠭᠡᠨ ᠪᠠᠢᠭᠤᠯᠤᠯᠲᠠ ᠪᠡᠷ ᠲᠠᠮᠵᠢᠨ᠂ ᠤᠨᠴᠠᠭᠠᠢᠯᠠᠨ 《ᠠᠷᠪᠠᠨ ᠲᠦᠷᠪᠡᠲᠦᠭᠡᠷ ᠲᠠᠪᠤᠨ ᠵᠢᠯ》᠎ᠡᠴᠡ ᠨᠠᠭᠠᠰᠢ᠂ ᠤᠰᠤᠨ ᠴᠦᠬᠦᠷᠤᠮ ᠨᠢ ᠤᠰᠤᠨ ᠠᠰᠢᠬᠯᠠᠯᠲᠠ᠎ᠶᠢᠨ ᠬᠦᠢᠰᠦ ᠪᠠᠷᠢᠯᠭ᠎ᠠ ᠪᠠᠢᠬᠰᠠᠨ ᠡᠴᠡ ᠪᠠᠨ ᠤᠰᠤᠨ ᠠᠰᠢᠬᠯᠠᠯᠲᠠ ᠪᠠ ᠰᠤᠶᠤᠯ ᠵᠢᠭᠤᠯᠴᠢᠯᠠᠯ᠎ᠢ ᠨᠢᠬᠡ ᠴᠤᠭᠴᠠᠵᠢᠭᠤᠯᠤᠬᠰᠠᠨ ᠤᠯᠠᠨ ᠴᠢᠲᠠᠪᠬᠢᠲᠦ ᠦᠵᠡᠮᠵᠢ᠎ᠶᠢᠨ ᠤᠷᠤᠨ ᠪᠤᠯᠤᠨ ᠬᠤᠪᠢᠷᠠᠬᠰᠠᠨ ᠪᠠᠢᠨ᠎ᠠ᠃ 2023 ᠤᠨ᠎ᠳᠤ ᠲᠤᠰ ᠬᠤᠰᠢᠭᠤ ᠨᠢ 2.29ᠳ᠋ᠦᠨᠭᠰᠢᠭᠤᠷ ᠲᠦᠬᠦᠷᠢᠭ ᠪᠡᠯᠡ ᠤᠷᠤᠭᠤᠯᠵᠦ᠂ ᠴᠦᠬᠦᠷᠦᠮ᠎ᠢ ᠪᠡᠬᠢᠵᠢᠬᠦᠯᠬᠦ ᠢᠨᠵᠸᠨ᠋ᠸᠷᠢᠩ᠎ᠢ ᠭᠡᠷᠡᠭᠵᠢᠬᠦᠯᠵᠦ᠂ ᠠᠮᠤᠷ ᠲᠦᠪᠰᠢᠨ᠎ᠤ ᠬᠡᠮ ᠰᠤᠭᠤᠭ᠎ᠢ ᠠᠷᠢᠯᠭᠠᠬᠰᠠᠨ ᠡᠴᠡ ᠦᠶᠡᠷ ᠡᠴᠡ ᠰᠡᠷᠭᠡᠢᠯᠡᠬᠦ ᠲᠠᠷᠢᠶᠠᠨ ᠭᠠᠵᠠᠷ᠎ᠢ ᠤᠰᠤᠯᠠᠬᠤ ᠴᠢᠲᠠᠪᠦᠷᠢ ᠨᠢ ᠪᠦᠬᠦ ᠲᠠᠯ᠎ᠠ ᠪᠡᠷ ᠲᠡᠭᠡᠭᠰᠢᠯᠡᠵᠦ᠂ ᠲᠤᠤᠷ᠎ᠠ ᠤᠷᠤᠰᠬᠠᠯ᠎ᠤᠨ 15.5 ᠲᠦᠮᠡᠨ ᠮᠦ᠍᠎ᠶᠢᠨ ᠲᠠᠷᠢᠶᠠᠨ ᠭᠠᠵᠠᠷ᠂ 7 ᠲᠦᠮᠡᠨ ᠮᠦ᠍᠎ᠶᠢᠨ ᠲᠠᠯ᠎ᠠ ᠭᠠᠵᠠᠷ᠎ᠤᠨ ᠤᠰᠤ ᠭᠡᠷᠡᠭᠯᠡᠬᠦ ᠱᠠᠭᠠᠷᠲᠠᠯᠭ᠎ᠠ᠎ᠶᠢ ᠬᠠᠩᠭᠠᠭᠰᠠᠨ ᠪᠠᠢᠨ᠎ᠠ᠃
ᠤᠲᠤ᠂ ᠤᠰᠤᠨ ᠴᠦᠬᠦᠷᠦᠮ ᠨᠢ ᠠᠮᠢ ᠠᠬᠤᠢ᠎ᠳᠠᠭᠠᠨ ᠲᠦᠰᠢᠭᠯᠡᠨ ᠤᠯᠤᠰ᠎ᠤᠨ AAAAᠲᠡᠰ᠎ᠤᠨ《ᠬᠠᠩᠭᠠᠯ ᠨᠠᠭᠤᠷ — ᠪᠠᠲᠤᠴᠠᠭᠠᠨ》᠎ᠤ᠋ ᠰᠡᠯᠡᠬᠦᠴᠡᠯ ᠵᠢᠭᠤᠯᠴᠢᠯᠠᠯ᠎ᠤᠨ ᠤᠷᠤᠨ᠎ᠢ ᠪᠠᠢᠭᠤᠯᠵᠦ᠂ 4C ᠲᠡᠰ᠎ᠤᠨ ᠮᠠᠰᠢᠨ ᠵᠢᠯᠤᠭᠤᠳᠴᠦ ᠵᠢᠭᠤᠯᠴᠢᠯᠠᠬᠤ ᠲᠡᠷᠭᠡᠨ ᠪᠠᠭᠤᠲᠠᠯ᠂ ᠭᠡᠦᠭᠡᠳ᠎ᠤᠨ ᠴᠡᠨᠭᠭᠡᠯ᠎ᠤᠨ ᠭᠠᠵᠠᠷ ᠵᠡᠷᠭᠡ ᠰᠤᠶᠤᠯ ᠵᠢᠭᠤᠯᠴᠢᠯᠠᠯ᠎ᠤᠨ ᠲᠦᠷᠦᠯ ᠵᠦᠢᠯ᠎ᠢ ᠪᠠᠢᠭᠤᠯᠵᠦ᠂ ᠵᠢᠭᠤᠯᠴᠢᠯᠠᠯ᠎ᠤᠨ ᠲᠤᠨᠤᠭ ᠲᠦᠬᠦᠬᠡᠷᠦᠮᠵᠢ ᠨᠢ ᠡᠲᠦᠷ ᠢᠷᠡᠬᠦᠶ᠎ᠡ ᠲᠡᠬᠦᠯᠳᠡᠷᠵᠢᠵᠦ ᠪᠤᠢ᠃ 2025 ᠤᠨ᠎ᠳᠤ᠂ ᠪᠦᠬᠦ ᠬᠤᠰᠢᠭᠤ ᠪᠡᠷᠶ᠋ᠢᠡᠨ 298 ᠲᠦᠮᠡᠨ ᠬᠦᠮᠦᠨ ᠤᠲᠠᠭᠠᠨ᠎ᠤ ᠵᠢᠭᠤᠯᠴᠢᠯᠠᠬᠰᠠᠳ ᠢ ᠬᠦᠯᠢᠶᠡᠨ ᠠᠪᠴᠦ᠂ 15.9ᠳ᠋ᠦ᠋ᠨᠭᠰᠢᠭᠤᠷ ᠲᠦᠬᠦᠷᠢᠭ᠎ᠤᠨ ᠵᠢᠭᠤᠯᠴᠢᠯᠠᠯ᠎ᠤᠨ ᠤᠷᠤᠯᠭ᠎ᠠ᠎ᠶᠢ ᠡᠬᠦᠳᠴᠦ᠂ ᠠᠮᠢ ᠠᠬᠤᠢ᠎ᠶᠢᠨ ᠬᠦᠭᠵᠢᠯᠳᠡ ᠪᠡᠷ ᠠᠷᠠᠳ᠎ᠤᠨ ᠠᠮᠢᠲᠤᠷᠠᠯ᠎ᠢ ᠰᠠᠢᠵᠢᠷᠠᠭᠤᠯᠵᠦ᠂ ᠬᠤᠷᠴᠢᠨ ᠪᠠᠷᠠᠭᠤᠨ ᠭᠠᠷᠤᠨ ᠲᠤᠮᠲᠠᠲᠦ ᠬᠤᠰᠢᠭᠤᠨ᠎ᠤ ᠠᠮᠢ ᠠᠬᠤᠢ᠎ᠶᠢ ᠤᠷᠢᠲᠡᠪᠡᠷ ᠪᠤᠲᠤᠯᠬᠢᠯᠠᠵᠦ᠂ ᠪᠤᠬᠢᠷᠲᠤᠯ ᠦᠬᠡᠢ ᠬᠦᠭᠵᠢᠨ᠂ ᠠᠷᠠᠳ᠎ᠤᠨ ᠠᠮᠢᠲᠤᠷᠠᠯ᠎ᠢ ᠰᠠᠢᠵᠢᠷᠠᠭᠤᠯᠤᠬᠰᠠᠨ ᠠᠮᠢᠲᠤᠯᠢᠭ ᠵᠢᠱ᠌ᠢᠶ᠎ᠡ ᠪᠤᠯᠤᠬᠰᠠᠨ ᠪᠠᠢᠨ᠎ᠠ᠃

ᠬᠤᠷᠴᠢᠨ᠎ᠤ ᠡᠯᠡᠰᠦᠷᠭᠡᠭ ᠭᠠᠵᠠᠷ ᠪᠠ ᠰᠤᠨᠭᠭᠠᠷᠢ ᠨᠤᠨᠤ ᠲᠠᠯ᠎ᠠ ᠭᠠᠵᠠᠷ᠎ᠤᠨ ᠠᠭᠤᠯᠵᠠᠷ ᠭᠡᠰᠡᠭ ᠲᠦ᠍ ᠪᠠᠢᠷᠢᠯᠠᠭ᠎ᠠ ᠬᠤᠷᠴᠢᠨ ᠪᠠᠷᠠᠭᠤᠨ ᠭᠠᠷᠤᠨ ᠲᠤᠮᠲᠠᠲᠦ ᠬᠤᠰᠢᠭᠤᠨ᠎ᠳᠤ᠂ ᠲᠠᠯ᠎ᠠ ᠭᠠᠵᠠᠷ᠂ ᠨᠤᠭᠤ ᠭᠠᠵᠠᠷ᠂ ᠪᠠᠢᠭᠠᠯᠢᠯᠢᠭ ᠤᠢ ᠵᠡᠷᠭᠡ ᠠᠳᠠᠯᠢ ᠪᠤᠰᠤ ᠠᠮᠢ ᠠᠬᠤᠢ᠎ᠶᠢᠨ ᠰᠢᠰᠲᠸᠮ ᠪᠠᠢᠲᠠᠭ ᠪᠦᠬᠡᠳ ᠬᠤᠷᠴᠢᠨ᠎ᠤ ᠤᠯᠤᠰ᠎ᠤᠨ ᠪᠠᠢᠭᠠᠯᠢ᠎ᠶᠢᠨ ᠬᠠᠮᠠᠭᠠᠯᠠᠯᠲᠠ᠎ᠶᠢᠨ ᠤᠷᠤᠨ᠂ ᠲᠠᠢᠴᠢᠨᠲᠠᠯᠠᠶᠢᠨ ᠪᠠᠲᠤᠴᠠᠭᠠᠨ᠎ᠤ ᠠᠮᠢ ᠠᠬᠤᠢ ᠵᠢᠭᠤᠯᠴᠢᠯᠠᠯ᠎ᠤᠨ ᠤᠷᠤᠨ᠂ ᠮᠦᠨᠭᠭᠡ ᠬᠠᠨ ᠠᠭᠤᠯᠠ᠎ᠶᠢᠨ ᠪᠠᠢᠭᠠᠯᠢ᠎ᠶᠢᠨ ᠬᠠᠮᠠᠭᠠᠯᠠᠯᠲᠠ᠎ᠶᠢᠨ ᠤᠷᠤᠨ ᠵᠡᠷᠭᠡ ᠭᠤᠤᠯ ᠪᠤᠯᠬᠤ ᠠᠮᠢ ᠠᠬᠤᠢ᠎ᠶᠢᠨ ᠪᠦᠰᠡ ᠲᠤᠭᠤᠷᠢᠭ ᠲᠠᠢ ᠪᠠᠢᠲᠠᠭ᠃ ᠠᠮᠢ ᠠᠬᠤᠢ ᠪᠠᠨ ᠪᠦᠲᠦᠮᠵᠢᠳᠡᠢ ᠬᠠᠮᠠᠭᠠᠯᠠᠬᠤ᠎ᠶᠢᠨ ᠲᠦᠯᠦᠬᠡ᠂ ᠬᠤᠷᠴᠢᠨ ᠪᠠᠷᠠᠭᠤᠨ ᠭᠠᠷᠤᠨ ᠲᠤᠮᠲᠠᠲᠦ ᠬᠤᠰᠢᠭᠤᠨ᠎ᠤ ᠲᠤᠲᠤᠭᠠᠲᠦ᠎ᠶᠢ ᠬᠠᠮᠠᠭᠠᠯᠠᠬᠤ ᠲᠤᠪᠴᠢᠶ᠎ᠠ ᠨᠢ ᠤᠢᠷ᠎ᠠ᠎ᠶᠢᠨ ᠵᠢᠯ᠎ᠳᠤ᠂ ᠠᠮᠢ ᠠᠬᠤᠢ᠎ᠶᠢᠨ ᠪᠦᠰᠡ ᠲᠤᠭᠤᠷᠢᠭ᠎ᠤᠨ ᠠᠳᠠᠯᠢ ᠪᠤᠰᠤ ᠤᠨᠴᠠᠯᠢᠭ᠎ᠢ ᠦᠨᠲᠦᠰᠦᠯᠡᠨ ᠠᠳᠠᠯᠢ ᠪᠤᠰᠤ ᠠᠷᠭ᠎ᠠ ᠬᠡᠮᠵᠢᠶ᠎ᠡ ᠭᠡᠷᠡᠭᠵᠢᠬᠦᠯᠦᠨ᠂ ᠬᠠᠦᠯᠢ ᠪᠤᠰᠤ ᠪᠡᠷ ᠤᠢ ᠮᠤᠲᠤ ᠤᠬᠲᠤᠯᠵᠦ ᠭᠠᠵᠠᠷ ᠬᠠᠭᠠᠯᠪᠦᠷᠢᠯᠠᠬᠤ᠂ ᠲᠤᠤᠷ ᠬᠦᠷᠢᠶ᠎ᠡ ᠲᠠᠲᠠᠵᠦ ᠠᠮᠢ ᠠᠬᠤᠢ᠎ᠶᠢᠨ ᠤᠷᠤᠨ ᠵᠠᠢ᠎ᠶᠢ ᠡᠵᠡᠯᠡᠬᠦ᠂ ᠭᠡᠭᠡᠷ᠎ᠡ᠎ᠶᠢᠨ ᠠᠮᠢᠲᠠᠨ ᠪᠠ ᠵᠢᠬᠦᠷᠳᠡᠨ᠎ᠢ ᠬᠠᠦᠯᠢ ᠪᠤᠰᠤ ᠪᠡᠷ ᠠᠨᠭᠨᠠᠵᠦ ᠪᠠᠷᠢᠬᠤ ᠵᠡᠷᠭᠡ ᠬᠠᠦᠯᠢ ᠡᠴᠡ ᠵᠦᠷᠢᠴᠡᠭᠰᠡᠨ ᠠᠵᠢᠯᠯᠠᠭ᠎ᠠ᠎ᠳᠤ ᠴᠤᠬᠢᠯᠲᠠ ᠦᠭᠬᠦᠭᠰᠡᠨ ᠪᠠᠢᠨ᠎ᠠ᠃
ᠴᠡᠭᠴᠡᠯᠡᠨ ᠵᠠᠰᠠᠬᠤ ᠬᠦᠴᠦᠯᠡᠴᠡ᠎ᠶᠢᠨ ᠨᠡᠮᠡᠭᠳᠡᠬᠦ᠎ᠶᠢ ᠲᠠᠭᠠᠯᠲᠤᠨ᠂ ᠠᠮᠢ ᠠᠬᠤᠢ᠎ᠶᠢᠨ ᠬᠠᠦᠯᠢ ᠡᠴᠡ ᠵᠦᠷᠢᠴᠡᠬᠦ ᠠᠵᠢᠯᠯᠠᠭ᠎ᠠ ᠵᠢᠯ ᠲᠤᠲᠤᠮ ᠪᠠᠭᠠᠰᠴᠦ᠂ ᠠᠮᠢ ᠠᠬᠤᠢ᠎ᠶᠢᠨ ᠬᠠᠦᠯᠢ ᠡᠴᠡ ᠵᠦᠷᠢᠴᠡᠬᠦ ᠶᠠᠯᠠᠲᠦ ᠠᠵᠢᠯᠯᠠᠭ᠎ᠠ᠎ᠶᠢ ᠪᠦᠲᠦᠮᠵᠢᠳᠡᠢ ᠬᠤᠷᠢᠬᠯᠠᠵᠦ᠂ ᠠᠮᠢ ᠠᠬᠤᠢ᠎ᠶᠢᠨ ᠵᠠᠰᠠᠯᠲᠠ᠎ᠶᠢᠨ ᠭᠤᠤᠯᠲᠠᠯᠭ᠎ᠠ ᠨᠢ ᠠᠭᠠᠵᠢᠮᠶ᠋ᠢᠡᠷ ᠠᠮᠢᠲᠤ ᠪᠤᠲᠠᠰ᠎ᠤᠨ ᠤᠯᠠᠨ ᠶᠠᠨᠭᠵᠦᠲᠦ ᠰᠢᠨᠵᠢ᠎ᠶᠢ ᠬᠦᠭᠵᠢᠬᠦᠯᠬᠦ ᠲᠡᠢᠰᠢ ᠰᠢᠯᠵᠢᠭᠰᠡᠨ ᠪᠠᠢᠨ᠎ᠠ᠃
ᠰᠤᠶᠤᠯ᠄ ᠵᠢᠭᠤᠯᠴᠢᠯᠠᠯ᠎ᠤᠨ ᠦᠢᠯᠡᠰ᠎ᠤᠨ ᠰᠦᠭ ᠰᠦᠨᠡᠰᠦ
ᠬᠤᠷᠴᠢᠨ ᠪᠠᠷᠠᠭᠤᠨ ᠭᠠᠷᠤᠨ ᠲᠤᠮᠲᠠᠲᠦ ᠬᠤᠰᠢᠭᠤᠨ᠎ᠤ ᠲᠦᠪ ᠪᠠᠶᠠᠨᠬᠤᠰᠢᠭᠤ ᠪᠠᠯᠭᠠᠰᠦᠨ ᠡᠴᠡ ᠵᠡᠬᠦᠨ ᠬᠤᠢᠰᠢ 20 ᠺᠢᠯᠤᠮᠸᠲᠷ ᠠᠶᠠᠯᠠᠪᠠᠯ᠂ ᠲᠦᠰᠢᠶᠡᠲᠦ ᠴᠢᠨ ᠸᠠᠩ᠎ᠤᠨ ᠤᠷᠲᠤᠨ ᠬᠡᠮᠡᠬᠦ 130 ᠭᠠᠷᠤᠢ ᠵᠢᠯ᠎ᠤᠨ ᠲᠡᠦᠭᠡ ᠲᠠᠢ ᠪᠠᠷᠢᠯᠭ᠎ᠠ ᠬᠠᠷᠠᠭᠠᠨ᠎ᠳᠤ ᠦᠷᠲᠦᠨᠡ᠃
ᠲᠤᠰ ᠤᠷᠲᠤ᠎ᠨᠢ ᠴᠢᠩ ᠤᠯᠤᠰ᠎ᠤᠨ ᠪᠦᠷᠢᠨ ᠵᠠᠰᠠᠬᠴᠢ᠎ᠶᠢᠨ ᠠᠷᠪᠠᠲᠤᠭᠠᠷ ᠤᠨ ᠡᠴᠡ ᠪᠠᠲᠠᠷᠠᠭᠤᠯᠲᠦ ᠲᠦᠷᠦ᠎ᠶᠢᠨ ᠠᠷᠪᠠᠨ ᠵᠢᠷᠭᠤᠲᠤᠭᠠᠷ ᠤᠨ(1871 — 1890 ᠤᠨ)᠎ᠤ᠋ ᠬᠤᠭᠤᠷᠤᠨᠲᠦ ᠪᠠᠢᠭᠤᠯᠵᠦ᠂ ᠲᠤᠬᠠᠢ᠎ᠶᠢᠨ ᠦᠶ᠎ᠡ᠎ᠶᠢᠨ ᠲᠦᠰᠢᠶᠡᠲᠦ ᠬᠤᠰᠢᠭᠤᠨ᠎ᠤ ᠤᠯᠤᠰ ᠲᠦᠷᠦ᠂ ᠰᠤᠶᠤᠯ᠂ ᠱᠠᠰᠢᠨ ᠰᠤᠷᠲᠠᠬᠤᠨ᠎ᠤ ᠲᠦᠪ ᠪᠠᠢᠬᠰᠠᠨ ᠪᠢᠯᠡ᠃ ᠲᠤᠰ ᠪᠠᠷᠢᠯᠭ᠎ᠠ ᠨᠢ ᠬᠢᠲᠠᠳ᠂ ᠮᠤᠩᠭᠤᠯ᠂ ᠲᠦᠪᠡᠳ ᠦᠨᠲᠦᠰᠦᠳᠡᠨ᠎ᠤ ᠪᠠᠷᠢᠯᠭ᠎ᠠ᠎ᠶᠢᠨ ᠬᠡᠪ ᠨᠠᠮᠪᠠ᠎ᠶᠢ ᠤᠶᠠᠯᠲᠤᠭᠤᠯᠤᠨ᠂ ᠪᠠᠷᠢᠯᠭ᠎ᠠ᠎ᠶᠢᠨ ᠬᠡᠪ ᠨᠠᠮᠪᠠ ᠰᠦᠷᠯᠢᠭ ᠭᠡᠭᠡᠮᠰᠦᠭ ᠪᠤᠯᠬᠤᠷ《ᠲᠠᠯ᠎ᠠ ᠨᠤᠲᠤᠭ ᠲᠡᠭᠡᠷᠡᠬᠢ ᠬᠠᠭᠠᠨ᠎ᠤ ᠤᠷᠲᠤ》 ᠭᠡᠮᠡᠭᠳᠡᠵᠦ ᠪᠠᠢᠵᠠᠢ᠃ ᠬᠡᠪᠡᠴᠦ ᠬᠤᠵᠢᠮ ᠨᠢ ᠲᠡᠦᠭᠡ᠎ᠶᠢᠨ ᠰᠢᠯᠲᠠᠭᠠᠨ ᠡᠴᠡ ᠪᠤᠯᠵᠦ ᠡᠪᠳᠡᠭᠳᠡᠵᠦ᠂ ᠤᠷᠲᠤ ᠬᠤᠭᠤᠴᠠᠭᠠᠨ᠎ᠤ ᠲᠤᠷᠰᠢ ᠰᠦᠢᠳᠭᠡᠭᠳᠡᠵᠦ ᠬᠠᠶᠠᠬᠲᠠᠨ᠂ ᠤᠨ ᠵᠢᠯ᠎ᠤᠨ ᠬᠤᠭ ᠲᠤᠭᠤᠰᠦᠨᠳᠤ ᠲᠠᠷᠤᠭᠲᠠᠬᠰᠠᠨ ᠪᠢᠯᠡ᠃
2013 ᠤᠨ᠎ᠳᠤ ᠬᠤᠷᠴᠢᠨ ᠪᠠᠷᠠᠭᠤᠨ ᠭᠠᠷᠤᠨ ᠲᠤᠮᠲᠠᠲᠦ ᠬᠤᠰᠢᠭᠤᠨ ᠡᠴᠡ ᠲᠦᠰᠢᠶᠡᠲᠦ ᠴᠢᠨ ᠸᠠᠩ᠎ᠤᠨ ᠤᠷᠲᠤ᠎ᠶᠢ ᠪᠠᠴᠢᠮ ᠠᠪᠤᠷᠠᠵᠦ ᠬᠠᠮᠠᠭᠠᠯᠠᠬᠤ ᠪᠠ ᠰᠡᠷᠬᠦᠬᠡᠨ ᠪᠠᠢᠭᠤᠯᠬᠤ ᠢᠨᠵᠸᠨ᠋ᠸᠷᠢᠩ᠎ᠢ ᠡᠬᠢᠯᠡᠬᠦᠯᠵᠦ᠂ ᠲᠡᠦᠭᠡ᠎ᠶᠢᠨ ᠪᠠᠢᠲᠠᠯ ᠢ ᠦᠨᠲᠦᠰᠦᠯᠡᠨ ᠰᠡᠷᠬᠦᠭᠡᠵᠦ᠂ 2017 ᠤᠨ ᠡᠴᠡ ᠭᠠᠲᠠᠭᠰᠢ ᠨᠡᠭᠡᠭᠡᠭᠰᠡᠨ ᠪᠠᠢᠨ᠎ᠠ᠃ ᠤᠲᠤ ᠲᠦᠰᠢᠶᠡᠲᠦ ᠴᠢᠨ ᠸᠠᠩ᠎ᠤᠨ ᠤᠷᠲᠤᠨ ᠨᠢᠭᠡᠨᠳᠡ ᠤᠯᠤᠰ᠎ᠤᠨ AAAAᠲᠡᠰ᠎ᠤᠨ ᠦᠵᠡᠮᠵᠢ᠎ᠶᠢᠨ ᠤᠷᠤᠨ ᠪᠤᠯᠵᠦ᠂ ᠦᠪᠡᠷᠳᠡᠭᠡᠨ ᠵᠠᠰᠠᠬᠤ ᠤᠷᠤᠨ᠎ᠤ ᠲᠡᠰ᠎ᠤᠨ ᠪᠤᠲᠠᠰ᠎ᠤᠨ ᠪᠤᠰᠤ ᠰᠤᠶᠤᠯ᠎ᠤᠨ ᠦᠪ᠎ᠤᠨ ᠵᠢᠭᠤᠯᠴᠢᠯᠠᠯ᠎ᠤᠨ ᠪᠡᠶᠡᠳᠡᠨ ᠤᠢᠯᠠᠭᠠᠬᠤ ᠰᠠᠭᠤᠷᠢᠨ ᠭᠠᠵᠠᠷ ᠪᠤᠯᠵᠦ᠂ ᠪᠤᠲᠠᠲᠦ ᠦᠵᠡᠭᠳᠡᠯᠲᠦ ᠲᠤᠭᠯᠠᠯᠲᠠ᠂ ᠪᠤᠲᠠᠰ᠎ᠤᠨ ᠪᠤᠰᠤ ᠰᠤᠶᠤᠯ᠎ᠤᠨ ᠦᠪ᠎ᠤᠨ ᠲᠡᠯᠭᠡᠨ ᠦᠵᠡᠬᠦᠯᠬᠡ᠂ ᠦᠨᠲᠦᠰᠦᠳᠡᠨ᠎ᠤ ᠵᠠᠩ ᠦᠢᠯᠡ᠎ᠳᠤ ᠪᠡᠶᠡᠳᠡᠨ ᠤᠷᠤᠯᠴᠠᠬᠤ ᠵᠡᠷᠭᠡ ᠲᠦᠷᠦᠯ ᠵᠦᠢᠯ᠎ᠢ ᠨᠡᠮᠡᠵᠦ᠂ ᠪᠠᠲᠤᠴᠠᠭᠠᠨ᠎ᠤ ᠠᠮᠢ ᠠᠬᠤᠢ᠎ᠶᠢᠨ ᠦᠵᠡᠮᠵᠢ᠎ᠶᠢᠨ ᠤᠷᠤᠨ ᠲᠠᠢ ᠬᠠᠮᠲᠦ ᠪᠡᠷ ᠬᠦᠭᠵᠢᠵᠦ ᠡᠬᠢᠯᠡᠭᠰᠡᠨ ᠪᠠᠢᠨ᠎ᠠ᠃
ᠲᠦᠰᠢᠶᠡᠲᠦ ᠴᠢᠨ ᠸᠠᠩ᠎ᠤᠨ ᠤᠷᠲᠤᠨ ᠦᠨᠭᠭᠡᠷᠡᠭᠰᠡᠨ ᠲᠡᠦᠭᠡ᠎ᠶᠢ ᠬᠦᠦᠷᠨᠢᠵᠦ᠂ ᠵᠦᠩ ᠶᠢᠩ ᠺᠢᠨᠤ᠋ ᠵᠦᠴᠦᠬᠡ ᠦᠢᠯᠡᠳᠬᠦ ᠰᠠᠭᠤᠷᠢᠨ ᠭᠠᠵᠠᠷ ᠤᠲᠤ ᠦᠶ᠎ᠡ᠎ᠶᠢᠨ ᠮᠡᠷᠭᠡᠵᠢᠯ᠎ᠢ ᠭᠠᠢᠬᠠᠭᠤᠯᠤᠨ᠎ᠠ᠃ ᠲᠦᠰᠢᠶᠡᠲᠦ ᠴᠢᠨ ᠸᠠᠩ᠎ᠤᠨ ᠤᠷᠲᠤᠨ᠎ᠤ ᠠᠰ ᠡᠮᠦᠨ᠎ᠡ ᠲᠠᠯ᠎ᠠ᠎ᠳᠤ ᠵᠦᠩ ᠶᠢᠩ ᠺᠢᠨᠤ᠋ ᠵᠦᠴᠦᠭᠡ ᠦᠢᠯᠡᠳᠬᠦ ᠰᠠᠭᠤᠷᠢᠨ ᠭᠠᠵᠠᠷ ᠪᠠᠢᠲᠠᠭ᠃ 4 ᠲᠦᠮᠡᠨ ᠲᠡᠭᠰᠢ ᠲᠦᠷᠪᠡᠯᠵᠢᠨ ᠺᠢᠯᠤᠮᠸᠲᠷ ᠲᠠᠯᠠᠪᠠᠢ ᠲᠠᠢ ᠲᠤᠰ ᠰᠠᠭᠤᠷᠢᠨ ᠭᠠᠵᠠᠷ ᠪᠤᠯ ᠵᠢᠭᠤᠯᠴᠢᠯᠠᠯ᠂ ᠬᠤᠭᠤᠯᠠ ᠤᠮᠲᠠ᠂ ᠵᠤᠭ᠎ᠠ ᠴᠡᠨᠭᠭᠡᠯ᠂ ᠬᠤᠨᠤᠭ ᠪᠠᠭᠤᠲᠠᠯᠢ ᠨᠢᠬᠡ ᠴᠤᠭᠴᠠᠵᠢᠭᠤᠯᠤᠬᠰᠠᠨ ᠶᠡᠷᠦᠨᠭᠭᠡᠢᠯᠡᠭᠰᠡᠨ ᠴᠢᠨᠠᠷᠲᠠᠢ ᠺᠢᠨᠤ᠋ ᠵᠦᠴᠦᠭᠡ᠎ᠶᠢᠨ ᠭᠠᠲᠠᠷ ᠦᠵᠡᠮᠵᠢ ᠰᠡᠬᠦᠳᠡᠷᠯᠡᠬᠦ ᠰᠠᠭᠤᠷᠢᠨ ᠭᠠᠵᠠᠷ ᠮᠦᠨ ᠪᠦᠬᠡᠳ ᠬᠤᠷᠴᠢᠨ ᠪᠠᠷᠠᠭᠤᠨ ᠭᠠᠷᠤᠨ ᠲᠤᠮᠲᠠᠲᠦ ᠬᠤᠰᠢᠭᠤᠨ ᠤ᠋ ᠪᠠᠰᠠ ᠨᠢᠬᠡᠨ ᠰᠤᠶᠤᠯ ᠵᠢᠭᠤᠯᠴᠢᠯᠠᠯ᠎ᠤᠨ ᠴᠢᠬᠤᠯᠠ ᠲᠦᠷᠦᠯ ᠵᠦᠢᠯ ᠪᠤᠯᠬᠤ ᠶᠤᠮ᠃
ᠰᠠᠭᠤᠷᠢᠨ ᠭᠠᠵᠠᠷ ᠲᠦ᠍ ᠺᠢᠨᠤ᠋ ᠤᠷᠲᠤᠨ᠂ ᠪᠦᠷᠢᠨ ᠪᠠᠷᠠᠭ᠎ᠠ᠎ᠲᠦ ᠲᠡᠯᠭᠡᠬᠦᠷ᠂ ᠰᠢᠬᠢᠷ᠎ᠤᠨ ᠦᠢᠯᠡᠰ᠎ᠤᠨ ᠺᠤᠮᠫᠠᠨᠢ᠂ ᠰᠢᠦᠳᠠᠨ ᠲᠤᠪᠴᠢᠶ᠎ᠠ᠂ ᠲᠡᠷᠭᠡᠨ ᠦᠷᠳᠡᠭᠡ᠂ ᠬᠤᠭᠤᠯᠠᠨ ᠲᠠᠨᠭᠬᠢᠮ᠂ ᠰᠢᠨᠬᠤᠸᠠ ᠨᠤᠮ᠎ᠤᠨ ᠲᠡᠯᠭᠡᠬᠦᠷ᠂ ᠤᠯᠤᠰ ᠡᠴᠡ ᠡᠵᠡᠨᠭᠨᠡᠭᠰᠡᠨ ᠭᠡᠷᠡᠯ ᠵᠢᠷᠤᠭ ᠰᠡᠬᠦᠳᠡᠷᠯᠡᠬᠦ ᠭᠠᠵᠠᠷ ᠵᠡᠷᠭᠡ ᠲᠡᠭᠡᠷ᠎ᠠ ᠵᠠᠭᠤᠨ᠎ᠤ ᠲᠠᠯ᠎ᠠ ᠨᠠᠶᠠᠭᠠᠳ ᠤᠨ᠎ᠤ ᠬᠢ᠎ᠶᠢ ᠲᠠᠭᠤᠷᠢᠶᠠᠬᠰᠠᠨ ᠨᠠᠮᠬᠠᠨ ᠪᠠᠷᠢᠯᠭ᠎ᠠ ᠨᠤᠭᠤᠳ ᠵᠢᠭᠳᠡᠷᠡᠵᠦ ᠪᠠᠢᠲᠠᠭ᠃ ᠡᠨᠳᠡ ᠵᠡᠬᠡᠯᠢ ᠭᠤᠲᠤᠮᠵᠢ ᠨᠢ ᠴᠡᠪᠡᠷ ᠲᠡᠭᠰᠢᠭᠡᠨ ᠬᠤᠲᠠ ᠪᠠᠯᠭᠠᠰᠦ᠎ᠶᠢᠨ ᠲᠤᠭᠤᠷᠢᠭ ᠪᠠᠢᠬᠤ ᠪᠦᠬᠡᠳ ᠰᠢᠪᠠᠷ ᠴᠢᠯᠠᠭᠤᠨ ᠪᠠᠢᠰᠢᠩ᠂ ᠴᠠᠭᠠᠰᠢᠯᠠᠪᠠᠯ ᠡᠪᠡᠰᠦᠨ ᠤᠷᠤᠢ ᠲᠠᠢ ᠬᠦᠳᠡᠭᠡ᠎ᠶᠢᠨ ᠰᠠᠭᠤᠷᠢᠰᠢᠯ᠎ᠤᠳ ᠡᠩᠨᠡᠷᠡᠭᠰᠡᠨ ᠬᠦᠳᠡᠭᠡ ᠲᠤᠰᠬᠤᠨ᠎ᠤ ᠲᠤᠭᠤᠷᠢᠭ ᠴᠦ᠍ ᠪᠠᠢᠲᠠᠭ᠃
ᠵᠢᠭᠤᠯᠴᠢᠯᠠᠬᠰᠠᠳ ᠬᠠᠨᠭᠭᠠᠨ ᠪᠤᠷᠤᠯᠠᠭᠤᠯᠬᠤ ᠬᠤᠷᠰᠢᠶ᠎ᠠ᠎ᠳᠤᠨᠢ ᠤᠷᠤᠵᠦ ᠰᠢᠬᠢᠷ ᠵᠢᠨᠭᠯᠡᠬᠦᠯᠦᠨ᠂ ᠯᠠᠨᠭᠬᠦᠢ ᠲᠤᠲᠤᠷ᠎ᠠ ᠡᠴᠡ ᠨᠢ ᠪᠠᠷᠠᠭ᠎ᠠ ᠰᠤᠨᠭᠭᠤᠵᠦ᠂ ᠪᠦᠰ ᠬᠡᠮᠵᠢᠬᠦᠯᠦᠨ᠂ ᠨᠢᠬᠡ ᠯᠡ ᠡᠲᠦᠷ ᠲᠦ᠍ ᠲᠡᠦᠭᠡ᠎ᠶᠢ ᠰᠦᠷᠴᠦ᠂ ᠴᠠᠭ᠎ᠢ ᠬᠤᠪᠢᠷᠠᠭᠤᠯᠤᠨ ᠲᠡᠭᠡᠷ᠎ᠡ ᠵᠠᠭᠤᠨ᠎ᠳᠤ ᠬᠦᠷᠴᠦ ᠤᠴᠢᠬᠰᠠᠨ ᠮᠡᠲᠦ ᠪᠠᠢᠲᠠᠭ ᠠᠵᠢ᠃ ᠡᠨᠳᠡ ᠬᠦᠮᠦᠰ ᠦᠩᠭᠡᠷᠡᠨ ᠤᠲᠤᠭᠰᠠᠨ ᠤᠨ ᠵᠢᠯ᠎ᠤᠳ᠎ᠢ ᠲᠤᠷᠠᠳᠬᠠᠬᠤ ᠪᠡᠷ ᠦᠯᠦ ᠪᠠᠷᠠᠨ᠂ ᠵᠢᠷᠤᠭ ᠲᠦᠷᠰᠦ᠂ ᠺᠢᠨᠤ᠋ ᠮᠦᠽᠸᠢ᠂ ᠲᠡᠯᠭᠡᠨ ᠦᠵᠡᠬᠦᠯᠵᠦ ᠪᠠᠢᠭ᠎ᠠ ᠪᠤᠲᠠᠰ ᠡᠴᠡ ᠨᠢ ᠺᠢᠨᠤ᠋ ᠦᠢᠯᠡᠰ᠎ᠤᠨ ᠲᠡᠦᠭᠡ᠎ᠶᠢ ᠮᠦᠷᠳᠡᠵᠦ᠂ ᠵᠡᠬᠡᠯᠢ ᠪᠡᠷ ᠨᠢ ᠲᠤᠭᠤᠷᠢᠵᠦ᠂ ᠠᠮᠲᠠᠲᠦ ᠢᠳᠡᠭᠡᠨ ᠡᠴᠡ ᠠᠮᠲᠠᠯᠠᠵᠦ᠂ ᠠᠳᠠᠯᠢ ᠪᠤᠰᠤ ᠤᠨᠴᠠᠯᠢᠭ ᠲᠠᠢ ᠭᠡᠷ ᠪᠠᠢᠰᠢᠩ᠎ᠢ ᠨᠢ ᠰᠤᠨᠭᠭᠤᠨ ᠰᠠᠭᠤᠵᠦ ᠪᠤᠯᠤᠨ᠎ᠠ᠃
ᠵᠦᠩ ᠶᠢᠩ ᠺᠢᠨᠤ᠋ ᠵᠦᠴᠦᠭᠡ ᠦᠢᠯᠡᠳᠬᠦ ᠰᠠᠭᠤᠷᠢᠨ ᠭᠠᠵᠠᠷ ᠨᠢ 2018 ᠤᠨ᠎ᠤ 9 ᠰᠠᠷ᠎ᠠ᠎ᠳᠤ ᠫᠠᠢᠰᠠ ᠪᠠᠨ ᠰᠡᠬᠦᠵᠦ᠂ 2021 ᠤᠨ᠎ᠤ 5 ᠰᠠᠷ᠎ᠠ ᠡᠴᠡ ᠠᠰᠢᠬᠯᠠᠯᠲᠠ᠎ᠳᠤ ᠤᠷᠤᠵᠠᠢ᠂ ᠤᠲᠤ ᠨᠢᠬᠡᠨᠳᠡ ᠤᠯᠤᠰ᠎ᠤᠨ 2Aᠲᠡᠰ᠎ᠤᠨ ᠵᠢᠭᠤᠯᠴᠢᠯᠠᠯ᠎ᠤᠨ ᠤᠷᠤᠨ ᠪᠤᠯᠵᠦ ᠬᠦᠭᠵᠢᠭᠰᠡᠨ ᠪᠠᠢᠨ᠎ᠠ᠃ 2021 ᠤᠨ᠎ᠤ 5 ᠰᠠᠷ᠎ᠠ ᠡᠴᠡ ᠤᠲᠤ ᠪᠤᠯᠲᠠᠯ᠎ᠠ᠂ ᠲᠤᠰ ᠰᠠᠭᠤᠷᠢᠨ ᠭᠠᠵᠠᠷ ᠨᠢ 15 ᠲᠦᠮᠡᠨ ᠬᠦᠮᠦᠨ ᠤᠲᠠᠭᠠᠨ᠎ᠤ ᠵᠢᠭᠤᠯᠴᠢᠯᠠᠬᠰᠠᠳ᠎ᠢ ᠤᠬᠲᠤᠨ ᠠᠪᠴᠦ᠂ 150 ᠭᠠᠷᠤᠢ ᠲᠦᠮᠡᠨ ᠲᠦᠬᠦᠷᠢᠭ᠎ᠤᠨ ᠤᠷᠤᠯᠭ᠎ᠠ᠎ᠶᠢ ᠡᠬᠦᠳᠴᠦ᠂ ᠠᠵᠦ ᠠᠬᠤᠢᠯᠠᠯ ᠪᠠ ᠬᠤᠪᠢ᠎ᠶᠢᠨ ᠡᠵᠡᠨᠭᠨᠡᠯᠳᠡ᠎ᠶᠢᠨ ᠡᠷᠦᠬᠡ᠎ᠶᠢ ᠨᠡᠢᠳᠡ 20 ᠭᠠᠷᠤᠢ ᠨᠤᠲᠤᠭᠰᠢᠭᠤᠯᠤᠨ ᠰᠠᠭᠤᠯᠭᠠᠭᠰᠠᠨ ᠪᠠᠢᠨ᠎ᠠ᠃
ᠵᠢᠭᠤᠯᠴᠢᠯᠠᠯ᠎ᠤᠨ ᠦᠢᠯᠡᠰ ᠪᠤᠯ ᠦᠨᠡᠨ᠎ᠳᠡᠭᠡᠨ ᠰᠤᠶᠤᠯ᠎ᠤᠨ ᠠᠵᠦ ᠦᠢᠯᠡᠰ ᠪᠤᠯᠤᠨ᠎ᠠ᠃ ᠬᠤᠷᠴᠢᠨ ᠪᠠᠷᠠᠭᠤᠨ ᠭᠠᠷᠤᠨ ᠲᠤᠮᠲᠠᠲᠦ ᠬᠤᠰᠢᠭᠤ ᠨᠢ ᠤᠷᠤᠨ ᠨᠤᠲᠤᠭ᠎ᠤᠨ ᠲᠡᠦᠭᠡ ᠰᠤᠶᠤᠯᠶ᠋ᠢᠡᠨ ᠬᠦᠨᠵᠡᠬᠡᠢ ᠠᠭᠤᠲᠠᠯᠵᠦ᠂ ᠵᠢᠭᠤᠯᠴᠢᠯᠠᠯ᠎ᠤᠨ ᠲᠦᠷᠦᠯ ᠵᠦᠢᠯ ᠪᠤᠯᠭᠠᠨ ᠨᠡᠭᠡᠭᠡᠨ ᠠᠰᠢᠬᠯᠠᠵᠦ᠂ ᠦᠵᠡᠮᠵᠢ᠂ ᠰᠤᠶᠤᠯ᠂ ᠲᠡᠦᠭᠡ᠂ ᠠᠷᠠᠯᠵᠢᠶ᠎ᠠ᠎ᠶᠢ ᠨᠢᠬᠡᠲᠦᠯᠳᠡᠢ ᠲᠦᠯᠦᠪᠯᠡᠵᠦ᠂ ᠤᠷᠤᠨ ᠨᠤᠲᠤᠭ᠎ᠤᠨ ᠠᠵᠦ ᠠᠬᠤᠢ ᠶᠢᠨ ᠬᠦᠭᠵᠢᠯᠳᠡ᠎ᠶᠢ ᠲᠦᠷᠭᠡᠳᠭᠡᠬᠦ ᠨᠢᠬᠡᠨ ᠴᠢᠬᠤᠯᠠ ᠠᠴᠢᠶᠠᠯᠠᠪᠦᠷᠢ ᠪᠤᠯᠭᠠᠭᠰᠠᠨ ᠪᠢᠯᠡ᠃
ᠴᠢᠨᠡᠭᠡᠯᠢᠭᠵᠢᠯ᠄ ᠵᠢᠭᠤᠯᠴᠢᠯᠠᠯ᠎ᠤᠨ ᠦᠢᠯᠡᠰ᠎ᠤᠨ ᠬᠦᠳᠡᠯᠭᠡᠬᠦ ᠬᠦᠴᠦᠨ
ᠪᠠᠲᠤᠴᠠᠭᠠᠨ᠎ᠤ ᠤᠢ᠂ ᠬᠠᠨᠭᠭᠠᠯ ᠨᠠᠭᠤᠷ᠎ᠤᠨ ᠵᠢᠭᠤᠯᠴᠢᠯᠠᠯ᠎ᠤᠨ ᠤᠷᠤᠨ᠂ ᠲᠦᠰᠢᠶᠡᠲᠦ ᠴᠢᠨ ᠸᠠᠩ᠎ᠤᠨ ᠤᠷᠲᠤᠨ᠂ ᠺᠢᠨᠤ᠋ ᠵᠦᠴᠦᠭᠡ ᠦᠢᠯᠡᠳᠬᠦ ᠰᠠᠭᠤᠷᠢᠨ ᠭᠠᠵᠠᠷ ᠁ ᠬᠤᠷᠴᠢᠨ ᠪᠠᠷᠠᠭᠤᠨ ᠭᠠᠷᠤᠨ ᠲᠤᠮᠲᠠᠲᠦ ᠬᠤᠰᠢᠭᠤ ᠨᠢ A ᠲᠡᠰ ᠤᠨ ᠵᠢᠭᠤᠯᠴᠢᠯᠠᠯ᠎ᠤᠨ ᠤᠷᠤᠨ ᠪᠠ ᠬᠦᠳᠡᠭᠡ ᠲᠤᠰᠬᠤᠨ᠎ᠤ ᠵᠢᠭᠤᠯᠴᠢᠯᠠᠯ ᠡᠷᠬᠢᠯᠡᠬᠦ ᠭᠤᠤᠯ ᠭᠠᠴᠠᠭ᠎ᠠ ᠲᠤᠰᠬᠤᠨ ᠢ ᠨᠡᠢᠳᠭᠡᠨ᠂ ᠵᠢᠭᠤᠯᠴᠢᠯᠠᠯ᠎ᠤᠨ ᠰᠢᠯᠢᠳᠡᠭ ᠵᠠᠮ ᠱᠤᠭᠤᠮ᠎ᠢ ᠨᠡᠪᠳᠡᠷᠡᠬᠦᠯᠦᠭᠰᠡᠨ ᠪᠠᠢᠨ᠎ᠠ᠃
2026 ᠤᠨ᠎ᠳᠤ᠂ ᠬᠤᠷᠴᠢᠨ ᠪᠠᠷᠠᠭᠤᠨ ᠲᠤᠮᠲᠠᠲᠦ ᠬᠤᠰᠢᠭᠤ ᠨᠢ《ᠪᠤᠲᠠᠰ᠎ᠤᠨ ᠪᠤᠰᠤ ᠰᠤᠶᠤᠯ᠎ᠤᠨ ᠦᠪ᠎ᠢ ᠵᠢᠭᠤᠯᠴᠢᠯᠠᠯ᠎ᠤᠨ ᠭᠠᠵᠠᠷ ᠲᠦ᠍ ᠤᠷᠤᠭᠤᠯᠬᠤ》᠎ᠪᠡᠷ ᠲᠠᠮᠵᠢᠨ᠂ ᠪᠠᠲᠤᠴᠠᠭᠠᠨ᠎ᠤ ᠤᠢ᠎ᠶᠢᠨ ᠪᠤᠲᠠᠰ᠎ᠤᠨ ᠪᠤᠰᠤ ᠰᠤᠶᠤᠯ᠎ᠤᠨ ᠦᠪ᠎ᠤᠨ ᠵᠠᠬ᠎ᠠ᠂ ᠪᠤᠲᠠᠲᠦ ᠦᠵᠡᠭᠳᠡᠯᠲᠦ ᠦᠨᠲᠦᠰᠦᠳᠡᠨ᠎ᠤ ᠵᠠᠩ ᠦᠢᠯᠡ᠎ᠶᠢᠨ ᠲᠤᠭᠯᠠᠯᠲᠠ᠂ ᠪᠠᠢᠩᠭᠤᠵᠢᠬᠰᠠᠨ ᠬᠡᠯᠪᠡᠷᠢ᠎ᠶᠢᠨ ᠪᠤᠲᠠᠰ᠎ᠤᠨ ᠪᠤᠰᠤ ᠰᠤᠶᠤᠯ᠎ᠤᠨ ᠦᠪ᠎ᠤᠨ ᠲᠡᠯᠭᠡᠨ ᠦᠵᠡᠬᠦᠯᠬᠡ᠂ ᠤᠯᠠᠮᠵᠢᠯᠠᠯᠲᠦ ᠭᠠᠷ ᠤᠷᠠᠯᠠᠯ᠎ᠳᠤ ᠪᠡᠶᠡᠳᠡᠨ ᠤᠷᠤᠯᠴᠠᠬᠤ ᠵᠡᠷᠭᠡ ᠤᠯᠠᠨ ᠵᠦᠢᠯ᠎ᠤᠨ ᠵᠢᠭᠤᠯᠴᠢᠯᠠᠯ ᠤᠨ ᠠᠵᠢᠯᠯᠠᠭ᠎ᠠ᠎ᠶᠢ ᠨᠢᠬᠡᠲᠦᠯᠳᠡᠢ ᠲᠦᠯᠦᠪᠵᠢᠬᠦᠯᠵᠦ ᠲᠤᠬᠢᠷᠠᠭᠤᠯᠤᠬᠰᠠᠨ ᠪᠠᠢᠨ᠎ᠠ᠃
ᠪᠠᠲᠤᠴᠠᠭᠠᠨ᠎ᠤ ᠰᠤᠶᠤᠯ ᠵᠢᠭᠤᠯᠴᠢᠯᠠᠯ᠎ᠤᠨ ᠨᠠᠢᠷ᠎ᠤᠨ ᠬᠤᠭᠤᠴᠠᠭᠠᠨ ᠳᠦ᠂ ᠪᠤᠲᠠᠰ᠎ᠤᠨ ᠪᠤᠰᠤ ᠰᠤᠶᠤᠯ᠎ᠤᠨ ᠦᠪ᠎ᠤᠨ ᠵᠠᠬ᠎ᠠ ᠲᠡᠯᠭᠡᠭᠳᠡᠮᠡᠭᠴᠡ ᠬᠦᠮᠦᠰ ᠪᠦᠬᠡᠮᠨᠡᠷᠡᠯᠲᠦᠨ ᠰᠤᠨᠢᠷᠬᠠᠵᠦ᠂ ᠮᠤᠨᠭᠭᠤᠯ ᠦᠨᠲᠦᠰᠦᠳᠡᠨ᠎ᠤ ᠬᠠᠳᠬᠤᠮᠠᠯ᠂ ᠲᠦᠰᠢᠶᠡᠲᠦ ᠠᠷᠠᠰᠦᠨ ᠵᠢᠷᠤᠭ᠂ ᠤᠯᠠᠮᠵᠢᠯᠠᠯᠲᠦ ᠴᠠᠭᠠᠨ ᠢᠳᠡᠭᠡᠨ ᠵᠡᠷᠭᠡ ᠵᠢᠵᠢᠭ ᠬᠤᠲᠠᠯᠲᠤᠭ᠎ᠠ ᠡᠩᠨᠡᠷᠡᠨ ᠵᠢᠬᠰᠠᠵᠦ᠂ ᠵᠢᠭᠤᠯᠴᠢᠯᠠᠬᠰᠠᠳ ᠰᠤᠨᠢᠷᠬᠠᠨ ᠦᠵᠡᠬᠦ᠎ᠶᠢᠨ ᠲᠠᠭᠠᠦ ᠬᠤᠲᠠᠯᠲᠤᠨ ᠠᠪᠤᠵᠠᠭᠠᠨᠠ᠃ ᠡᠨᠡ ᠵᠢᠯ᠎ᠤᠨ 《10.1》 ᠤ ᠠᠮᠠᠷᠠᠯᠲᠠ᠎ᠶᠢᠨ ᠬᠤᠭᠤᠴᠠᠭᠠᠨ᠎ᠳᠤ᠂ ᠪᠦᠬᠦ ᠬᠤᠰᠢᠭᠤᠨ᠎ᠤ ᠭᠤᠤᠯ ᠪᠤᠯᠬᠤ Aᠳᠡᠰ᠎ᠦᠨ ᠦᠵᠡᠮᠵᠢ᠎ᠶᠢᠨ ᠣᠷᠣᠨ ᠵᠢᠭᠤᠯᠴᠢᠯᠠᠬᠰᠠᠳ᠎ᠢ ᠨᠡᠢᠲᠡ16.52 ᠲᠦᠮᠡᠨ ᠬᠥᠮᠦᠨ ᠤᠳᠠᠭ᠎ᠠ ᠬᠦᠯᠢᠶᠡᠨ ᠠᠪᠴᠦ᠂ ᠵᠢᠭᠤᠯᠴᠢᠯᠠᠯ᠎ᠤᠨ ᠶᠡᠷᠦᠨᠭᠭᠡᠢ ᠤᠷᠤᠯᠭ᠎ᠠ150 ᠲᠦᠮᠡᠨ ᠲᠦᠬᠦᠷᠢᠭ᠎ᠢ ᠡᠬᠦᠲᠦᠭᠰᠡᠨ ᠪᠠᠢᠨ᠎ᠠ᠃
ᠲᠦᠰᠢᠶᠡᠲᠦ ᠴᠢᠨ ᠸᠠᠩ᠎ᠤᠨ ᠤᠷᠲᠤᠨ᠎ᠤ ᠡᠮᠦᠨ᠎ᠡ᠂ ᠮᠠᠯᠴᠢᠳ ᠮᠤᠷᠢ ᠪᠠ ᠲᠡᠮᠡᠭᠡ ᠪᠠᠨ ᠬᠦᠲᠦᠯᠵᠦ᠂ ᠵᠢᠭᠤᠯᠴᠢᠯᠠᠬᠰᠠᠳ ᠲᠦ᠍ ᠰᠡᠬᠦᠳᠡᠷ ᠲᠠᠲᠠᠵᠦ ᠦᠭᠬᠦᠭᠡᠳ ᠤᠷᠤᠯᠭ᠎ᠠ ᠪᠠᠨ ᠨᠡᠮᠡᠭᠳᠡᠬᠦᠯᠵᠦ ᠪᠠᠢᠨ᠎ᠠ᠃ ᠬᠤᠷᠴᠢᠨ ᠪᠠᠷᠠᠭᠤᠨ ᠭᠠᠷᠤᠨ ᠲᠤᠮᠲᠠᠲᠦ ᠬᠤᠰᠢᠭᠤ ᠰᠤᠶᠤᠯ ᠵᠢᠭᠤᠯᠴᠢᠯᠠᠯ᠎ᠤᠨ ᠠᠵᠦ ᠦᠢᠯᠡᠰ᠎ᠤᠨ ᠬᠤᠯᠪᠤᠭᠠᠯᠠᠨ ᠬᠦᠳᠡᠯᠦᠯᠴᠡᠬᠦ᠎ᠶᠢ ᠠᠬᠢᠭᠤᠯᠵᠦ᠂ ᠦᠵᠡᠮᠵᠢ᠎ᠶᠢᠨ ᠤᠷᠤᠨ᠂ ᠬᠤᠨᠤᠭ ᠪᠠᠭᠤᠲᠠᠯ ᠵᠡᠷᠭᠡ᠎ᠶᠢ ᠲᠠᠷᠢᠶᠠᠯᠠᠩ᠎ᠤᠨ ᠪᠦᠲᠦᠭᠡᠭᠳᠡᠬᠦᠨ ᠪᠤᠷᠤᠯᠠᠭᠤᠯᠬᠤ ᠴᠤᠨᠭᠬᠤ ᠪᠤᠯᠭᠠᠭᠰᠠᠨ ᠪᠠᠢᠨ᠎ᠠ᠃ ᠤᠯᠠᠮ ᠡᠴᠡ ᠤᠯᠠᠨ ᠮᠠᠯᠴᠢᠨ ᠲᠠᠷᠢᠶᠠᠴᠢᠳ ᠦᠵᠡᠮᠵᠢ᠎ᠶᠢᠨ ᠤᠷᠤᠨ᠎ᠳᠤ ᠠᠵᠢᠯ ᠤᠯᠵᠦ᠂ ᠵᠠᠷᠢᠮ ᠨᠢ ᠴᠡᠪᠡᠷᠯᠡᠭᠴᠢ᠂ ᠵᠠᠷᠢᠮ ᠨᠢ ᠮᠤᠨᠭᠭᠤᠯ ᠭᠡᠷ ᠲᠦᠷᠢᠶᠡᠰᠦᠯᠡᠬᠦᠯᠵᠦ᠂ ᠵᠠᠷᠢᠮ ᠨᠢ ᠴᠠᠭᠠᠨ ᠢᠳᠡᠭᠡᠨ ᠪᠠ ᠬᠠᠳᠬᠤᠮᠠᠯ ᠬᠤᠲᠠᠯᠲᠤᠭᠠᠳ ᠶᠠᠭᠠᠷᠠᠯᠲᠤᠨ᠎ᠠ᠃
ᠲᠠᠢᠴᠢᠨᠲᠠᠯᠠ ᠰᠤᠮᠤᠨ᠎ᠤ ᠢᠦᠢ ᠬᠤᠸᠠ ᠤᠲᠤ ᠪᠠᠲᠤᠴᠠᠭᠠᠨ ᠦᠵᠡᠮᠵᠢ᠎ᠶᠢᠨ ᠤᠷᠤᠨ᠎ᠤ ᠴᠡᠪᠡᠷᠯᠡᠭᠴᠢ ᠪᠤᠯᠤᠯ᠎ᠠ᠃ ᠲᠡᠷᠡ᠄《ᠤᠲᠤ ᠪᠢ ᠭᠡᠷᠤᠨᠶ᠋ᠢᠡᠨ ᠡᠬᠦᠳᠡᠨ ᠲᠡᠭᠡᠷ᠎ᠡ ᠠᠵᠢᠯᠯᠠᠵᠦ᠂ ᠰᠠᠷ᠎ᠠ ᠪᠦᠷᠢ ᠴᠠᠯᠢᠩ ᠤᠯᠵᠦ ᠪᠠᠢᠨ᠎ᠠ ᠰᠢᠦ》 ᠭᠡᠵᠦ ᠶᠠᠷᠢᠨ᠎ᠠ᠃ ᠵᠤᠴᠢᠳ᠎ᠤᠨ ᠪᠠᠭᠤᠲᠠᠯ ᠡᠷᠬᠢᠯᠡᠵᠦ ᠪᠠᠢᠭ᠎ᠠ ᠪᠤᠤ ᠮᠸᠢ ᠷᠦᠩ ᠤᠨᠠᠭᠰᠠᠨ ᠮᠠᠯᠠᠭᠠᠢ ᠪᠠᠨ ᠠᠪᠬᠤ ᠵᠠᠪ ᠦᠬᠡᠢ ᠶᠠᠭᠠᠷᠠᠨ᠎ᠠ᠃ ᠲᠡᠷᠡ《ᠠᠮᠠᠷᠠᠯᠲᠠ᠎ᠶᠢᠨ ᠬᠤᠭᠤᠴᠠᠭᠠᠨ᠎ᠳᠤ ᠬᠦᠮᠦᠨ ᠤᠯᠠᠨ ᠪᠤᠯᠬᠤᠷ ᠮᠠᠨ᠎ᠤ ᠡᠨᠡ ᠤᠢᠷᠠᠯᠴᠠᠭ᠎ᠠ᠎ᠬᠢ ᠬᠤᠭᠤᠯᠠᠨ ᠭᠡᠷ ᠪᠦᠷ ᠰᠠᠭᠤᠬᠤ ᠬᠡᠳ ᠰᠠᠭᠤᠲᠠᠯ ᠦᠬᠡᠢ ᠪᠤᠯᠤᠬᠰᠠᠨ ᠰᠢᠦ》 ᠭᠡᠵᠦ ᠶᠠᠷᠢᠨ᠎ᠠ᠃ ᠪᠤᠤ ᠮᠸᠢ ᠷᠦᠩ ᠵᠤᠴᠢᠳ᠎ᠤᠨ ᠪᠠᠭᠤᠲᠠᠯ ᠪᠠ ᠬᠤᠭᠤᠯᠠᠨ ᠭᠡᠷ᠎ᠢ ᠬᠠᠮᠲᠦ᠎ᠳᠤᠨᠢ ᠡᠷᠬᠢᠯᠡᠳᠡᠭ᠂ ᠲᠡᠷᠡ ᠡᠩ᠎ᠤᠨ ᠴᠠᠭ ᠲᠠᠭᠠᠨ ᠲᠠᠢᠴᠢᠨᠲᠠᠯᠠ ᠰᠤᠮᠤᠨ᠎ᠤ 7— 8 ᠮᠠᠯᠴᠢᠳ᠎ᠢ ᠬᠦᠯᠦᠰᠦᠯᠡᠵᠦ᠂ ᠭᠡᠷ ᠲᠡᠷᠭᠡ ᠴᠡᠪᠡᠷᠯᠡᠬᠦ᠂ ᠤᠷᠤ ᠲᠡᠪᠢᠰᠭᠡᠷ ᠲᠡᠭᠰᠢᠯᠡᠬᠦ᠂ ᠬᠤᠭᠤᠯᠠᠨ ᠭᠡᠷ ᠲᠦ᠍ ᠬᠠᠪᠰᠤᠷᠬᠤ ᠵᠡᠷᠭᠡ ᠠᠵᠢᠯ᠎ᠢ ᠬᠢᠯᠬᠡᠵᠦ᠂ ᠶᠠᠭᠠᠷᠠᠦ ᠦᠶ᠎ᠡ᠎ᠳᠤ ᠲᠤᠬᠠᠢ᠎ᠶᠢᠨ ᠡᠲᠦᠷ ᠲᠤᠨᠢ ᠴᠠᠯᠢᠩ᠎ᠢ ᠨᠢ ᠪᠤᠲᠤᠵᠦ ᠦᠭᠴᠦ ᠠᠵᠢᠯᠯᠠᠭᠤᠯᠲᠠᠭ᠃
ᠤᠲᠤ᠂ ᠬᠤᠷᠴᠢᠨ ᠪᠠᠷᠠᠭᠤᠨ ᠭᠠᠷᠤᠨ ᠲᠤᠮᠲᠠᠲᠦ ᠬᠤᠰᠢᠭᠤᠨ᠎ᠤ ᠭᠤᠤᠯ ᠪᠤᠯᠬᠤ ᠵᠢᠭᠤᠯᠴᠢᠯᠠᠯ᠎ᠤᠨ ᠭᠠᠵᠠᠷ᠎ᠤᠨ ᠤᠢᠷ᠎ᠠ ᠬᠠᠪᠢ᠎ᠶᠢᠨ ᠵᠤᠴᠢᠳ᠎ᠤᠨ ᠪᠠᠭᠤᠲᠠᠯ᠂ ᠬᠤᠭᠤᠯᠠᠨ ᠭᠡᠷ᠂ ᠨᠤᠲᠤᠭ᠎ᠤᠨ ᠭᠠᠷᠤᠯᠲᠠ ᠢᠵᠢ ᠪᠦᠷᠢᠳᠴᠦ᠂ ᠵᠢᠭᠤᠯᠴᠢᠯᠠᠭᠰᠠᠳ᠎ᠢ ᠲᠠᠲᠠᠬᠤ᠎ᠶᠢᠨ ᠵᠡᠷᠭᠡ ᠪᠡᠷ ᠲᠤᠰᠬᠤᠨ᠎ᠤ ᠠᠷᠠᠳ᠎ᠤᠨ ᠤᠷᠤᠯᠭ᠎ᠠ᠎ᠶᠢ ᠨᠡᠮᠡᠭᠳᠡᠬᠦᠯᠵᠦ ᠪᠠᠢᠨ᠎ᠠ᠃ ᠵᠢᠭᠤᠯᠴᠢᠯᠠᠯ᠎ᠤᠨ ᠬᠦᠭᠵᠢᠯᠳᠡ ᠨᠢ ᠮᠠᠯ᠎ᠤᠨ ᠠᠰᠢᠭ ᠰᠢᠮ᠎ᠡ ᠲᠠᠷᠢᠶᠠᠯᠠᠩ᠎ᠤᠨ ᠪᠦᠲᠦᠭᠡᠭᠳᠡᠬᠦᠨ᠎ᠤ ᠦᠢᠯᠡᠳᠪᠦᠷᠢᠯᠡᠯ ᠪᠤᠷᠤᠯᠠᠭᠤᠯᠤᠯᠲᠠ᠎ᠶᠢᠨ ᠵᠠᠮ᠎ᠢ ᠨᠡᠪᠳᠡᠷᠡᠬᠦᠯᠵᠦ᠂ ᠲᠠᠷᠢᠵᠦ ᠤᠷᠭᠤᠭᠤᠯᠬᠤ᠂ ᠲᠡᠵᠢᠭᠡᠵᠦ ᠠᠷᠠᠴᠢᠯᠠᠬᠤ᠂ ᠪᠤᠯᠪᠠᠰᠤᠷᠠᠭᠤᠯᠵᠦ ᠡᠳ᠋ᠰᠢᠬᠦᠯᠬᠦ᠂ ᠬᠤᠭᠤᠯᠠ ᠤᠮᠲᠠ᠂ ᠬᠤᠨᠤᠭ ᠪᠠᠭᠤᠲᠠᠯ ᠵᠡᠷᠭᠡ ᠤᠯᠠᠨ ᠠᠵᠢᠯ ᠲᠦᠷᠦᠯ᠎ᠤᠨ ᠬᠦᠭᠵᠢᠯᠳᠡ᠎ᠶᠢ ᠲᠠᠢᠴᠢᠯᠠᠬᠰᠠᠨ ᠪᠠᠢᠨ᠎ᠠ᠃
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠰᠠᠢᠨ᠎ᠠ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃