ᠲᠡᠷᠢᠭᠦᠨ ᠨᠢᠭᠤᠷ>ᠡᠭᠦᠯᠡᠨ ᠬᠦᠯᠦᠭ>ᠵᠢᠷᠤᠭᠲᠤ ᠮᠡᠳᠡᠭᠡ

2026-11-13 16:37:52

ᠵᠣᠬᠢᠶᠠᠭ᠍ᠴᠢ᠄ ᠰᠢᠶᠠᠩ ᠲᠤᠤ ᠣᠩᠱᠢᠭ᠍ᠰᠠᠨ ᠣᠳᠠᠭ᠎ᠠ᠄ 3

ᠠᠮᠢ ᠠᠬᠤᠢ᠎ᠶᠢᠨ ᠬᠠᠮᠠᠭᠠᠯᠠᠯᠲᠠ᠎ᠶᠢᠨ ᠵᠠᠩᠭᠢᠯᠠᠭ᠎ᠠ ᠨᠢ ᠠᠮᠢ ᠠᠬᠤᠢ ᠪᠠᠨ ᠬᠠᠮᠠᠭᠠᠯᠠᠬᠤ ᠮᠡᠳᠡᠯᠬᠡ᠎ᠶᠢ ᠤᠯᠠᠨ ᠲᠦᠮᠡᠨ᠎ᠳᠤ ᠲᠦᠭᠡᠮᠡᠯᠵᠢᠬᠦᠯᠬᠦ᠎ᠳᠤ ᠪᠤᠢ᠃ ᠤᠢᠷ᠎ᠠ᠎ᠶᠢᠨ ᠵᠢᠯ᠎ᠳᠤ᠂ ᠤᠷᠠᠳ᠎ᠤᠨ ᠲᠤᠮᠲᠠᠲᠦ ᠬᠤᠰᠢᠭᠤ ᠨᠢ ᠲᠠᠯ᠎ᠠ ᠨᠤᠲᠤᠭ᠎ᠤᠨ ᠠᠮᠢ ᠠᠬᠤᠢ᠎ᠶᠢᠨ ᠬᠠᠮᠠᠭᠠᠯᠠᠯᠲᠠ ᠪᠠ ᠠᠮᠢ ᠠᠬᠤᠢ᠎ᠶᠢ ᠬᠠᠮᠠᠭᠠᠯᠠᠯᠲᠠ᠎ᠶᠢᠨ ᠮᠡᠳᠡᠯᠭᠡ᠎ᠶᠢ ᠲᠦᠭᠡᠮᠡᠯᠵᠢᠬᠦᠯᠬᠦ ᠠᠵᠢᠯ᠎ᠢ ᠬᠦᠨᠲᠦᠳᠭᠡᠨ ᠦᠵᠡᠵᠦ᠂ ᠪᠦᠬᠦ ᠠᠷᠠᠳ᠎ᠶ᠋ᠢᠡᠷ᠎ᠶ᠋ᠢᠡᠨ ᠤᠷᠤᠯᠴᠠᠬᠰᠠᠨ ᠠᠮᠢ ᠠᠬᠤᠢ᠎ᠶᠢᠨ ᠰᠢᠨᠵᠢᠯᠡᠬᠦ ᠤᠬᠠᠭᠠᠨ ᠲᠸᠭᠨᠢᠢᠡ᠋ ᠮᠡᠷᠭᠡᠵᠢᠯ᠎ᠢ ᠲᠦᠬᠡᠮᠡᠯᠵᠢᠬᠦᠯᠬᠦ ᠬᠡᠪ ᠵᠠᠬᠪᠦᠷ᠎ᠢ ᠪᠦᠷᠢᠯᠲᠦᠬᠦᠯᠦᠭᠰᠡᠨ ᠪᠠᠢᠨ᠎ᠠ᠃

ᠴᠤᠴᠠᠰᠢ ᠦᠬᠡᠢ ᠪᠠᠷᠢᠮᠲᠠᠯᠠᠬᠤ ᠪᠤᠯ ᠠᠮᠢ ᠠᠬᠤᠢ᠎ᠶᠢᠨ ᠬᠠᠮᠠᠭᠠᠯᠠᠯᠲᠠ ᠪᠠ ᠵᠠᠰᠠᠯᠲᠠ᠎ᠶᠢ ᠰᠠᠢᠲᠦᠷ ᠬᠢᠬᠦ᠎ᠶᠢᠨ ᠰᠠᠭᠤᠷᠢ ᠮᠦᠨ᠃  ᠹᠦ ᠭᠠᠩ ᠬᠤᠷᠢᠭᠠᠳ ᠵᠢᠯ᠎ᠤᠨ ᠲᠤᠷᠰᠢ ᠲᠠᠯ᠎ᠠ ᠨᠤᠲᠤᠭ ᠲᠦ᠍ ᠬᠦᠨᠵᠡᠬᠡᠢᠷᠡᠨ᠂ ᠨᠤᠲᠤᠭ ᠪᠡᠯᠴᠢᠬᠡᠷ᠎ᠶ᠋ᠢᠡᠨ ᠨᠤᠭᠤᠭᠠᠷᠠᠭᠤᠯᠤᠨ᠂ ᠠᠮᠢ ᠠᠬᠤᠢ ᠪᠠᠨ ᠵᠠᠰᠠᠵᠦ᠂ ᠲᠠᠴᠢᠷᠲᠠᠵᠦ ᠡᠯᠡᠰᠦᠷᠭᠡᠭᠵᠢᠭᠰᠡᠨ ᠲᠠᠯ᠎ᠠ ᠨᠤᠲᠤᠭ᠎ᠢ ᠠᠮᠢ ᠠᠮᠢᠵᠢᠷᠠᠯ᠎ᠤᠨ ᠨᠤᠭᠤᠭᠠᠨ ᠦᠨᠭᠭᠡ ᠲᠠᠢ ᠪᠤᠯᠭᠠᠵᠠᠢ᠃ ᠲᠡᠷᠡ ᠪᠠᠰᠠ ᠲᠠᠯ᠎ᠠ ᠨᠤᠲᠤᠭ᠎ᠤᠨ ᠤᠷᠭᠤᠮᠠᠯ᠎ᠶ᠋ᠢᠡᠨ ᠰᠤᠲᠤᠯᠵᠦ᠂ 300 ᠭᠠᠷᠤᠢ ᠤᠷᠭᠤᠮᠠᠯ᠎ᠤᠨ ᠦᠯᠢᠬᠡᠷ ᠬᠡᠪ ᠲᠡᠬᠦᠵᠦ᠂ ᠤᠷᠭᠤᠮᠠᠯ᠎ᠤᠨ ᠦᠵᠡᠬᠦᠯᠬᠡ᠎ᠶᠢᠨ ᠲᠢᠨᠭᠬᠢᠮ ᠪᠠ ᠠᠮᠢ ᠠᠬᠤᠢ᠎ᠶᠢᠨ ᠰᠢᠨᠵᠢᠯᠡᠬᠦ ᠤᠬᠠᠭᠠᠨ ᠲᠸᠭᠨᠢᠢᠡ᠋ ᠮᠡᠷᠭᠡᠵᠢᠯ᠎ᠢ ᠲᠦᠬᠡᠮᠡᠯᠵᠢᠬᠦᠯᠬᠦ ᠤᠷᠲᠤᠨ ᠪᠠᠢᠭᠤᠯᠵᠦ᠂ ᠠᠮᠢ ᠠᠬᠤᠢ᠎ᠶᠢᠨ ᠮᠡᠳᠡᠯᠭᠡ᠎ᠶᠢ ᠨᠤᠮ ᠲᠡᠪᠳᠡᠷ ᠡᠴᠡ ᠪᠤᠲᠠᠲᠦ ᠠᠮᠢᠲᠤᠷᠠᠯ᠎ᠳᠤ ᠦᠨᠲᠦᠰᠦᠯᠡᠬᠦᠯᠦᠭᠰᠡᠨ ᠪᠠᠢᠨ᠎ᠠ᠃ ᠮᠠᠯᠴᠢᠨ ᠭᠸ ᠵᠠᠶᠠᠭ᠎ᠠ ᠮᠠᠯ ᠮᠠᠯᠵᠢᠬᠤ᠎ᠶᠢᠨ ᠲᠠᠭᠠᠦ ᠤᠷᠭᠤᠮᠠᠯ᠎ᠤᠨ ᠦᠯᠢᠬᠡᠷ ᠬᠡᠪ ᠲᠡᠬᠦᠵᠦ᠂ ᠲᠠᠯ᠎ᠠ ᠨᠤᠲᠤᠭ᠎ᠤᠨ ᠤᠷᠭᠤᠮᠠᠯ᠎ᠤᠨ ᠲᠠᠨᠭᠰᠠ ᠡᠪᠬᠡᠮᠡᠯ ᠵᠤᠬᠢᠶᠠᠵᠦ᠂ ᠮᠠᠯᠴᠢᠨ ᠬᠦᠮᠦᠨ᠎ᠤ ᠮᠤᠬᠤᠰᠢ ᠦᠬᠡᠢ ᠪᠠᠷᠢᠮᠲᠠᠯᠠᠯ᠎ᠶ᠋ᠢᠡᠷ ᠲᠠᠯ᠎ᠠ ᠨᠤᠲᠤᠭ᠎ᠤᠨ ᠠᠮᠢ ᠠᠬᠤᠢ᠎ᠶᠢᠨ ᠬᠤᠪᠢᠷᠠᠯᠲᠠ᠎ᠶᠢ ᠲᠡᠮᠳᠡᠭᠯᠡᠨ᠂ ᠮᠠᠯᠴᠢᠳ ᠲᠠᠭᠠᠨ ᠠᠮᠢ ᠠᠬᠤᠢ᠎ᠶᠢᠨ ᠪᠠᠢᠲᠠᠯ᠎ᠢ ᠲᠠᠨᠢᠭᠤᠯᠵᠦ᠂ ᠤᠷᠭᠤᠮᠠᠯ᠎ᠤᠨ ᠮᠡᠳᠡᠴᠡ᠎ᠶᠢ ᠲᠦᠭᠡᠮᠡᠯᠵᠢᠬᠦᠯᠦᠭᠰᠡᠨ ᠪᠠᠢᠨ᠎ᠠ᠃




ᠤᠯᠠᠨ᠎ᠤ ᠬᠦᠴᠦ᠂ ᠤᠯᠤᠮ ᠦᠬᠡᠢ ᠲᠠᠯᠠᠢ᠃ ᠹᠦ ᠭᠠᠩ᠂ ᠭᠸ ᠵᠠᠶᠠᠭ᠎ᠠ ᠮᠡᠲᠦ᠎ᠶᠢᠨ ᠬᠦᠮᠦᠰ ᠪᠤᠲᠠᠲᠦ ᠤᠷᠤᠯᠲᠤᠯᠭ᠎ᠠ ᠪᠡᠷ᠎ᠶ᠋ᠢᠡᠨ ᠲᠠᠯ᠎ᠠ ᠨᠤᠲᠤᠭ᠎ᠤᠨ ᠠᠮᠢ ᠠᠬᠤᠢ᠎ᠶᠢᠨ ᠬᠠᠮᠠᠭᠠᠯᠠᠯᠲᠠ᠎ᠶᠢᠨ ᠦᠯᠢᠬᠡᠷ᠎ᠢ ᠬᠦᠦᠷᠨᠢᠵᠦ᠂ ᠲᠠᠯ᠎ᠠ ᠨᠤᠲᠤᠭ᠎ᠤᠨ ᠬᠠᠮᠠᠭᠠᠯᠠᠯᠲᠠ ᠪᠠ ᠵᠠᠰᠠᠯᠲᠠ᠎ᠶᠢᠨ ᠴᠢᠬᠤᠯᠠ ᠴᠢᠨᠠᠷ᠎ᠢ ᠨᠡᠢᠬᠡᠮ ᠲᠠᠶᠠᠭᠠᠷ ᠲᠦ᠍ ᠲᠠᠨᠢᠭᠤᠯᠤᠬᠰᠠᠨ ᠪᠠᠢᠨ᠎ᠠ᠃ ᠤᠷᠠᠳ᠎ᠤᠨ ᠲᠤᠮᠲᠠᠲᠦ ᠬᠤᠰᠢᠭᠤ ᠡᠳᠡᠭᠡᠷ ᠬᠦᠮᠦᠰ᠎ᠤᠨ ᠴᠢᠷᠮᠠᠢᠯᠭ᠎ᠠ᠎ᠶᠢ ᠬᠦᠨᠲᠦᠳᠭᠡᠵᠦ᠂  ᠪᠦᠬᠦᠨ᠎ᠤ ᠬᠦᠴᠦ᠎ᠶᠢ ᠬᠠᠮᠲᠤᠷᠠᠭᠤᠯᠤᠨ᠂ ᠪᠡᠯᠡ ᠤᠷᠤᠭᠤᠯᠤᠯᠲᠠ ᠪᠠᠨ ᠨᠡᠮᠡᠭᠳᠡᠬᠦᠯᠦᠨ᠂ ᠰᠢᠨᠵᠢᠯᠡᠬᠦ ᠤᠬᠠᠭᠠᠨ ᠲᠸᠭᠨᠢᠢᠡ᠋ ᠮᠡᠷᠭᠡᠵᠢᠯ᠎ᠢ ᠲᠦᠭᠡᠮᠡᠯᠵᠢᠬᠦᠯᠬᠦ ᠤᠷᠲᠤᠨ ᠪᠠᠢᠭᠤᠯᠵᠦ᠂ ᠠᠮᠢ ᠠᠬᠤᠢ᠎ᠶᠢᠨ ᠮᠡᠳᠡᠯᠭᠡ ᠲᠦᠬᠡᠮᠡᠯᠵᠢᠭᠦᠯᠬᠦ ᠠᠵᠢᠯ᠎ᠢ ᠪᠠᠢᠨᠭᠭᠤᠵᠢᠭᠤᠯᠤᠬᠰᠠᠨ ᠪᠠᠢᠨ᠎ᠠ᠃ ᠲᠤᠰ ᠬᠤᠰᠢᠭᠤ ᠨᠢ ᠤᠷᠢᠳ ᠬᠤᠵᠢᠳ ᠭᠠᠭᠴᠠᠮᠤᠲᠦ᠎ᠶᠢᠨ ᠰᠢᠨᠵᠢᠯᠡᠬᠦ ᠤᠬᠠᠭᠠᠨ ᠲᠸᠭᠨᠢᠢᠡ᠋ ᠮᠡᠷᠭᠡᠵᠢᠯ᠎ᠢ ᠲᠦᠬᠡᠮᠡᠯᠵᠢᠬᠦᠯᠬᠦ ᠤᠷᠲᠤᠨ᠂ ᠴᠤᠨᠭᠵᠢ ᠰᠤᠮᠤᠨ᠎ᠤ ᠰᠢᠨᠵᠢᠯᠡᠬᠦ ᠤᠬᠠᠭᠠᠨ ᠲᠸᠭᠨᠢᠢᠡ᠋ ᠮᠡᠷᠭᠡᠵᠢᠯ᠎ᠢ ᠲᠦᠬᠡᠮᠡᠯᠵᠢᠬᠦᠯᠬᠦ ᠤᠷᠲᠤᠨ ᠵᠡᠷᠭᠡ᠎ᠶᠢ ᠪᠠᠢᠭᠤᠯᠵᠦ᠂ ᠰᠢᠨ᠎ᠡ ᠮᠡᠷᠭᠡᠵᠢᠯ ᠪᠠ ᠰᠢᠨ᠎ᠡ ᠵᠠᠭᠤᠴᠢᠯᠠᠭᠤᠷ᠎ᠢ ᠠᠰᠢᠬᠯᠠᠨ ᠬᠦᠮᠦᠰ ᠲᠦ᠍ ᠠᠮᠢ ᠠᠬᠤᠢ᠎ᠶᠢᠨ ᠰᠢᠨᠵᠢᠯᠡᠬᠦ ᠤᠬᠠᠭᠠᠨ᠎ᠤ ᠮᠡᠳᠡᠯᠬᠡ᠎ᠶᠢ ᠤᠯᠠᠮᠵᠢᠯᠠᠵᠦ᠂ ᠤᠯᠠᠮᠵᠢᠯᠠᠯᠲᠦ ᠠᠷᠭ᠎ᠠ᠎ᠶᠢ ᠡᠪᠳᠡᠨ᠂ ᠠᠮᠢ ᠠᠬᠤᠢ᠎ᠶᠢᠨ ᠮᠡᠳᠡᠯᠬᠡ᠎ᠶᠢ ᠤᠨᠭᠰᠢᠵᠦ ᠪᠤᠯᠬᠤ᠂ ᠦᠵᠡᠵᠦ ᠪᠤᠯᠬᠤ᠂ ᠪᠡᠶᠡᠳᠡᠨ ᠤᠢᠯᠠᠭᠠᠵᠦ ᠪᠤᠯᠬᠤ ᠲᠠᠢᠰᠢ ᠪᠦᠲᠦᠭᠡᠯᠴᠢ ᠪᠡᠷ ᠬᠦᠭᠵᠢᠬᠦᠯᠵᠡᠢ᠃

ᠬᠤᠪᠢ ᠬᠦᠮᠦᠨ᠎ᠤ ᠴᠢᠷᠮᠠᠢᠯᠭ᠎ᠠ ᠡᠴᠡ ᠪᠦᠬᠦ ᠠᠷᠠᠳ᠎ᠶ᠋ᠢᠡᠷ᠎ᠶ᠋ᠢᠡᠨ ᠬᠦᠳᠡᠯᠦᠯᠴᠡᠬᠦ ᠪᠤᠯᠲᠠᠯ᠎ᠠ᠂ ᠦᠨᠲᠦᠰᠦᠨ ᠱᠠᠲᠦᠨ᠎ᠤ ᠲᠤᠷᠰᠢᠯᠭ᠎ᠠ ᠦᠢᠯᠡᠲᠦᠯᠬᠡ ᠡᠴᠡ ᠠᠯᠪᠠᠨ᠎ᠤ ᠲᠠᠯ᠎ᠠ᠎ᠶᠢᠨ ᠰᠢᠰᠲᠸᠮᠲᠦ ᠵᠤᠬᠢᠶᠠᠨ ᠪᠠᠢᠭᠤᠯᠤᠯᠲᠠ ᠪᠤᠯᠲᠠᠯ᠎ᠠ᠂ ᠤᠷᠠᠳ᠎ᠤᠨ ᠲᠤᠮᠲᠠᠲᠦ ᠬᠤᠰᠢᠭᠤ ᠨᠢᠬᠡᠨ ᠤᠯᠠᠨ ᠲᠦᠮᠡᠨᠴᠢᠯᠡᠭᠰᠡᠨ᠂ ᠵᠤᠬᠢᠶᠠᠨ ᠪᠠᠢᠭᠤᠯᠤᠯᠲᠠ ᠲᠠᠢ ᠠᠮᠢ ᠠᠬᠤᠢ᠎ᠶᠢᠨ ᠮᠡᠳᠡᠯᠬᠡ᠎ᠶᠢ ᠲᠦᠬᠡᠮᠡᠯᠵᠢᠬᠦᠯᠬᠦ ᠵᠠᠮ᠎ᠶ᠋ᠢᠡᠷ ᠵᠠᠮᠨᠠᠭᠰᠠᠨ ᠶᠤᠮ᠃ ᠪᠢᠳᠡ ᠲᠤᠰ ᠬᠤᠰᠢᠭᠤᠨ᠎ᠤ ᠦᠢᠯᠡᠲᠦᠯᠬᠡ ᠡᠴᠡ᠂ ᠬᠦᠮᠦᠨ ᠪᠦᠬᠦᠨ ᠠᠮᠢ ᠠᠬᠤᠢ᠎ᠶᠢᠨ ᠤᠬᠠᠮᠰᠠᠷ᠎ᠶ᠋ᠢᠡᠨ ᠲᠡᠭᠡᠭᠰᠢᠯᠡᠬᠦᠯᠵᠦ᠂ ᠬᠦᠮᠦᠨ ᠪᠦᠬᠦᠨ ᠠᠮᠢ ᠠᠬᠤᠢ᠎ᠶᠢᠨ ᠪᠦᠲᠦᠭᠡᠨ ᠪᠠᠢᠭᠤᠯᠤᠯᠲᠠ᠎ᠳᠤ ᠤᠷᠤᠯᠴᠠᠪᠠᠯ ᠰᠠᠶᠢ ᠠᠮᠢ ᠠᠬᠤᠢ᠎ᠶᠢᠨ ᠤᠢᠯᠠᠭᠠᠭᠲᠠᠬᠤᠨ᠎ᠢ ᠤᠭᠤᠷᠠᠭ ᠲᠠᠷᠢᠬᠢᠨ᠎ᠳᠠᠭᠠᠨ ᠬᠦᠨ᠎ᠡ ᠬᠠᠲᠠᠨᠭᠰᠢᠭᠤᠯᠵᠦ᠂  ᠤᠮᠠᠷᠠᠲᠦ᠎ᠶᠢᠨ ᠠᠮᠢ ᠠᠬᠤᠢ᠎ᠶᠢᠨ ᠬᠠᠯᠬᠠᠪᠴᠢ᠎ᠶᠢ ᠪᠠᠢᠭᠤᠯᠵᠦ ᠴᠢᠲᠠᠨ᠎ᠠ ᠭᠡᠳᠡᠭ ᠦᠨᠡᠨ ᠶᠤᠰᠤ᠎ᠶᠢ ᠲᠠᠨᠢᠵᠦ ᠤᠯᠤᠬᠰᠠᠨ ᠪᠢᠯᠡ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠬᠦᠰᠡᠯᠡᠩ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤᠨ ᠮᠣᠩᠭᠣᠯ ᠬᠡᠯᠡᠨ᠎ᠦ ᠰᠣᠨᠢᠨ ᠮᠡᠳᠡᠭᠡ᠎ᠶᠢᠨ ᠰᠦᠯᠵᠢᠶ᠎ᠡ
兼容浏览器的HTML页面