ᠲᠡᠷᠢᠭᠦᠨ ᠨᠢᠭᠤᠷ>ᠡᠭᠦᠯᠡᠨ ᠬᠦᠯᠦᠭ>ᠡᠭᠦᠯᠡᠨ ᠥᠩᠭᠡ

2026-10-08 10:44:12

ᠵᠣᠬᠢᠶᠠᠭ᠍ᠴᠢ᠄ ᠲᠣᠷᠠᠨ᠎ᠠ ᠣᠩᠱᠢᠭ᠍ᠰᠠᠨ ᠣᠳᠠᠭ᠎ᠠ᠄ 3

《ᠴᠠᠬᠠᠷ ᠬᠤᠨᠢ》 ᠪᠤᠯ ᠤᠯᠤᠰ᠎ᠤᠨ ᠭᠠᠵᠠᠷ ᠵᠦᠢ᠎ᠶᠢᠨ ᠢᠯᠡᠷᠭᠡᠢᠯᠡᠯᠳᠦ ᠲᠠᠸᠠᠷ᠎ᠤᠨ ᠲᠡᠮᠳᠡᠭ ᠪᠦᠬᠡᠳ ᠤᠷᠤᠨ ᠨᠤᠲᠤᠭ᠎ᠤᠨ ᠠᠵᠦ ᠠᠬᠤᠢ᠎ᠶᠢᠨ ᠬᠦᠭᠵᠢᠯᠳᠡ᠎ᠶᠢᠨ ᠴᠢᠬᠤᠯᠠ ᠲᠠᠭᠠᠭᠤᠯᠤᠬᠴᠢ ᠪᠤᠯᠤᠨ᠎ᠠ᠃ ᠤᠢᠷ᠎ᠠ᠎ᠶᠢᠨ ᠵᠢᠯ᠎ᠳᠤ᠂ ᠬᠦᠪᠡᠬᠡᠳᠣ᠌ ᠰᠢᠷ᠎ᠡ ᠬᠣᠰᠢᠭᠣ᠌ ᠨᠢ ᠣᠷᠣᠨ ᠨᠣᠳᠣᠭ ᠤ᠋ᠨ ᠪᠣᠳᠠᠳᠣ᠌ ᠪᠠᠢᠳᠠᠯ ᠳ᠋ᠠᠭᠠᠨ ᠵᠣᠬᠢᠴᠠᠭᠣᠯᠣᠨ᠂ ᠮᠢᠬ᠎ᠠ ᠨᠣᠣᠰᠣᠨ ᠤ᠋ ᠬᠣᠣᠰ ᠬᠡᠷᠡᠭᠴᠡᠬᠡᠳᠣ᠌ 《ᠴᠠᠬᠠᠷ ᠬᠣᠨᠢ》 ᠶ᠋ᠢ ᠰᠣᠩᠭᠣᠨ ᠪᠣᠢᠵᠢᠭᠣᠯᠵᠣ᠌᠂ ᠮᠠᠯ ᠠᠵᠦ ᠠᠬᠤᠢ᠎ᠶᠢᠨ ᠴᠢᠨᠠᠷ ᠰᠠᠢᠲᠠᠢ ᠬᠦᠭᠵᠢᠯᠳᠡ᠎ᠳᠡᠭᠡᠨ ᠬᠦᠴᠦ ᠨᠡᠮᠡᠷᠢᠯᠡᠵᠦ ᠪᠠᠢᠨ᠎ᠠ᠃

ᠬᠦᠪᠡᠬᠡᠳᠣ᠌ ᠰᠢᠷ᠎ᠡ ᠬᠣᠰᠢᠭᠣᠨ ᠤ᠋ ᠪᠣᠬ᠍ᠳᠠ ᠶ᠋ᠢᠨ ᠭᠣᠣᠯ ᠰᠣᠮᠣᠨ ᠤ᠋ ᠪᠠᠶᠠᠨᠴᠠᠭᠠᠨ ᠭᠠᠴᠠᠭᠠᠨ ᠤ᠋ ᠮᠠᠯᠴᠢᠨ ᠪᠠᠳᠣᠨᠠᠰᠣᠨ ᠠᠷᠪᠠᠨ ᠬᠡᠳᠣᠨ ᠵᠢᠯ ᠤ᠋ᠨ ᠲᠣᠷᠰᠢ ᠴᠡᠬᠠᠷ ᠬᠣᠨᠢ ᠮᠠᠯᠵᠢᠨ᠂ ᠴᠠᠬᠠᠷ ᠬᠣᠨᠢ ᠰᠣᠩᠭᠣᠨ ᠪᠣᠢᠵᠢᠭᠣᠯᠬᠣ᠌᠂ ᠰᠦᠷᠣᠭ᠌ ᠤ᠋ᠨ ᠪᠦᠳᠣᠴᠡ ᠪᠠᠨ ᠰᠢᠯᠢᠳᠡᠭᠵᠢᠬᠦᠯᠬᠦ ᠵᠡᠷᠬᠡ ᠠᠵᠢᠯ ᠢ᠋ ᠢᠳᠡᠪᠬᠢᠲᠠᠢ ᠬᠢᠵᠦ᠂ ᠰᠦᠷᠦᠭ᠎ᠦᠨ ᠪᠣᠳᠠᠭᠠᠯᠢ ᠪᠡᠶ᠎ᠡ᠎ᠶᠢᠨ ᠶᠠᠰᠤ ᠴᠢᠨᠠᠷ ᠪᠠ ᠰᠦᠷᠦᠭ᠎ᠦᠨ ᠪᠦᠳᠦᠴᠡ ᠪᠠᠨ ᠢᠯᠡᠳᠲᠡ ᠰᠠᠶ᠋ᠢᠵᠢᠷᠠᠭᠤᠯᠵᠤ᠂ ᠬᠣᠰᠢᠭᠣᠨ ᠤ᠋ ᠪᠠᠨ ᠮᠢᠬ᠎ᠠ ᠨᠣᠣᠰᠣᠨ ᠤ᠋ ᠬᠣᠣᠰ ᠬᠡᠷᠡᠭᠴᠡᠬᠡᠳᠣ᠌ ᠬᠣᠨᠢᠨ ᠤ᠋ ᠡᠬᠦᠯᠳᠡᠷ᠎ᠢ ᠰᠠᠢᠵᠢᠷᠠᠭᠣᠯᠬᠣ᠌ ᠠᠵᠢᠯ ᠲᠡᠬᠡᠷ᠎ᠡ ᠲᠠᠭᠠᠭᠣᠯᠣᠬ᠍ᠴᠢ ᠦᠢᠯᠡᠳᠣᠯ ᠦᠵᠡᠬᠦᠯᠣᠭ᠌ᠰᠠᠨ ᠵᠢᠱ᠌ᠢᠶᠡᠴᠢ ᠪᠣᠯᠣᠬ᠍ᠰᠠᠨ ᠪᠦᠬᠡᠳ ᠴᠠᠬᠠᠷ ᠬᠣᠨᠢᠨ᠎ᠤ ᠲᠤᠰᠬᠠᠶ ᠠ᠋ᠷᠦᠬᠡ᠂ ᠴᠠᠬᠠᠷ ᠬᠣᠨᠢᠨ ᠤ᠋ ᠭᠣᠣᠯᠳᠠᠯᠭᠠᠳᠣ᠌ ᠰᠦᠷᠣᠭ᠌ ᠪᠣᠢᠵᠢᠭᠣᠯᠣᠬ᠍ᠰᠠᠨ ᠡᠷᠣᠬᠡ᠂ ᠦᠷ᠎ᠡ ᠶ᠋ᠢᠨ ᠮᠠᠯ ᠪᠣᠢᠵᠢᠭᠣᠯᠬᠣ᠌ ᠲᠤᠰᠬᠠᠶ ᠠ᠋ᠷᠦᠬᠡ ᠪᠣᠯᠣᠬ᠍ᠰᠠᠨ ᠪᠠᠢᠨ᠎ᠠ᠃ ᠵᠠᠬ᠎ᠠ ᠲᠡᠯᠭᠡᠬᠦᠷ ᠲᠡᠭᠡᠷᠡᠬᠢ ᠴᠠᠬᠠᠷ ᠬᠣᠨᠢᠨ᠎ᠤ ᠨᠡᠷ᠎ᠡ ᠠᠯᠳᠠᠷᠰᠢᠯ᠎ᠤᠨ ᠲᠠᠰᠤᠷᠠᠯᠲᠠ ᠥᠬᠡᠶ ᠳᠡᠭᠡᠭᠰᠢᠯᠡᠬᠦ᠎ᠶᠢ ᠳᠠᠭᠠᠯᠳᠤᠨ ᠰᠢᠨᠵᠢᠶᠠᠩ᠂ ᠭᠠᠨᠰᠦ ᠵᠡᠷᠭᠡ ᠮᠤᠵᠢ ᠤᠷᠤᠨ ᠪᠠ ᠮᠠᠨ᠎ᠤ ᠤᠷᠤᠨ᠎ᠤ ᠪᠤᠰᠤᠳ ᠠᠢᠮᠠᠭ ᠬᠤᠲᠠ᠎ᠶᠢᠨ ᠮᠠᠯᠴᠢᠳ ᠪᠠ ᠬᠣᠨᠢ ᠲᠡᠵᠢᠭᠡᠨ ᠦᠷᠡᠵᠢᠭᠦᠯᠬᠦ ᠲᠤᠰᠬᠠᠶ ᠬᠣᠷᠰᠢᠶ᠎ᠠ ᠪᠠᠲᠤᠨᠠᠰᠦᠨ᠎ᠤ᠎ᠳᠤ ᠢᠷᠡᠵᠦ ᠲᠣᠭᠣᠷᠢᠨ ᠦᠵᠡᠵᠦ ᠰᠣᠷᠣᠯᠴᠠᠬᠣ᠌ ᠶ᠋ᠢᠨ ᠬᠠᠮᠳᠣ᠌ ᠴᠠᠬᠠᠷ ᠬᠣᠨᠢ ᠶ᠋ᠢ ᠨᠢ ᠦᠨ᠎ᠡ ᠬᠠᠶᠠᠯᠴᠡᠠ ᠬᠣᠳᠠᠯᠳᠣᠨ ᠠᠪᠬᠤ ᠪᠤᠯᠤᠯ᠎ᠠ᠃ ᠡᠢᠨᠬᠦ᠂ ᠪᠠᠲᠤᠨᠠᠰᠤᠨ ᠮᠡᠲᠦ᠎ᠶᠢᠨ ᠴᠠᠬᠠᠷ ᠬᠣᠨᠢ ᠮᠠᠯᠵᠢᠵᠦ ᠪᠠᠢᠭ᠎ᠠ ᠲᠤᠰᠬᠠᠶ ᠡᠷᠦᠬᠡ᠎ᠶᠢᠨ ᠮᠠᠯ ᠰᠦᠷᠦᠭ᠎ᠤᠨ ᠵᠠᠬ᠎ᠠ ᠳᠡᠯᠭᠡᠭᠦᠷ ᠳᠡᠬᠢ ᠬᠠᠩᠭᠠᠯᠭ᠎ᠠ᠎ᠨᠢ ᠬᠡᠷᠡᠭᠴᠡᠭᠡ᠎ᠳᠡᠭᠡᠨ ᠬᠥᠷᠬᠥ ᠥᠬᠡᠶ ᠪᠣᠯᠵᠣ᠌᠂ ᠲᠡᠵᠢᠭᠡᠨ ᠦᠷᠡᠵᠢᠭᠦᠯᠬᠦ ᠦᠷ᠎ᠡ ᠠᠰᠢᠭ᠋ ᠨᠢ ᠵᠢᠯ ᠳᠠᠷᠠᠭᠠᠯᠠᠨ ᠨᠡᠮᠡᠭᠳᠡᠪᠡ᠃


QQ截图20261008155501.png


2012 ᠣᠨ ᠳ᠋ᠤ᠌᠂ ᠦᠪᠡᠷᠳᠡᠭᠡᠨ ᠵᠠᠰᠠᠬᠣ᠌ ᠣᠷᠣᠨ ᠤ᠋ ᠲᠡᠷᠢᠶᠠᠯᠠᠩ ᠮᠠᠯ ᠠᠵᠣ᠌ ᠠᠬᠣᠢ ᠪᠠ ᠬᠦᠳᠡᠭᠡ ᠲᠤᠰᠬᠤᠨ ᠮᠠᠯᠵᠢᠬᠤ ᠤᠷᠤᠨ᠎ᠤ ᠲᠢᠩᠬᠢᠮ ᠡᠴᠡ 《ᠴᠠᠬᠠᠷ ᠬᠣᠨᠢᠨ ᠤ᠋ ᠡᠬᠦᠯᠳᠡᠷ ᠤ᠋ᠨ ᠪᠠᠷᠢᠮᠵᠢᠶ᠎ᠠ》 ᠶ᠋ᠢ ᠬᠢᠨᠡᠨ ᠨᠣᠳᠠᠯᠠᠵᠦ᠂ 2014 ᠣᠨ ᠳ᠋ᠤ᠌ ᠣᠯᠣᠰ ᠤ᠋ᠨ ᠬᠦᠳᠡᠬᠡ ᠠᠵᠣ᠌ ᠠᠬᠣᠢ ᠶ᠋ᠢᠨ ᠶᠠᠮᠣᠨ ᠡᠴᠡ ᠴᠠᠬᠠᠷ ᠬᠤᠨᠢ᠎ᠶᠢ ᠰᠢᠨ᠎ᠠ ᠡᠬᠦᠯᠳᠡᠷ ᠢ᠋ᠶ᠋ᠠᠷ ᠨᠡᠷᠡᠢᠳᠴᠦ᠂ 2016 ᠣᠨ᠎ᠳᠤ ᠤᠯᠤᠰ᠎ᠤᠨ ᠵᠠᠬ᠎ᠠ ᠲᠡᠯᠭᠡᠬᠦᠷ᠎ᠤᠨ ᠬᠢᠨᠠᠨ ᠬᠠᠮᠢᠶᠠᠷᠤᠯᠲᠠ᠎ᠶᠢᠨ ᠶᠡᠷᠦᠩᠬᠡᠢ ᠲᠤᠪᠴᠢᠶ᠎ᠠ ᠡᠴᠡ 《ᠴᠠᠬᠠᠷ ᠬᠣᠨᠢ》 ᠢ᠋ᠢ ᠤᠯᠤᠰ᠎ᠤᠨ ᠭᠠᠵᠠᠷ ᠵᠦᠢ᠎ᠶᠢᠨ ᠢᠯᠡᠷᠬᠡᠢᠯᠡᠯᠳᠣ᠌ ᠲᠠᠸᠡᠷ ᠤ᠋ᠨ ᠲᠡᠮᠳᠡᠭ᠎ᠤᠨ ᠨᠡᠷᠡᠰ ᠤ᠋ᠨ ᠪᠦᠷᠢᠳᠬᠡᠯ ᠳ᠋ᠤ᠌ ᠵᠢᠬ᠍ᠰᠠᠭᠠᠵᠠᠢ᠃ ᠣᠳᠣ᠌᠂ ᠬᠦᠪᠡᠭᠡᠲᠦ ᠰᠢᠷ᠎ᠠ ᠬᠤᠰᠢᠭᠤᠨ᠎ᠤ ᠬᠡᠪᠴᠢᠶᠠᠨ ᠳ᠋ᠤ᠌ 21.5 ᠲᠦᠮᠡᠨ ᠴᠠᠬᠠᠷ ᠬᠣᠨᠢ᠂ 206 ᠴᠠᠬᠠᠷ ᠬᠣᠨᠢᠨ ᠤ᠋ ᠭᠣᠣᠯᠳᠠᠯᠭᠠᠳᠣ᠌ ᠰᠦᠷᠣᠭ᠌ ᠪᠣᠢᠵᠢᠭᠣᠯᠣᠬ᠍ᠰᠠᠨ ᠡᠷᠣᠬᠡ ᠲᠠᠢ ᠪᠤᠯᠵᠦ᠂ ᠴᠠᠬᠠᠷ ᠬᠤᠨᠢ ᠨᠢ ᠪᠦᠬᠦ ᠬᠤᠰᠢᠭᠤᠨ᠎ᠤ ᠮᠠᠯ ᠠᠵᠦ ᠠᠬᠤᠢ᠎ᠶᠢᠨ ᠬᠦᠭᠵᠢᠯᠳᠡ᠎ᠶᠢᠨ ᠲᠤᠯᠭᠠᠭᠤᠷᠢᠯᠠᠬᠤ ᠬᠦᠴᠦᠨ ᠪᠤᠯᠤᠬᠰᠠᠨ ᠪᠢᠯᠡ᠃

ᠬᠦᠪᠡᠬᠡᠳᠣ᠌ ᠰᠢᠷ᠎ᠡ ᠬᠣᠰᠢᠭᠤ᠎ᠨᠢ ᠡᠢᠨᠬᠦ ᠨᠡᠷᠡᠲᠦ ᠲᠡᠮᠳᠡᠭ ᠤ᠋ᠨ ᠳᠠᠪᠠᠭᠤᠯᠢᠭ᠋᠎ᠶ᠋ᠢᠡᠨ ᠠᠰᠢᠬ᠍ᠯᠠᠨ᠂ ᠴᠠᠬᠠᠷ ᠬᠣᠨᠢᠨ᠎ᠤ ᠡᠭᠦᠯᠳᠡᠷ᠎ᠢ ᠪᠣᠶ᠋ᠢᠵᠢᠭᠤᠯᠬᠤ ᠢᠨᠵᠧᠨᠧᠷᠢᠩ᠎ᠢ ᠭᠦᠴᠦᠳᠡᠢ ᠭᠡᠷᠡᠭᠵᠢᠭᠦᠯᠵᠦ᠂ ᠴᠠᠬᠠᠷ ᠬᠣᠨᠢᠨ ᠤ᠋ ᠡᠬᠦᠯᠳᠡᠷ ᠢ᠋ ᠰᠤᠩᠭᠤᠨ ᠪᠤᠢᠵᠢᠭᠤᠯᠬᠤ᠂ ᠰᠢᠯᠢᠳᠡᠭ ᠡᠭᠦᠯᠳᠡᠷ ᠤ᠋ᠨ ᠮᠠᠯ ᠣᠷᠣᠭᠣᠯᠬᠣ᠌ ᠪᠠ ᠭᠠᠷ ᠭᠡᠭᠡᠯᠳᠦᠭᠦᠯᠭᠡ ᠭᠢᠭᠦ᠂ ᠴᠠᠬᠠᠷ ᠬᠣᠨᠢᠨ ᠤ᠋ ᠠᠳᠠᠯᠢᠳᠬᠠᠨ ᠰᠢᠯᠭᠠᠷᠠᠭᠣᠯᠣᠯᠳᠠ᠂ ᠠᠬᠤᠶ ᠲᠠᠯᠠᠪᠠᠶ᠎ᠶᠢᠨ ᠦᠵᠡᠭᠦᠯᠭᠡ ᠵᠡᠷᠭᠡ ᠠᠵᠢᠯᠯᠠᠭ᠎ᠠ᠎ᠶᠢ ᠢᠳᠡᠪᠬᠢᠲᠡᠶ ᠡᠷᠭᠢᠯᠡᠵᠦ᠂ ᠮᠠᠯᠴᠢᠳ᠎ᠢ ᠵᠣᠬᠢᠶᠠᠨ ᠪᠠᠶ᠋ᠢᠭᠤᠯᠤᠨ ᠡᠯ᠎ᠡ ᠲᠥᠷᠥᠯ᠎ᠤᠨ ᠳᠡᠯᠭᠡᠨ ᠦᠵᠡᠬᠦᠯᠣᠯᠬᠡ᠂ ᠳᠡᠯᠭᠡᠨ ᠪᠣᠷᠣᠯᠠᠭᠣᠯᠭ᠎ᠠ ᠳ᠋ᠤ᠌ ᠣᠷᠣᠯᠴᠠᠭᠤᠯᠵᠤ᠂ ᠴᠠᠬᠠᠷ ᠬᠣᠨᠢ᠎ᠶᠢᠨ ᠨᠡᠷ᠎ᠡ ᠠᠯᠳᠠᠷ᠎ᠢ ᠥᠷᠭᠡᠳᠬᠡᠵᠦ᠂ ᠥᠷᠭᠡᠨ ᠣᠯᠠᠨ ᠮᠠᠯᠴᠢᠳ᠎ᠤᠨ ᠴᠠᠬᠠᠷ ᠬᠣᠨᠢ ᠮᠠᠯᠵᠢᠬᠣ᠌ ᠢᠳᠡᠪᠬᠢᠵᠢᠯ᠎ᠢ ᠳᠠᠢᠴᠢᠯᠠᠵᠠᠢ᠃

ᠡᠬᠦᠨ᠎ᠤ ᠬᠠᠮᠲᠦ᠂ ᠲᠤᠰ ᠬᠤᠰᠢᠭᠤ ᠨᠢ ᠪᠠᠰᠠ ᠴᠠᠬᠠᠷ ᠬᠣᠨᠢᠨ ᠮᠢᠬᠠᠨ᠎ᠤ ᠠᠵᠤ ᠦᠢᠯᠡᠰ᠎ᠤᠨ ᠬᠡᠯᠬᠢᠶᠡᠵᠢᠯ᠎ᠤᠨ ᠮᠥᠷᠳᠡᠨ ᠨᠡᠭᠡᠮᠵᠢᠯᠡᠭᠦ ᠰᠢᠰᠲᠧᠮ᠎ᠢ ᠪᠦᠬᠦ ᠲᠠᠯ᠎ᠠ᠎ᠪᠠᠷ ᠪᠠᠢᠭᠤᠯᠵᠦ᠂ ᠴᠠᠬᠠᠷ ᠬᠤᠨᠢ᠎ᠶᠢᠨ ᠶᠠᠰᠦ ᠴᠢᠨᠠᠷ᠎ᠢ ᠦᠨᠡᠨᠬᠦ ᠪᠠᠲᠤᠯᠠᠵᠦ᠂ ᠴᠠᠬᠠᠷ ᠬᠤᠨᠢ᠎ᠶᠢ ᠵᠠᠬ᠎ᠠ ᠲᠡᠯᠭᠡᠬᠦᠷ᠎ᠤᠨ ᠲᠠᠪᠠᠭᠤᠯᠢᠭ ᠨᠡᠷᠡᠲᠦ ᠲᠡᠮᠳᠡᠭ ᠪᠤᠯᠭᠠᠪᠠ᠃ ᠡᠬᠦᠨ ᠡᠴᠡ ᠭᠠᠲᠠᠨ᠎ᠠ᠂ 《ᠴᠠᠬᠠᠷ ᠬᠣᠨᠢᠨ ᠮᠢᠬ᠎ᠠ》 ᠶ᠋ᠢᠨ ᠨᠡᠷᠡᠲᠦ ᠲᠡᠮᠳᠡᠭ ᠤ᠋ᠨ ᠳᠠᠪᠠᠭᠤᠯᠢᠭ᠋᠎ᠢ ᠪᠠᠳᠠᠷᠠᠭᠤᠯᠬᠤ᠎ᠶᠢᠨ ᠲᠥᠯᠥᠭᠡ᠂ ᠬᠦᠪᠡᠬᠡᠳᠣ᠌ ᠰᠢᠷ᠎ᠡ ᠬᠣᠰᠢᠭᠤ 1500 ᠲᠦᠮᠡᠨ ᠲᠥᠭᠥᠷᠢᠭ᠎ᠤᠨ ᠪᠡᠯᠡ ᠣᠷᠣᠭᠤᠯᠵᠤ᠂ ᠥᠪᠡᠷᠲᠡᠭᠡᠨ ᠵᠠᠰᠠᠬᠤ ᠣᠷᠣᠨ᠎ᠤ ᠲᠡᠰ᠎ᠤᠨ ᠴᠠᠬᠠᠷ ᠬᠣᠨᠢᠨ ᠤ᠋ ᠦᠷ᠎ᠡ ᠶ᠋ᠢᠨ ᠮᠠᠯ ᠤ᠋ᠨ ᠲᠠᠯᠠᠪᠠᠢ᠎ᠶᠢ ᠪᠠᠶ᠋ᠢᠭᠤᠯᠪᠠ᠃ ᠲᠤᠰ ᠦᠷ᠎ᠡ᠎ᠶᠢᠨ ᠮᠠᠯ᠎ᠤᠨ ᠲᠠᠯᠠᠪᠠᠢ ᠨᠢ ᠭᠤᠤᠯᠳᠠᠭᠤ ᠴᠠᠬᠠᠷ ᠬᠣᠨᠢ ᠰᠣᠩᠭᠣᠨ ᠪᠣᠶ᠋ᠢᠵᠢᠭᠤᠯᠬᠤ᠂ ᠦᠷ᠎ᠡ ᠶ᠋ᠢᠨ ᠮᠠᠯ ᠪᠣᠢᠵᠢᠭᠣᠯᠬᠣ᠌᠂ ᠮᠠᠯ ᠠᠵᠤ ᠠᠬᠤᠢ᠎ᠶᠢᠨ ᠰᠢᠨᠵᠢᠯᠡᠬᠦ ᠤᠬᠠᠭᠠᠨ᠎ᠤ ᠰᠤᠳᠤᠯᠭᠠᠨ᠂ ᠮᠠᠯᠴᠢᠨ ᠲᠠᠷᠢᠶᠠᠴᠢᠨ᠎ᠤ ᠪᠣᠯᠪᠠᠰᠤᠷᠠᠯ᠂ ᠵᠢᠱ᠌ᠢᠶ᠎ᠡ ᠦᠵᠡᠭᠦᠯᠬᠦ ᠵᠢᠴᠢ ᠮᠠᠯᠴᠢᠳ᠎ᠤᠨ ᠬᠡᠷᠡᠭᠯᠡᠭᠡᠨ᠎ᠤ ᠮᠡᠷᠭᠡᠵᠢᠯ᠎ᠢ ᠳᠡᠯᠭᠡᠷᠡᠭᠦᠯᠬᠦ ᠵᠡᠷᠭᠡ ᠠᠵᠢᠯ᠎ᠢ ᠥᠷᠨᠢᠭᠦᠯᠵᠦ᠂ ᠰᠢᠯᠢ᠎ᠶᠢᠨ ᠭᠣᠣᠯ ᠠᠶ᠋ᠢᠮᠠᠭ᠎ᠤᠨ ᠡᠮᠦᠨᠡᠲᠦ ᠬᠡᠰᠡᠭ᠎ᠤᠨ ᠴᠠᠬᠠᠷ ᠬᠣᠨᠢᠨ ᠤ᠋ ᠭᠠᠷᠤᠯᠲᠠ᠎ᠶᠢᠨ ᠣᠷᠣᠨ᠎ᠳᠤ ᠡᠭᠦᠯᠳᠡᠷ ᠤ᠋ᠨ ᠮᠠᠯ ᠬᠠᠩᠭᠠᠬᠤ ᠡᠭᠦᠷᠭᠡ᠎ᠶᠢ ᠡᠭᠦᠷᠭᠡᠯᠡᠵᠦ ᠪᠠᠢᠲᠠᠭ᠃

ᠡᠳᠡᠭᠡᠷ ᠠᠵᠢᠯ᠎ᠤᠨ᠎ᠶ᠋ᠢᠡᠨ ᠰᠠᠭᠤᠷᠢᠨ ᠲᠡᠭᠡᠷ᠎ᠡ᠂ ᠬᠥᠪᠡᠭᠡᠲᠦ ᠰᠢᠷ᠎ᠠ ᠬᠣᠰᠢᠭᠤ ᠴᠠᠬᠠᠷ ᠬᠣᠨᠢᠨ᠎ᠤ ᠰᠢᠯᠢᠳᠡᠭ ᠡᠭᠦᠯᠳᠡᠷ᠎ᠢ ᠪᠣᠶ᠋ᠢᠵᠢᠭᠤᠯᠬᠤ ᠰᠢᠰᠲᠧᠮ᠎ᠤᠨ ᠪᠠᠶ᠋ᠢᠭᠤᠯᠤᠯᠲᠠ᠎ᠶᠢ ᠦᠷᠭᠦᠯᠵᠢᠯᠡᠨ ᠲᠦᠷᠭᠡᠳᠬᠡᠵᠦ᠂ 《ᠦᠷ᠎ᠡ ᠶ᠋ᠢᠨ ᠮᠠᠯ ᠤ᠋ᠨ ᠲᠠᠯᠠᠪᠠᠢ + ᠲᠤᠰᠬᠠᠢ ᠬᠣᠷᠰᠢᠶᠠᠵᠢᠯ + ᠲᠤᠰᠬᠠᠢ ᠡᠷᠦᠬᠡ》 ᠶ᠋ᠢᠨ ᠦᠷᠡᠵᠢᠭᠦᠯᠦᠨ ᠪᠣᠢᠵᠢᠭᠣᠯᠬᠣ᠌ ᠵᠠᠬ᠍ᠪᠣᠷ ᠢ᠋ ᠠᠯᠬᠤᠮ ᠠᠯᠬᠤᠮ᠎ᠢᠶᠠᠷ ᠪᠦᠷᠢᠨᠰᠢᠬᠦᠯᠵᠣ᠌᠂ ᠪᠣᠶ᠋ᠢᠵᠢᠭᠤᠯᠬᠤ᠂ ᠦᠷᠡᠵᠢᠭᠦᠯᠬᠦ᠂ ᠳᠡᠯᠭᠡᠷᠡᠭᠦᠯᠭᠦ᠂ ᠬᠠᠮᠢᠶᠠᠷᠬᠤ᠂ ᠪᠣᠷᠣᠯᠠᠭᠤᠯᠬᠤ᠎ᠶᠢ ᠨᠢᠭᠡ ᠴᠣᠭᠴᠠᠵᠢᠭᠤᠯᠤᠭᠰᠠᠨ ᠠᠵᠢᠯᠯᠠᠭᠠᠨ᠎ᠤ ᠲᠣᠭᠲᠠᠴᠠ᠎ᠶᠢ ᠪᠠᠢᠭᠣᠯᠣᠬ᠍ᠰᠠᠨ ᠪᠠᠢᠨ᠎ᠠ᠃


QQ截图20261008155431.png


ᠴᠠᠬᠠᠷ ᠬᠤᠨᠢᠨ᠎ᠤ ᠪᠦᠬᠦ ᠠᠵᠤ ᠦᠢᠯᠡᠰ᠎ᠤᠨ ᠬᠡᠯᠬᠢᠶᠡᠵᠢᠯ᠎ᠤᠨ ᠳᠦᠷᠦᠯ ᠵᠦᠢᠯ ᠪᠤᠯᠬᠤ ᠬᠥᠪᠡᠭᠡᠲᠦ ᠰᠢᠷ᠎ᠠ ᠬᠣᠰᠢᠭᠤᠨ᠎ᠤ ᠪᠠᠶᠠᠨᠲᠠᠯ᠎ᠠ ᠪᠠᠯᠭᠠᠰᠤᠨ᠎ᠤ ᠬᠥᠨᠳᠡᠯᠡᠨ ᠭᠠᠴᠠᠭᠠᠨ᠎ᠤ ᠴᠠᠬᠠᠷ ᠬᠤᠨᠢ ᠲᠡᠵᠢᠭᠡᠨ ᠦᠷᠡᠵᠢᠬᠦᠯᠬᠦ ᠰᠠᠭᠤᠷᠢᠨ ᠭᠠᠵᠠᠷ᠎ᠤᠨ ᠲᠦᠷᠦᠯ ᠵᠦᠢᠯ ᠨᠢ 2024 ᠣᠨ ᠳ᠋ᠥ ᠪᠦᠳᠦᠭᠡᠨ ᠪᠠᠢᠭᠣᠯᠣᠯᠳᠠ ᠪᠡᠨ ᠡᠭᠢᠯᠡᠭᠦᠯᠵᠦ᠂ ᠣᠳᠣ᠌ ᠪᠣᠯᠬᠣ᠌ ᠳ᠋ᠥ ᠪᠠᠷᠢᠮᠵᠢᠶᠠᠵᠢᠬ᠍ᠰᠠᠨ ᠫᠸᠡᠭ ᠰᠠᠷᠠᠪᠴᠢ ᠪᠠᠢᠭᠤᠯᠬᠤ ᠠᠵᠢᠯ᠎ᠶ᠋ᠢᠡᠨ ᠳᠠᠭᠣᠰᠬᠠᠵᠦ᠂ ᠬᠦᠢᠲᠡᠨ ᠬᠥᠮᠥᠷᠭᠡ᠂ ᠨᠢᠲᠤᠯᠵᠤ ᠡᠳ᠋ᠰᠢᠭᠦᠯᠬᠦ ᠦᠢᠯᠡᠳᠪᠦᠷᠢ᠎ᠶᠢᠨ ᠲᠠᠰᠤᠭ᠂ ᠠᠯᠪᠠᠨ ᠠᠰᠠᠷ᠂ ᠪᠠᠶ᠋ᠢᠷᠢ᠎ᠶᠢᠨ ᠠᠰᠠᠷ᠎ᠤ᠋ᠨ ᠪᠦᠲᠦᠭᠡᠨ ᠪᠠᠢᠭᠣᠯᠣᠯᠳᠠ ᠪᠠᠨ ᠶᠠᠭ ᠡᠷᠴᠢᠮᠳᠡᠢ ᠶᠠᠪᠣᠬ᠍ᠳᠠᠭᠤᠯᠵᠦ ᠪᠠᠢᠨ᠎ᠠ᠃ ᠲᠣᠰ ᠲᠥᠷᠥᠯ ᠵᠦᠶ᠋ᠯ ᠠᠰᠢᠬ᠍ᠯᠠᠯᠳᠠ ᠳ᠋ᠥ ᠣᠷᠣᠬ᠍ᠰᠠᠨ ᠤ᠋ ᠳᠠᠷᠠᠭ᠎ᠠ᠂ ᠵᠢᠯ ᠳ᠋ᠦ᠍ 1.5 ᠲᠦᠮᠡᠨ ᠴᠠᠬᠠᠷ ᠬᠣᠨᠢ ᠶ᠋ᠢ ᠪᠣᠷᠳᠣᠨ ᠲᠠᠷᠭᠤᠯᠠᠭᠤᠯᠬᠤ ᠶ᠋ᠢᠨ ᠬᠠᠮᠲᠤ ᠴᠠᠬᠠᠷ ᠬᠣᠨᠢᠨ ᠤ᠋ ᠡᠭᠦᠯᠳᠡᠷ ᠬᠠᠮᠠᠭᠠᠯᠠᠬᠤ᠂ ᠦᠷᠡᠵᠢᠭᠦᠯᠦᠨ ᠪᠣᠢᠵᠢᠭᠤᠯᠬᠤ ᠪᠠ ᠪᠣᠷᠳᠣᠨ ᠲᠠᠷᠭᠤᠯᠠᠭᠤᠯᠬᠤ ᠶ᠋ᠢ ᠨᠢᠭᠡ ᠴᠣᠭᠴᠠᠵᠢᠭᠤᠯᠤᠭᠰᠠᠨ ᠴᠢᠨᠠᠷ ᠰᠠᠢᠲᠠᠶ ᠬᠣᠨᠢᠨ ᠤ᠋ ᠢᠷᠡᠯᠲᠡ ᠶ᠋ᠢ ᠪᠠᠲᠤᠯᠠᠬᠤ ᠰᠢᠰᠲᠸᠮ᠎ᠢ ᠪᠦᠷᠢᠯᠳᠦᠬᠦᠯᠬᠦ ᠪᠤᠯᠤᠨ᠎ᠠ᠃ ᠡᠭᠦᠨ ᠦ᠌ ᠬᠠᠮᠲᠤ᠂ ᠵᠢᠯ ᠳ᠋ᠦ᠍ 45 ᠲᠦᠮᠡᠨ ᠮᠢᠬᠠᠨ᠎ᠤ ᠬᠣᠨᠢ ᠵᠠᠷᠤᠵᠤ ᠡᠳ᠋ᠰᠢᠭᠦᠯᠬᠦ ᠦᠶ᠋ᠯᠡᠳᠪᠦᠷᠢᠯᠡᠯ ᠦ᠋ᠨ ᠴᠢᠳᠠᠪᠤᠷᠢ ᠲᠠᠢ ᠪᠤᠯᠵᠦ᠂ ᠵᠢᠯ ᠦ᠋ᠨ ᠬᠤᠨᠢᠨ᠎ᠤ ᠭᠠᠷᠤᠯᠲᠠ ᠶ᠋ᠢ 9000 ᠲᠣᠨ᠂ ᠬᠤᠨᠢᠨ᠎ᠤ ᠠᠰᠢᠭ᠋ ᠰᠢᠮ᠎ᠡ ᠵᠢᠨ ᠪᠦᠲᠦᠭᠡᠭᠳᠡᠬᠦᠨ᠎ᠢ 4500 ᠲᠣᠨ᠎ᠳ᠋ᠦ᠍ ᠬᠦᠷᠭᠡᠵᠤ᠂ ᠵᠢᠯ᠎ᠤᠨ ᠪᠣᠷᠣᠯᠠᠭᠤᠯᠭ᠎ᠠ ᠶ᠋ᠢᠨ ᠣᠷᠣᠯᠭ᠎ᠠ ᠶ᠋ᠢ 5 ᠳ᠋ᠦᠩᠰᠢᠭᠤᠷ ᠲᠥᠭᠥᠷᠢᠭ ᠪᠡᠶᠡᠯᠡᠬᠦᠯᠬᠦ ᠪᠡᠷ ᠪᠤᠢ᠃

ᠦᠨᠡᠨᠳᠡᠭᠡᠨ᠂ ᠭᠦᠪᠡᠭᠡᠳᠦ ᠰᠢᠷ᠎ᠠ ᠬᠣᠰᠢᠭᠣᠨ ᠤ᠋ ᠴᠠᠬᠠᠷ ᠬᠣᠨᠢ ᠰᠣᠩᠭᠣᠨ ᠪᠣᠢᠵᠢᠭᠣᠯᠬᠣ᠌ ᠠᠵᠢᠯ 1994 ᠣᠨ᠎ᠠᠴᠠ ᠡᠬᠢᠯᠡᠨ ᠭᠤᠷᠪᠠᠨ ᠱᠠᠲᠦ ᠪᠡᠷ ᠲᠥᠯᠥᠪᠯᠡᠭᠡ᠎ᠲᠠᠢ ᠬᠥᠭᠵᠢᠵᠦ ᠢᠷᠡᠭᠰᠡᠨ ᠶᠤᠮ᠄ 1994 — 2000᠎ᠣᠨ ᠪᠣᠯ ᠡᠷᠯᠢᠰᠡᠵᠢᠭᠦᠯᠦᠨ ᠰᠠᠶ᠋ᠢᠵᠢᠷᠠᠭᠤᠯᠬᠤ ᠱᠠᠲᠤ ᠦᠶ᠎ᠡ ᠪᠣᠯᠤᠨ᠎ᠠ᠂ 2001 — 2009 ᠣᠨ ᠪᠣᠯ ᠬᠡᠭᠡᠯᠳᠦᠭᠦᠯᠵᠤ ᠲᠤᠬ᠍ᠳᠡᠪᠦᠷᠢᠵᠢᠭᠤᠯᠬᠤ ᠱᠠᠲᠤ ᠦᠶ᠎ᠡ ᠪᠣᠯᠤᠨ᠎ᠠ᠂ 2010 ᠣᠨ᠎ᠠᠴᠠ ᠣᠳᠣ᠌ ᠪᠣᠯᠲᠠᠯ᠎ᠠ ᠰᠤᠩᠭᠤᠨ ᠪᠤᠢᠵᠢᠭᠤᠯᠵᠤ ᠳᠡᠭᠡᠭᠰᠢᠯᠡᠭᠦᠯᠬᠦ ᠱᠠᠲᠤ ᠦᠶ᠎ᠡ ᠪᠣᠯᠤᠨ᠎ᠠ᠃ 1994 ᠣᠨ᠎ᠳᠤ ᠬᠥᠪᠡᠭᠡᠲᠦ ᠰᠢᠷ᠎ᠠ ᠬᠤᠰᠢᠭᠤ ᠨᠢ ᠲᠠᠷᠤᠢ ᠤᠯᠤᠰ᠎ᠤᠨ ᠬᠦᠳᠡᠭᠡ ᠠᠵᠦ ᠠᠬᠤᠢ᠎ᠶᠢᠨ ᠶᠠᠮᠤᠨ᠂ ᠤᠯᠤᠰ᠎ᠤᠨ ᠲᠠᠷᠢᠶᠠᠯᠠᠩ᠎ᠤᠨ ᠨᠡᠭᠡᠭᠡᠨ ᠬᠥᠭᠵᠢᠭᠦᠯᠦᠯᠲᠡ ᠶ᠋ᠢᠨ ᠠᠯᠪᠠᠨ ᠭᠡᠷ᠎ᠠᠴᠠ ᠡᠷᠬᠢᠯᠡᠭᠰᠡᠨ ᠪᠡᠯᠴᠢᠭᠡᠷ᠎ᠤᠨ ᠮᠠᠯ ᠠᠵᠤ ᠠᠬᠤᠢ᠎ᠶᠢᠨ ᠵᠢᠱ᠌ᠢᠶ᠎ᠡ ᠦᠵᠡᠭᠦᠯᠬᠦ ᠲᠦᠷᠦᠯ ᠵᠦᠢᠯ᠎ᠤᠨ ᠨᠠᠷᠢᠨ ᠨᠣᠣᠰᠣᠲᠤ ᠬᠤᠨᠢᠨ᠎ᠤ ᠠᠵᠤ ᠦᠢᠯᠡᠰ᠎ᠤᠨ ᠨᠡᠭᠡᠭᠡᠨ ᠬᠥᠭᠵᠢᠭᠦᠯᠦᠯᠲᠡ᠎ᠶᠢᠨ ᠵᠢᠱ᠌ᠢᠶ᠎ᠡ ᠦᠵᠡᠭᠦᠯᠬᠦ ᠲᠣᠭᠤᠷᠢᠭ᠋᠎ᠶ᠋ᠢᠡᠷ ᠰᠤᠩᠭᠤᠭᠲᠠᠪᠠ᠃


QQ截图20261008155559.png


ᠣᠳᠣ᠌᠂ ᠬᠥᠪᠡᠭᠡᠲᠦ ᠰᠢᠷ᠎ᠠ ᠬᠣᠰᠢᠭᠤᠨ᠎ᠤ ᠴᠠᠬᠠᠷ ᠬᠣᠨᠢ 14.5 ᠲᠦᠮᠡ᠎ᠳᠤ ᠬᠦᠷᠴᠦ᠂ ᠪᠥᠬᠥ ᠬᠣᠰᠢᠭᠤᠨ᠎ᠤ ᠬᠣᠨᠢᠨ ᠤ᠋ ᠶᠡᠷᠦᠩᠬᠡᠶ ᠲᠣᠭᠠᠨ᠎ᠤ 65%᠎ᠶᠢ ᠡᠵᠡᠯᠡᠵᠣ᠌᠂ ᠴᠠᠬᠠᠷ ᠬᠣᠨᠢᠨ᠎ᠤ ᠭᠣᠣᠯᠳᠠᠯᠭᠠᠳᠣ᠌ ᠰᠦᠷᠣᠭ᠌ ᠪᠣᠢᠵᠢᠭᠣᠯᠣᠬ᠍ᠰᠠᠨ ᠡᠷᠣᠬᠡ 190᠂ ᠭᠣᠣᠯᠳᠠᠯᠭᠠᠳᠣ᠌ ᠰᠦᠷᠣᠭ᠌ ᠪᠣᠢᠵᠢᠭᠣᠯᠣᠬ᠍ᠰᠠᠨ ᠮᠠᠯᠵᠢᠬᠤ ᠡᠷᠦᠬᠡ᠎ᠶᠢᠨ ᠰᠠᠭᠤᠷᠢ ᠡᠭᠡ ᠮᠠᠯ 2.9 ᠲᠦᠮᠡ ᠳ᠋ᠤ᠌ ᠬᠦᠷᠣᠭ᠌ᠰᠠᠨ ᠪᠠᠢᠨ᠎ᠠ᠃ ᠴᠠᠬᠠᠷ ᠬᠤᠨᠢᠨ᠎ᠤ ᠬᠠᠮᠢᠶ᠎ᠠ ᠪᠦᠬᠦᠢ ᠤᠯᠤᠰ᠂ ᠦᠪᠡᠷᠳᠡᠭᠡᠨ ᠵᠠᠰᠠᠬᠣ᠌ ᠣᠷᠣᠨ᠂ ᠠᠢᠮᠠᠭ᠎ᠤᠨ ᠳᠡᠰ᠎ᠤᠨ ᠰᠢᠨᠵᠢᠯᠡᠬᠦ ᠤᠬᠠᠭᠠᠨ ᠰᠤᠳᠤᠯᠭᠠᠨ᠎ᠤ ᠲᠦᠷᠦᠯ ᠵᠦᠢᠯ 4 ᠶ᠋ᠢ ᠭᠡᠷᠡᠭᠵᠢᠭᠦᠯᠵᠦ᠂ ᠡᠭᠦᠨ᠎ᠳᠤ᠂ ᠴᠠᠬᠠᠷ ᠬᠣᠨᠢᠨ ᠤ᠋ ᠦᠷ᠎ᠡ ᠶ᠋ᠢᠨ ᠮᠠᠯ ᠤ᠋ᠨ ᠲᠠᠯᠠᠪᠠᠶ᠎ᠳᠤ ᠲᠦᠰᠢᠭᠯᠡᠨ ᠬᠡᠷᠡᠭᠵᠢᠭᠦᠯᠦᠭᠰᠡᠨ ᠥᠪᠡᠷᠲᠡᠭᠡᠨ ᠵᠠᠰᠠᠬᠤ ᠣᠷᠣᠨ᠎ᠤ ᠮᠢᠬᠠᠨ ᠤ᠋ ᠬᠤᠨᠢᠨ᠎ᠤ ᠠᠵᠤ ᠦᠢᠯᠡᠰ᠎ᠤᠨ ᠮᠡᠷᠭᠡᠵᠢᠯ᠎ᠤᠨ ᠰᠢᠰᠲᠸᠮ ᠤ᠋ᠨ ᠲᠤᠷᠰᠢᠯᠲᠠ᠎ᠶᠢᠨ ᠦᠷᠳᠡᠭᠡᠨ ᠤ᠋ ᠲᠥᠷᠥᠯ ᠵᠦᠢᠯ᠎ᠢ ᠣᠷᠳᠣ᠌ ᠬᠤᠭᠤᠴᠠᠭ᠎ᠠ᠎ᠪᠠᠷ ᠬᠡᠷᠡᠭᠵᠢᠭᠦᠯᠬᠦ᠎ᠶᠢᠨ ᠬᠠᠮᠲᠤ ᠲᠣᠰ ᠲᠤᠷᠰᠢᠯᠲᠠ᠎ᠶᠢᠨ ᠥᠷᠲᠡᠭᠡ᠎ᠲᠠᠢ ᠪᠠᠨ ᠤᠶᠠᠯᠳᠤᠭᠤᠯᠤᠨ ᠰᠢᠨᠵᠢᠯᠡᠬᠦ ᠤᠬᠠᠭᠠᠨ ᠰᠤᠳᠤᠯᠭᠠᠨ᠎ᠤ ᠰᠢᠨ᠎ᠡ᠎ᠶᠢ ᠡᠭᠦᠳᠬᠦ ᠲᠠᠪᠴᠠᠩ — ᠴᠠᠬᠠᠷ ᠬᠤᠨᠢᠨ᠎ᠤ ᠲᠣᠮᠣ᠌ ᠳ᠋ᠠᠶ᠋ᠢᠲ᠋ᠠ᠎ᠶᠢᠨ ᠢᠨᠵᠧᠨᠧᠷᠢᠩ᠎ᠤᠨ ᠰᠤᠳᠤᠯᠭᠠᠨ᠎ᠤ ᠲᠥᠪ᠎ᠢ ᠪᠠᠶ᠋ᠢᠭᠤᠯᠵᠦ᠂ ᠴᠠᠬᠠᠷ ᠬᠤᠨᠢᠨ᠎ᠤ ᠡᠬᠦᠯᠳᠡᠷ᠎ᠢ ᠰᠣᠩᠭᠤᠨ ᠪᠤᠶ᠋ᠢᠵᠢᠭᠤᠯᠬᠤ ᠪᠠ ᠦᠷ᠎ᠡ᠎ᠶᠢᠨ ᠦᠢᠯᠡᠰ᠎ᠢ ᠬᠥᠭᠵᠢᠭᠦᠯᠦᠨ ᠮᠠᠨᠳᠤᠭᠤᠯᠬᠤ ᠲᠤᠭ᠎ᠠ ᠪᠠᠷᠢᠮᠲᠠ᠎ᠶᠢᠨ ᠲᠤᠯᠭᠠᠭᠤᠷᠢᠯᠠᠯ ᠪᠣᠯᠭᠠᠵᠠᠢ᠃ ᠲᠤᠰ ᠲᠠᠪᠴᠠᠩ᠎ᠨᠢ ᠥᠪᠡᠷᠲᠡᠭᠡᠨ ᠵᠠᠰᠠᠬᠤ ᠣᠷᠣᠨ᠎ᠤ ᠣᠲᠣ᠌ ᠦᠶ᠎ᠡ᠎ᠶᠢᠨ ᠮᠢᠬᠠᠨ ᠤ᠋ ᠬᠤᠨᠢᠨ᠎ᠤ ᠠᠵᠤ ᠦᠢᠯᠡᠰ᠎ᠤᠨ ᠮᠡᠷᠭᠡᠵᠢᠯ᠎ᠤᠨ ᠰᠢᠨ᠎ᠡ᠎ᠶᠢ ᠡᠭᠦᠳᠬᠦ᠎ᠶᠢ ᠳᠡᠯᠭᠡᠷᠡᠭᠦᠯᠬᠦ ᠰᠢᠰᠲᠧᠮ᠎ᠤᠨ ᠲᠥᠷᠥᠯ ᠵᠦᠢᠯ᠎ᠤᠨ ᠴᠢᠬᠤᠯᠠ ᠳ᠋ᠠᠶ᠋ᠢᠲ᠋ᠠ᠎ᠶᠢᠨ ᠲᠥᠪ ᠪᠣᠯᠤᠭᠰᠠᠨ᠎ᠤ ᠬᠤᠪᠢ᠎ᠳᠤ᠂ ᠲᠣᠮᠣ᠌ ᠳ᠋ᠠᠶ᠋ᠢᠲ᠋ᠠ᠂ ᠪᠠᠷᠠᠭᠠᠨ᠎ᠤ ᠬᠦᠢᠯᠬᠡᠬᠡ᠎ᠶᠢᠨ ᠮᠡᠳᠡᠭᠡ ᠵᠠᠩᠭᠢ᠎ᠶᠢᠨ ᠰᠦᠯᠵᠢᠶ᠎ᠡ᠂ ᠡᠭᠦᠯᠡᠨ ᠪᠤᠳᠤᠯᠲᠠ᠂ ᠭᠧᠨ᠎ᠤ ᠪᠦᠯᠦᠭ᠎ᠤᠨ ᠮᠡᠷᠭᠡᠵᠢᠯ᠂ ᠵᠣᠬᠢᠶᠠᠮᠠᠯ ᠣᠶᠤᠨ ᠴᠢᠳᠠᠪᠤᠷᠢ ᠵᠡᠷᠭᠡ᠎ᠪᠠᠷ ᠮᠡᠷᠭᠡᠵᠢᠯ᠎ᠤᠨ ᠠᠷᠭ᠎ᠠ ᠪᠠᠷᠢᠯ ᠪᠣᠯᠭᠠᠵᠤ᠂ 《ᠡᠭᠦᠯᠳᠡᠷ᠎ᠤᠨ ᠬᠤᠨᠢᠨ᠎ᠤ ᠰᠦᠯᠵᠢᠶᠡᠴᠢᠯᠡᠭᠰᠡᠨ ᠮᠥᠷᠳᠡᠨ ᠨᠡᠭᠡᠮᠵᠢᠯᠡᠭᠦ ᠰᠢᠰᠲᠧᠮ᠎ᠤᠨ ᠪᠠᠶ᠋ᠢᠭᠤᠯᠤᠯᠲᠠ (SheepLink)》 ᠶ᠋ᠢᠡᠷ ᠲᠠᠪᠴᠠᠩ ᠪᠣᠯᠭᠠᠵᠤ᠂ ᠴᠠᠬᠠᠷ ᠬᠤᠨᠢᠨ᠎ᠤ ᠠᠵᠤ ᠦᠢᠯᠡᠰ᠎ᠤᠨ ᠬᠡᠯᠬᠢᠶᠡᠵᠢᠯ᠎ᠤᠨ ᠡᠯ᠎ᠡ ᠵᠠᠩᠭᠢᠯᠠᠭ᠎ᠠ᠎ᠶᠢᠨ ᠳ᠋ᠠᠶ᠋ᠢᠲ᠋ᠠ᠎ᠶᠢ ᠴᠤᠭᠯᠠᠭᠤᠯᠬᠤ᠂ ᠦᠨᠡᠯᠡᠬᠦ᠂ ᠵᠠᠳᠠᠯᠬᠤ ᠪᠠ ᠦᠷᠭᠦᠯᠵᠢᠯᠡᠨ ᠠᠰᠢᠭ᠍ᠯᠠᠬᠤ᠎ᠶᠢ ᠥᠷᠨᠢᠭᠦᠯᠵᠦ᠂ ᠰᠦᠯᠵᠢᠶᠡᠴᠢᠯᠡᠭᠰᠡᠨ ᠮᠥᠷᠳᠡᠯᠲᠡ᠂ ᠤᠶᠤᠨᠴᠢᠯᠠᠭᠰᠠᠨ ᠲᠡᠵᠢᠭᠡᠨ ᠦᠷᠡᠵᠢᠭᠦᠯᠬᠦ᠎ᠶᠢ ᠪᠡᠶᠡᠯᠡᠭᠦᠯᠦᠨ᠂ ᠮᠠᠯ ᠠᠵᠤ ᠠᠬᠤᠶ᠎ᠶᠢᠨ ᠰᠢᠨ᠎ᠡ ᠴᠢᠨᠠᠷ᠎ᠤᠨ ᠦᠢᠯᠡᠳᠪᠦᠷᠢᠯᠡᠯ᠎ᠤᠨ ᠬᠦᠴᠦᠨ᠎ᠤ ᠬᠥᠭᠵᠢᠯᠲᠡ᠎ᠶᠢ ᠲᠦᠷᠭᠡᠳᠬᠡᠨ ᠠᠬᠢᠭᠤᠯᠪᠠ᠃


QQ截图20261008155514.png


ᠭᠦᠪᠡᠭᠡᠳᠦ ᠰᠢᠷ᠎ᠠ ᠬᠤᠰᠢᠭᠤ ᠴᠠᠬᠠᠷ ᠬᠤᠨᠢᠨ᠎ᠤ ᠠᠵᠤ ᠦᠢᠯᠡᠰ᠎ᠢ ᠬᠥᠭᠵᠢᠭᠦᠯᠬᠦ᠎ᠶᠢ ᠮᠠᠯ ᠠᠵᠦ ᠠᠬᠤᠢ᠎ᠶᠢᠨ ᠪᠦᠲᠦᠴᠡ᠎ᠳᠤ ᠲᠤᠬᠢᠷᠠᠭᠤᠯᠤᠯᠳᠠ ᠬᠢᠬᠦ᠂ ᠮᠠᠯᠴᠢᠳ᠎ᠤᠨ ᠣᠷᠣᠯᠭ᠎ᠠ᠎ᠶᠢ ᠨᠡᠮᠡᠭᠳᠡᠭᠦᠯᠬᠦ ᠴᠢᠬᠤᠯᠠ ᠠᠷᠭ᠎ᠠ ᠪᠠᠷᠢᠯ ᠪᠣᠯᠭᠠᠵᠤ᠂ ᠪᠣᠬᠢᠷᠲᠤᠯ ᠦᠬᠡᠢ ᠮᠠᠯ᠎ᠤᠨ ᠠᠰᠢᠭ᠋ ᠰᠢᠮ᠎ᠡ ᠲᠠᠷᠢᠶᠠᠯᠠᠩ᠎ᠤᠨ ᠪᠦᠲᠦᠭᠡᠭᠳᠡᠬᠦᠨ᠎ᠤ ᠮᠢᠬᠠᠨ᠎ᠤ ᠬᠤᠨᠢᠨ᠎ᠤ ᠪᠦᠬᠦ ᠠᠵᠤ ᠦᠢᠯᠡᠰ᠎ᠤᠨ ᠬᠡᠯᠬᠢᠶᠡᠵᠢᠯ᠎ᠤᠨ ᠳᠦᠷᠦᠯ ᠵᠦᠢᠯ᠎ᠢ ᠬᠡᠷᠡᠭᠵᠢᠭᠦᠯᠵᠦ᠂ ᠮᠠᠯᠴᠢᠳ᠎ᠤᠨ ᠣᠷᠣᠯᠭ᠎ᠠ᠎ᠶᠢ ᠨᠡᠮᠡᠭᠳᠡᠭᠦᠯᠦᠨ ᠮᠠᠯᠵᠢᠬᠣ᠌ ᠦᠢᠯᠡᠰ ᠤ᠋ᠨ ᠭᠦᠭᠵᠢᠯᠳᠡ ᠶ᠋ᠢ ᠠᠭᠢᠭᠣᠯᠵᠦ᠂ ᠬᠥᠳᠡᠭᠡ ᠲᠣᠰᠬᠣᠨ᠎ᠢ ᠬᠥᠭᠵᠢᠭᠦᠯᠦᠨ ᠮᠨᠨᠳᠣᠭᠣᠯᠬᠣ᠌ ᠳ᠋ᠥ ᠭᠦᠴᠦᠨ ᠨᠡᠮᠡᠷᠢᠯᠡᠭᠰᠡᠬᠡᠷ ᠪᠠᠢᠨ᠎ᠠ᠃

(ᠬᠡᠷᠡᠯ ᠵᠢᠷᠤᠭ᠎ᠦᠳ᠎ᠢ ᠬᠦᠪᠡᠭᠡᠲᠦ ᠰᠢᠷ᠎ᠠ ᠬᠤᠰᠢᠭᠤᠨ᠎ᠤ ᠬᠠᠮ ᠵᠠᠭᠤᠴᠢᠯᠠᠭᠤᠷ ᠤ᠋ᠨ ᠳᠦᠪ ᠬᠠᠨᠭᠭᠠᠪᠠ)

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠬᠦᠰᠡᠯᠡᠩ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面