ᠲᠡᠷᠢᠭᠦᠨ ᠨᠢᠭᠤᠷ>ᠡᠭᠦᠯᠡᠨ ᠬᠦᠯᠦᠭ>ᠡᠭᠦᠯᠡᠨ ᠴᠡᠩᠬᠡᠷ ᠨᠤᠲᠤᠭ

2026-10-16 16:56:44

ᠵᠣᠬᠢᠶᠠᠭ᠍ᠴᠢ᠄ ᠬᠤᠧᠠ ᠯᠧᠢ ᠣᠩᠱᠢᠭ᠍ᠰᠠᠨ ᠣᠳᠠᠭ᠎ᠠ᠄ 3

ᠬᠦᠷᠢᠶ᠎ᠡ ᠬᠤᠰᠢᠭᠤ᠂ ᠤᠮᠠᠷᠠᠲᠤ᠌ ᠥᠷᠭᠡᠷᠢᠭ᠎ᠤᠨ 42 - 43 ᠭᠷᠠᠳᠦ᠋ᠰ᠎ᠤᠨ ᠬᠣᠭᠣᠷᠣᠨᠳᠦ᠂ ᠬᠤᠷᠴᠢᠨ᠎ᠤ ᠡᠯᠡᠰᠦ᠎ᠶᠢᠨ ᠪᠠᠷᠠᠭᠤᠨ ᠡᠮᠦᠨ᠎ᠡ ᠵᠠᠬ᠎ᠠ᠎ᠳᠤ ᠪᠠᠢᠷᠢᠯᠠᠲᠠᠭ᠃ ᠡᠨᠳᠡᠬᠢ ᠭᠠᠵᠠᠷ ᠵᠦᠢ᠎ᠶᠢᠨ ᠪᠠᠢᠷᠢᠰᠢᠯ᠂ ᠬᠦᠷᠦᠰᠦ ᠰᠢᠷᠤᠢ᠎ᠶᠢᠨ ᠨᠦᠬᠦᠴᠡᠯ ᠨᠢ ᠰᠠᠭᠠᠭ ᠲᠠᠷᠢᠬᠤ᠎ᠳᠤ ᠮᠠᠰᠢ ᠲᠤᠬᠢᠷᠠᠬᠰᠠᠨ ᠪᠣᠯᠬᠣᠷ ᠬᠦᠷᠢᠶᠡᠴᠤᠳ ᠮᠢᠩᠭ᠎ᠠ ᠭᠠᠷᠤᠢ ᠵᠢᠯ᠎ᠤᠨ ᠡᠮᠦᠨ᠎ᠡ ᠡᠴᠡ ᠰᠠᠭᠠᠭ ᠲᠠᠷᠢᠵᠦ ᠡᠬᠢᠯᠡᠭᠰᠡᠨ ᠪᠦᠬᠡᠳ ᠬᠦᠷᠢᠶ᠎ᠡ ᠬᠤᠰᠢᠭᠤ ᠨᠢ ᠤᠳᠤ ᠪᠤᠯᠬᠤ ᠳ᠋ᠤ ᠨᠢᠬᠡᠨᠳᠡ ᠳᠡᠯᠡᠬᠡᠶ ᠨᠡᠶ᠋ᠢᠲᠡ ᠳ᠋ᠦ᠍ ᠮᠡᠳᠡᠷᠡᠭᠳᠡᠭᠰᠡᠨ ᠰᠠᠭᠠᠭ᠎ᠤᠨ ᠰᠢᠵᠢᠷ ᠠᠯᠲᠠᠨ ᠲᠠᠷᠢᠮᠠᠯ᠎ᠤᠨ ᠤᠷᠤᠨ ᠪᠤᠯᠤᠭᠰᠠᠨ ᠶᠤᠮ᠃

2006 ᠤᠨ ᠳ᠋ᠤ 《ᠬᠦᠷᠢᠶ᠎ᠡ ᠰᠠᠭᠠᠭ》 ᠨᠢ ᠤᠭ ᠭᠠᠷᠤᠯᠳᠠ᠎ᠶᠢᠨ ᠤᠷᠤᠨ᠎ᠤ ᠦᠨᠡᠮᠯᠡᠯ ᠲᠠᠢ ᠲᠠᠸᠠᠷ᠎ᠤᠨ ᠲᠡᠮᠳᠡᠭ᠎ᠶ᠋ᠢᠡᠷ ᠵᠦᠪᠰᠢᠶᠡᠷᠡᠭᠳᠡᠵᠦ᠂ 2012 ᠤᠨ᠎ᠳᠤ ᠤᠯᠤᠰ᠎ᠤᠨ ᠭᠠᠵᠠᠷ ᠵᠦᠢ᠎ᠶᠢᠨ ᠢᠯᠡᠷᠭᠡᠢᠯᠡᠯᠳᠦ ᠬᠠᠮᠠᠭᠠᠯᠠᠯᠳᠠ᠎ᠶᠢᠨ ᠪᠦᠲᠦᠭᠡᠭᠳᠡᠬᠦᠨ᠎ᠶ᠋ᠢᠡᠷ ᠦᠨᠡᠯᠡᠭᠳᠡᠵᠦ᠂  2018 ᠣᠨ ᠳ᠋ᠤ ᠭᠠᠵᠠᠷ ᠵᠦᠶ᠎ᠶᠢᠨ ᠢᠯᠡᠷᠭᠡᠢᠯᠡᠯᠳᠦ ᠲᠠᠷᠢᠶᠠᠯᠠᠩ᠎ᠤᠨ ᠪᠦᠲᠦᠭᠡᠭᠳᠡᠬᠦᠨ ᠪᠤᠯᠵᠦ᠂ 2025 ᠣᠨ ᠪᠣᠯᠬᠤ᠎ᠳᠤ 《ᠬᠦᠷᠢᠶ᠎ᠡ ᠰᠠᠭᠠᠭ》᠎ᠤ᠋ᠨ ᠣᠷᠣᠨ ᠪᠦᠰᠡ᠎ᠶᠢᠨ ᠨᠡᠶ᠋ᠢᠲᠡ᠎ᠶᠢᠨ ᠬᠡᠷᠡᠭᠯᠡᠭᠡᠨ᠎ᠤ ᠲᠦᠷᠦᠯ ᠲᠡᠮᠳᠡᠭ᠎ᠤᠨ ᠦᠷᠳᠡᠭ ᠨᠢᠭᠡᠨᠲᠡ 112.86 ᠳ᠋ᠦᠩᠰᠢᠭᠤᠷ ᠲᠥᠭᠥᠷᠢᠭ᠎ᠢ ᠳᠠᠪᠠᠵᠦ᠂  ᠬᠦᠷᠢᠶ᠎ᠡ ᠬᠤᠰᠢᠭᠤ ᠨᠢ ᠪᠠᠰᠠ 2014 ᠣᠨ ᠳ᠋ᠤ 《ᠳᠤᠮᠳᠠᠳᠤ ᠤᠯᠤᠰ᠎ᠤᠨ ᠰᠠᠭᠠᠭ᠎ᠤᠨ ᠰᠣᠶᠣᠯ᠎ᠤᠨ ᠨᠤᠲᠤᠭ》 ᠬᠡᠮᠡᠨ ᠨᠡᠷᠡᠶ᠋ᠢᠳᠦᠭᠳᠡᠭᠰᠡᠨ ᠪᠠᠢᠨ᠎ᠠ᠃

ᠵᠠᠭᠤ ᠮᠢᠩᠭᠠᠨ ᠵᠢᠯ᠎ᠤᠨ ᠲᠡᠷᠳᠡᠭᠡᠬᠢ ᠮᠦᠬᠦᠯᠢᠭ ᠰᠠᠭᠠᠭ ᠡᠴᠡ ᠵᠠᠭᠤᠨ ᠳ᠋ᠦᠩᠰᠢᠭᠤᠷ ᠲᠥᠭᠥᠷᠢᠭ᠎ᠤᠨ ᠲᠦᠷᠦᠯ ᠲᠡᠮᠳᠡᠭ᠎ᠬᠦᠷᠲᠡᠯ᠎ᠡ᠂  ᠰᠠᠭᠠᠭ ᠨᠢ ᠬᠦᠷᠢᠶ᠎ᠡ ᠨᠤᠲᠤᠭ᠎ᠤᠨ ᠠᠷᠠᠳ ᠲᠦᠮᠡᠨ᠎ᠤ ᠡᠷᠡᠨ᠎ᠤ ᠬᠤᠭᠤᠯᠠ᠂ ᠢᠳᠡᠭᠡᠨ᠎ᠤ ᠤᠬᠢ ᠪᠤᠯᠤᠬᠰᠠᠨ ᠲᠡᠲᠦᠢ ᠦᠬᠡᠢ᠂ ᠠᠵᠦ ᠠᠬᠤᠢ᠎ᠶᠢᠨ ᠤᠷᠤᠯᠭ᠎ᠠ᠎ᠶᠢᠨ ᠬᠢᠨᠢ ᠴᠢᠬᠤᠯᠠ ᠢᠷᠡᠯᠳᠡ᠂ ᠠᠵᠦ ᠦᠢᠯᠡᠰᠵᠢᠨ ᠬᠦᠭᠵᠢᠵᠦ᠂ ᠬᠤᠰᠢᠭᠤ ᠨᠤᠲᠤᠭ᠎ᠶ᠋ᠢᠡᠨ ᠬᠦᠭᠵᠢᠬᠦᠯᠦᠨ ᠮᠠᠨᠲᠤᠭᠤᠯᠬᠤ᠎ᠶᠢᠨ ᠬᠢᠨᠢ ᠭᠤᠤᠯ ᠬᠦᠳᠡᠯᠭᠡᠬᠦ ᠬᠦᠴᠦᠨ ᠪᠤᠯᠤᠬᠰᠠᠨ ᠪᠢᠯᠡ᠃




ᠣᠷᠣᠨ ᠨᠤᠳᠤᠭ ᠎ᠤᠨ ᠲᠠᠪᠠᠭᠤᠯᠢᠭ ᠡᠴᠡ ᠨᠠᠷᠠᠲᠤ᠌  ᠲᠡᠮᠳᠡᠭ᠎ᠤᠨ ᠲᠠᠪᠠᠭᠤᠯᠢᠭ ᠪᠤᠯᠲᠠᠯ᠎ᠠ

ᠬᠦᠷᠢᠶ᠎ᠡ ᠠᠷᠠᠳ᠎ᠤᠨ ᠠᠮᠠᠨ ᠶᠠᠷᠢᠶᠠᠨ ᠳ᠋ᠤ 《ᠰᠠᠶ᠋ᠢᠨ ᠣᠨᠣᠭ᠎ᠠ ᠰᠠᠷᠠᠯ ᠡᠯᠵᠢᠭᠡ᠂ ᠰᠠᠶ᠋ᠢᠨ ᠪᠣᠳᠠᠭ᠎ᠠ ᠰᠠᠭᠠᠭ᠎ᠤᠨ ᠭᠣᠯᠢᠷ》 ᠭᠡᠳᠡᠭ᠂ ᠶᠡᠷᠦ ᠨᠢ ᠬᠦᠷᠢᠶᠡᠴᠤᠳ ᠲᠦ᠍ ᠠᠪᠴᠦ ᠬᠡᠯᠡᠪᠡᠯ ᠰᠠᠭᠠᠭ ᠪᠤᠯ ᠠᠮᠲᠠᠯᠠᠬᠤᠢ᠎ᠶᠢᠨ ᠰᠡᠷᠡᠯ ᠪᠠ ᠤᠢ ᠲᠤᠢ᠎ᠳᠤᠨᠢ ᠲᠠᠮᠠᠭᠠᠯᠠᠬᠲᠠᠨ ᠦᠯᠡᠳᠡᠭᠰᠡᠨ ᠴᠢᠬᠤᠯᠠ ᠢᠳᠡᠭᠡᠨ ᠪᠤᠯᠬᠤ ᠶᠤᠮ᠃

ᠰᠠᠭᠠᠭ ᠪᠤᠯ ᠰᠡᠷᠢᠬᠦᠨ ᠲᠠᠭᠠᠲᠠᠢ ᠠᠭᠣᠷ ᠠᠮᠢᠰᠬᠣᠯ ᠳ᠋ᠤ ᠵᠣᠬᠢᠴᠠᠲᠠᠭ᠂ ᠣᠰᠣ ᠪᠣᠷᠳᠣᠭᠣᠷ ᠬᠡᠷᠡᠭᠰᠡᠬᠦ᠌ ᠬᠡᠮᠵᠢᠶ᠎ᠡ ᠨᠢ ᠪᠠᠭ᠎ᠠ᠂ ᠣᠷᠴᠢᠨ ᠳᠣᠭᠣᠷᠢᠨ ᠳ᠋ᠤ ᠵᠣᠬᠢᠴᠠᠬᠣ ᠴᠢᠳᠠᠪᠣᠷᠢ ᠪᠡᠷ ᠰᠠᠶ᠋ᠢᠨ᠂ ᠳᠠᠴᠢᠷ ᠭᠠᠵᠠᠷ ᠪᠠ ᠡᠷᠬᠦᠭᠳᠡᠴᠡ ᠦᠨᠳᠦᠷ᠂ ᠦᠨᠳᠦᠷ ᠦᠷᠭᠡᠷᠢᠭ᠎ᠤᠨ ᠭᠠᠵᠠᠷ ᠲᠤ᠌ ᠳᠣᠬᠢᠷᠠᠳᠠᠭ ᠬᠤᠶᠠᠷ ᠨᠠᠪᠴᠢᠲᠦ ᠤᠷᠭᠤᠮᠠᠯ ᠪᠣᠯᠣᠨ᠎ᠠ᠃ ᠰᠠᠭᠠᠭ᠎ᠤᠨ ᠲᠦᠷᠦᠯ ᠵᠦᠢᠯ ᠣᠯᠠᠨ ᠪᠠᠶ᠋ᠢᠳᠠᠭ ᠪᠤᠯᠪᠠᠴᠦ ᠬᠦᠮᠦᠰ ᠠᠮᠢᠳᠣᠷᠠᠯ ᠲᠤᠮᠲᠠ᠎ᠪᠠᠨ ᠭᠣᠣᠯᠳᠠᠭᠣ ᠰᠢᠬᠢᠷᠯᠢᠭ ᠰᠠᠭᠠᠭ ᠪᠠ ᠭᠠᠰᠢᠭᠣᠨ ᠰᠠᠭᠠᠭ ᠬᠤᠶᠠᠷ ᠲᠦᠷᠦᠯ᠎ᠢ ᠡᠳ᠋ᠯᠡᠵᠦ ᠭᠡᠷᠡᠭᠯᠡᠳᠡᠭ᠃ ᠪᠦᠬᠦ᠌ ᠣᠯᠣᠰ᠎ᠤᠨ ᠡᠯ᠎ᠡ ᠭᠠᠵᠠᠷ᠎ᠤᠨ ᠠᠭᠣᠷ ᠠᠮᠢᠰᠬᠣᠯ᠎ᠤᠨ ᠨᠦᠬᠦᠴᠡᠯ ᠠᠳᠠᠯᠢ ᠦᠭᠡᠢ ᠡᠴᠡ ᠪᠣᠯᠵᠦ᠍ ᠰᠠᠭᠠᠭ ᠢ᠋ ᠲᠦᠷᠪᠡᠨ ᠣᠯᠠᠷᠢᠯ ᠳ᠋ᠤ ᠪᠦᠷ ᠳᠠᠷᠢᠵᠦ᠍ ᠪᠤᠯᠲᠠᠭ ᠪᠣᠯᠪᠠᠴᠦ᠂ ᠬᠦᠷᠢᠶ᠎ᠡ ᠨᠤᠳᠤᠭ᠎ᠤᠨ ᠠᠭᠣᠷ ᠠᠮᠢᠰᠬᠣᠯ ᠪᠠ ᠭᠠᠵᠠᠷ᠎ᠤᠨ ᠪᠠᠶ᠋ᠢᠴᠠ᠎ᠶᠢᠨ ᠨᠦᠬᠦᠴᠡᠯ ᠡᠴᠡ ᠪᠣᠯᠵᠦ᠍᠂ ᠵᠦᠪᠬᠡᠨ ᠨᠠᠮᠣᠷ᠎ᠤᠨ ᠰᠠᠭᠠᠭ ᠲᠠᠷᠢᠳᠠᠭ᠃ ᠲᠡᠭᠡᠬᠦ ᠮᠦᠷᠳᠡᠭᠡᠨ ᠰᠠᠭᠠᠭ ᠴᠡᠴᠡᠭᠯᠡᠬᠦ᠎ᠳᠤ ᠡᠷᠬᠡᠪᠰᠢ ᠦᠨᠳᠦᠷ ᠬᠠᠯᠠᠭᠣᠨ ᠡᠴᠡ ᠵᠠᠶ᠋ᠢᠯᠠᠰᠬᠢᠵᠦ᠍᠂ ᠬᠢᠷᠠᠭᠣ ᠣᠨᠠᠬᠣ ᠡᠴᠡ ᠡᠮᠦᠨ᠎ᠡ ᠬᠣᠷᠢᠶᠠᠬᠣ ᠴᠢᠬᠤᠯᠠᠳᠠᠢ ᠪᠠᠶ᠋ᠢᠳᠠᠭ᠂ ᠡᠶ᠋ᠢᠮᠦ᠍ ᠡᠴᠡ ᠰᠠᠭᠠᠭ᠎ᠤᠨ ᠳᠠᠷᠢᠵᠦ᠍ ᠬᠣᠷᠢᠶᠠᠬᠣ ᠬᠣᠭᠣᠴᠠᠭ᠎ᠠ ᠶ᠋ᠢ ᠰᠠᠶ᠋ᠢᠳᠣᠷ ᠡᠵᠡᠮᠰᠢᠬᠦ᠌ ᠨᠢ ᠣᠨᠠᠯᠳᠠ ᠪᠠ ᠴᠢᠨᠠᠷ ᠴᠢᠨᠰᠠᠭ᠎ᠠ ᠲᠠᠢ ᠰᠢᠭᠤᠳ ᠬᠤᠯᠪᠤᠭ᠎ᠠ ᠲᠠᠢ ᠪᠠᠢᠲᠠᠭ᠃ ᠰᠠᠭᠠᠭ᠂ ᠳᠠᠷᠢᠭᠰᠠᠨ ᠤ᠋ ᠳᠠᠷᠠᠭᠠᠬᠢ 3 ᠡᠳᠦᠷ ᠲᠤ᠌ ᠰᠣᠶᠣᠭᠠᠯᠠᠵᠦ᠍᠂ 30 ᠡᠳᠦᠷ ᠲᠡᠭᠡᠨ ᠴᠡᠴᠡᠭᠯᠡᠨ᠂ 60 ᠡᠳᠦᠷ ᠳᠡᠭᠡᠨ ᠪᠣᠯᠪᠠᠰᠣᠷᠠᠵᠦ᠍᠂ 70 ᠡᠳᠦᠷ ᠳᠡᠭᠡᠷ᠎ᠡ ᠬᠣᠷᠢᠶᠠᠨ ᠠᠪᠳᠠᠭ ᠶᠣᠮ᠃ ᠬᠦᠷᠢᠶ᠎ᠡ ᠨᠤᠳᠤᠭ᠎ᠤᠨ ᠬᠢᠨ ᠲᠤᠬᠠᠢ᠎ᠶᠢᠨ ᠭᠠᠵᠠᠷ᠎ᠤᠨ ᠠᠭᠤᠷ ᠠᠮᠢᠰᠬᠤᠯ᠎ᠳᠠᠭᠠᠨ ᠲᠤᠬᠢᠷᠠᠭᠤᠯᠤᠨ᠂ ᠪᠢᠯᠢᠭ ᠎ᠤᠨ ᠣᠯᠠᠷᠢᠯ᠎ᠤᠨ  7 ᠰᠠᠷ᠎ᠠ᠎ᠶᠢᠨ ᠡᠬᠢᠨ ᠳ᠋ᠤ ᠳᠠᠷᠢᠵᠦ᠍᠂ 9 ᠰᠠᠷ᠎ᠠ᠎ᠶᠢᠨ ᠡᠬᠢᠨ ᠳ᠋ᠤ ᠬᠣᠷᠢᠶᠠᠵᠦ᠍ ᠠᠪᠳᠠᠭ᠃

ᠰᠠᠭᠠᠭ ᠲᠤ᠌ 18 ᠵᠦᠢᠯ᠎ᠤᠨ ᠰᠢᠪᠳᠣᠷᠳᠣ ᠬᠦᠴᠢᠯ᠂ 9 ᠵᠦᠢᠯ᠎ᠤᠨ ᠦᠭᠡᠬᠦᠨ ᠬᠦᠴᠢᠯ ᠵᠢᠴᠢ ᠣᠯᠠᠨ ᠵᠦᠢᠯ᠎ᠤᠨ ᠡᠷᠦᠳᠡᠰᠦ ᠡᠯᠧᠮᠧᠨ᠋ᠲ ᠠᠭᠣᠯᠤᠭᠳᠠᠵᠦ᠍ ᠪᠠᠶ᠋ᠢᠭ᠎ᠠ ᠪᠣᠯᠬᠣᠷ ᠦᠷᠬᠦᠯᠵᠢ ᠢᠳᠡᠪᠡᠯ ᠬᠣᠳᠣᠭᠣᠳᠣ ᠬᠡᠳᠡᠰᠦᠨ ᠤ᠋ ᠴᠢᠳᠠᠪᠬᠢ ᠶ᠋ᠢ ᠰᠠᠶ᠋ᠢᠵᠢᠷᠠᠭᠣᠯᠵᠦ᠍᠂ ᠴᠢᠰᠣᠨ ᠳᠠᠷᠣᠯᠳᠠ ᠪᠠ ᠴᠢᠰᠣᠨ ᠤ᠋ ᠦᠭᠡᠬᠦ᠌ ᠶ᠋ᠢ ᠪᠠᠭᠣᠷᠠᠭᠣᠯᠬᠣ ᠳ᠋ᠤ ᠠᠰᠢᠭᠳᠠᠢ ᠪᠠᠶ᠋ᠢᠲᠠᠭ᠃ ᠰᠠᠭᠠᠭ᠎ᠤᠨ ᠡᠳᠡᠭᠡᠷ ᠦᠢᠯᠡᠲᠦᠯ ᠨᠡᠩ ᠤᠯᠠᠨ ᠬᠦᠮᠦᠰ ᠲᠦ᠍ ᠲᠠᠨᠢᠬᠲᠠᠵᠦ᠂ ᠡᠷᠡᠭᠦᠯ ᠮᠡᠨᠳᠦ ᠪᠦᠬᠡᠳ ᠪᠠᠶ᠋ᠢᠭᠠᠯᠢᠯᠢᠭ ᠢᠳᠡᠭᠡᠨ ᠭᠡᠮᠡᠭᠳᠡᠨ᠂ ᠤᠯᠤᠰ᠎ᠤᠨ ᠳᠣᠲᠣᠭᠠᠳᠤ ᠭᠠᠳᠠᠭᠠᠳᠤ᠎ᠶᠢᠨ ᠵᠠᠬ᠎ᠠ ᠳᠡᠯᠭᠡᠭᠦᠷ᠎ᠤᠨ ᠠᠩᠬᠠᠷᠤᠯ ᠢ᠋ ᠶᠡᠬᠡᠳᠡ ᠲᠠᠲᠠᠵᠤ ᠪᠠᠶ᠋ᠢᠨ᠎ᠠ᠃

ᠰᠠᠭᠠᠭ᠎ᠤᠨ ᠢᠷᠡᠯᠳᠡ᠎ᠶᠢᠨ ᠶᠠᠰᠤ ᠴᠢᠨᠠᠷ ᠢ᠋ ᠪᠠᠲᠤᠯᠠᠬᠤ᠎ᠶᠢᠨ ᠲᠥᠯᠥᠭᠡ᠂ ᠬᠦᠷᠢᠶ᠎ᠡ ᠬᠣᠰᠢᠭᠤ ᠰᠢᠯᠢᠳᠡᠭ ᠡᠭᠦᠯᠳᠡᠷ ᠢ᠋ ᠶᠡᠬᠡ ᠪᠡᠷ ᠳᠡᠯᠭᠡᠷᠡᠭᠦᠯᠵᠦ᠍᠂ ᠰᠠᠶ᠋ᠢᠨ ᠡᠭᠦᠯᠳᠡᠷ ᠰᠤᠲᠤᠯᠤᠨ ᠨᠡᠭᠡᠭᠡᠬᠦ ᠰᠠᠭᠤᠷᠢᠨ ᠪᠠᠶ᠋ᠢᠭᠤᠯᠵᠤ᠂ ᠰᠠᠭᠠᠭ ᠲᠠᠷᠢᠬᠤ ᠬᠡᠪᠴᠢᠶ᠎ᠡ ᠪᠠᠨ ᠲᠣᠭᠲᠠᠭᠤᠨ᠎ᠶ᠋ᠢᠡᠷ ᠥᠷᠭᠡᠳᠬᠡᠵᠦ᠍᠂ ᠲᠠᠯᠠᠪᠠᠶ ᠨᠢᠭᠡᠴᠢ᠎ᠶᠢᠨ ᠤᠨᠠᠯᠲᠠ ᠶ᠋ᠢ ᠲᠡᠭᠡᠭᠰᠢᠯᠡᠬᠦᠯᠵᠤ ᠪᠠᠶ᠋ᠢᠨ᠎ᠠ᠃ ᠣᠳᠣᠬᠠᠨ ᠳ᠋ᠤ ᠪᠥᠬᠥ᠌ ᠬᠣᠰᠢᠭᠤᠨ ᠤ᠋ ᠰᠠᠭᠠᠭ ᠲᠠᠷᠢᠬᠤ ᠲᠠᠯᠠᠪᠠᠶ 10 ᠲᠦᠮᠡᠨ ᠮᠥ᠍ ᠡᠴᠡ ᠳᠡᠭᠡᠭᠰᠢ ᠪᠤᠯᠤᠨ ᠲᠣᠭᠲᠠᠪᠤᠷᠢᠵᠢᠵᠤ᠂ ᠵᠢᠯ᠎ᠤᠨ ᠤᠨᠠᠯᠲᠠ ᠨᠢ 3000 ᠲᠦᠮᠡᠨ ᠵᠢᠩ ᠳ᠋ᠦ᠍ ᠬᠦᠷᠴᠠᠢ᠂ ᠡᠨᠡ ᠨᠢ ᠪᠠᠷᠤᠭ ᠪᠥᠬᠥ᠌ ᠤᠯᠤᠰ᠎ᠤᠨ ᠰᠠᠭᠠᠭ᠎ᠤᠨ ᠶᠡᠷᠦᠩᠬᠡᠶ ᠭᠠᠷᠤᠯᠲᠠ᠎ᠶᠢᠨ ᠳᠥᠷᠪᠡᠨ᠎ᠤ ᠨᠢᠭᠡ ᠶ᠋ᠢ ᠡᠵᠡᠯᠡᠵᠦ᠍ ᠪᠠᠶ᠋ᠢᠨ᠎ᠠ᠃ ᠡᠬᠦᠨ᠎ᠤ ᠬᠠᠮᠲᠦ᠂ ᠬᠦᠷᠢᠶ᠎ᠡ ᠬᠣᠰᠢᠭᠤ ᠨᠢ ᠪᠠᠷᠢᠮᠵᠢᠶᠠᠵᠢᠭᠤᠯᠤᠨ ᠳᠠᠷᠢᠬᠤ᠂ ᠵᠢᠷᠤᠮᠵᠢᠭᠤᠯᠤᠨ ᠡᠳ᠋ᠰᠢᠭᠦᠯᠬᠦ᠌ ᠶ᠋ᠢ ᠴᠢᠬᠤᠯᠠᠴᠢᠯᠠᠨ᠂  ᠶᠠᠰᠤ ᠴᠢᠨᠠᠷ ᠪᠠ ᠨᠠᠷᠠᠲᠤ᠌ ᠲᠥᠷᠥᠯ ᠲᠡᠮᠳᠡᠭ᠎ᠤᠨ ᠳᠠᠪᠠᠭᠤᠯᠢᠭ ᠲᠠᠭᠠᠨ ᠲᠦᠰᠢᠭᠯᠡᠨ᠂ 《ᠬᠦᠷᠢᠶ᠎ᠡ ᠰᠠᠭᠠᠭ ᠲᠠᠨ᠎ᠤ ᠡᠷᠡᠭᠦᠯ ᠮᠡᠨᠳᠦ᠎ᠶᠢ ᠪᠠᠲᠤᠯᠠᠨ᠎ᠠ》 ᠭᠡᠬᠦ᠌ ᠨᠠᠷᠠᠲᠤ᠌ ᠲᠥᠷᠥᠯ ᠲᠡᠮᠳᠡᠭ᠎ᠤᠨ ᠳᠦᠷᠢ ᠲᠥᠷᠬᠦ᠌ ᠶ᠋ᠢ ᠬᠦᠴᠦᠯᠡᠨ ᠴᠤᠬᠴᠠᠯᠠᠵᠦ᠂ ᠬᠡᠪᠴᠢᠶᠡᠵᠢᠭᠦᠯᠦᠨ ᠳᠠᠷᠢᠬᠤ᠂ ᠰᠤᠳᠤᠯᠤᠨ ᠨᠡᠭᠡᠭᠡᠵᠦ᠍ ᠳᠡᠯᠭᠡᠷᠡᠭᠦᠯᠬᠦ᠂ ᠨᠠᠷᠢᠯᠢᠭ ᠡᠳ᠋ᠰᠢᠭᠦᠯᠬᠦ᠂ ᠬᠤᠳᠠᠯᠳᠤᠨ ᠪᠣᠷᠣᠯᠠᠭᠤᠯᠬᠤ᠂ ᠭᠠᠳᠠᠭᠠᠳᠤ ᠳ᠋ᠤ ᠭᠠᠷᠭᠠᠬᠤ᠂ ᠰᠡᠯᠡᠬᠦᠴᠡᠨ ᠵᠢᠭᠤᠯᠴᠢᠯᠠᠬᠤ ᠶ᠋ᠢ ᠨᠢᠭᠡ ᠴᠣᠭᠴᠠᠵᠢᠭᠤᠯᠤᠭᠰᠠᠨ ᠭᠤᠷᠪᠠᠨ ᠠᠵᠤ ᠦᠢᠯᠡᠰ ᠠᠭᠤᠰᠤᠯᠴᠠᠬᠰᠠᠨ ᠠᠵᠤ ᠦᠢᠯᠡᠰ᠎ᠤᠨ ᠬᠡᠯᠬᠢᠶ᠎ᠡ ᠶ᠋ᠢ ᠪᠤᠢ ᠪᠤᠯᠭᠠᠪᠠ᠃ 2019 ᠣᠨ ᠳ᠋ᠤ᠂ ᠬᠦᠷᠢᠶ᠎ᠡ ᠰᠠᠭᠠᠭ ᠨᠢ ᠪᠥᠬᠥ᠌ ᠤᠯᠤᠰ᠎ᠤᠨ 《ᠨᠠᠷᠠᠲᠤ᠌ ᠣᠨᠴᠠ ᠰᠢᠯᠢᠳᠡᠭ ᠰᠢᠨ᠎ᠡ》 ᠲᠠᠷᠢᠶᠠᠯᠠᠩ᠎ᠤᠨ ᠪᠦᠲᠦᠭᠡᠭᠳᠡᠬᠦᠨ᠎ᠶ᠋ᠢᠡᠷ ᠦᠨᠡᠯᠡᠭᠳᠡᠵᠤ᠂ 2025 ᠣᠨ ᠳ᠋ᠤ ᠪᠦᠬᠦ᠌ ᠤᠯᠤᠰ᠎ᠤᠨ ᠲᠠᠷᠢᠶᠠᠯᠠᠩ᠎ᠤᠨ ᠲᠦᠷᠦᠯ ᠲᠡᠮᠳᠡᠭ᠎ᠤᠨ ᠰᠣᠳᠣᠨ ᠪᠦᠲᠦᠭᠡᠯ ᠢ᠋ ᠪᠣᠶ᠋ᠢᠵᠢᠭᠤᠯᠬᠤ ᠲᠥᠯᠥᠪᠯᠡᠭᠡ᠎ᠶᠢᠨ ᠨᠡᠷᠡᠰ ᠲᠦ᠍ ᠵᠢᠭᠰᠠᠭᠠᠭᠳᠠᠭᠰᠠᠨ ᠪᠥᠭᠡᠳ ᠳᠤᠮᠳᠠᠳᠤ ᠤᠯᠤᠰ᠎ᠤᠨ ᠴᠢᠬᠤᠯᠠ ᠲᠠᠷᠢᠶᠠᠯᠠᠩ᠎ᠤᠨ ᠰᠣᠶᠣᠯ ᠎ᠤᠨ ᠥᠪ ᠎ᠤᠨ ᠵᠢᠱ᠌ᠢᠭᠳᠡᠭᠰᠡᠳ᠎ᠤᠨ ᠨᠡᠷᠡᠰ ᠲᠦ᠍ ᠰᠣᠩᠭᠣᠭᠳᠠᠵᠠᠢ᠃

ᠣᠯᠠᠨ ᠲᠠᠯ᠎ᠠ᠎ᠶᠢᠨ ᠡᠷᠬᠡ ᠰᠦᠷᠲᠦ᠍ ᠭᠡᠷᠡᠴᠢᠯᠡᠭᠡ ᠨᠢ ᠬᠦᠷᠢᠶ᠎ᠡ ᠰᠠᠭᠠᠭ᠎ᠤᠨ ᠦᠨᠦᠷ ᠠᠮᠲᠠ ᠪᠠ ᠶᠠᠰᠦ ᠴᠢᠨᠠᠷ᠎ᠢ ᠲᠠᠯ᠎ᠠ ᠲᠠᠯ᠎ᠠ ᠡᠴᠡ ᠨᠢ ᠨᠤᠲᠠᠯᠠᠵᠦ᠂ ᠬᠦᠷᠢᠶ᠎ᠡ ᠰᠠᠭᠠᠭ ᠨᠢ ᠨᠢᠬᠡᠨᠳᠡ ᠬᠦᠷᠢᠶ᠎ᠡ ᠨᠤᠲᠤᠭ ᠡᠴᠡ ᠪᠠᠨ ᠪᠤᠰᠤᠳ ᠠᠢᠮᠠᠬ ᠬᠤᠲᠠ᠂ ᠮᠤᠵᠢ ᠤᠷᠤᠨ᠂ ᠴᠢᠨᠠᠬᠰᠢᠯᠠᠪᠠᠯ ᠲᠡᠯᠡᠭᠡᠢ᠎ᠶᠢᠨ ᠪᠤᠰᠤᠳ ᠭᠠᠵᠠᠷ ᠤᠷᠤᠨ ᠵᠦᠭ ᠪᠤᠷᠤᠯᠠᠭᠤᠯᠤᠬᠲᠠᠵᠦ᠂ ᠡᠷᠡᠬᠦᠯ ᠮᠡᠨᠲᠦ ᠢᠳᠡᠭᠡᠨ᠎ᠤ ᠠᠵᠦ ᠦᠢᠯᠡᠰ ᠪᠤᠯᠤᠨ ᠲᠡᠰ ᠲᠡᠪᠰᠢᠵᠦ᠂ ᠲᠠᠶᠠᠩ᠎ᠳᠤ ᠠᠯᠲᠠᠷᠰᠢᠵᠦ᠂ ᠲᠡᠯᠡᠭᠡᠢ᠎ᠶᠢᠨ ᠵᠠᠬ᠎ᠠ ᠲᠡᠯᠭᠡᠬᠦᠷ ᠲᠦ᠍ ᠦᠪᠡᠷ᠎ᠤᠨ ᠭᠡᠰᠡᠨ ᠤᠷᠤᠨ ᠪᠠᠢᠷᠢ ᠲᠠᠢ ᠪᠤᠯᠤᠬᠰᠠᠨ ᠪᠢᠯᠡ᠃



ᠬᠦᠷᠢᠶ᠎ᠡ ᠨᠤᠲᠤᠭ ᠡᠴᠡ ᠬᠠᠷᠢ ᠬᠦᠷᠦᠨ᠎ᠳᠤ

ᠣᠶ᠋ᠢᠷ᠎ᠠ᠎ᠶᠢᠨ ᠵᠢᠯ ᠡᠴᠡ ᠨᠠᠭᠠᠰᠢ᠂ ᠬᠦᠷᠢᠶ᠎ᠡ ᠬᠣᠰᠢᠭᠤ ᠡᠬᠢ ᠪᠠᠶᠠᠯᠢᠭ᠎ᠤᠨ ᠳᠠᠪᠠᠭᠤᠯᠢᠭ ᠲᠠᠭᠠᠨ ᠰᠠᠭᠤᠷᠢᠯᠠᠵᠤ᠂ ᠠᠵᠤ ᠦᠢᠯᠡᠰ᠎ᠤᠨ ᠬᠦᠭᠵᠢᠯᠲᠡ ᠪᠡᠷ ᠤᠳᠤᠷᠢᠳᠤᠮᠵᠢ ᠪᠣᠯᠭᠠᠵᠤ᠂ ᠰᠢᠨᠵᠢᠯᠡᠬᠦ᠌ ᠤᠬᠠᠭᠠᠨ ᠲᠧᠭᠨᠢᠭ ᠮᠡᠷᠭᠡᠵᠢᠯ᠎ᠤᠨ ᠰᠢᠨ᠎ᠡ ᠶ᠋ᠢ ᠡᠭᠦᠳᠬᠦ᠌ ᠪᠡᠷ  ᠬᠦᠳᠡᠯᠭᠡᠬᠦ ᠬᠦᠴᠤᠨ ᠪᠣᠯᠭᠠᠵᠤ᠂ ᠰᠠᠭᠠᠭ᠎ᠤᠨ ᠠᠵᠤ ᠦᠢᠯᠡᠰ᠎ᠤᠨ ᠲᠠᠩ ᠴᠤᠯᠭᠤᠶ ᠲᠠᠷᠢᠮᠠᠯ ᠡᠴᠠ ᠪᠥᠬᠥ᠌ ᠬᠡᠯᠬᠢᠶ᠎ᠡ ᠳᠠᠢᠰᠢ ᠠᠭᠤᠰᠤᠯᠴᠠᠨ ᠬᠥᠭᠵᠢᠬᠦ᠌ ᠶ᠋ᠢ  ᠠᠬᠢᠭᠤᠯᠵᠤ ᠪᠠᠶ᠋ᠢᠨ᠎ᠠ᠃ ᠪᠦᠬᠦ᠌ ᠬᠣᠰᠢᠭᠤᠨ ᠤ᠋ ᠵᠢᠯ ᠳ᠋ᠦ᠍ ᠲᠦᠮᠡᠨ ᠲᠣᠨ ᠡᠴᠠ ᠳᠡᠭᠡᠭᠰᠢ ᠰᠠᠭᠠᠭ᠎ᠤᠨ ᠭᠤᠯᠢᠷ ᠪᠣᠯᠪᠠᠰᠤᠷᠠᠭᠤᠯᠬᠤ ᠵᠠᠬ᠎ᠠ ᠳᠡᠯᠭᠡᠭᠦᠷ᠎ᠤᠨ ᠭᠣᠣᠯ ᠴᠣᠭᠴᠠ ᠨᠢᠭᠡᠨᠳᠡ 10 ᠭᠠᠷᠤᠢ ᠪᠤᠯᠵᠦ᠂ ᠲᠤᠰᠬᠠᠢ ᠬᠣᠷᠰᠢᠶᠠᠵᠢᠯ ᠵᠢᠴᠢ ᠭᠡᠷ ᠪᠦᠯᠢ᠎ᠶᠢᠨ ᠪᠣᠯᠪᠠᠰᠤᠷᠠᠭᠤᠯᠬᠤ ᠦᠢᠯᠡᠳᠪᠦᠷᠢ 80 ᠭᠠᠷᠤᠢ ᠪᠣᠯᠪᠠ᠃ ᠲᠠᠷᠢᠵᠤ ᠤᠷᠭᠤᠭᠤᠯᠬᠤ ᠲᠠᠯ᠎ᠠ ᠪᠡᠷ 《ᠠᠵᠤ ᠠᠬᠤᠶ᠋ᠢᠯᠠᠯ + ᠲᠤᠰᠬᠠᠢ ᠬᠤᠷᠰᠢᠶᠠᠵᠢᠯ+ ᠲᠠᠷᠢᠶᠠᠴᠢᠨ ᠡᠷᠦᠬᠡ》 ᠶ᠋ᠢᠨ ᠵᠠᠬᠢᠶᠠᠯᠠᠭ᠎ᠠ᠎ᠶᠢᠨ ᠲᠠᠷᠢᠶᠠᠯᠠᠩ᠎ᠤᠨ ᠵᠠᠭᠪᠤᠷ ᠢ᠋ ᠬᠡᠷᠡᠭᠵᠢᠭᠦᠯᠵᠦ᠍᠂ ᠪᠣᠬᠢᠷᠲᠤᠯ ᠥᠬᠡᠶ ᠪᠠᠷᠢᠮᠵᠢᠶ᠎ᠠ ᠶ᠋ᠢ ᠨᠢᠭᠡᠳᠬᠡᠭᠰᠡᠨ ᠪᠥᠭᠡᠳ ᠵᠠᠬ᠎ᠠ ᠳᠡᠯᠭᠡᠭᠦᠷ᠎ᠤᠨ ᠦᠨ᠎ᠡ ᠡᠴᠡ ᠥᠨᠳᠥᠷ ᠦᠨ᠎ᠡ ᠪᠡᠷ ᠬᠣᠷᠢᠶᠠᠨ ᠠᠪᠴᠤ᠌᠂ ᠲᠠᠷᠢᠶᠠᠴᠢᠨ ᠡᠷᠦᠬᠡ᠎ᠶᠢᠨ ᠰᠠᠭᠠᠭ ᠲᠠᠷᠢᠬᠤ ᠢᠳᠡᠪᠬᠢᠵᠢᠯ ᠢ᠋ ᠳᠠᠶ᠋ᠢᠴᠢᠯᠠᠵᠦ᠂ ᠲᠠᠷᠢᠶᠠᠴᠢᠳ᠎ᠤᠨ ᠣᠷᠣᠯᠭ᠎ᠠ ᠶ᠋ᠢ ᠲᠣᠭᠲᠠᠭᠤᠨ᠎ᠶ᠋ᠢᠡᠷ ᠨᠡᠮᠡᠭᠳᠡᠭᠦᠯᠬᠦ᠌ ᠶ᠋ᠢ ᠪᠠᠳᠤᠯᠠᠵᠤ ᠪᠠᠶ᠋ᠢᠨ᠎ᠠ᠃  ᠪᠤᠯᠪᠠᠰᠤᠷᠠᠭᠤᠯᠵᠤ ᠡᠳ᠋ᠰᠢᠬᠦᠯᠬᠦ᠌ ᠲᠠᠯ᠎ᠠ ᠪᠡᠷ᠂ ᠲᠤᠰᠬᠠᠶ ᠲᠥᠬᠥᠭᠡᠷᠦᠮᠵᠢ᠎ᠶᠢ ᠤᠷᠤᠭᠤᠯᠤᠨ ᠠᠪᠴᠢᠷᠠᠵᠦ᠂ ᠰᠠᠭᠠᠭ᠎ᠤᠨ ᠬᠠᠯᠢᠰᠤ ᠰᠠᠯᠭᠠᠬᠤ ᠨᠣᠷᠮ᠎ᠠ ᠶ᠋ᠢ 90% ᠪᠣᠯᠲᠠᠯ᠎ᠠ ᠳᠡᠭᠡᠭᠰᠢᠯᠡᠭᠦᠯᠵᠦ᠍᠂ ᠬᠠᠮᠤᠭ᠎ᠤᠨ ᠶᠡᠬᠡ ᠬᠡᠮᠵᠢᠶ᠎ᠡ ᠪᠡᠷ ᠰᠢᠮ᠎ᠡ ᠲᠡᠵᠢᠭᠡᠯ ᠢ᠋ ᠨᠢ ᠪᠠᠲᠤᠯᠠᠵᠦ ᠪᠠᠶ᠋ᠢᠨ᠎ᠠ᠃ ᠦᠢᠯᠡᠳᠬᠦᠨ᠎ᠤ ᠲᠠᠯ᠎ᠠ ᠪᠡᠷ᠂ ᠦᠢᠯᠡᠳᠪᠦᠷᠢᠯᠡᠬᠦ᠌ ᠰᠤᠳᠤᠯᠬᠤ ᠶ᠋ᠢ ᠬᠠᠮᠲᠤᠳᠬᠠᠨ᠂ ᠡᠷᠡᠭᠦᠯ ᠮᠡᠨᠳᠦ᠎ᠶᠢᠨ ᠬᠡᠷᠡᠭᠯᠡᠭᠡ᠎ᠶᠢᠨ ᠰᠢᠨ᠎ᠡ ᠬᠡᠷᠡᠭᠴᠡᠭᠡ ᠱᠠᠭᠠᠷᠳᠠᠯᠭ᠎ᠠ ᠳ᠋ᠤ ᠠᠩᠬᠠᠷᠤᠯ᠎ᠶ᠋ᠢᠡᠨ ᠲᠥᠪᠯᠡᠷᠡᠭᠦᠯᠵᠦ᠍᠂ ᠠᠵᠤ ᠦᠢᠯᠡᠰ᠎ᠤᠨ ᠬᠡᠯᠬᠢᠶ᠎ᠡ ᠶ᠋ᠢ ᠲᠠᠰᠤᠷᠠᠯᠲᠠ ᠥᠬᠡᠶ ᠤᠷᠲᠤᠳᠬᠠᠵᠤ᠂ ᠥᠷᠲᠡᠭ ᠎ᠤᠨ ᠬᠡᠮᠵᠢᠶ᠎ᠡ ᠶ᠋ᠢ ᠲᠡᠭᠡᠭᠰᠢᠯᠡᠬᠦᠯᠵᠤ ᠪᠠᠶ᠋ᠢᠨ᠎ᠠ᠃ ᠨᠢᠭᠡ ᠪᠦᠯᠦᠭ ᠲᠤᠯᠤᠭᠠᠶ᠋ᠢᠯᠠᠬᠴᠢ ᠠᠵᠤ ᠠᠬᠤᠶ᠋ᠢᠯᠡᠯ ᠨᠢ ᠰᠠᠭᠠᠭ᠎ᠶ᠋ᠢᠡᠷ ᠤᠤᠯ ᠮᠠᠲ᠋ᠧᠷᠢᠶᠡᠯ ᠪᠤᠯᠭᠠᠵᠤ᠂ ᠤᠯᠠᠨ ᠲᠦᠷᠤᠯ᠎ᠤᠨ ᠪᠦᠳᠤᠭᠡᠭᠳᠡᠬᠦᠨ ᠦᠢᠯᠡᠳᠪᠤᠷᠢᠯᠡᠵᠤ᠂ ᠠᠮᠢᠳᠤᠯᠢᠭ᠎ᠶ᠋ᠢᠡᠷ ᠠᠵᠢᠯ ᠣᠯᠬᠤ ᠶ᠋ᠢ ᠬᠠᠪᠰᠤᠷᠬᠤ ᠦᠢᠯᠡᠳᠪᠦᠷᠢ᠎ᠶᠢᠨ ᠲᠠᠰᠤᠭ ᠪᠠᠶ᠋ᠢᠭᠤᠯᠵᠤ᠂ ᠡᠳ᠋ᠰᠢᠭᠦᠯᠵᠦ ᠪᠤᠯᠪᠠᠰᠤᠷᠠᠭᠤᠯᠬᠤ ᠮᠠᠰᠢᠨ ᠲᠥᠬᠥᠭᠡᠷᠦᠮᠵᠢ ᠶ᠋ᠢ ᠭᠠᠳᠠᠭᠰᠢ ᠭᠠᠷᠬᠤ ᠳ᠋ᠤ ᠳᠥᠭᠥᠮ ᠦᠭᠡᠢ ᠡᠮᠡᠭᠲᠡᠶ᠋ᠢᠴᠦᠳ᠎ᠤᠨ ᠬᠡᠷ ᠲᠦ᠍ ᠬᠦᠷᠭᠡᠵᠦ᠍᠂ 125 ᠠᠵᠢᠯ᠎ᠤᠨ ᠪᠠᠶ᠋ᠢᠷᠢ ᠬᠠᠩᠭᠠᠵᠤ᠂ 300 ᠭᠠᠷᠤᠶ ᠡᠮᠡᠭᠲᠡᠶ᠋ᠢᠴᠦᠳ ᠢ᠋ ᠳᠠᠶ᠋ᠢᠴᠢᠯᠠᠨ ᠠᠵᠢᠯ ᠣᠯᠭᠣᠵᠤ᠂ ᠬᠥᠮᠦᠨ ᠳᠤᠮᠳᠠᠴᠢ᠎ᠶᠢᠨ ᠵᠢᠯ᠎ᠤᠨ ᠣᠷᠣᠯᠭ᠎ᠠ ᠶ᠋ᠢ ᠪᠠᠷᠤᠭ 4 ᠲᠦᠮᠡᠨ ᠲᠥᠭᠥᠷᠢᠭ ᠨᠡᠮᠡᠭᠳᠡᠬᠦᠯᠵᠤ ᠪᠠᠶ᠋ᠢᠨ᠎ᠠ᠃

ᠡᠵᠡᠩᠨᠡᠯᠲᠡ᠎ᠶᠢᠨ ᠠᠵᠤ ᠠᠬᠤᠶ᠋ᠢᠯᠡᠯ ᠨᠢ ᠰᠢᠨ᠎ᠡ ᠵᠠᠭᠪᠤᠷ ᠢ᠋ ᠰᠦᠪᠡᠭᠴᠢᠯᠡᠨ᠂ ᠰᠠᠭᠠᠭ᠎ᠤᠨ ᠴᠡᠴᠡᠭ ᠢ᠋ ᠰᠢᠷ᠎ᠠ ᠺᠧᠲ᠋ᠣᠨ᠂ ᠰᠧᠯᠧᠨ ᠪᠠ ᠤᠭᠤᠷᠠᠭ ᠡᠯᠪᠡᠭ ᠠᠭᠤᠯᠬᠤ ᠰᠠᠭᠠᠭ᠎ᠤᠨ ᠴᠡᠴᠡᠭᠲᠦ᠍ ᠴᠠᠶ ᠪᠣᠯᠭᠠᠨ ᠪᠤᠯᠪᠠᠰᠤᠷᠠᠭᠤᠯᠬᠤ᠎ᠶᠢᠨ ᠲᠠᠭᠠᠤ ᠪᠠᠰᠠ ᠡᠮ ᠪᠠ ᠢᠳᠡᠭᠡᠨ᠎ᠶ᠋ᠢᠡᠷ ᠪᠦᠷ ᠭᠡᠷᠡᠭᠯᠡᠵᠦ ᠪᠤᠯᠬᠤ ᠤᠨᠴᠠᠯᠢᠭ᠎ᠢ ᠨᠢ ᠠᠰᠢᠭᠯᠠᠨ᠂ ᠰᠠᠭᠠᠭ᠎ᠶ᠋ᠢᠡᠷ ᠤᠤᠯ ᠮᠠᠲ᠋ᠧᠷᠢᠶᠡᠯ ᠪᠤᠯᠭᠠᠨ ᠲᠤᠬᠠᠶ᠎ᠶᠢᠨ ᠭᠠᠵᠠᠷ᠎ᠤᠨ ᠣᠨᠴᠠᠯᠢᠭᠲᠤ᠌ ᠲᠦᠭᠦᠬᠡᠶ ᠮᠠᠲ᠋ᠧᠷᠢᠶᠠᠯ ᠲᠠᠢ ᠤᠶᠠᠯᠳᠤᠭᠤᠯᠤᠨ ᠪᠡᠶ᠎ᠡ ᠰᠤᠪᠢᠯᠠᠬᠤ ᠰᠢᠷᠢᠰ ᠪᠦᠲᠦᠭᠡᠭᠳᠡᠬᠦᠨ ᠰᠤᠳᠤᠯᠤᠨ ᠨᠡᠭᠡᠭᠡᠵᠤ ᠪᠠᠶ᠋ᠢᠨ᠎ᠠ᠃ ᠡᠳᠦᠭᠡ᠂ ᠭᠠᠰᠢᠭᠤᠨ ᠰᠠᠭᠠᠭ᠎ᠤᠨ ᠴᠠᠢ᠂ ᠰᠠᠭᠠᠭ᠎ᠤᠨ ᠼᠤᠤ᠂ ᠰᠠᠭᠠᠭ᠎ᠤᠨ ᠠᠷᠢᠬᠢ᠂ ᠰᠠᠭᠠᠭ᠎ᠤᠨ ᠭᠤᠸᠠᠮᠢᠶᠠᠨ᠂ ᠰᠠᠭᠠᠭ᠎ᠤᠨ ᠳᠥᠭᠥᠮ ᠭᠤᠯᠢᠷ᠂ ᠰᠠᠭᠠᠭ᠎ᠤᠨ ᠪᠠᠯ᠂ ᠰᠠᠭᠠᠭ᠎ᠤᠨ ᠬᠠᠯᠢᠰᠤᠨ ᠳᠡᠷ᠎ᠡ ᠲᠠᠪᠢᠰᠬᠡᠷ ᠵᠡᠷᠭᠡ ᠢᠳᠡᠭᠡᠨ᠂ ᠣᠨᠴᠠᠯᠢᠭᠲᠤ᠌ ᠬᠥᠩᠭᠡᠨ ᠵᠠᠭᠤᠰᠢ᠂ ᠡᠩ᠎ᠤᠨ ᠬᠡᠷᠡᠭᠯᠡᠬᠡᠨ᠎ᠤ ᠪᠦᠲᠦᠭᠡᠭᠳᠡᠬᠦᠨ ᠵᠡᠷᠭᠡ ᠭᠤᠷᠪᠠᠨ ᠶᠡᠬᠡ ᠲᠥᠷᠥᠯ᠎ᠤᠨ 19  ᠵᠢᠵᠢᠭ ᠲᠥᠷᠥᠯ᠎ᠤᠨ ᠪᠦᠲᠦᠭᠡᠭᠳᠡᠬᠦᠨ ᠦᠢᠯᠡᠳᠪᠤᠷᠢᠯᠡᠵᠤ ᠪᠠᠶ᠋ᠢᠨ᠎ᠠ᠃

ᠬᠦᠷᠢᠶ᠎ᠡ ᠬᠣᠰᠢᠭᠤ ᠨᠢ 《ᠬᠦᠷᠢᠶ᠎ᠡ ᠰᠠᠭᠠᠭ》 ᠤ᠋ᠨ ᠣᠷᠣᠨ ᠪᠦᠰᠡ᠎ᠶᠢᠨ ᠨᠡᠶ᠋ᠢᠲᠡ᠎ᠶᠢᠨ ᠬᠡᠷᠡᠭᠯᠡᠭᠡᠨ᠎ᠤ ᠨᠠᠷᠠᠲᠤ᠌ ᠲᠥᠷᠥᠯ ᠲᠡᠮᠳᠡᠭ᠎ᠤᠨ ᠡᠷᠬᠡ ᠣᠯᠭᠣᠵᠤ ᠬᠡᠷᠡᠭᠯᠡᠬᠦ᠌ ᠬᠢᠭᠡᠳ ᠪᠤᠭᠤᠲᠠᠯ ᠲᠡᠮᠳᠡᠭ᠎ᠢ᠋ ᠵᠢᠷᠤᠮᠵᠢᠭᠤᠯᠤᠨ ᠨᠢᠬᠡᠳᠭᠡᠵᠦ᠂ ᠡᠯ᠎ᠡ ᠲᠥᠷᠥᠯ᠎ᠤᠨ ᠡᠵᠡᠩᠨᠡᠯᠲᠡ᠎ᠶᠢᠨ ᠭᠣᠤᠯ ᠴᠣᠭᠴᠠ ᠶ᠋ᠢ ᠬᠥᠲᠥᠯᠥᠨ ᠵᠢᠯᠣᠭᠣᠳᠴᠤ᠌᠂ ᠵᠠᠬ᠎ᠠ ᠳᠡᠯᠭᠡᠭᠦᠷ᠎ᠶ᠋ᠢᠡᠨ ᠥᠷᠭᠡᠳᠬᠡᠵᠦ᠍᠂ ᠰᠦᠯᠵᠢᠶᠡᠨ ᠳᠡᠭᠡᠷᠡᠬᠢ ᠪᠠ ᠰᠦᠯᠵᠢᠶᠡᠨ ᠡᠴᠡ ᠭᠠᠳᠠᠨᠠᠬᠢ ᠡᠵᠡᠩᠨᠡᠨ ᠪᠣᠷᠣᠯᠠᠭᠤᠯᠤᠯᠲᠠ ᠪᠠ ᠡᠯᠧᠺᠲᠷᠣᠨ ᠬᠤᠳᠠᠯᠳᠤᠭ᠎ᠠ ᠵᠡᠷᠬᠡ ᠶ᠋ᠢ ᠠᠰᠢᠭᠯᠠᠨ᠂ ᠦᠢᠯᠡᠳᠬᠦᠨ᠎ᠶ᠋ᠢᠡᠨ ᠡᠮᠦᠨᠡᠲᠦ᠍ ᠣᠷᠣᠨ᠎ᠤ ᠡᠯ᠎ᠡ ᠲᠣᠮᠣ ᠬᠣᠲᠠ ᠪᠡᠷ ᠪᠣᠷᠣᠯᠠᠭᠤᠯᠬᠤ᠎ᠶᠢᠨ ᠬᠠᠮᠲᠤ᠌ ᠠᠽᠢᠶ᠎ᠠ ᠲᠢᠪ᠎ᠤᠨ ᠣᠯᠠᠨ ᠤᠯᠤᠰ ᠲᠤ᠌ ᠭᠠᠷᠭᠠᠵᠤ᠂ ᠵᠠᠬ᠎ᠠ ᠳᠡᠯᠭᠡᠭᠦᠷ᠎ᠤᠨ ᠡᠵᠡᠯᠡᠬᠦ᠌ ᠨᠣᠷᠮ᠎ᠠ ᠶ᠋ᠢ ᠲᠣᠭᠲᠠᠭᠤᠨ᠎ᠶ᠋ᠢᠡᠷ ᠳᠡᠭᠡᠭᠰᠢᠯᠡᠭᠦᠯᠦᠨ᠂ ᠡᠯᠧᠺᠲᠷᠣᠨ ᠬᠤᠳᠠᠯᠳᠤᠭᠠᠨ᠎ᠤ ᠵᠢᠯ᠎ᠤᠨ ᠪᠣᠷᠣᠯᠠᠭᠤᠯᠭ᠎ᠠ ᠶ᠋ᠢ ᠦᠷᠭᠦᠯᠵᠢᠯᠡᠨ ᠨᠡᠮᠡᠭᠳᠡᠬᠦᠯᠵᠦ᠂ ᠬᠦᠷᠢᠶ᠎ᠡ ᠰᠠᠭᠠᠭ᠎ᠶ᠋ᠢᠡᠨ ᠤᠯᠤᠰ᠎ᠤᠨ ᠳᠣᠲᠣᠭᠠᠳᠤ ᠭᠠᠳᠠᠭᠠᠳᠤ ᠳ᠋ᠤ ᠪᠣᠷᠣᠯᠠᠭᠤᠯᠬᠤ 《ᠬᠤᠪᠤᠷ ᠠᠮᠤ》 ᠪᠤᠯᠭᠠᠨ ᠬᠤᠪᠢᠷᠠᠭᠤᠯᠤᠬᠰᠠᠨ ᠪᠠᠶ᠋ᠢᠨ᠎ᠠ᠃



ᠡᠷᠡᠬᠦᠯ ᠢᠳᠡᠭᠡᠨ ᠡᠴᠡ ᠰᠠᠷᠠᠭᠤᠯ ᠢᠷᠡᠬᠡᠲᠦᠢ

ᠤᠲᠤ᠂ ᠮᠦᠬᠦᠯᠢᠭ ᠰᠠᠭᠠᠭ ᠨᠢ ᠲᠠᠷᠢᠶᠠᠴᠢᠳ᠎ᠤᠨ ᠤᠷᠤᠯᠭ᠎ᠠ᠎ᠶᠢ ᠨᠡᠮᠡᠭᠳᠡᠬᠦᠯᠬᠦ ᠠᠵᠦ ᠦᠢᠯᠡᠰ ᠪᠤᠯᠤᠬᠰᠠᠨ ᠲᠡᠲᠦᠢ ᠪᠢᠰᠢ᠂ ᠪᠠᠰᠠ ᠬᠦᠷᠢᠶ᠎ᠡ ᠨᠤᠲᠤᠭ᠎ᠤᠨ ᠤᠮᠲᠤᠭᠠᠢᠯᠠᠵᠦ ᠪᠤᠯᠤᠰᠢ ᠦᠬᠡᠢ ᠨᠢᠬᠡᠨ ᠦᠪᠡᠷᠮᠢᠴᠡ ᠰᠤᠶᠤᠯ ᠪᠤᠯᠤᠬᠰᠠᠨ ᠪᠠᠢᠨ᠎ᠠ᠃

ᠨᠠᠯᠠᠭᠠᠷ ᠨᠠᠮᠤᠷ᠎ᠤᠨ ᠨᠢ᠋ᠮᠠᠨ ᠰᠠᠷ᠎ᠠ ᠪᠤᠯ ᠶᠠᠭ ᠰᠠᠭᠠᠭ᠎ᠤᠨ ᠴᠡᠴᠡᠭ᠎ᠤᠨ ᠪᠠᠲᠠᠷᠠᠨ ᠲᠡᠯᠭᠡᠷᠡᠬᠦ᠌ ᠦᠶ᠎ᠡ ᠪᠠᠶ᠋ᠢᠵᠤ᠂ ᠬᠤᠯᠠ ᠡᠴᠡ ᠪᠠᠷᠠᠯᠠᠪᠠᠯ ᠬᠦᠷᠢᠶ᠎ᠡ ᠨᠤᠲᠤᠭ᠎ᠤᠨ ᠲᠠᠯ᠎ᠠ ᠵᠤ ᠶᠠᠭ ᠯᠡ ᠮᠦᠩᠬᠦᠨ ᠴᠠᠰᠦᠨ᠎ᠳᠤ ᠬᠤᠴᠢᠭᠳᠠᠭᠰᠠᠨ ᠮᠡᠲᠦ ᠬᠤᠯᠠ ᠡᠴᠡ ᠴᠠᠢᠷᠠᠨ᠂ ᠰᠠᠭᠠᠭ᠎ᠤᠨ ᠴᠡᠴᠡᠭ᠎ᠤᠨ ᠲᠤᠮᠲᠠᠭᠤᠷ ᠠᠵᠢᠯᠴᠢ ᠵᠦᠬᠡᠢ ᠰᠦᠯᠵᠢᠯᠲᠦᠨ᠂ ᠬᠦᠷᠢᠶ᠎ᠡ  ᠨᠤᠳᠤᠭ᠎ᠤᠨ ᠨᠢᠬᠡᠨ ᠦᠪᠡᠷᠮᠢᠴᠡ ᠦᠵᠡᠮᠵᠢ ᠪᠤᠯᠤᠬᠰᠠᠨ ᠪᠠᠢᠲᠠᠭ᠃ ᠬᠦᠷᠢᠶ᠎ᠡ ᠬᠣᠰᠢᠭᠤ ᠨᠢ ᠡᠨᠡ ᠬᠦ᠌ ᠤᠨᠴᠠᠯᠢᠠᠠᠲᠦ᠍ ᠦᠵᠡᠮᠵᠢ᠎ᠳᠡᠭᠡᠨ ᠲᠦᠰᠢᠭᠯᠡᠨ᠂ ᠵᠢᠯ ᠳᠠᠷᠠᠭᠠᠯᠠᠨ ᠰᠠᠭᠠᠭ᠎ᠤᠨ ᠠᠮᠲᠠᠲᠤ᠌ ᠢᠳᠡᠭᠡᠨ ᠤ᠋ ᠰᠣᠶᠣᠯ᠎ᠤᠨ ᠭᠠᠷᠠᠭ᠎ᠤᠨ ᠠᠵᠢᠯᠯᠠᠭ᠎ᠠ᠎ᠶᠢ ᠡᠷᠬᠢᠯᠡᠵᠦ᠂ ᠴᠡᠴᠡᠭ ᠰᠣᠨᠢᠷᠬᠠᠬᠤ᠂ ᠠᠮᠲᠠᠲᠦ ᠢᠳᠡᠭᠡᠨ ᠠᠮᠲᠠᠯᠠᠬᠤ᠂ ᠰᠠᠭᠠᠭ ᠬᠠᠳᠤᠵᠤ ᠬᠤᠷᠢᠶᠠᠬᠤ ᠡᠴᠠ ᠭᠤᠯᠢᠷ ᠲᠠᠯᠬᠠᠳᠠᠬᠤ ᠤᠯᠠᠮᠵᠢᠯᠠᠯᠲᠤ᠌ ᠤᠷ᠎ᠠ ᠮᠡᠷᠭᠡᠵᠢᠯ ᠢ᠋ ᠪᠡᠶᠡᠳᠡᠨ ᠤᠢ᠌ᠯᠠᠭᠠᠬᠤ ᠵᠡᠷᠭᠡ ᠡᠯᠪᠡᠭ ᠪᠠᠶᠠᠯᠢᠭ ᠲᠦᠷᠦᠯ ᠵᠦᠢᠯ ᠲᠤᠬᠢᠷᠠᠭᠤᠯᠵᠦ᠂ ᠵᠢᠭᠤᠯᠴᠢᠯᠠᠬᠰᠠᠳ᠎ᠤᠨ ᠠᠩᠬᠠᠷᠤᠯ᠎ᠢ ᠲᠠᠲᠠᠵᠦ ᠪᠠᠢᠨ᠎ᠠ᠃

ᠡᠷᠡᠭᠦᠯ ᠢᠳᠡᠭᠡᠨ ᠤᠯᠠᠮ᠎ᠶ᠋ᠢᠡᠷ ᠬᠦᠮᠦᠰ ᠲᠦ᠍ ᠲᠠᠭᠠᠰᠢᠶᠠᠬᠲᠠᠬᠤ᠎ᠶᠢ ᠲᠠᠭᠠᠯᠲᠤᠨ᠂ ᠰᠠᠭᠠᠭ ᠨᠢ ᠰᠢᠬᠢᠷ ᠪᠠᠭ᠎ᠠ᠂ ᠥᠭᠡᠬᠦ᠌ ᠴᠦᠭᠡᠨ᠂ ᠰᠢᠷᠬᠡᠭᠯᠢᠭ ᠡᠳ᠋ ᠡᠯᠪᠡᠭ ᠠᠭᠤᠯᠤᠭᠲᠠᠬᠤ ᠤᠨᠴᠠᠯᠢᠭ᠎ᠶ᠋ᠢᠡᠷ᠎ᠶ᠋ᠢᠡᠨ ᠡᠷᠡᠭᠦᠯ ᠠᠮᠢᠳᠤᠷᠠᠯ ᠢ᠋ ᠬᠥᠭᠡᠭᠡᠴᠡᠯᠳᠦᠳᠡᠭ ᠤᠲᠤ᠎ᠶᠢᠨ ᠬᠥᠮᠦᠰ᠎ᠤᠨ ᠰᠤᠨᠭᠭᠤᠨ ᠠᠪᠬᠤ ᠲᠤᠷᠠᠲᠠᠢ ᠴᠢᠬᠤᠯᠠ ᠪᠦᠲᠦᠭᠡᠭᠳᠡᠬᠦᠨ ᠪᠤᠯᠵᠦ ᠪᠤᠢ᠃ ᠬᠠᠮᠢᠶ᠎ᠠ ᠪᠦᠬᠦᠢ ᠰᠤᠲᠤᠯᠭᠠᠨ᠎ᠢ ᠦᠨᠳᠦᠰᠦᠯᠡᠪᠡᠯ᠂ ᠬᠦᠷᠢᠶ᠎ᠡ ᠰᠠᠭᠠᠭ᠎ᠤᠨ ᠰᠢᠷ᠎ᠠ ᠺᠧᠲ᠋ᠣᠨ ᠤ᠋ ᠠᠭᠤᠯᠤᠭᠳᠠᠴᠠ ᠡᠯᠪᠡᠭ ᠪᠠᠶ᠋ᠢᠵᠤ᠂ ᠦᠷᠭᠦᠯᠵᠢ ᠢᠳᠡᠪᠡᠯ ᠴᠢᠰᠤᠨ ᠰᠢᠬᠢᠷ ᠢ᠋ ᠲᠣᠭᠲᠠᠪᠤᠷᠢᠵᠢᠭᠤᠯᠵᠤ᠂ ᠴᠢᠰᠤᠨ ᠥᠭᠡᠬᠦ᠌ ᠶ᠋ᠢ ᠲᠣᠬᠢᠷᠠᠭᠤᠯᠲᠠᠭ᠃ ᠡᠢᠨ ᠬᠦ᠌᠂ ᠬᠦᠷᠢᠶ᠎ᠡ ᠬᠣᠰᠢᠭᠤ ᠨᠢ ᠰᠠᠭᠠᠭ᠎ᠤᠨ ᠰᠣᠶᠣᠯ᠎ᠤᠨ ᠪᠠᠶᠠᠯᠢᠭ ᠠᠭᠤᠷᠬᠠᠶ ᠪᠠᠨ ᠦᠷᠭᠦᠯᠵᠢᠯᠡᠨ ᠭᠦᠨ ᠠᠭᠤᠳᠠᠯᠵᠤ᠂ ᠰᠠᠭᠠᠭ᠎ᠤᠨ ᠰᠣᠶᠣᠯ᠎ᠤᠨ ᠨᠠᠶ᠋ᠢᠷ᠂ ᠨᠣᠬᠠᠶ᠎ᠶᠢᠨ ᠬᠣᠰᠢᠭᠤ ᠎ᠶᠢᠨ ᠡᠷᠳᠡᠮ ᠰᠢᠨᠵᠢᠯᠡᠭᠡᠨ᠎ᠤ ᠰᠤᠳᠤᠯᠤᠨ ᠶᠠᠷᠢᠯᠴᠠᠬᠤ ᠬᠤᠷᠠᠯ᠎ᠢ ᠪᠠᠶ᠋ᠢᠩᠭᠤ ᠥᠷᠨᠢᠭᠦᠯᠵᠦ᠍᠂ ᠰᠠᠭᠠᠭ᠎ᠤᠨ ᠭᠣᠤᠯ ᠰᠡᠳᠦᠪᠲᠦ᠍ ᠤᠷᠠᠨ ᠪᠢᠴᠢᠯᠭᠡ ᠬᠡᠷᠡᠯ ᠵᠢᠷᠤᠭ᠎ᠤᠨ ᠦᠵᠡᠰᠬᠦᠯᠡᠩ᠂ ᠠᠷᠠᠳ᠎ᠤᠨ ᠵᠠᠩ ᠦᠢᠯᠡ᠎ᠶᠢᠨ ᠥᠯᠢᠭᠡᠷ ᠶᠠᠷᠢᠬᠤ ᠵᠡᠷᠭᠡ ᠰᠣᠶᠣᠯ᠎ᠤᠨ ᠰᠢᠷᠢᠰ ᠠᠵᠢᠯᠯᠠᠭ᠎ᠠ ᠶ᠋ᠢ ᠤᠬᠠᠭᠠᠯᠠᠨ ᠲᠥᠰᠦᠪᠯᠡᠵᠦ᠍᠂  ᠵᠠᠭᠤ ᠮᠢᠩᠭᠠᠨ ᠵᠢᠯ᠎ᠤᠨ ᠲᠤᠷᠰᠢᠬᠢ ᠰᠠᠭᠠᠭ᠎ᠲᠠᠷᠢᠬᠤ ᠵᠠᠩ ᠵᠠᠩᠰᠢᠯ᠂ ᠢᠳᠡᠭᠡᠨ ᠤᠮᠳᠠᠭᠠᠨ ᠤ᠋ ᠤᠯᠠᠮᠵᠢᠯᠠᠯ ᠢ᠋ ᠠᠮᠢᠳᠤᠯᠢᠭ᠎ᠶ᠋ᠢᠡᠷ ᠳᠡᠯᠭᠡᠨ ᠦᠵᠡᠭᠦᠯᠵᠦ᠍᠂ ᠰᠠᠭᠠᠭ᠎ᠤᠨ ᠰᠣᠶᠣᠯ᠎ᠶ᠋ᠢᠡᠨ ᠤᠯᠠᠮᠵᠢᠯᠠᠨ ᠬᠦᠭᠵᠢᠬᠦᠯᠵᠦ ᠪᠠᠶ᠋ᠢᠨ᠎ᠠ᠃ ᠰᠠᠭᠠᠭ ᠬᠤᠷᠢᠶᠠᠬᠤ ᠤᠯᠠᠷᠢᠯ᠎ᠪᠤᠯᠬᠤ ᠪᠦᠷᠢ ᠬᠦᠷᠢᠶ᠎ᠡ ᠬᠤᠰᠢᠭᠤᠨ᠎ᠤ ᠡᠤᠯᠠᠭᠠᠨᠮᠥ᠋ᠴᠢᠷ᠎ᠤᠨ ᠬᠢᠨ ᠠᠨᠳᠠᠶ ᠪᠥᠵᠢᠭ᠎ᠶ᠋ᠢᠡᠨ ᠪᠦᠵᠢᠭᠯᠡᠵᠤ᠂ ᠡᠯᠪᠡᠭ ᠬᠤᠷᠢᠶᠠᠯᠲᠠ᠎ᠶᠢᠨ ᠪᠠᠶᠠᠷ ᠪᠠᠬᠠᠳᠤᠯ᠎ᠶ᠋ᠢᠡᠨ ᠪᠡᠯᠭᠡᠯᠡᠬᠦ᠎ᠶᠢᠨ ᠲᠠᠭᠠᠦ᠂ ᠬᠤᠯᠠ ᠡᠴᠡ ᠰᠠᠭᠠᠲᠠᠭᠰᠠᠨ ᠵᠢᠭᠤᠯᠴᠢᠯᠠᠬᠰᠠᠳ ᠲᠦ᠍ ᠬᠦᠷᠢᠶ᠎ᠡ ᠨᠤᠲᠤᠭ᠎ᠤᠨ ᠦᠩᠬᠡ ᠦᠵᠡᠮᠵᠢ ᠪᠠ ᠦᠪᠡᠷᠮᠢᠴᠡ ᠰᠤᠶᠤᠯ᠎ᠢ ᠭᠠᠢᠠᠬᠭᠤᠯᠲᠠᠭ᠃ ᠤᠲᠤ᠂ ᠬᠦᠷᠢᠶ᠎ᠡ ᠰᠠᠭᠠᠭ ᠨᠢ ᠬᠥᠳᠡᠭᠡ ᠲᠣᠰᠬᠣᠨ ᠤ᠋ ᠵᠢᠭᠤᠯᠴᠢᠯᠠᠯ ᠲᠠᠢ ᠭᠦᠨᠵᠡᠭᠡᠢ ᠠᠭᠤᠰᠤᠯᠴᠠᠵᠤ᠂ 《ᠵᠢᠭᠤᠯᠴᠢᠯᠠᠯ᠎ᠶ᠋ᠢᠡᠷ ᠬᠥᠳᠡᠭᠡ ᠠᠵᠤ ᠠᠬᠤᠢ ᠶ᠋ᠢ ᠠᠬᠢᠭᠤᠯᠵᠤ᠂ ᠰᠣᠶᠣᠯ᠎ᠶ᠋ᠢᠡᠷ ᠦᠢᠯᠡᠳᠪᠦᠷᠢᠯᠡᠯ᠎ᠶ᠋ᠢᠡᠨ ᠮᠠᠨᠳᠤᠭᠤᠯᠬᠤ》 ᠵᠢ ᠦᠨᠡᠨ ᠬᠦ᠌ ᠪᠡᠶᠡᠯᠡᠭᠦᠯᠦᠭᠰᠡᠨ ᠪᠠᠢᠨ᠎ᠠ᠃

ᠶᠠᠪᠤᠵᠦ ᠢᠷᠡᠭᠰᠡᠨ ᠵᠠᠮ ᠮᠦᠷ ᠲᠤᠲᠤᠬᠠᠨ᠂ ᠤᠷᠤᠭᠰᠢ ᠠᠬᠢᠬᠤ ᠬᠦᠭᠵᠢᠯᠳᠡ᠎ᠶᠢᠨ ᠬᠠᠷᠭᠤᠢ ᠰᠠᠷᠠᠭᠤᠯᠬᠠᠨ᠃ ᠬᠦᠷᠢᠶ᠎ᠡ ᠬᠣᠰᠢᠭᠤ ᠨᠢ ᠭᠠᠵᠠᠷ ᠵᠦᠢ ᠤᠷᠤᠨ ᠨᠤᠲᠤᠭ᠎ᠤᠨ ᠲᠠᠪᠠᠭᠤᠯᠢᠭ ᠲᠠᠭᠠᠨ ᠲᠦᠰᠢᠭᠯᠡᠨ᠂ 《ᠬᠦᠷᠢᠶ᠎ᠡ ᠰᠠᠭᠠᠭ》 ᠤ᠋ᠨ ᠨᠡᠷᠡᠲᠦ ᠲᠡᠮᠳᠡᠭ᠎ᠢ ᠪᠤᠢ ᠪᠤᠯᠭᠠᠨ᠂ ᠰᠠᠶ᠋ᠢᠨ ᠡᠭᠦᠯᠳᠡᠷ ᠢ᠋ ᠲᠠᠷᠢᠵᠦ᠂ ᠰᠢᠨ᠎ᠡ ᠮᠡᠷᠭᠡᠵᠢᠯ᠎ᠢ ᠤᠷᠤᠭᠤᠯᠤᠨ᠂ ᠰᠢᠨᠵᠢᠯᠡᠬᠦ᠌ ᠤᠬᠠᠭᠠᠨ ᠲᠧᠭᠨᠢᠭ ᠮᠡᠷᠭᠡᠵᠢᠯ᠎ᠶ᠋ᠢᠡᠷ ᠬᠦᠳᠡᠯᠭᠡᠬᠦ ᠬᠦᠴᠦᠨ ᠪᠤᠯᠭᠠᠵᠦ᠂ ᠪᠥᠬᠥ᠌ ᠠᠵᠤ ᠦᠢᠯᠡᠰ᠎ᠤᠨ ᠬᠡᠯᠬᠢᠶ᠎ᠡ ᠶ᠋ᠢ ᠲᠠᠰᠤᠷᠠᠯᠲᠠ ᠥᠬᠡᠶ ᠲᠡᠭᠦᠯᠳᠡᠷᠵᠢᠭᠦᠯᠦᠨ᠂ 《ᠬᠦᠷᠢᠶ᠎ᠡ ᠰᠠᠭᠠᠭ》 ᠢ᠋ ᠦᠪᠦᠷ ᠮᠤᠩᠭᠤᠯ ᠡᠴᠡ ᠪᠦᠬᠦ ᠤᠯᠤᠰ᠂ ᠪᠦᠬᠦ ᠤᠯᠤᠰ ᠡᠴᠡ ᠲᠡᠯᠡᠭᠡᠢ᠎ᠳᠤ ᠲᠠᠨᠢᠭᠤᠯᠤᠬᠰᠠᠨ ᠪᠢᠯᠡ᠃

ᠢᠷᠡᠭᠡᠳᠦᠶ ᠳ᠋ᠦ᠍᠂ ᠬᠦᠷᠢᠶ᠎ᠡ ᠬᠣᠰᠢᠭᠤ ᠨᠢ ᠲᠠᠪᠠᠭᠤᠯᠢᠭ᠎ᠶ᠋ᠢᠡᠨ ᠤᠯᠠᠮ ᠪᠠᠲᠠᠷᠠᠭᠤᠯᠤᠨ᠂ ᠬᠦᠴᠦᠨ᠎ᠶ᠋ᠢᠡᠨ ᠲᠥᠪᠯᠡᠷᠡᠭᠦᠯᠦᠨ ᠰᠢᠨ᠎ᠡ ᠶ᠋ᠢ ᠡᠭᠦᠳᠴᠦ᠍᠂ 《ᠬᠦᠷᠢᠶ᠎ᠡ ᠰᠠᠭᠠᠭ》 ᠤ᠋ᠨ ᠲᠥᠷᠥᠯ ᠲᠡᠮᠳᠡᠭ᠎ᠶ᠋ᠢᠡᠨ ᠦᠷᠬᠦᠯᠵᠢᠯᠡᠨ ᠠᠯᠲᠠᠷᠰᠢᠭᠤᠯᠵᠦ᠂ ᠪᠤᠷᠤᠯᠠᠭᠤᠯᠭ᠎ᠠ᠎ᠶᠢᠨ ᠵᠠᠮ᠎ᠢ ᠨᠢ ᠰᠢᠯᠤᠭᠤᠳᠬᠠᠵᠦ᠂ ᠰᠢᠨ᠎ᠡ ᠮᠡᠷᠭᠡᠵᠢᠯ᠎ᠢ ᠪᠦᠬᠦ ᠲᠠᠯ᠎ᠠ ᠪᠡᠷ ᠠᠰᠢᠬᠯᠠᠵᠦ᠂ 《ᠬᠦᠷᠢᠶ᠎ᠡ ᠰᠠᠭᠠᠭ》᠎ᠢ᠋ ᠤᠷᠤᠨ ᠨᠤᠲᠤᠭ᠎ᠤᠨ ᠴᠢᠨᠠᠷ ᠰᠠᠶ᠋ᠢᠲᠠᠶ ᠬᠥᠭᠵᠢᠯᠲᠡ ᠪᠠ ᠬᠥᠳᠡᠭᠡ ᠲᠣᠰᠬᠣᠨ ᠢ᠋ ᠬᠥᠭᠵᠢᠭᠦᠯᠦᠨ ᠮᠠᠨᠳᠤᠭᠤᠯᠬᠤ᠎ᠶᠢᠨ ᠴᠢᠬᠤᠯᠠ ᠲᠤᠯᠭᠠᠭᠤᠷᠢᠯᠠᠯ ᠪᠤᠯᠭᠠᠵᠦ᠂ ᠠᠵᠤ ᠦᠢᠯᠡᠰ ᠬᠥᠭᠵᠢᠭᠰᠡᠨ᠂ ᠠᠷᠠᠳ ᠢᠷᠭᠡᠳ ᠴᠢᠨᠡᠭᠡᠯᠢᠭᠵᠢᠭᠰᠡᠨ᠂ ᠠᠮᠢ ᠠᠬᠤᠶ ᠦᠵᠡᠰᠬᠦᠯᠡᠩᠲᠦ᠍ ᠰᠠᠶ᠋ᠢᠬᠠᠨ᠂ ᠰᠣᠶᠣᠯ ᠪᠠᠲᠠᠷᠠᠨ ᠴᠡᠴᠡᠭᠯᠡᠭᠰᠡᠨ ᠬᠦᠷᠢᠶ᠎ᠡ ᠬᠤᠰᠢᠭᠤ᠎ᠶᠢᠨ ᠰᠢᠨ᠎ᠡ ᠬᠠᠭᠤᠳᠠᠰᠤ ᠶ᠋ᠢ ᠦᠷᠭᠦᠯᠵᠢᠯᠡᠨ  ᠪᠢᠴᠢᠭᠯᠡᠬᠦ ᠪᠤᠯᠤᠨ᠎ᠠ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠬᠦᠰᠡᠯᠡᠩ

ᠣᠷᠴᠢᠭᠤᠯᠤᠭ᠍ᠴᠢ᠄

ᠢᠷᠡᠯᠲᠡ᠄ ᠬᠦᠷᠢᠶ᠎ᠡ ᠬᠤᠰᠢᠭᠤᠨ᠎ᠤ ᠬᠠᠮ ᠵᠠᠭᠤᠴᠢᠯᠠᠭᠤᠷ᠎ᠤᠨ ᠲᠦᠪ
兼容浏览器的HTML页面