2026-08-28 10:40:03
ᠲᠠᠯ᠎ᠠ ᠪᠡᠷ ᠲᠠᠷᠬᠠᠨ ᠪᠡᠯᠴᠢᠭᠰᠡᠨ ᠪᠤᠶᠡᠨ᠎ᠳᠤ ᠮᠠᠯᠤᠨᠵᠢᠡᠨ ᠪᠡᠯᠴᠢᠭᠡᠷ ᠳᠡᠭᠡᠷ᠎ᠡ ᠡᠬᠡᠰᠢᠭᠯᠡᠬᠦᠯᠦᠨ ᠬᠠᠩᠭᠢᠨᠠᠭᠤᠯᠤᠨ ᠰᠠᠭᠤᠳᠠᠭ ᠮᠠᠯᠴᠢᠨ ᠬᠥᠮᠥᠨᠪᠤᠯ ᠤᠷᠲᠤ᠎ᠶᠢᠨ ᠳᠠᠭᠤᠨ᠎ᠤ ᠡᠵᠡᠳ᠃ ᠲᠡᠳᠡᠨ᠎ᠦ ᠳᠠᠭᠤᠯᠠᠭᠰᠠᠨ ᠤᠷᠳᠦ ᠵᠢᠨ ᠳᠠᠭᠤᠤ ᠢᠰᠬᠢᠷᠦᠭᠰᠡᠨ ᠠᠶᠠᠯᠭᠤ ᠨᠢ ᠠᠶᠠᠳᠠᠭᠤ ᠴᠤᠤᠷᠢᠶ᠎ᠠ᠎ᠲᠠᠢ ᠤᠶᠠᠷᠠᠭᠤᠨ ᠰᠡᠳᠬᠢᠯᠭᠡ᠎ᠲᠠᠢ᠂ ᠨᠣᠲᠯᠠᠬᠤᠶᠢᠨ ᠠᠷᠭ᠎ᠠ ᠦᠭᠡᠢ ᠮᠢᠩᠭᠠᠨ ᠨᠤᠭᠤᠯᠤᠭ᠎ᠠ ᠳᠦᠮᠡᠨ ᠳᠦᠷᠡᠯᠬᠡ ᠲᠠᠢ᠃ ᠠᠶᠠᠳᠠᠭᠤ ᠴᠤᠤᠷᠢᠶ᠎ᠠ᠎ᠶᠢᠨ ᠴᠢᠳᠠᠯ ᠨᠢ ᠲᠠᠯ᠎ᠠ᠎ᠶᠢᠨ ᠴᠡᠭᠡᠯᠢ ᠨᠡᠪᠳᠡᠯᠵᠦ᠂ ᠬᠤᠯᠠ ᠵᠢᠨ ᠠᠭᠤᠯᠠᠰ ᠤᠢᠷ᠎ᠠ ᠵᠢᠨ ᠤᠰᠤ᠎ᠶᠢ ᠳᠠᠪᠠᠵᠤ᠂ ᠲᠡᠭᠷᠢ᠎ᠶᠢᠨ ᠮᠠᠨᠳᠠᠯ᠎ᠲᠠᠢ ᠵᠡᠯᠡᠯᠡᠨ ᠳᠤᠭᠯᠠᠳᠠᠭ᠂ ᠤᠶᠠᠷᠠᠭᠤᠨ ᠰᠡᠳᠬᠢᠯᠭᠡ ᠵᠢᠨ ᠬᠦᠴᠦ ᠨᠢ ᠡᠬᠡ ᠳᠡᠯᠡᠬᠡᠢ᠎ᠶᠢ ᠳᠣᠭᠳᠣᠯᠤᠭᠤᠯᠤᠨ ᠲᠦᠮᠡᠨ ᠪᠣᠳᠠᠰ᠎ᠢ ᠠᠷᠭᠠᠳᠠᠨ ᠬᠠᠢᠯᠠᠭᠤᠯᠵᠤ ᠲᠠᠯᠮᠢᠶᠠᠷᠠᠭᠤᠯᠤᠨ ᠮᠡᠯᠮᠡᠷᠡᠭᠦᠯᠳᠡᠭ᠃

ᠰᠢᠨ᠎ᠠ ᠪᠠᠷᠭᠤ ᠵᠡᠭᠦᠨ ᠬᠣᠰᠢᠭᠤᠨ᠎ᠤ ᠳᠠᠭᠤᠴᠢᠳ ᠳᠡᠯᠡᠬᠡᠢ᠎ᠶᠢᠨ᠂ ᠤᠯᠤᠰ᠎ᠤᠨ᠂ ᠣᠷᠣᠨ᠎ᠤ ᠠᠯᠳᠠᠷ᠎ᠢ ᠡᠷᠬᠦᠨ ᠦᠪᠯᠡᠭᠰᠡᠬᠡᠷ ᠢᠷᠡᠵᠡᠢ᠃ ᠪᠤᠶᠠᠨᠳᠡᠯᠭᠡᠷ᠂ ᠪᠠᠳᠮ᠎ᠠ᠂ ᠨᠠᠴᠤᠭᠳᠣᠷᠵᠢ᠂ ᠲᠠᠪᠠᠬᠠᠢ᠂ ᠶᠦᠮᠵᠢᠳ᠂ ᠰᠤᠭᠠᠷ᠂ ᠣᠶᠤᠨᠰᠣᠳᠣ᠌᠂ ᠰᠠᠷᠠᠨᠭᠭᠤᠸᠠ ᠁ ᠭᠡᠳ ᠦᠶ᠎ᠡ ᠦᠶ᠎ᠡ᠎ᠶᠢᠨ ᠣᠯᠠᠨ ᠠᠷᠪᠢᠨ ᠮᠡᠷᠭᠡᠵᠢᠯ᠎ᠦᠨ ᠳᠠᠭᠤᠴᠢᠳ᠂ ᠠᠷᠠᠳ᠎ᠤᠨ ᠳᠠᠭᠤᠴᠢᠳ ᠮᠠᠨᠢ ᠪᠠᠷᠭᠤ ᠤᠷᠳᠤ ᠵᠢᠨ ᠳᠠᠭᠤᠤ᠎ᠶᠢᠨ ᠭᠠᠢᠬᠠᠮᠰᠢᠭ᠋᠎ᠢ ᠳᠡᠯᠡᠬᠡᠢ᠎ᠶᠢᠨ ᠤᠷᠠᠯᠢᠭ᠋᠎ᠤᠨ ᠲᠠᠢᠰᠠᠨ᠎ᠠ ᠪᠠᠬᠠᠲᠤᠨ ᠭᠠᠢᠬᠠᠰᠢᠷᠠᠭᠤᠯᠵᠦ ᠴᠢᠳᠠᠭᠰᠠᠨ ᠶᠤᠮ᠃ ᠳᠤᠰ ᠬᠣᠰᠢᠭᠤᠨ᠎ᠠᠴᠠ ᠥᠰᠴᠦ ᠥᠨᠳᠡᠢᠭᠰᠡᠨ ᠠᠯᠳᠠᠷᠲᠤ ᠳᠠᠭᠤᠴᠢᠨ ᠪᠤᠶᠠᠨᠳᠡᠯᠭᠡᠷ ᠭᠤᠸᠠᠢ ᠪᠣᠯ ᠮᠣᠩᠭᠣᠯ ᠤᠷᠲᠤ᠎ᠶᠢᠨ ᠳᠠᠭᠤᠤ᠂ ᠪᠠᠷᠭᠤ ᠠᠷᠠᠳ᠎ᠤᠨ ᠳᠠᠭᠤᠤ᠎ᠪᠠᠨ ᠳᠡᠯᠡᠬᠡᠢ᠎ᠶᠢᠨ ᠤᠷᠠᠯᠢᠭ᠋᠎ᠤᠨ ᠣᠷᠭᠢᠯ᠎ᠳᠤ ᠳᠤᠩᠬᠠᠭᠯᠠᠭᠰᠠᠨ ᠮᠣᠩᠭᠣᠯ ᠠᠷᠠᠳ᠎ᠤᠨ ᠵᠢᠷᠦᠬᠡᠨ᠎ᠦ ᠤᠶᠠᠩᠭ᠎ᠠ᠎ᠶᠢ ᠠᠮᠢᠨ ᠬᠠᠢᠷ᠎ᠠ᠎ᠪᠠᠷ᠎ᠢᠶᠠᠨ ᠲᠡᠭᠷᠢ ᠰᠦᠮᠪᠦᠷᠯᠡᠭᠰᠡᠨ ᠤᠷᠲᠤ᠎ᠶᠢᠨ ᠳᠠᠭᠤᠤ᠎ᠶᠢᠨ ᠬᠠᠳᠤᠨ ᠣᠷᠭᠢᠯᠤᠳᠤᠨ ᠨᠢᠬᠡ ᠪᠢᠯᠡ᠃
ᠬᠠᠷᠠᠬᠠᠨ ᠪᠠᠭ᠎ᠠ᠎ᠠᠴᠠ᠎ᠪᠠᠨ ᠬᠠᠢᠷᠠᠲᠠᠢ ᠪᠤᠭᠤᠷᠤᠯ ᠨᠤᠲᠤᠭ᠎ᠤᠨ ᠨᠠᠰᠤᠲᠠᠳᠠᠴᠠᠪᠠᠨ᠂ ᠮᠠᠯᠵᠢᠬᠤ ᠰᠣᠶᠣᠯ᠎ᠤᠨ ᠲᠠᠩᠰᠤᠭ ᠳᠠᠯᠠᠢ᠎ᠠᠴᠠ ᠤᠷᠠᠯᠢᠭ᠋᠎ᠤᠨ ᠰᠢᠮ᠎ᠡ ᠬᠦᠷᠲᠡᠵᠦ᠂ ᠪᠠᠢᠭᠠᠯᠢᠯᠢᠭ᠋ ᠭᠠᠩᠭᠠᠩ ᠬᠣᠭᠣᠯᠠᠢ᠎ᠪᠠᠷ᠎ᠢᠶᠠᠨ ᠤᠷᠲᠤ᠎ᠶᠢᠨ ᠳᠠᠭᠤᠤ᠎ᠪᠠᠨ ᠳᠠᠭᠤᠯᠠᠵᠤ᠂ ᠡᠭᠡᠯ ᠪᠣᠷᠣ᠌ ᠮᠠᠯᠴᠢᠳ᠎ᠲᠠᠢ᠎ᠪᠠᠨ ᠵᠣᠪᠠᠯ ᠵᠢᠷᠭᠠᠯ᠎ᠢᠶᠠᠨ ᠬᠠᠮᠲᠤᠳᠬᠠᠵᠤ᠂ ᠲᠤᠭᠤᠯ ᠬᠤᠷᠠᠭ᠎ᠠ᠎ᠲᠠᠢ᠎ᠪᠠᠨ ᠲᠣᠭᠯᠠᠨ᠂ ᠴᠡᠩᠭᠡᠭ ᠠᠭᠠᠷ᠎ᠤᠨ ᠳᠤᠮᠳᠠ ᠴᠡᠩᠭᠡᠵᠦ ᠳᠤᠭᠯᠠᠵᠦ ᠥᠰᠦᠭᠰᠡᠨ ᠶᠤᠮ᠃ ᠦᠶ᠎ᠡ᠎ᠶᠢᠨ ᠰᠠᠢᠬᠠᠨ ᠨᠥᠬᠥᠳ᠎ᠲᠠᠢ᠎ᠪᠡᠨ ᠬᠠᠩᠭᠢᠨᠠᠲᠠᠯ᠎ᠠ ᠳᠠᠭᠤᠯᠠᠵᠤ ᠬᠤᠷᠢᠮ ᠨᠠᠢᠷ᠂ ᠮᠠᠯ᠎ᠤᠨ ᠪᠡᠯᠴᠢᠭᠡᠷ᠂ ᠮᠣᠷᠢᠨ᠎ᠤ ᠨᠢᠷᠤᠭᠤᠨ ᠳᠡᠭᠡᠷ᠎ᠡ᠂ ᠤᠪᠤᠭ᠎ᠠ ᠳᠠᠢ ᠠᠷᠭᠠᠯ᠎ᠤᠨ ᠳᠡᠷᠭᠡᠳᠡ᠂ ᠲᠣᠭᠣᠭ᠎ᠠ ᠲᠤᠯᠭᠠᠶᠢᠨᠢᠶᠡᠨ ᠵᠠᠬ᠎ᠠ ᠪᠤᠶᠤ ᠠᠵᠢᠯ ᠬᠥᠳᠡᠯᠮᠦᠷᠢ᠎ᠶᠢᠨ ᠳᠤᠮᠳᠠ᠎ᠪᠠᠨ ᠰᠤᠷᠤᠭᠰᠠᠨ ᠤᠷᠠᠯᠢᠭ᠋᠎ᠤᠨ ᠰᠢᠳᠢ ᠨᠢ ᠵᠠᠬ᠎ᠠ ᠦᠭᠡᠢ ᠰᠠᠷᠠᠭᠤᠯ ᠨᠣᠭᠣᠭᠠᠨ ᠲᠠᠯ᠎ᠠ ᠲᠣᠯᠣᠭᠠᠳ᠂ ᠥᠩᠭᠡ ᠢᠯᠭᠠᠷᠠᠭᠰᠠᠨ ᠬᠡᠭᠡᠷ᠎ᠡ᠎ᠶᠢᠨ ᠴᠡᠴᠡᠭ᠂ ᠴᠡᠩᠭᠡᠭ ᠴᠡᠩᠬᠡᠷ ᠬᠥᠯᠥᠨ ᠳᠠᠯᠠᠢ᠂ ᠲᠤᠩᠭᠠᠯᠠᠭ ᠰᠠᠢᠬᠠᠨ ᠬᠡᠷᠦᠯᠦᠨ ᠮᠦᠷᠡᠨ᠂ ᠤᠶᠠᠬᠠᠨ ᠮᠡᠯᠮᠡᠷᠡᠬᠦ ᠪᠦᠷᠢᠳᠦ ᠨᠠᠭᠤᠷ᠎ᠤᠨ ᠳᠠᠯᠳᠠ᠎ᠶᠢᠨ ᠶᠡᠬᠡ ᠪᠠᠢᠭᠠᠯᠢ᠎ᠶᠢᠨ ᠬᠦᠴᠦᠨ᠎ᠡᠴᠡ ᠣᠯᠣᠭᠰᠠᠨ ᠪᠠᠢᠬᠤ ᠶᠣᠰᠣᠲᠠᠢ᠃ ᠤᠨᠠᠭᠰᠠᠨ ᠰᠢᠷᠣᠢ ᠦᠪᠦᠷᠪᠤᠯᠠᠭ ᠨᠢ ᠴᠦ᠍ ᠨᠢᠯᠬ᠎ᠠ ᠨᠢᠯᠵᠠᠷᠠᠢ ᠵᠠᠩᠭ᠎ᠠ᠎ᠲᠠᠢ ᠪᠠᠢᠬᠤ ᠳ᠋ᠤᠨᠢ ᠡᠵᠢ᠎ᠲᠠᠢ ᠨᠢ ᠬᠠᠮᠲᠤ ᠪᠦᠪᠡᠢ ᠠᠶᠠᠯᠤᠨ ᠪᠠᠢᠭᠠᠯᠢ᠎ᠶᠢᠨ ᠠᠢᠵᠠᠮ᠎ᠢᠶᠠᠷ ᠠᠷᠭᠠᠳᠠᠨ ᠦᠭᠦᠭᠡᠷᠳᠡᠭᠰᠡᠨ ᠪᠠᠢᠬᠤ ᠶᠣᠰᠣᠲᠠᠢ᠃

ᠮᠠᠯᠵᠢᠬᠤ ᠨᠡᠭᠦᠳᠡᠯ ᠰᠣᠶᠣᠯ᠎ᠢᠶᠠᠷ᠎ᠢᠶᠠᠨ ᠪᠠᠶᠠᠨ ᠲᠠᠩᠰᠤᠭ ᠠᠮᠢᠳᠤᠷᠠᠳᠠᠭ ᠮᠠᠯᠴᠢᠳ ᠮᠠᠨᠢ ᠪᠠᠷᠳᠠᠮ ᠲᠡᠨᠢᠭᠦᠬᠡᠨ ᠰᠡᠳᠬᠢᠯ᠎ᠲᠠᠢ᠂ ᠴᠡᠪᠡᠷ ᠴᠠᠢᠯᠭᠠᠨ ᠵᠠᠩ᠎ᠲᠠᠢ᠂ ᠴᠣᠪᠣᠭᠣ᠌ ᠳᠡᠭᠵᠢᠨ ᠪᠠᠢᠳᠠᠭ᠎ᠢᠶᠠᠷ᠎ᠢᠶᠠᠨ ᠳᠠᠭᠤᠯᠠᠳᠠᠭ ᠤᠷᠳᠦ ᠵᠢᠨ ᠳᠠᠭᠤᠤ ᠨᠢ ᠴᠤ᠌ ᠴᠠᠢᠷᠠᠭᠤᠯᠤᠨ ᠴᠠᠩᠭᠢᠨᠠᠵᠤ᠂ ᠴᠡᠪᠡᠷ ᠲᠤᠩᠭᠠᠯᠠᠭ ᠬᠠᠩᠭᠢᠨᠠᠵᠤ᠂ ᠤᠶᠠᠨᠭᠭᠠᠨ ᠬᠡ ᠨᠢ ᠨᠠᠷᠠᠨ᠎ᠤ ᠲᠤᠶᠠᠭ᠎ᠠ᠎ᠲᠠᠢ ᠮᠢᠰᠢᠶᠡᠨ ᠦᠶᠡᠷᠬᠡᠵᠦ᠂ ᠴᠡᠮᠴᠡᠭᠡᠷ ᠨᠤᠭᠤᠯᠤᠭ᠎ᠠ ᠨᠢ ᠮᠢᠩᠭᠠᠨ ᠴᠡᠴᠡᠭᠡᠰᠲᠠᠢᠪᠡᠨ ᠣᠭᠲᠠᠷᠭᠤᠢ᠎ᠶᠢᠨ ᠰᠣᠯᠣᠩᠭ᠎ᠠ᠎ᠲᠠᠢ ᠬᠠᠮᠲᠤ ᠤᠷᠠᠨᠢᠶᠠᠷᠰᠤᠨᠤᠰᠳᠠᠨᠠ᠃ ᠡᠢᠮᠦ ᠪᠣᠯᠬᠤ᠎ᠪᠠᠷ᠎ᠢᠶᠠᠨ ᠪᠠᠷᠭᠣᠴᠤᠳᠤᠨ ᠬᠤᠷᠢᠮ ᠨᠠᠢᠷ ᠭᠡᠵᠦ ᠳᠠᠭᠤᠤ᠎ᠶᠢᠨ ᠳᠠᠯᠠᠢ᠃ ᠵᠠᠭᠤᠨ ᠵᠠᠭᠤᠨ ᠮᠣᠷᠢᠲᠠᠢ ᠬᠥᠮᠥᠰ ᠵᠤᠤᠵᠠᠢ ᠬᠣᠯᠪᠣᠨ ᠶᠦᠷᠭᠡᠯᠡᠬᠦᠳᠡᠭᠡᠨ ᠭᠠᠩᠭᠠᠩ ᠳᠠᠭᠤᠤ᠎ᠪᠠᠷ᠎ᠢᠶᠠᠨ ᠭᠠᠢᠬᠠᠮᠰᠢᠭ᠋᠎ᠤᠨ ᠴᠡᠩᠭᠡᠯ᠎ᠢ ᠠᠪᠴᠢᠷᠠᠵᠤ᠂ ᠭᠡᠷ ᠭᠠᠳᠠᠭ᠎ᠠ ᠦᠭᠡᠢ ᠲᠡᠭᠷᠢ ᠭᠠᠵᠠᠷ ᠦᠭᠡᠢ ᠤᠷᠲᠤ᠎ᠶᠢᠨ ᠳᠠᠭᠤᠨ᠎ᠤ ᠵᠢᠷᠭᠠᠯᠳᠤ ᠰᠣᠭᠲᠣᠭᠤᠷᠠᠨ᠂ ᠪᠠᠷᠭᠤ ᠪᠦᠰᠡᠭᠦᠢᠴᠦᠳ ᠨᠢ ᠲᠤᠩᠭᠠᠯᠠᠭ ᠰᠣᠳᠣᠨ ᠬᠣᠭᠣᠯᠠᠢ᠎ᠪᠠᠷ᠎ᠢᠶᠠᠨ ᠬᠠᠩᠭᠢᠨᠠᠭᠤᠯᠵᠤ ᠭᠠᠷᠬᠤ᠎ᠳᠤ ᠡᠪᠦᠭᠡᠳ ᠨᠠᠰᠤᠲᠠᠢᠴᠤᠳ᠎ᠨᠢ ᠳᠤᠭᠤᠷ᠎ᠠ ᠡᠬᠦᠰᠬᠡᠨ ᠲᠦᠷᠡᠯᠭᠡ ᠡᠷᠬᠦᠵᠦ᠂ ᠵᠢᠷᠦᠬᠡᠨ᠎ᠡᠴᠡ ᠨᠢ ᠠᠶᠠᠨᠳᠠᠭᠠᠨ ᠣᠨᠳᠣᠷᠤᠭᠰᠠᠨ ᠪᠠᠢᠭᠠᠯᠢᠯᠢᠭ᠋ ᠬᠦᠭ ᠦᠷᠬᠦᠬᠡ ᠳᠦᠭᠦᠷᠡᠩ ᠬᠥᠭᠯᠡᠳᠡᠭ᠃ ᠡᠨᠡ ᠶᠡᠬᠡ ᠤᠷᠠᠯᠢᠭ᠋᠎ᠤᠨ ᠳᠠᠯᠠᠢ᠎ᠳᠤ ᠥᠰᠴᠦ ᠥᠨᠳᠡᠢᠵᠦ ᠪᠠᠢᠭ᠎ᠠ ᠦᠷ᠎ᠡ ᠤᠳᠤᠮ ᠨᠢ ᠦᠶ᠎ᠡ ᠳᠠᠮᠵᠢᠨ ᠤᠷᠠᠯᠢᠭ᠍ᠴᠢᠨ ᠳᠠᠭᠤᠴᠢᠨ ᠪᠠᠢᠬᠤ ᠨᠢ ᠵᠠᠶᠠᠭᠠᠨ᠎ᠤ ᠵᠦᠢ᠂ ᠲᠡᠢᠮᠤ ᠪᠣᠯᠬᠣᠷ ᠰᠢᠨ᠎ᠡ ᠪᠠᠷᠭᠤ ᠵᠡᠭᠦᠨ ᠬᠣᠰᠢᠭᠤ 《ᠮᠣᠩᠭᠣᠯ ᠤᠷᠲᠤ᠎ᠶᠢᠨ ᠳᠠᠭᠤᠤ᠎ᠶᠢᠨ ᠥᠯᠥᠭᠡᠢ》 ᠭᠡᠰᠡᠨ ᠠᠯᠳᠠᠷ ᠴᠣᠯᠡᠠᠳᠠᠭᠠᠨ ᠲᠣᠬᠢᠷᠠᠭᠰᠠᠨ ᠳᠠᠷᠬᠠᠨ ᠨᠤᠲᠤᠭ ᠶᠤᠮ᠃
《ᠮᠣᠩᠭᠣᠯ ᠤᠷᠳᠤ᠎ᠶᠢᠨ ᠳᠠᠭᠤᠤ᠎ᠶᠢᠨ ᠦᠯᠦᠬᠡᠢ》 ᠪᠣᠯᠤᠭᠰᠠᠨ᠎ᠤ ᠬᠤᠪᠢ᠎ᠳᠤ᠂ ᠰᠢᠨ᠎ᠡ ᠪᠠᠷᠭᠤ ᠵᠡᠭᠦᠨ ᠬᠣᠰᠢᠭᠤ ᠪᠣᠳᠠᠲᠠᠢ ᠠᠷᠭ᠎ᠠ ᠬᠡᠮᠵᠢᠶ᠎ᠡ᠎ᠪᠡᠷ ᠪᠠᠷᠭᠤ ᠤᠷᠳᠤ᠎ᠶᠢᠨ ᠳᠠᠭᠤᠤ᠎ᠶᠢ ᠰᠢᠰᠲᠧᠮ᠎ᠲᠠᠢ ᠬᠠᠮᠠᠭᠠᠯᠠᠬᠤ᠎ᠶᠢ ᠠᠬᠢᠭᠤᠯᠵᠤ᠂ ᠡᠯ᠎ᠡ ᠵᠦᠢᠯ᠎ᠦᠨ ᠤᠯᠠᠮᠵᠢᠯᠠᠨ ᠵᠠᠯᠭᠠᠮᠵᠢᠯᠠᠬᠤ ᠠᠵᠢᠯ᠎ᠢ ᠪᠣᠳᠠᠲᠠᠢ᠎ᠳᠤ ᠨᠠᠢᠳᠠᠪᠤᠷᠢᠵᠢᠭᠤᠯᠤᠨ ᠦᠷ᠎ᠡ ᠪᠦᠲᠦᠮᠵᠢ ᠭᠠᠷᠭᠠᠵᠤ᠂ ᠡᠨᠡ ᠬᠦ᠌ ᠤᠯᠤᠰ᠎ᠤᠨ ᠳᠡᠰ᠎ᠤᠨ ᠪᠣᠳᠠᠰ᠎ᠤᠨ ᠪᠤᠰᠤ ᠰᠣᠶᠣᠯ᠎ᠤᠨ ᠥᠪ᠎ᠦᠨ ᠲᠦᠷᠦᠯ ᠵᠦᠢᠯ᠎ᠢ ᠦᠷᠭᠦᠯᠵᠢᠯᠡᠨ ᠠᠮᠢᠵᠢᠷᠠᠯ᠎ᠤᠨ ᠬᠦᠴᠦᠨ᠎ᠲᠠᠢ ᠪᠣᠯᠭᠠᠭᠰᠠᠭᠠᠷ ᠢᠷᠡᠭᠰᠡᠨ ᠡ᠃ ᠲᠣᠰ ᠬᠣᠰᠢᠭᠤ ᠨᠢ ᠤᠯᠤᠰ᠂ ᠥᠪᠡᠷᠲᠡᠭᠡᠨ ᠵᠠᠰᠠᠬᠤ ᠣᠷᠣᠨ᠂ ᠬᠣᠲᠠ ᠠᠢᠮᠠᠭ᠂ ᠬᠣᠰᠢᠭᠤᠨ ᠳᠡᠰ᠎ᠤᠨ ᠪᠣᠳᠠᠰ᠎ᠤᠨ ᠪᠤᠰᠤ ᠰᠣᠶᠣᠯ᠎ᠤᠨ ᠥᠪ᠎ᠦᠨ ᠤᠯᠠᠮᠵᠢᠯᠠᠭᠴᠢ᠎ᠶᠢᠨ ᠨᠡᠷᠡᠰ᠎ᠦᠨ ᠰᠢᠰᠲᠧᠮ᠎ᠢ ᠪᠠᠢᠭᠤᠯᠵᠤ᠂ 2012 ᠣᠨ᠎ᠳᠤ ᠣᠷᠳᠣ᠌᠎ᠶᠢᠨ ᠳᠠᠭᠤᠤ᠎ᠶᠢᠨ ᠨᠡᠢᠭᠡᠮᠯᠢᠭ ᠨᠢ 300 ᠭᠠᠷᠤᠢ ᠭᠡᠰᠢᠭᠦᠨ ᠡᠯᠰᠡᠵᠦ᠂ ᠠᠷᠠᠳ᠎ᠤᠨ ᠳᠤᠮᠳᠠᠬᠢ ᠤᠯᠠᠮᠵᠢᠯᠠᠨ ᠵᠠᠯᠭᠠᠮᠵᠢᠯᠠᠬᠤ ᠲᠣᠭᠲᠠᠴᠠ᠎ᠶᠢ ᠵᠡᠷᠭᠡ᠎ᠪᠡᠷ ᠪᠠᠢᠭᠤᠯᠪᠠ᠃ ᠤᠯᠤᠰ᠎ᠤᠨ ᠳᠡᠰ᠎ᠤᠨ ᠪᠣᠳᠠᠰ᠎ᠤᠨ ᠪᠤᠰᠤ ᠰᠣᠶᠣᠯ᠎ᠤᠨ ᠥᠪ᠎ᠦᠨ ᠤᠯᠠᠮᠵᠢᠯᠠᠭ᠍ᠴᠢ ᠭᠤᠤᠯᠯᠠᠨ ᠳᠠᠭᠠᠭᠤᠯᠵᠤ᠂ ᠠᠷᠪᠠ ᠭᠠᠷᠤᠢ ᠭᠣᠣᠯᠯᠠᠭ᠍ᠴᠢ ᠪᠣᠳᠠᠰ᠎ᠤᠨ ᠪᠤᠰᠤ ᠰᠣᠶᠣᠯ᠎ᠤᠨ ᠥᠪ᠎ᠦᠨ ᠤᠯᠠᠮᠵᠢᠯᠠᠭ᠍ᠴᠢ᠎ᠶᠢ ᠬᠥᠮᠥᠵᠢᠭᠦᠯᠤᠨ᠂ ᠠᠬᠠᠮᠠᠳ ᠢᠳᠡᠷ ᠵᠠᠯᠠᠭᠤ ᠦᠶ᠎ᠠ ᠵᠢᠨ ᠡᠮᠬᠢ ᠳᠢᠭ᠌ᠯᠢᠮ᠎ᠲᠠᠢ ᠤᠯᠠᠮᠵᠢᠯᠠᠨ ᠵᠠᠯᠭᠠᠮᠵᠢᠯᠠᠬᠤ ᠡᠩᠨᠡᠭᠡ᠎ᠶᠢ ᠪᠦᠷᠢᠯᠳᠦᠭᠦᠯᠵᠦ᠂ ᠤᠷᠳᠤ᠎ᠶᠢᠨ ᠳᠠᠭᠤᠤ᠎ᠶᠢ ᠤᠯᠠᠮᠵᠢᠯᠠᠨ ᠵᠠᠯᠭᠠᠮᠵᠢᠯᠠᠬᠤ᠎ᠳᠤ ᠪᠠᠲᠤ ᠪᠡᠬᠢ ᠴᠢᠳᠠᠪᠤᠷᠢᠲᠠᠨ᠎ᠤ ᠲᠤᠯᠭᠠᠭᠤᠷᠢᠯᠠᠯ ᠬᠠᠩᠭᠠᠪᠠ᠃ ᠬᠠᠭᠤᠴᠢᠨ᠎ᠤ ᠤᠷᠳᠦ ᠵᠢᠨ ᠳᠠᠭᠤᠤ ᠵᠢᠨ ᠳᠤᠬᠠᠢ ᠰᠣᠷᠪᠤᠯᠵᠢᠯᠠᠭ᠎ᠠ᠂ ᠰᠢᠨ᠎ᠠ ᠳᠠᠭᠤᠤ ᠵᠢᠨ ᠵᠢᠭᠠᠨ ᠰᠤᠷᠭᠠᠯᠲᠠ ᠵᠡᠷᠭᠡ ᠵᠢ ᠲᠣᠭᠠᠴᠢᠯᠠᠭᠰᠠᠨ ᠠᠷᠭ᠎ᠠ ᠪᠠᠷᠢᠯ᠎ᠢᠶᠠᠷ ᠳᠠᠮᠵᠢᠭᠤᠯᠤᠨ᠂ ᠤᠯᠠᠮᠵᠢᠯᠠᠠᠠᠴᠢ ᠵᠢᠨ ᠠᠮᠠᠨ ᠲᠡᠦᠬᠡ᠎ᠶᠢ ᠲᠣᠭᠠᠴᠢᠬᠤ ᠪᠠ ᠭᠣᠣᠯ ᠪᠣᠯᠬᠤ ᠳᠠᠭᠤᠯᠠᠬᠤ ᠮᠡᠷᠭᠡᠵᠢᠯ᠎ᠢ ᠰᠢᠰᠲᠧᠮ᠎ᠲᠠᠢ᠎ᠪᠡᠷ ᠦᠯᠡᠳᠡᠭᠡᠨ ᠬᠠᠳᠠᠭᠠᠯᠠᠵᠦ᠂ ᠬᠡᠬᠡᠭᠳᠡᠵᠦ ᠤᠷᠬᠢᠭᠳᠠᠭᠰᠠᠨ ᠳᠠᠭᠤᠤ᠎ᠶᠢ ᠴᠤᠭᠯᠠᠭᠤᠯᠤᠨ ᠡᠮᠬᠢᠯᠡᠬᠦ ᠠᠵᠢᠯ᠎ᠢ ᠦᠷᠭᠦᠯᠵᠢᠯᠡᠨ ᠥᠷᠨᠢᠭᠦᠯᠵᠦ᠂ ᠣᠷᠳᠣ᠌᠎ᠶᠢᠨ ᠳᠠᠭᠤᠤ᠎ᠶᠢ 100ᠪᠠᠳᠠᠭ ᠠᠪᠤᠷᠠᠨ ᠲᠡᠮᠳᠡᠭᠯᠡᠵᠦ᠂ 《ᠪᠠᠶᠠᠨ ᠪᠠᠷᠭᠤ》 《ᠪᠠᠶᠠᠨ ᠪᠠᠷᠭᠤ᠎ᠶᠢᠨ ᠮᠠᠨᠠᠭ᠎ᠠ》 ᠵᠡᠷᠭᠡ ᠤᠯᠠᠮᠵᠢᠯᠠᠯᠲᠤ ᠳᠠᠭᠤᠤ᠎ᠶᠢᠨ ᠪᠦᠷᠢᠨ ᠪᠦᠲᠦᠨ ᠬᠡᠪᠯᠡᠯ᠎ᠢ ᠰᠡᠷᠭᠦᠭᠡᠵᠦ᠂ᠣᠯᠠᠨ ᠵᠦᠢᠯ᠎ᠦᠨ ᠳᠠᠭᠤᠤ᠎ᠶᠢᠨ ᠤᠯᠠᠮᠵᠢᠯᠠᠯ᠎ᠤᠨ ᠬᠣᠭᠣᠰᠤᠨ᠎ᠢ ᠨᠥᠬᠥᠪᠦᠷᠢᠯᠡᠭᠰᠡᠨ ᠪᠠᠢᠨ᠎ᠠ᠃

ᠤᠷᠳᠦ ᠵᠢᠨ ᠳᠠᠭᠤᠤ — ᠣᠯᠠᠨ ᠮᠢᠩᠭᠠᠨ ᠣᠨ᠎ᠳᠤ ᠭᠠᠢᠬᠠᠮᠰᠢᠭ᠍ᠲᠤ ᠭᠠᠩᠭᠠᠩ ᠣᠩᠭᠣᠨ ᠪᠠᠢᠭᠠᠯᠢ᠎ᠲᠠᠢ᠎ᠪᠠᠨ ᠨᠢᠬᠡᠳᠦᠨ ᠠᠭᠤᠰᠴᠤ ᠨᠢᠭᠡᠨ ᠴᠣᠭᠴᠠ ᠪᠣᠯᠵᠤ ᠴᠢᠳᠠᠭᠰᠠᠨ᠂ ᠠᠷᠠᠳ ᠲᠦᠮᠡᠨ᠎ᠦ ᠰᠡᠴᠡᠨ ᠴᠡᠯᠮᠡᠭ ᠣᠶᠤᠨ ᠤᠬᠠᠭᠠᠨ᠎ᠤ ᠭᠦᠨ᠎ᠡᠴᠡ ᠣᠨᠳᠣᠷᠤᠭᠰᠠᠨ᠂ ᠤᠷᠠᠯᠢᠭ᠋᠎ᠤᠨ ᠶᠡᠬᠡ ᠤᠷᠤᠰᠢᠬᠤᠢ ᠪᠢᠯᠡ᠃ᠤᠷᠳᠦ ᠵᠢᠨ ᠳᠠᠭᠤᠤ ᠵᠢ ᠶᠠᠮᠠᠷ ᠨᠢᠭᠡᠨ ᠤᠷᠠᠯᠢᠭ᠋᠎ᠤᠨ ᠨᠡᠷᠡᠲᠦ ᠰᠤᠷᠭᠠᠭᠤᠯᠢ᠎ᠡᠴᠡ ᠯᠠ ᠰᠤᠷᠳᠠᠭ ᠪᠢᠰᠢ᠂ᠬᠠᠷᠢᠨ ᠳᠡᠯᠡᠬᠡᠢ᠎ᠶᠢ ᠰᠦᠯᠵᠢᠨ ᠬᠡᠯᠬᠢᠵᠦ ᠲᠤᠭᠤᠯᠳᠠᠭ ᠦᠬᠡᠷ ᠲᠡᠷᠭᠡᠨ᠎ᠦ ᠨᠡᠭᠦᠳᠡᠯ ᠪᠠ ᠮᠤᠬᠤᠯᠠᠭ ᠲᠡᠷᠭᠡᠨ᠎ᠦ ᠰᠠᠵᠢᠯᠠᠭᠠᠨ ᠳᠤᠮᠳᠠ ᠡᠴᠡ᠂ ᠮᠢᠩᠭᠠᠨ ᠬᠣᠨᠢᠨ᠎ᠤ ᠪᠡᠯᠴᠢᠭᠡᠷ ᠳᠡᠭᠡᠷ᠎ᠡ᠎ᠡᠴᠡ᠂ ᠳᠦᠷᠡᠯᠵᠡᠨ ᠠᠰᠠᠭᠰᠠᠨ ᠵᠠᠳᠠᠭᠠᠢ ᠲᠤᠯᠭ᠎ᠠ᠎ᠶᠢᠨ ᠭᠠᠯ᠎ᠦᠨ ᠢᠯᠴᠢᠨ ᠁ᠠᠴᠠ ᠦᠪᠯᠡᠳᠡᠭ᠃ ᠮᠣᠩᠭᠣᠯ ᠭᠡᠷ᠎ᠦᠨ᠎ᠢᠶᠡᠨ ᠢᠰᠡᠭᠡᠢ ᠰᠢᠷᠢᠳᠡᠭ ᠳᠡᠭᠡᠷ᠎ᠡ᠎ᠪᠡᠨ ᠰᠠᠭᠤᠵᠤ ᠪᠠᠢᠭᠠᠳ ᠤᠷᠲᠤ᠎ᠶᠢᠨ ᠳᠠᠭᠤᠤ ᠠᠶᠠᠯᠤᠭᠰᠠᠨ ᠡᠮᠸ ᠪᠤᠶᠤ ᠡᠪᠦᠸ᠂ ᠠᠪᠤ ᠡᠵᠢ ᠶᠤᠮ ᠦᠦ ᠡᠭᠡᠴᠢ ᠠᠬ᠎ᠠ᠂ ᠠᠪᠠᠭ᠎ᠠ ᠠᠬᠠᠢ ᠨᠠᠷ᠎ᠤᠨ᠎ᠢᠶᠠᠨ ᠳᠠᠭᠤᠯᠠᠬᠤ᠎ᠳᠦ ᠡᠪᠦᠳᠦᠭᠢ ᠨᠢ ᠲᠦᠰᠢᠨ᠂ ᠲᠣᠭᠣᠨᠣ᠌ᠪᠠᠷ ᠣᠭᠲᠠᠷᠭᠤᠢ᠎ᠶᠢᠨ ᠣᠳᠣᠳ ᠰᠢᠷᠲᠡᠨ ᠪᠠᠢᠵᠤ᠂ ᠨᠠᠷᠠ ᠰᠠᠷᠠᠲᠠᠢ ᠬᠠᠮᠲᠤ ᠳᠠᠭᠤᠯᠠᠨ ᠵᠢᠷᠭᠠᠵᠤ ᠰᠤᠷᠳᠠᠭ᠃ ᠠᠷᠭᠠᠯ ᠤᠰᠤᠨ᠎ᠳᠤ ᠶᠠᠪᠤᠬᠤ᠎ᠳᠠᠭᠠᠨ᠂ ᠮᠣᠷᠢᠲᠠᠢ ᠳᠠᠪᠬᠢᠭᠤᠯᠵᠤ ᠶᠠᠪᠤᠬᠤ᠎ᠳᠠᠭᠠᠨ᠂ ᠠᠳᠤᠭᠤᠨ᠎ᠤ ᠮᠠᠨᠠᠭᠠᠨ᠎ᠳᠤ ᠴᠡᠩᠭᠡᠭ ᠠᠭᠠᠷ ᠠᠮᠢᠰᠬᠤᠨ᠂ ᠡᠪᠡᠰᠦᠨ᠎ᠦ ᠰᠣᠷᠭᠣᠭ ᠦᠨᠦᠷ᠎ᠢᠶᠡᠷ ᠴᠡᠭᠡᠵᠢ ᠰᠡᠳᠬᠢᠯ᠎ᠢᠶᠡᠨ ᠴᠡᠩᠭᠡᠭᠦᠯᠵᠦ ᠪᠠᠢᠬᠤ᠎ᠳᠠᠭᠠᠨ᠂ ᠲᠦᠮᠡᠨ ᠠᠭᠲᠠ᠎ᠶᠢᠨ ᠲᠤᠷᠭᠢᠶᠠᠨ ᠳᠤᠮᠳᠠ ᠲᠡᠮᠦᠷ ᠭᠠᠩ ᠲᠤᠭᠤᠷᠠᠢ᠎ᠶᠢᠨ ᠴᠢᠮᠡᠭᠡ᠎ᠡᠴᠡ ᠲᠡᠭᠷᠢ᠎ᠳᠦ ᠨᠡᠪᠲᠡᠷᠡᠭᠰᠡᠨ ᠴᠠᠮᠢᠨ ᠴᠤᠤᠷᠢᠶ᠎ᠠ ᠯᠤᠭ᠎ᠠ ᠬᠣᠣᠰᠯᠠᠭᠤᠯᠤᠨ ᠰᠤᠷᠴᠤ᠂ ᠲᠠᠯ᠎ᠠ᠎ᠶᠢᠨ ᠮᠢᠩᠭᠠᠨ ᠴᠡᠴᠡᠭ ᠦᠨ ᠮᠢᠷᠠᠯᠵᠠᠬᠤ ᠭᠠᠩᠭᠠᠩ ᠬᠡᠡᠴᠡ ᠰᠡᠮ ᠰᠤᠷᠴᠤ ᠰᠡᠳᠬᠢᠯ᠎ᠳᠡᠭᠡᠨ ᠰᠡᠢᠯᠵᠦ ᠤᠯᠠᠮᠵᠢᠯᠠᠳᠠᠭ ᠶᠤᠮ᠃
ᠳᠤᠰ ᠬᠣᠰᠢᠭᠤᠨ᠎ᠤ ᠰᠣᠶᠣᠯ᠎ᠤᠨ ᠣᠷᠳᠣᠨ ᠵᠢᠴᠢ ᠥᠪᠥᠷᠪᠤᠯᠠᠭ ᠳᠤᠮᠳᠠᠳᠤ ᠰᠤᠷᠭᠠᠭᠤᠯᠢ᠂ ᠰᠢᠨᠡᠪᠤᠯᠠᠭ ᠰᠤᠷᠭᠠᠭᠤᠯᠢ ᠵᠡᠷᠭᠡ ᠤᠯᠠᠨ ᠳᠤᠮᠳᠠᠳᠤ ᠪᠠᠭ᠎ᠠ ᠰᠤᠷᠭᠠᠭᠤᠯᠢ᠎ᠳᠤ ᠤᠷᠳᠤ᠎ᠶᠢᠨ ᠳᠠᠭᠤᠤ᠎ᠶᠢ ᠤᠯᠠᠮᠵᠢᠯᠠᠨ ᠰᠤᠷᠭᠠᠬᠤ ᠭᠠᠵᠠᠷ ᠪᠠᠢᠭᠤᠯᠵᠤ᠂ ᠲᠤᠰᠬᠠᠢ ᠬᠠᠷᠢᠶᠠᠲᠤ ᠳᠠᠭᠤᠤ᠎ᠶᠢᠨ ᠠᠩᠭᠢ ᠨᠡᠭᠡᠭᠡᠵᠦ᠂ ᠤᠷᠳᠦ ᠵᠢᠨ ᠳᠠᠭᠤᠤ ᠵᠢᠨ ᠪᠣᠳᠠᠰ᠎ᠤᠨ ᠪᠤᠰᠤ ᠰᠣᠶᠣᠯ᠎ᠤᠨ ᠥᠪ᠎ᠦᠨ ᠤᠯᠠᠮᠵᠢᠯᠠᠭᠴᠢᠳ ᠭᠠᠷᠠᠭ ᠪᠦᠷᠢ ᠪᠠᠶ᠋ᠢᠩᠭᠤ ᠰᠤᠷᠭᠠᠭᠤᠯᠢ᠎ᠳᠤ ᠣᠷᠣᠵᠤ ᠬᠢᠴᠢᠶᠡᠯᠯᠡᠳᠡᠭ᠂ ᠪᠠᠰᠠ ᠡᠯ᠎ᠡ ᠰᠤᠮᠤ ᠭᠠᠴᠠᠭ᠎ᠠ᠎ᠳᠤ ᠭᠦᠨᠵᠡᠭᠡᠢᠷᠡᠨ ᠲᠤᠬᠠᠢ᠎ᠶᠢᠨ ᠲᠠᠯᠠᠪᠤᠷ᠎ᠤᠨ ᠵᠢᠭᠠᠨ ᠰᠤᠷᠭᠠᠯᠲᠠ᠎ᠶᠢ ᠥᠷᠨᠢᠭᠦᠯᠵᠦ᠂ ᠰᠤᠷᠤᠭᠴᠢᠳ᠎ᠢ ᠨᠢᠬᠡ ᠨᠢᠭᠡ᠎ᠪᠡᠷ ᠣᠨᠣᠪᠴᠢᠲᠠᠢ ᠵᠢᠯᠤᠭᠣᠳᠴᠤ᠂ ᠵᠢᠯ ᠪᠦᠷᠢ ᠦᠨᠳᠦᠰᠦᠨ ᠱᠠᠲᠤᠨ᠎ᠳᠤ ᠵᠢᠭᠠᠨ ᠰᠤᠷᠭᠠᠬᠤ ᠠᠵᠢᠯᠯᠠᠭ᠎ᠠ᠎ᠶᠢ ᠵᠠᠭᠤᠨ ᠲᠠᠯᠠᠪᠤᠷ ᠤᠳᠠᠭ᠎ᠠ ᠥᠷᠨᠢᠭᠦᠯᠵᠡᠢ᠃ ᠪᠠᠰᠠ ᠪᠦᠬᠦ ᠣᠷᠣᠨ᠎ᠤ 《ᠪᠤᠶᠠᠨᠳᠡᠯᠭᠡᠷ ᠬᠤᠨᠳᠠᠭᠠᠲᠤ》 ᠤᠷᠲᠤ᠎ᠶᠢᠨ ᠳᠠᠭᠤᠤ᠎ᠶᠢᠨ ᠤᠷᠤᠯᠳᠤᠭᠠᠨ᠎ᠢ ᠬᠤᠭᠤᠴᠠᠭ᠎ᠠ ᠳᠠᠷᠠᠭᠠᠯᠠᠨ ᠡᠷᠬᠢᠯᠡᠵᠦ᠂ ᠬᠣᠲᠠ᠂ ᠬᠣᠰᠢᠭᠤ ᠬᠣᠶᠠᠷ ᠱᠠᠲᠤᠨ᠎ᠤ ᠠᠵᠢᠯ᠎ᠤᠨ ᠴᠢᠯᠦᠭᠡᠨ᠎ᠦ ᠳᠠᠭᠤᠴᠢᠳ᠎ᠤᠨ ᠤᠷᠤᠯᠳᠤᠭᠠᠨ᠎ᠢ ᠢᠵᠢ ᠪᠦᠷᠢᠳᠦᠭᠦᠯᠦᠨ ᠥᠷᠨᠢᠭᠦᠯᠵᠦ᠂ ᠦᠨᠳᠦᠰᠦᠨ ᠱᠠᠲᠤᠨ᠎ᠤ ᠦᠵᠡᠭᠦᠯᠭᠡ᠎ᠶᠢᠨ ᠲᠠᠪᠴᠠᠩ᠎ᠢ ᠪᠠᠢᠭᠤᠯᠤᠨ᠂ ᠨᠡᠢᠭᠡᠮᠯᠢᠭ ᠪᠦᠯᠬᠦᠮ᠎ᠢ ᠵᠣᠬᠢᠶᠠᠨ ᠪᠠᠢᠭᠤᠯᠵᠦ᠂ ᠣᠷᠣᠨ᠎ᠤ ᠭᠠᠳᠠᠨ᠎ᠠ ᠬᠦᠷᠴᠦ ᠤᠷᠤᠯᠳᠤᠭᠠᠨ᠎ᠳᠤ ᠣᠷᠣᠯᠴᠠᠨ ᠰᠣᠯᠢᠯᠴᠠᠭ᠎ᠠ ᠬᠢᠵᠦ᠂ 2025ᠣᠨ᠎ᠳᠤ ᠪᠥᠬᠥ ᠤᠯᠤᠰ᠎ᠤᠨ ᠤᠳᠬ᠎ᠠ ᠤᠷᠠᠯᠢᠭ᠋᠎ᠤᠨ ᠰᠣᠯᠢᠯᠴᠠᠭᠠᠨ᠎ᠤ ᠠᠵᠢᠯᠯᠠᠭ᠎ᠠ᠎ᠳᠤ ᠳᠤᠰ ᠬᠤᠰᠢᠭᠤ ᠡᠴᠡ ᠳᠡᠪᠰᠢᠬᠦᠯᠦᠭᠰᠡᠨ ᠳᠠᠭᠤᠤ ᠵᠢᠨ ᠪᠦᠳᠦᠬᠡᠯ ᠨᠢ ᠬᠣᠶᠠᠳᠤᠭᠠᠷ ᠳᠡᠰ᠎ᠤᠨ ᠱᠠᠩᠨᠠᠯ᠎ᠢ ᠭᠥᠷᠳᠡᠵᠦ᠂ ᠪᠠᠷᠭᠤ ᠣᠷᠳᠣ᠌᠎ᠶᠢᠨ ᠳᠠᠭᠤᠤ᠎ᠶᠢᠨ ᠲᠠᠯ᠎ᠠ ᠨᠤᠲᠤᠭ᠎ᠠᠴᠠ ᠭᠠᠷᠴᠤ᠂ ᠨᠠᠩ ᠥᠷᠭᠡᠨ ᠠᠭᠤᠳᠠᠮ ᠲᠠᠪᠴᠠᠩ᠎ᠳᠤ ᠭᠠᠷᠬᠤ᠎ᠶᠢ ᠠᠬᠢᠭᠤᠯᠪᠠ᠃

ᠰᠢᠨ᠎ᠠ ᠪᠠᠷᠭᠤ ᠵᠡᠭᠦᠨ ᠬᠣᠰᠢᠭᠤᠨ᠎ᠤ ᠤᠷᠳᠤ ᠵᠢᠨ ᠳᠠᠭᠤᠴᠢᠳ ᠳᠡᠭᠡᠳᠦᠰ᠎ᠤᠨ᠎ᠢᠶᠡᠨ ᠳᠠᠭᠤᠨ᠎ᠤ ᠭᠧᠨ᠎ᠢ ᠭᠠᠢᠬᠠᠮᠰᠢᠭ᠍ᠲᠤ ᠪᠠᠢᠭᠠᠯᠢ᠎ᠶᠢᠨ᠎ᠢᠶᠡᠨ ᠰᠢᠳᠢ᠎ᠲᠠᠢ ᠬᠠᠮᠲᠤ ᠠᠪᠴᠤ ᠲᠥᠷᠥᠳᠡᠭ᠃ ᠲᠡᠳᠡ ᠲᠣᠭᠣᠨᠣ᠌ᠪᠠᠷ ᠲᠡᠭᠷᠢ᠎ᠶᠢᠨ ᠨᠠᠷᠠ ᠰᠠᠷ᠎ᠠ ᠤᠳᠤ ᠲᠠᠢ ᠲᠠᠨᠢᠯᠴᠠᠨ ᠨᠠᠢᠵᠠᠯᠠᠵᠤ᠂ ᠴᠡᠩᠭᠡᠭ ᠠᠭᠠᠷ᠎ᠢᠶᠠᠷ ᠵᠢᠷᠦᠬᠡ ᠪᠡᠶ᠎ᠡ᠎ᠪᠡᠨ ᠠᠷᠢᠭᠤᠰᠬᠠᠨ᠂ ᠬᠠᠶᠠᠭ᠎ᠠ᠎ᠪᠠᠷ ᠭᠠᠩᠬᠤᠬᠤ ᠡᠪᠡᠰᠦᠨ᠎ᠦ ᠨᠠᠢᠭᠤᠭ᠎ᠠ᠂ ᠦᠷ᠎ᠢᠶᠡᠷ ᠵᠢᠷᠭᠢᠬᠦ ᠰᠢᠪᠠᠭᠤᠳ᠎ᠤᠨ ᠳᠠᠭᠤ᠂ ᠭᠤᠤᠯ ᠭᠤᠷᠤᠬ᠎ᠠ ᠵᠢᠨ ᠤᠷᠤᠰᠬᠠᠯ᠎ᠤᠨ ᠠᠢᠵᠡᠮ᠂ ᠬᠣᠨᠢ ᠮᠠᠯ᠎ᠤᠨ ᠬᠡᠪᠢᠬᠦ ᠢᠳᠡᠰᠢᠯᠡᠬᠦ ᠴᠢᠮᠡᠭᠡ ᠵᠡᠷᠭᠡ ᠨᠡᠭᠦᠳᠡᠯ ᠰᠣᠶᠣᠯ᠎ᠤᠨ ᠰᠣᠳᠣᠨ ᠭᠠᠢᠬᠠᠮᠰᠢᠭ᠋ᠠᠬᠤᠢ ᠪᠠᠢᠳᠠᠯ ᠳᠤᠮᠳᠠ ᠦᠰᠦᠨ ᠪᠣᠢᠵᠢᠵᠤ᠂ ᠠᠷᠠᠢ ᠲᠣᠮᠣ᠌ ᠪᠣᠯᠵᠤ ᠮᠣᠷᠢᠨ᠎ᠤ ᠨᠢᠷᠤᠭᠤᠨ᠎ᠳᠤ ᠭᠠᠷᠤᠮᠠᠭᠴᠠ ᠪᠠᠨ ᠲᠠᠯ᠎ᠠ᠎ᠶᠢᠨ ᠴᠡᠭᠡᠯ᠎ᠡᠴᠡ ᠬᠠᠩᠭᠢᠨᠠᠬᠤ ᠤᠷᠲᠤ᠎ᠶᠢᠨ ᠳᠠᠭᠤᠤ᠂ ᠲᠠᠪᠤᠨ ᠬᠠᠨᠠᠲᠤ ᠭᠡᠷ᠎ᠡᠴᠡ ᠴᠤᠤᠷᠢᠶᠠᠯᠠᠬᠤ ᠨᠠᠢᠷ᠎ᠤᠨ ᠳᠠᠭᠤᠤ᠂ ᠲᠤᠤᠯᠢ ᠬᠠᠢᠯᠠᠬᠤ ᠳᠠᠭᠤᠤ᠂ ᠲᠣᠢᠭ᠋ᠤᠨ ᠳᠠᠭᠤᠤ᠂ ᠤᠷᠤᠯᠳᠤᠭᠠᠨ ᠮᠣᠷᠢᠨ᠎ᠤ ᠴᠣᠯᠠ ᠳᠠᠭᠤᠳᠠᠬᠤ ᠪᠠ ᠠᠮᠢᠳᠤᠷᠠᠯ᠎ᠤᠨ ᠳᠤᠮᠳᠠᠬᠢ ᠢᠷᠦᠭᠡᠯ᠎ᠦᠨ ᠳᠠᠭᠤᠤ᠂ ᠮᠥᠷᠥᠭᠡᠳᠦᠯ᠎ᠦᠨ ᠳᠠᠭᠤᠤ᠂ ᠪᠦᠬᠦ ᠠᠮᠢᠳᠤᠷᠠᠯ᠎ᠢᠶᠠᠨ ᠳᠠᠭᠤᠤ᠎ᠪᠠᠷ ᠲᠡᠮᠳᠡᠭᠯᠡᠳᠡᠭ᠃ ᠪᠠᠶᠠᠨ ᠪᠠᠷᠭᠤ᠎ᠶᠢᠨ ᠡᠨᠡᠬᠦ ᠤᠯᠠᠮᠵᠢᠯᠠᠯᠳᠤ ᠤᠷᠠᠯᠢᠭ᠋᠎ᠤᠨ ᠣᠷᠴᠢᠨ ᠠᠬᠤᠢ᠎ᠳᠤ ᠦᠷ᠎ᠠ ᠤᠳᠤᠮ ᠨᠢ ᠰᠠᠢᠨ ᠳᠠᠭᠤᠴᠢᠨ ᠪᠤᠯᠤᠯ ᠦᠭᠡᠢ ᠶᠠᠭᠠᠬᠢᠬᠤᠪ᠃ ᠳᠡᠷᠡ ᠪᠤᠯ ᠶᠠᠭᠠᠬᠢᠬᠤ᠎ᠶᠢᠨ ᠠᠷᠭ᠎ᠠ ᠦᠭᠡᠢ ᠠᠮᠢᠳᠤᠷᠡᠯ ᠪᠠᠢᠭᠠᠯᠢ ᠡᠴᠡ ᠵᠠᠶᠠᠭᠠᠭᠰᠠᠨ ᠤᠷᠠᠯᠢᠭ᠎ᠤᠨ ᠦᠪ ᠡᠷᠳᠡᠨᠢᠰ ᠪᠢᠯᠡ᠃
(ᠬᠡᠷᠡᠯ ᠵᠢᠷᠤᠭ᠎ᠢ ᠰᠢᠨ᠎ᠠ ᠪᠠᠷᠭᠤ ᠵᠡᠬᠦᠨ ᠬᠤᠰᠢᠭᠤᠨ᠎ᠤ ᠬᠠᠮ ᠵᠠᠭᠤᠴᠢᠯᠠᠭᠤᠷ ᠤ᠋ᠨ ᠳᠦᠪ ᠬᠠᠨᠭᠭᠠᠪᠠ)
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠵᠣᠣ ᠱᠦ᠍ ᠭᠤᠸᠠᠩ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃