ᠲᠡᠷᠢᠭᠦᠨ ᠨᠢᠭᠤᠷ>ᠡᠭᠦᠯᠡᠨ ᠬᠦᠯᠦᠭ>ᠡᠭᠦᠯᠡᠨ ᠴᠡᠩᠬᠡᠷ ᠨᠤᠲᠤᠭ

2026-09-25 21:03:46

ᠵᠣᠬᠢᠶᠠᠭ᠍ᠴᠢ᠄ ​ ᠤᠷᠢᠬᠠᠨ ᠣᠩᠱᠢᠭ᠍ᠰᠠᠨ ᠣᠳᠠᠭ᠎ᠠ᠄ 3

ᠭᠤᠷᠪᠠᠨ ᠱᠠᠳᠤᠨ᠎ᠤ ᠬᠤᠯᠪᠤᠭᠠᠯᠠᠯ — ᠲᠤᠰᠬᠠᠢ ᠰᠡᠳᠦᠪᠲᠦ ᠮᠡᠳᠡᠭᠡᠯᠡᠯ 34


ᠬᠡᠰᠢᠭᠳᠡᠨ ᠬᠤᠰᠢᠭᠤᠨ᠎ᠤ ᠲᠠᠯᠠᠢ ᠨᠠᠭᠤᠷ ᠬᠡᠵᠦ ᠳᠡᠯᠬᠡᠭᠰᠡᠨ ᠰᠡᠳᠬᠢᠯ ᠰᠢᠭ ᠳᠡᠨᠢᠬᠦᠨ ᠬᠠᠷᠠᠭᠳᠠᠬᠤ ᠪᠡᠷ ᠵᠢᠡᠨ ᠬᠠᠷᠠᠭ᠎ᠠ ᠪᠠᠶᠠᠰᠬᠠᠵᠦ ᠬᠠᠢᠷ᠎ᠠ ᠪᠢᠯᠬᠠᠭᠤᠯᠳᠠᠭ᠃

ᠲᠠᠯᠠᠢ ᠨᠠᠭᠤᠷ ᠤ᠋ᠨ ᠦᠵᠡᠮᠵᠢ ᠰᠠᠢᠬᠠᠨ᠂ ᠤᠷᠴᠢᠨ ᠳᠤᠭᠤᠷᠢᠨ ᠨᠢ ᠠᠭᠤᠷ ᠠᠮᠢᠰᠬᠤᠯ ᠲᠠᠭᠠᠯᠠᠮᠵᠢᠳᠠᠢ᠂ ᠠᠮᠢᠳᠤ ᠪᠤᠳᠠᠰ ᠤ᠋ᠨ ᠡᠯᠸᠮᠸᠨ᠋ᠲ ᠴᠤ᠌ ᠮᠠᠰᠢ ᠡᠯᠪᠡᠭ ᠪᠠᠢᠳᠠᠭ ᠪᠤᠯ ᠡᠨᠳᠡᠬᠢ ᠵᠢᠭᠠᠰᠤ ᠨᠢ ᠬᠤᠯᠠ ᠤᠢᠷ᠎ᠠ ᠳ᠋ᠠᠭᠠᠨ ᠠᠯᠳᠠᠷ ᠳᠠᠢ᠃ ᠴᠠᠭᠠᠯᠵᠢ ᠵᠢᠭᠠᠰᠤ ᠪᠡ ᠬᠡᠯᠳᠡᠬᠡ ᠵᠢᠭᠠᠰᠤ ᠨᠢ ᠤᠯᠤᠰ ᠤ᠋ᠨ ᠭᠠᠵᠠᠷ ᠵᠦᠢ ᠶ᠋ᠢᠨ ᠢᠯᠡᠷᠭᠡᠢᠯᠡᠯᠳᠦ ᠲᠡᠷᠢᠶᠡᠯᠡᠩ ᠤ᠋ᠨ ᠪᠦᠳᠦᠭᠡᠭᠳᠡᠬᠦᠨ ᠪᠤᠯᠤᠨ᠎ᠠ᠃ ᠲᠠᠯᠠᠢ ᠨᠠᠭᠤᠷ ᠤ᠋ᠨ ᠤᠰᠤ ᠨᠢ ᠬᠠᠭᠠᠰ ᠬᠤᠵᠢᠷᠯᠢᠭ᠋᠂ ᠤᠰᠤᠨ ᠤ᠋ ᠪᠡᠨ ᠤᠨᠴᠠᠭᠠᠢ ᠴᠢᠨᠠᠷ ᠡᠴᠡ ᠰᠢᠯᠳᠠᠭᠠᠯᠠᠭᠳᠠᠨ ᠴᠠᠭᠠᠯᠵᠢ ᠵᠢᠭᠠᠰᠤ᠂ ᠬᠡᠯᠳᠡᠬᠡ ᠵᠢᠭᠠᠰᠤ ᠮᠡᠳᠤ ᠶ᠋ᠢᠨ ᠴᠦᠬᠡᠪᠳᠤᠷ ᠬᠡᠳᠦᠨ ᠳᠦᠷᠦᠯ ᠤ᠋ᠨ ᠵᠢᠭᠠᠰᠤ ᠦᠪᠡᠷ ᠳᠡᠬᠡᠨ ᠠᠮᠢᠳᠤᠷᠡᠵᠦ ᠦᠷᠡᠵᠢᠳᠡᠭ ᠳᠤᠯᠠ ᠬᠦᠮᠦᠨ ᠤ᠋ ᠬᠦᠴᠦ ᠪᠡᠷ ᠵᠢᠷᠠᠭᠠᠬᠠᠢ ᠲᠠᠯᠪᠢᠬᠤ ᠴᠢᠬᠤᠯᠠ ᠦᠬᠡᠢ᠂ ᠭᠠᠷᠤᠯᠳᠠ ᠨᠢ ᠴᠤ᠌ ᠦᠨᠳᠤᠷ ᠪᠠᠢᠳᠠᠭ᠃

ᠵᠢᠯ ᠪᠦᠷᠢ ᠶ᠋ᠢᠨ 12 ᠰᠠᠷ᠎ᠠ ᠶ᠋ᠢᠨ ᠲᠤᠮᠳᠠᠴᠢ ᠪᠡᠷ ᠠᠭᠠᠷ ᠤ᠋ᠨ ᠲᠤᠯᠠᠭᠠᠨ ᠳᠡᠭ ᠡᠴᠡ ᠳᠤᠷᠤᠭᠰᠢ 25 ᠭᠷᠡᠳᠦ᠋ᠰ ᠤᠷᠴᠢᠮ ᠬᠦᠷᠴᠦ᠂ ᠨᠠᠭᠤᠷ ᠤ᠋ᠨ ᠭᠠᠳᠠᠷᠭᠤ 45 ᠰᠡᠨᠲ᠋ᠢᠮᠸᠲᠷ᠎ᠵᠤᠵᠠᠭᠠᠨ ᠬᠦᠯᠳᠡᠬᠦ ᠪᠡᠷ ᠲᠠᠯᠠᠢ ᠨᠠᠭᠤᠷ ᠤ᠋ᠨ ᠵᠢᠭᠠᠰᠤᠨ ᠲᠠᠯᠠᠪᠠᠢ ᠶ᠋ᠢᠨ ᠵᠢᠭᠠᠰᠤᠴᠢᠳ ᠡᠷᠳᠡ ᠲᠡᠭᠡᠳᠦ ᠡᠴᠡ ᠤᠯᠠᠮᠵᠢᠯᠠᠵᠦ ᠢᠷᠡᠭᠰᠡᠨ ᠵᠢᠭᠠᠰᠤᠨ ᠠᠩᠨᠠᠯ ᠢ᠋ᠶ᠋ᠠᠨ ᠡᠬᠢᠯᠡᠬᠦᠯᠳᠡᠭ᠃ ᠶᠢᠰᠦ ᠤᠷᠤᠭᠰᠠᠨ ᠤ᠋ ᠲᠠᠷᠠᠭ᠎ᠠ᠂ ᠲᠠᠯᠠᠢ ᠨᠠᠭᠤᠷ ᠤ᠋ᠨ ᠤᠰᠤᠨ ᠳ᠋ᠤ᠌ ᠠᠮᠢᠳᠦᠷᠠᠳᠠᠭ ᠴᠠᠭᠠᠯᠵᠢ ᠵᠢᠭᠠᠰᠤ᠂ ᠬᠡᠯᠳᠡᠬᠡ ᠵᠢᠭᠠᠰᠤ ᠵᠡᠷᠭᠡ ᠵᠢᠭᠠᠰᠤᠨ ᠤ᠋ ᠲᠦᠷᠦᠯ ᠨᠢ ᠡᠨᠡ ᠦᠶ᠎ᠡ ᠳ᠋ᠤ᠌ ᠠᠮᠳᠠ ᠰᠢᠮ᠎ᠠ ᠵᠢᠨ ᠤᠬᠢ ᠪᠠᠢᠳᠠᠯ ᠳ᠋ᠤ᠌ ᠤᠷᠤᠵᠦ᠂ ᠵᠢᠭᠠᠰᠤ ᠠᠩᠨᠠᠵᠦ ᠱᠦᠬᠦᠬᠦ ᠳ᠋ᠤ᠌ ᠠᠰᠢᠭ᠍ᠳᠠᠢ ᠪᠠᠢᠳᠠᠭ ᠮᠦᠷᠳᠡᠭᠡᠨ ᠴᠠᠭᠠᠨ ᠰᠠᠷ᠎ᠠ ᠤᠢᠷᠠᠳᠴᠤ᠂ ᠵᠠᠬ᠎ᠠ ᠲᠡᠯᠭᠡᠬᠦᠷ ᠤ᠋ᠨ ᠬᠡᠷᠡᠭᠴᠡᠭᠡ ᠴᠤ᠌ ᠬᠠᠮᠤᠭ ᠤ᠋ᠨ ᠰᠠᠢᠨ ᠪᠠᠢᠳᠠᠭ᠃ ᠲᠠᠯᠠᠢ ᠨᠠᠭᠤᠷ ᠤ᠋ᠨ ᠤᠯᠠᠮᠵᠢᠯᠠᠯᠳᠤ ᠵᠢᠭᠠᠰᠤᠨ ᠠᠩᠨᠠᠯ ᠨᠢ ᠦᠨᠢ ᠤᠳᠠᠭᠠᠨ ᠵᠢᠯ ᠦᠷᠬᠦᠯᠵᠢᠯᠡᠵᠦ᠂ ᠠᠷᠭ᠎ᠠ ᠬᠡᠯᠪᠡᠷᠢ ᠨᠢ ᠤᠨᠴᠠᠭᠠᠢ ᠮᠦᠷᠳᠡᠭᠡᠨ ᠠᠮᠢᠳᠤᠯᠢᠭ᠋ ᠪᠠᠢᠳᠠᠭ᠃

ᠵᠢᠯ ᠪᠤᠯᠭᠠᠨ ᠤ᠋ ᠵᠢᠭᠠᠰᠤᠨ ᠠᠩᠨᠠᠯ ᠤ᠋ᠨ ᠠᠵᠢᠯᠯᠠᠭᠠᠨ ᠡᠬᠢᠯᠡᠬᠦ ᠦᠶᠡᠰ ᠢ᠋ᠶ᠋ᠠᠷ᠂ ᠥᠷ᠎ᠤᠨ ᠬᠠᠷᠠᠨᠭᠭᠤᠢ ᠪᠡᠷ ᠲᠠᠯᠠᠢ ᠨᠠᠭᠤᠷ᠎ᠤᠨ ᠵᠢᠭᠠᠰᠤᠨ ᠲᠠᠯᠠᠪᠠᠶ᠎ᠶᠢᠨ ᠵᠢᠭᠠᠰᠤᠴᠢᠳ ᠠᠩᠨᠠᠨ ᠱᠦᠭᠦᠬᠦ ᠲᠥᠬᠥᠭᠡᠷᠦᠮᠵᠢ ᠪᠡᠨ ᠳᠦᠭᠦᠷᠡᠩ ᠠᠴᠢᠭ᠍ᠰᠠᠨ ᠲᠷᠠᠺᠲ᠋ᠣᠷ᠎ᠢᠶᠠᠷ ᠬᠠᠬᠢᠷ ᠡᠪᠦᠯ᠎ᠤᠨ ᠬᠦᠢᠲᠡᠨ᠎ᠢ ᠰᠦᠷᠤᠨ᠂ ᠥᠷᠯᠥᠭᠡ᠎ᠶᠢᠨ ᠨᠡᠷᠡᠨ ᠢ᠋ ᠤᠭᠳᠤᠨ ᠰᠦᠷ ᠳᠠᠯᠠᠶ᠋ᠢᠴᠠᠲᠠᠶ ᠲᠠᠪᠬᠢᠯᠳᠦᠵᠦ᠂ ᠨᠠᠮ ᠰᠡᠯᠡᠬᠦᠦ ᠨᠠᠭᠤᠷ᠎ᠤᠨ ᠠᠬᠤᠢ᠎ᠳᠤ ᠬᠦᠷ ᠬᠦᠭᠵᠢᠶᠡᠨ ᠨᠡᠮᠡᠷᠢᠯᠡᠳᠡᠭ᠃ ᠵᠢᠭᠠᠰᠤᠨ ᠠᠩᠨᠠᠯ ᠢ᠋ᠶ᠋ᠠᠨ ᠨᠠᠭᠤᠷ ᠤ᠋ᠨ ᠠᠯᠢ ᠭᠡᠰᠡᠭ ᠲᠤ᠌ ᠠᠩᠨᠠᠬᠤ ᠡᠰᠡᠬᠦ ᠨᠢ ᠠᠬᠠᠯᠠᠭᠴᠢ ᠵᠢᠭᠠᠰᠤᠴᠢᠨ᠎ᠤ ᠲᠤᠷᠰᠢᠯᠭ᠎ᠠ ᠡᠴᠡ ᠰᠠᠯᠵᠦ ᠴᠢᠳᠠᠬᠤ ᠦᠬᠡᠢ᠂ ᠶᠡᠷᠦᠳᠡᠭᠡᠨ ᠮᠦᠰᠦᠨ ᠭᠠᠳᠠᠷᠭᠤ ᠨᠢ ᠲᠡᠭᠰᠢᠬᠡᠨ᠂ ᠤᠰᠤᠨ ᠲᠤᠤᠷ᠎ᠠ ᠬᠠᠷᠰᠢ ᠰᠠᠭᠠᠳ ᠦᠬᠡᠢ᠂ ᠵᠢᠭᠠᠰᠤᠨ ᠤ᠋ ᠰᠦᠷᠦᠭ ᠲᠦᠪᠯᠡᠷᠡᠭᠰᠡᠨ ᠪᠠᠢᠷᠢ ᠶ᠋ᠢ ᠰᠤᠩᠭᠤᠵᠦ ᠵᠢᠭᠠᠰᠤ ᠠᠩᠨᠠᠬᠤ ᠬᠡᠪᠴᠢᠶ᠎ᠡ ᠪᠡᠨ ᠲᠤᠭᠳᠠᠪᠠᠯ ᠮᠦᠰᠦᠨ ᠲᠡᠭᠡᠷ᠎ᠡ ᠲᠤᠭ ᠬᠠᠳᠬᠤᠵᠦ ᠵᠢᠭᠠᠰᠤ ᠠᠩᠨᠠᠬᠤ ᠴᠡᠭ ᠵᠢᠡᠨ ᠲᠤᠳᠤᠷᠬᠠᠢᠯᠠᠨ᠎ᠠ᠃

ᠤᠯᠠᠮᠵᠢᠯᠠᠯᠲᠤ ᠠᠩᠨᠠᠯ᠎ᠤᠨ ᠠᠵᠢᠯᠯᠠᠭᠠᠨ ᠪᠣᠯᠤᠭᠰᠠᠨ᠎ᠤ ᠬᠤᠪᠢ᠎ᠳᠤ᠂ ᠡᠪᠦᠯ᠎ᠤᠨ ᠤᠯᠠᠷᠢᠯ ᠤ᠋ᠨ ᠡᠷᠲᠡᠨ᠎ᠤ ᠠᠩᠨᠠᠯ᠎ᠤᠨ ᠤᠷ᠎ᠠ ᠮᠡᠷᠭᠡᠵᠢᠯ ᠨᠢᠭᠡᠪᠦᠷᠢ᠎ᠨᠢ ᠬᠥᠮᠦᠰ᠎ᠤᠨ ᠰᠡᠳᠬᠢᠯ᠎ᠢ ᠲᠠᠲᠠᠵᠦ᠂ ᠥᠩᠭᠡ ᠪᠤᠳᠤᠭ᠎ᠢᠶᠠᠷ ᠲᠤᠶ᠋ᠢᠯ᠎ᠤᠨ ᠪᠠᠶᠠᠯᠢᠭ᠋ ᠪᠠᠶ᠋ᠢᠳᠠᠭ᠃ ᠨᠠᠭᠤᠷ ᠳᠠᠬᠢᠬᠤ᠂ ᠲᠣᠣᠷ᠎ᠠᠮᠢᠯᠠᠭᠤᠯᠬᠤ᠂ ᠮᠥᠰᠥ ᠬᠠᠭᠠᠯᠵᠦ ᠲᠤᠤᠷ ᠲᠠᠯᠪᠢᠬᠤ᠂ ᠮᠦᠰᠦ ᠴᠤᠭᠤᠯᠤᠨ ᠮᠤᠳᠤ ᠰᠢᠷᠭᠤᠭᠤᠯᠵᠦ ᠲᠤᠤᠷ ᠵᠠᠯᠠᠬᠤ᠂ ᠲᠣᠣᠷ ᠬᠠᠶᠠᠵᠦ ᠲᠠᠳᠠᠬᠤ᠂ ᠵᠢᠭᠠᠰᠤ ᠭᠠᠷᠭᠠᠬᠤ ᠵᠡᠷᠭᠡ ᠵᠢᠭᠠᠰᠤᠴᠢᠳ ᠤ᠋ᠨ ᠲᠠᠳᠮᠠᠭᠠᠢ ᠠᠯᠬᠤᠮ ᠶᠠᠪᠤᠴᠠ ᠪᠦᠷᠢ ᠨᠢ ᠲᠤᠷ᠎ᠠ ᠰᠤᠨᠢᠷᠬᠠᠯ ᠳᠦᠬᠦᠷᠡᠨᠭ ᠳᠦᠷᠦᠬᠦᠯᠵᠦ᠂ ᠬᠦᠳᠡᠯᠮᠦᠷᠢᠴᠢᠨ ᠠᠷᠠᠳ ᠤ᠋ᠨ ᠦᠪᠡᠷᠮᠢᠴᠡ ᠵᠠᠩ ᠵᠠᠩᠰᠢᠯ ᠪᠠ ᠬᠢᠵᠠᠭᠠᠯᠠᠰᠢ ᠦᠬᠡᠢ ᠤᠶᠤᠨ ᠪᠢᠯᠢᠭ ᠠᠭᠤᠰᠴᠤ ᠪᠠᠢᠳᠠᠭ᠃ ᠨᠠᠭᠤᠷ ᠲᠣ᠌ ᠲᠠᠯᠪᠢᠭ᠍ᠰᠠᠨ ᠦᠭᠶᠦᠬᠡ ᠲᠤᠤᠷ ᠢ᠋ᠶ᠋ᠠᠨ ᠮᠤᠷᠢ ᠪᠠᠷ ᠲᠠᠳᠠᠬᠤ᠎ᠨᠢ ᠡᠷᠲᠡᠨ᠎ᠤ ᠬᠥᠮᠦᠰ᠎ᠤᠨ ᠤᠶᠤᠨ ᠤᠬᠠᠭᠠᠨ᠎ᠢ ᠢᠯᠡᠷᠡᠭᠦᠯᠵᠦ᠂ ᠮᠠᠰᠢᠨ ᠮᠧᠬᠠᠨᠢᠭ᠋᠎ᠢᠶᠠᠷ ᠬᠠᠮᠵᠢᠨ ᠠᠵᠢᠯᠯᠠᠬᠤ᠎ᠨᠢ ᠤᠳᠤ ᠦᠶ᠎ᠡ᠎ᠶᠢᠨ ᠪᠣᠯᠪᠠᠰᠤᠨ᠎ᠢ ᠬᠠᠷᠠᠭᠤᠯᠵᠦ᠂ ᠵᠢᠭᠠᠰᠤᠨ ᠠᠩᠨᠠᠯ ᠤ᠋ᠨ ᠤᠷ᠎ᠠ ᠮᠡᠷᠭᠡᠵᠢᠯ᠎ᠨᠢ ᠡᠷᠲᠡᠨ ᠲᠠᠢ ᠬᠣᠯᠪᠣᠭᠳᠠᠵᠤ᠂ ᠤᠳᠤ ᠦᠶ᠎ᠡ᠎ᠶᠢᠨ ᠰᠢᠨᠵᠢᠯᠡᠬᠦ ᠤᠬᠠᠭᠠᠨ ᠲᠸᠭᠨᠢᠭ ᠮᠡᠷᠭᠡᠵᠢᠯ᠎ᠲᠠᠢ ᠴᠤᠭ ᠢ᠋ᠶ᠋ᠠᠷ ᠲᠠᠯᠠᠢ ᠨᠠᠭᠤᠷ᠎ᠤᠨ ᠠᠨᠭᠨᠠᠯ᠎ᠤᠨ ᠰᠣᠶᠣᠯ᠎ᠤᠨ ᠤᠴᠢ᠎ᠶᠢ ᠪᠠᠳᠠᠷᠠᠭᠤᠯᠤᠭᠰᠠᠨ ᠪᠠᠢᠨ᠎ᠠ᠃ ᠲᠠᠯᠠᠢ ᠨᠠᠭᠤᠷ ᠤ᠋ᠨ ᠡᠪᠦᠯ᠎ᠤᠨ ᠵᠢᠭᠠᠰᠤᠨ ᠠᠩᠨᠠᠯ᠎ᠤᠨ ᠴᠡᠭ ᠲᠤ᠌ ᠠᠵᠢᠯᠴᠢᠳ᠎ᠤᠨ ᠶᠠᠭᠠᠷᠠᠯᠲᠠᠶ ᠠᠵᠢᠯᠯᠠᠬᠤ᠎ᠶᠢ ᠳᠠᠭᠠᠯᠳᠤᠨ ᠤᠷᠳᠤ ᠯᠣᠣ ᠮᠠᠳᠤ ᠶ᠋ᠢᠨ ᠲᠣᠮᠣ᠌ ᠲᠣᠣᠷ᠎ᠢ ᠲᠷᠠᠺᠲ᠋ᠣᠷ᠎ᠢᠶᠠᠷ ᠲᠠᠲᠠᠵᠤ᠂ ᠤᠰᠤᠨ ᠡᠴᠡ ᠭᠠᠷᠤᠭᠰᠠᠨ ᠵᠢᠭᠠᠰᠤ ᠨᠦ᠍ᠭᠤᠳ ᠲᠣᠣᠷ᠎ᠲᠤ ᠨᠥᠷᠢᠨ ᠬᠠᠷᠠᠢᠵᠤ᠂ 《ᠡᠯᠪᠡᠭ ᠬᠤᠷᠢᠶᠠᠯᠲᠠ᠎ᠶᠢᠨ ᠳᠤᠤᠷ》ᠲᠤ᠌ ᠬᠠᠨᠭᠬᠤᠯᠤᠨ ᠠᠮᠢᠳᠤᠷᠠᠯ᠎ᠤᠨ ᠳᠦᠬᠦᠷᠡᠨᠭ ᠪᠠᠶᠠᠷ ᠪᠠᠶ᠋ᠢᠳᠠᠯ ᠪᠢᠯᠬᠠᠵᠤ᠂ ᠵᠢᠭᠠᠰᠤᠴᠢᠨ ᠤ᠋ ᠲᠠᠳᠮᠠᠭᠠᠢ ᠦᠢᠯᠡ ᠳ᠋ᠤ᠌ ᠬᠡᠷᠡᠭᠯᠡᠭᠡᠳ ᠪᠠᠷᠠᠰᠢ ᠦᠭᠡᠢ ᠡᠷᠴᠢ ᠵᠣᠷᠢᠭ᠋ ᠤᠨᠳᠤᠷᠴᠤ᠂ ᠡᠯᠪᠡᠭ ᠬᠤᠷᠢᠶᠡᠯᠳᠡ᠎ᠳᠤ ᠠᠯᠵᠢᠶᠠᠯ ᠶᠠᠳᠠᠷᠠᠯ ᠴᠤ᠌ ᠤᠷᠤ ᠦᠬᠡᠢ ᠵᠠᠮᠬᠠᠷᠠᠨ᠎ᠠ᠃ ᠲᠤᠤᠷ ᠢ᠋ᠶ᠋ᠠᠨ ᠬᠤᠷᠢᠶᠡᠬᠤ ᠦᠶᠡᠰ ᠵᠢᠭᠠᠰᠤᠴᠢᠳ ᠲᠠᠰᠤᠷᠠᠯᠳᠠ ᠦᠬᠡᠢ ᠲᠤᠤᠷ ᠦᠬᠡᠳᠡ ᠤᠰᠤ ᠰᠠᠴᠤᠬᠤ᠎ᠳᠤ ᠵᠢᠭᠠᠰᠤ ᠲᠤᠤᠷ᠎ᠠ ᠪᠡᠨ ᠬᠦᠯᠳᠡᠴᠢᠬᠡᠳᠡᠭ ᠳᠤᠯᠡ ᠵᠢᠭᠠᠰᠤᠨ ᠤ᠋ ᠰᠢᠨ᠎ᠡ ᠰᠤᠷᠭᠤᠭ ᠴᠢᠨᠠᠷ ᠢ᠋ ᠪᠠᠳᠤᠯᠠᠵᠦ ᠲᠡᠢᠯᠳᠡᠭ ᠃

ᠲᠠᠯᠠᠢ ᠨᠠᠭᠤᠷ ᠤ᠋ᠨ ᠡᠪᠤᠯ ᠤ᠋ᠨ ᠵᠢᠭᠠᠰᠤᠨ ᠠᠩᠨᠠᠯ ᠨᠢ ᠪᠠᠷᠤᠭ 50 ᠡᠳᠦᠷ ᠦᠷᠬᠦᠯᠵᠢᠯᠡᠵᠦ᠂ ᠵᠢᠯ ᠪᠤᠯᠭᠠᠨ ᠤ᠋ ᠲᠠᠯᠠᠢ ᠨᠠᠭᠤᠷ ᠤ᠋ᠨ ᠡᠪᠦᠯ ᠤ᠋ᠨ ᠵᠢᠭᠠᠰᠤ ᠠᠩᠨᠠᠬᠤ ᠵᠢᠭᠤᠯᠴᠢᠯᠠᠯ ᠤ᠋ᠨ ᠤᠯᠠᠷᠢᠯ ᠤ᠋ᠨ ᠠᠵᠢᠯᠯᠠᠭᠠᠨ ᠤ᠋ ᠬᠤᠭᠤᠴᠠᠭᠠᠨ ᠳ᠋ᠤ᠌ ᠬᠡᠳᠦᠢ ᠳᠠᠰᠬᠢᠮ᠎ᠠ ᠬᠦᠢᠳᠡᠨ ᠪᠠᠢᠭᠰᠠᠨ ᠴᠤ᠌ ᠬᠦᠷ ᠬᠦᠭ᠌ᠵᠢᠶᠠᠨ ᠢ᠋ᠶ᠋ᠠᠷ ᠪᠢᠯᠬᠠᠵᠦ ᠪᠠᠢᠳᠠᠭ᠃ ᠡᠯ᠎ᠡ ᠭᠠᠵᠠᠷ ᠤ᠋ᠨ ᠵᠢᠭᠤᠯᠴᠢᠯᠠᠭᠰᠠᠳ ᠪᠤᠯᠤᠨ ᠦᠨᠳᠤᠰᠤᠳᠡᠨ ᠤ᠋ ᠬᠤᠪᠴᠠᠰᠤ ᠵᠠᠰᠠᠯ ᠢ᠋ᠶ᠋ᠠᠷ ᠭᠤᠶᠤᠭᠰᠠᠨ ᠲᠤᠬᠠᠢ ᠶ᠋ᠢᠨ ᠭᠠᠵᠠᠷ ᠤ᠋ᠨ ᠤᠯᠠᠨ ᠲᠦᠮᠡᠨ ᠦᠪᠡᠳᠡᠭᠰᠢ ᠴᠤᠭᠯᠠᠭᠠᠨ ᠳ᠋ᠤ᠌ ᠤᠷᠤᠯᠴᠠᠵᠦ᠂ ᠵᠢᠭᠠᠰᠤ ᠠᠩᠨᠠᠬᠤ ᠦᠪᠡᠳᠡᠭᠰᠢ ᠶᠤᠰᠤᠯᠠᠯ ᠢ᠋ ᠪᠡᠶᠡᠴᠢᠯᠡᠨ ᠤᠢᠯᠠᠭᠠᠳᠠᠭ᠃ ᠵᠢᠭᠠᠰᠤᠨ ᠰᠦᠷᠦᠭ᠎ᠦᠨ ᠠᠮᠢ ᠠᠬᠤᠢ᠎ᠶᠢ ᠬᠠᠮᠠᠭᠠᠯᠠᠬᠤ᠎ᠶᠢᠨ ᠲᠥᠯᠥᠭᠡ᠂ ᠲᠠᠯᠠᠢ ᠨᠠᠭᠤᠷ᠎ᠲᠤ ᠵᠥᠪᠬᠡᠨ ᠵᠢᠯ ᠪᠤᠯᠭᠠᠨ᠎ᠤ ᠡᠪᠦᠯ᠎ᠦᠨ ᠤᠯᠠᠷᠢᠯ ᠳ᠋ᠤ᠌ ᠯᠡ ᠠᠩᠨᠠᠯᠲᠠ ᠬᠢᠵᠦ᠂ 《ᠵᠢᠭᠠᠰᠤ ᠠᠩᠨᠠᠬᠤ ᠳ᠋ᠤ᠌ ᠲᠤᠮᠤ ᠶ᠋ᠢ ᠨᠢ ᠠᠩᠨᠠᠵᠦ ᠵᠢᠵᠢᠭ ᠢ᠋ ᠨᠢ ᠲᠠᠯᠪᠢᠬᠤ ᠶ᠋ᠢ ᠡᠷᠬᠢᠮᠯᠡᠵᠦ᠂ ᠨᠢᠬᠡ ᠡᠳᠦᠷ ᠲᠤ᠌ ᠨᠢᠬᠡ ᠯᠡ ᠲᠤᠤᠷ ᠵᠢᠭᠠᠰᠤ ᠠᠩᠨᠠᠳᠠᠭ》᠃ ᠦᠩᠭᠡᠷᠡᠭᠰᠡᠨ ᠳ᠋ᠤ᠌ ᠵᠢᠯ ᠪᠦᠷᠢ 100 ᠲᠦᠮᠡᠨ ᠵᠢᠩ ᠵᠢᠭᠠᠰᠤ ᠠᠩᠨᠠᠵᠦ ᠪᠠᠢᠭ᠍ᠰᠡᠨ ᠡᠴᠡ ᠪᠡᠨ ᠤᠢᠷ᠎ᠠ ᠶ᠋ᠢᠨ ᠵᠢᠯ ᠡᠴᠡ ᠲᠤᠬᠠᠢ ᠶ᠋ᠢᠨ ᠭᠠᠵᠠᠷ ᠤ᠋ᠨ ᠬᠢᠨ ᠠᠮᠢ ᠠᠬᠤᠢ ᠶ᠋ᠢ ᠬᠠᠮᠠᠭᠠᠯᠠᠬᠤ ᠡᠷᠴᠢᠮ ᠢ᠋ᠶ᠋ᠠᠨ ᠴᠢᠩᠭᠠᠷᠠᠭᠤᠯᠵᠦ᠂ ᠰᠢᠨᠵᠢᠯᠡᠬᠦ ᠤᠬᠠᠭᠠᠨᠴᠢ ᠪᠡᠷ ᠠᠩᠨᠠᠬᠤ ᠶ᠋ᠢ ᠡᠷᠬᠢᠮᠯᠡᠵᠦ᠂ ᠵᠢᠯ ᠪᠦᠷᠢ᠎ᠶᠢᠨ ᠠᠩᠨᠠᠯ᠎ᠤᠨ ᠬᠡᠮᠵᠢᠶ᠎ᠡ ᠵᠢ 40 ᠲᠦᠮᠡᠨ ᠵᠢᠩ᠎ᠡᠴᠡ ᠬᠡᠲᠦᠷᠡᠬᠦᠯᠬᠦ ᠦᠭᠡᠢ ᠪᠤᠯᠭᠠᠵᠦ᠂ᠬᠡᠳᠦᠢᠪᠡᠷ ᠠᠩᠨᠠᠯ᠎ᠤᠨ ᠬᠡᠮᠵᠢᠶ᠎ᠡ ᠨᠢ ᠪᠠᠭ᠎ᠠ ᠪᠤᠯᠤᠭᠰᠠᠨ ᠪᠤᠯᠪᠠᠴᠤ ᠵᠢᠭᠠᠰᠤᠨ ᠤ᠋ ᠴᠢᠨᠡᠷ ᠨᠢ ᠦᠩᠭᠡᠷᠡᠭᠰᠡᠨ ᠤ᠋ ᠬᠢ ᠡᠴᠡ ᠪᠡᠨ ᠬᠤᠯᠠ ᠰᠠᠢᠨ ᠪᠤᠯᠵᠠᠢ᠃

ᠲᠠᠯᠠᠢ ᠨᠠᠭᠤᠷ ᠤ᠋ᠨ ᠡᠪᠦᠯ ᠤ᠋ᠨ ᠵᠢᠭᠠᠰᠤᠨ ᠠᠩᠨᠠᠯ ᠤ᠋ᠨ ᠰᠤᠶᠤᠯ ᠲᠤᠬᠠᠢ ᠶ᠋ᠢᠨ ᠭᠠᠵᠠᠷ ᠲᠤ᠌ ᠨᠢᠭᠡᠨᠳᠡ ᠤᠨ ᠤᠳᠠᠭᠠᠨ ᠦᠷᠬᠦᠯᠵᠢᠯᠡᠪᠡ᠃ 2011 ᠣᠨ᠎ᠳᠤ᠂ ᠳᠠᠯᠠᠢ ᠨᠠᠭᠤᠷ᠎ᠤᠨ ᠡᠪᠦᠯ᠎ᠦᠨ ᠵᠢᠭᠠᠰᠤᠨ ᠠᠩᠨᠠᠯ ᠤ᠋ᠨ ᠵᠠᠩᠰᠢᠯ ᠨᠢ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠭᠤᠷᠪᠠᠳᠤᠭᠠᠷ ᠪᠦᠯᠦᠭ᠎ᠦᠨ ᠪᠣᠳᠠᠰ᠎ᠤᠨ ᠪᠤᠰᠤ ᠰᠣᠶᠣᠯ᠎ᠤᠨ ᠥᠪ᠎ᠦᠨ ᠨᠡᠷᠡᠰ᠎ᠲᠦ ᠪᠦᠷᠢᠳᠬᠡᠭᠳᠠᠪᠠ᠃ ᠳᠤᠰ ᠵᠢᠭᠠᠰᠤᠨ ᠠᠩ ᠠᠩᠨᠠᠯ ᠤ᠋ᠨ ᠠᠵᠢᠯᠯᠠᠭᠠᠨ ᠨᠢ ᠲᠤᠬᠠᠢ᠎ᠶᠢᠨ ᠭᠠᠵᠠᠷ᠎ᠤᠨ ᠬᠥᠮᠥᠰ᠎ᠦᠨ ᠵᠠᠩ ᠳᠠᠳᠬᠠᠯ ᠲᠡᠳᠦᠢ ᠪᠢᠰᠢ᠂ ᠨᠠᠩ ᠴᠤ᠌ ᠭᠦᠨ ᠵᠤᠵᠠᠭᠠᠨ ᠠᠷᠠᠳ᠎ᠤᠨ ᠰᠤᠶᠤᠯ ᠢᠷᠬᠡᠨᠰᠢᠯ ᠪᠠ ᠥᠪᠡᠷᠮᠢᠴᠡ ᠣᠨᠴᠠᠯᠢᠭ᠎ᠢ ᠢᠯᠡᠷᠡᠬᠦᠯᠵᠦ᠂ ᠬᠡᠰᠢᠭᠳᠡᠨ ᠬᠣᠰᠢᠭᠤᠨ᠎ᠤ ᠡᠪᠦᠯ᠎ᠦᠨ ᠤᠯᠠᠷᠢᠯ᠎ᠤᠨ ᠲᠠᠯ᠎ᠠ ᠨᠤᠲᠤᠭ᠎ᠤᠨ ᠵᠢᠭᠤᠯᠴᠢᠯᠠᠯ᠎ᠤᠨ ᠥᠪᠡᠷᠮᠢᠴᠡ ᠦᠵᠡᠮᠵᠢ ᠪᠣᠯᠤᠭᠰᠠᠨ ᠪᠠᠢᠨ᠎ᠠ᠃

ᠲᠠᠯᠠᠢ ᠨᠠᠭᠤᠷ ᠤ᠋ᠨ ᠤᠯᠠᠮᠵᠢᠯᠠᠯᠳᠤ ᠵᠢᠭᠠᠰᠤ ᠠᠩᠨᠠᠬᠤ ᠠᠵᠢᠯᠯᠠᠭᠠᠨ ᠨᠢ ᠪᠤᠳᠠᠰ ᠤ᠋ᠨ ᠪᠤᠰᠤ ᠰᠣᠶᠤᠯ ᠤ᠋ᠨ ᠦᠪ ᠪᠤᠯᠤᠭᠰᠠᠨ ᠢ᠋ᠶ᠋ᠠᠷ ᠪᠠᠷᠠᠬᠤ ᠦᠬᠡᠢ᠂ ᠨᠡᠩ ᠴᠤ᠌ ᠬᠡᠰᠢᠭᠳᠡᠨ ᠬᠤᠰᠢᠭᠤᠨ ᠤ᠋ ᠰᠤᠶᠤᠯ ᠤ᠋ᠨ ᠴᠢᠬᠤᠯᠠ ᠪᠦᠷᠢᠯᠳᠦᠬᠦᠨ ᠬᠡᠰᠡᠭ ᠪᠠᠢᠵᠦ ᠬᠦᠳᠡᠯᠮᠦᠷᠢᠴᠢᠨ ᠠᠷᠠᠳ ᠲᠦᠮᠡᠨ ᠤ᠋ ᠤᠶᠤᠨ ᠤᠬᠠᠭᠠᠨ ᠪᠡ ᠰᠦᠰᠦ ᠵᠤᠷᠢᠭ᠋ ᠵᠢᠴᠢ ᠪᠠᠢᠭᠠᠯᠢ ᠶ᠋ᠢ ᠪᠢᠰᠢᠷᠡᠨ ᠬᠦᠨᠳᠦᠳᠬᠡᠬᠦ ᠪᠡ ᠬᠠᠮᠠᠭᠠᠯᠠᠬᠤ ᠰᠡᠳᠬᠢᠯᠬᠡ ᠶ᠋ᠢ ᠠᠴᠢᠶᠠᠯᠠᠵᠦ ᠪᠠᠢᠳᠠᠭ᠃ ᠡᠨᠡ ᠬᠦ᠌ ᠤᠯᠠᠮᠵᠢᠯᠠᠯᠳᠤ ᠵᠢᠭᠠᠰᠤ ᠠᠩᠨᠠᠬᠤ ᠵᠠᠩ ᠲᠠᠳᠬᠠᠯ ᠨᠢ 《ᠡᠪᠦᠯ ᠤ᠋ᠨ ᠤᠯᠠᠷᠢᠯ》 ᠎ᠤ᠋ᠨ ᠠᠵᠦ ᠠᠬᠤᠢ ᠶ᠋ᠢᠨ ᠬᠦᠭᠵᠢᠯᠳᠡ᠂ ᠵᠢᠭᠤᠯᠴᠢᠯᠠᠯ ᠤ᠋ᠨ ᠬᠦᠭ᠌ᠵᠢᠯᠳᠠ ᠳ᠋ᠤ᠌ ᠵᠤᠬᠢᠬᠤ ᠲᠠᠢᠴᠢᠯᠠᠬᠤ ᠦᠢᠯᠡᠳᠦᠯ ᠢ᠋ ᠦᠵᠡᠬᠦᠯᠦᠭᠰᠡᠭᠡᠷ ᠢᠷᠡᠵᠦ᠂ ᠬᠡᠰᠢᠭᠳᠡᠨ ᠬᠤᠰᠢᠭᠤ ᠴᠢᠨᠠᠭᠰᠢᠯᠠᠨ ᠤᠯᠠᠭᠠᠨᠬᠠᠳᠠ ᠬᠤᠳᠠ ᠶ᠋ᠢᠨ ᠡᠪᠦᠯ ᠤ᠋ᠨ ᠤᠯᠡᠷᠢᠯ ᠤ᠋ᠨ ᠲᠠᠯ᠎ᠠ ᠨᠤᠳᠤᠭ ᠤ᠋ᠨ ᠵᠢᠭᠤᠯᠴᠢᠯᠠᠯ ᠤ᠋ᠨ ᠨᠢᠬᠡᠨ ᠬᠢᠯᠡᠰ ᠴᠡᠭ ᠪᠤᠯᠤᠭᠰᠠᠨ ᠪᠠᠢᠨ᠎ᠠ᠃


ᠮᠦᠨᠭᠬᠦᠨ ᠳᠡᠯᠡᠬᠡᠢ ᠵᠢᠨ ᠬᠠᠪᠤ ᠴᠡᠨᠭᠭᠡᠯ — ᠡᠪᠦᠯ᠎ᠤᠨ ᠵᠢᠭᠠᠰᠤᠨ ᠠᠨᠭᠨᠠᠯ

● ᠤᠷᠢᠬᠠᠨ

ᠲᠠᠯᠠᠢ ᠨᠠᠭᠤᠷ ᠤ᠋ᠨ ᠮᠦᠩᠬᠦᠨ ᠡᠪᠦᠯ ᠤ᠋ᠨ ᠵᠢᠭᠠᠰᠤᠨ ᠠᠩᠨᠠᠯ ᠨᠢ ᠦᠨᠦᠳᠦᠷ ᠪᠤᠯᠬᠤ ᠳ᠋ᠤ᠌ ᠡᠨᠡ ᠨᠤᠳᠤᠭ ᠤ᠋ᠨ ᠦᠪᠡᠷᠮᠢᠴᠡ ᠤᠨᠴᠠᠯᠢᠭ᠋ ᠪᠦᠬᠦᠢ ᠦᠵᠡᠮᠵᠢ ᠪᠤᠯᠵᠦ ᠵᠢᠯ ᠪᠦᠷᠢ ᠶ᠋ᠢᠨ ᠡᠪᠦᠯ ᠤ᠋ᠨ ᠵᠢᠭᠠᠰᠤᠨ ᠠᠩᠨᠠᠯ ᠤ᠋ᠨ ᠬᠤᠭᠤᠴᠠᠭᠠᠨ ᠳ᠋ᠤ᠌ ᠮᠠᠰᠢ ᠤᠯᠠᠨ ᠵᠢᠭᠤᠯᠴᠢᠯᠠᠭᠰᠠᠳ ᠡᠨᠳᠡ ᠬᠦᠷᠦᠯᠴᠡᠨ ᠢᠷᠡᠵᠦ᠂ ᠡᠨᠡ ᠬᠦ᠌ ᠲᠤᠷ᠎ᠠ ᠰᠣᠨᠢᠷᠬᠠᠯ ᠪᠢᠯᠬᠠᠭᠰᠠᠨ ᠤᠯᠠᠮᠵᠢᠯᠠᠯᠳᠤ ᠵᠠᠩ ᠦᠢᠯᠡ ᠶ᠋ᠢᠨ ᠬᠦᠳᠡᠯᠬᠡᠬᠡᠨ ᠢ᠋ ᠰᠤᠨᠢᠷᠬᠠᠵᠠᠭᠠᠨ᠎ᠠ᠃

ᠲᠠᠯᠠᠢ ᠨᠠᠭᠤᠷ ᠨᠢ ᠦᠪᠦᠷ ᠮᠤᠩᠭᠤᠯ ᠤ᠋ᠨ ᠲᠦᠷᠪᠡᠨ ᠶᠡᠬᠡ ᠨᠠᠭᠤᠷ ᠤ᠋ᠨ ᠨᠢᠬᠡ ᠮᠦᠷᠳᠡᠭᠡᠨ ᠦᠪᠦᠷ ᠮᠤᠩᠭᠤᠯ ᠤ᠋ᠨ ᠬᠤᠶᠠᠳᠤᠭᠠᠷ ᠶᠡᠬᠡ ᠲᠤᠳᠤᠭᠠᠳᠤ ᠬᠠᠭᠤᠷᠠᠢ ᠶ᠋ᠢᠨ ᠨᠠᠭᠤᠷ ᠪᠤᠯᠤᠭᠰᠠᠨ ᠤ᠋ ᠬᠤᠪᠢ ᠳ᠋ᠤ᠌᠂ ᠳᠤᠰ ᠨᠠᠭᠤᠷ ᠤ᠋ᠨ ᠰᠠᠪᠠ ᠭᠠᠵᠠᠷ ᠤ᠋ᠨ ᠲᠠᠯᠠᠪᠠᠢ ᠨᠢ 4600 ᠭᠠᠷᠤᠢ ᠲᠡᠭᠰᠢ ᠲᠦᠷᠪᠡᠯᠵᠢᠨ ᠺᠢᠯᠦᠮᠸᠲᠷ ᠪᠠᠢᠵᠦ᠂ ᠡᠪᠦᠯ ᠤ᠋ᠨ ᠤᠯᠡᠷᠢᠯ ᠪᠤᠯᠬᠤ ᠳ᠋ᠤ᠌᠂ ᠨᠠᠭᠤᠷ ᠤ᠋ᠨ ᠭᠠᠳᠠᠷᠭᠤ ᠲᠡᠭᠡᠷ᠎ᠡ ᠮᠦᠰᠦ ᠴᠠᠰᠤ᠂ ᠪᠤᠯᠠᠭ ᠤ᠋ᠨ ᠨᠢᠳᠦ ᠵᠡᠷᠭᠡ ᠠᠮᠤᠷ ᠲᠦᠪᠰᠢᠨ ᠤ᠋ ᠲᠠᠯᠳᠠ ᠬᠡᠮ ᠤᠷᠤᠰᠢᠵᠦ ᠪᠠᠢᠳᠠᠭ᠂ ᠵᠢᠭᠠᠰᠤ ᠠᠩᠨᠠᠬᠤ ᠠᠵᠢᠯ ᠢ᠋ ᠠᠮᠤᠷ ᠲᠦᠪᠰᠢᠨ ᠢ᠋ᠶ᠋ᠠᠷ ᠶᠠᠪᠤᠭᠳᠠᠭᠤᠯᠬᠤ ᠶ᠋ᠢ ᠪᠠᠳᠤᠯᠠᠬᠤ ᠶ᠋ᠢᠨ ᠲᠦᠯᠦᠬᠡ᠂ ᠵᠢᠯ ᠪᠦᠷᠢ ᠶ᠋ᠢᠨ ᠵᠢᠭᠠᠰᠤ ᠠᠩᠨᠠᠬᠤ ᠠᠵᠢᠯ ᠡᠴᠡ ᠡᠮᠤᠨ᠎ᠡ ᠠᠵᠢᠯᠴᠢᠳ ᠨᠠᠭᠤᠷ ᠤ᠋ᠨ ᠭᠠᠳᠠᠷᠭᠤ ᠲᠡᠭᠡᠷ᠎ᠡ ᠬᠦᠷᠴᠦ ᠵᠠᠮ ᠱᠤᠭᠤᠮ ᠤ᠋ᠨ ᠲᠦᠯᠦᠪᠵᠢᠬᠦᠯᠬᠡ ᠬᠢᠵᠦ᠂ ᠠᠮᠤᠷ ᠲᠦᠪᠰᠢᠨ ᠤ᠋ ᠲᠡᠯᠳᠡ ᠬᠡᠮ ᠤᠷᠤᠰᠢᠵᠦ ᠪᠠᠢᠭ᠎ᠠ ᠮᠦᠰᠦᠨ ᠠᠩᠭᠠᠯ ᠵᠡᠷᠭᠡ ᠭᠠᠵᠠᠷ ᠲᠤ᠌ ᠲᠠᠭᠠᠭᠤᠯᠢ ᠤᠳᠤ ᠪᠡᠷ ᠤᠷᠤᠨ ᠪᠠᠢᠷᠢ ᠲᠤᠭᠳᠠᠭᠠᠬᠤ ᠶ᠋ᠢᠨ ᠬᠠᠮᠳᠤ ᠭᠠᠵᠠᠷ ᠤ᠋ᠨ ᠵᠢᠷᠤᠭ ᠲᠡᠭᠡᠷ᠎ᠡ ᠲᠡᠮᠳᠡᠭ ᠲᠠᠯᠪᠢᠵᠦ ᠲᠤᠬᠠᠢ ᠶ᠋ᠢᠨ ᠲᠠᠯᠠᠪᠤᠷ ᠲᠤ᠌ ᠤᠯᠠᠭᠠᠨ ᠲᠤᠭ ᠬᠠᠳᠬᠤᠵᠦ᠂ ᠠᠩᠨᠠᠵᠦ ᠱᠦᠬᠦᠬᠦ ᠵᠢᠭᠠᠰᠤᠴᠢᠳ᠎ᠤᠨ ᠡᠩᠨᠡᠬᠡ ᠪᠤᠯᠤᠨ ᠨᠠᠭᠠᠰᠢ ᠴᠠᠭᠠᠰᠢ ᠶᠠᠪᠤᠬᠤ ᠲᠡᠷᠭᠡ ᠬᠦᠰᠬᠡ᠎ᠳᠤ ᠰᠡᠷᠡᠮᠵᠢᠬᠦᠯᠦᠯ ᠦᠭᠳᠡᠭ᠃

ᠠᠵᠢᠯ ᠤ᠋ᠨ ᠪᠠᠭᠠᠵᠢ ᠬᠡᠷᠡᠭᠰᠡᠯ ᠰᠠᠢᠨ ᠪᠤᠯ ᠠᠨᠭᠨᠠᠬᠤ ᠠᠵᠢᠯ ᠤ᠋ᠨ ᠦᠷ᠎ᠡ ᠪᠦᠳᠦᠮᠵᠢ ᠰᠠᠢᠨ ᠪᠠᠢᠳᠠᠭ᠂ ᠡᠪᠦᠯ ᠤ᠋ᠨ ᠵᠢᠭᠠᠰᠤ ᠠᠨᠭᠨᠠᠬᠤ ᠠᠵᠢᠯ ᠲᠤᠮᠳᠠ ᠵᠢᠭᠠᠰᠤᠴᠢᠳ ᠤ᠋ᠨ ᠬᠡᠷᠡᠭᠯᠡᠳᠡᠭ ᠡᠯ᠎ᠡ ᠵᠦᠢᠯ ᠤ᠋ᠨ ᠪᠠᠭᠠᠵᠢ ᠬᠡᠷᠡᠭᠰᠡᠯ ᠪᠤᠯ ᠵᠢᠩᠬᠢᠨᠢ ᠬᠦᠳᠡᠯᠮᠦᠷᠢᠴᠢᠨ ᠲᠦᠮᠡᠨ ᠤ᠋ ᠤᠶᠤᠨ ᠤᠬᠠᠭᠠᠨ ᠤ᠋ ᠦᠷ᠎ᠡ ᠪᠦᠳᠦᠭᠡᠯ ᠮᠦᠨ᠃ ᠡᠷᠳᠡᠨ ᠤ᠋ ᠤᠯᠠᠮᠵᠢᠯᠠᠯᠳᠤ ᠪᠠᠭᠠᠵᠢ ᠬᠡᠷᠡᠭᠰᠡᠯ ᠳ᠋ᠤ᠌ ᠵᠢᠭᠠᠰᠤᠴᠢᠳ ᠲᠠᠰᠤᠷᠠᠯᠳᠠ ᠦᠬᠡᠢ ᠦᠭᠡᠷᠡᠴᠢᠯᠡᠯᠳᠡ ᠬᠢᠬᠦ ᠪᠡᠷ ᠲᠠᠮᠵᠢᠨ ᠰᠢᠨ᠎ᠠ ᠦᠢᠯᠡᠳᠪᠦᠷᠢᠯᠡᠯ ᠤ᠋ᠨ ᠬᠦᠴᠦᠨ ᠢ᠋ ᠪᠠᠳᠠᠷᠠᠭᠤᠯᠵᠦ᠂ ᠤᠳᠤᠬᠢᠴᠢᠯᠠᠭᠰᠠᠨ ᠮᠸᠬᠠᠨᠢᠭ᠋ ᠲᠦᠬᠦᠭᠡᠷᠤᠮᠵᠢ ᠶ᠋ᠢ ᠦᠷᠭᠡᠨ ᠢ᠋ᠶ᠋ᠠᠷ ᠬᠡᠷᠡᠭᠯᠡᠵᠦ᠂ ᠠᠮᠤᠷ ᠲᠦᠪᠰᠢᠨ ᠤ᠋ ᠪᠠᠳᠤᠯᠠᠭ᠎ᠠ ᠲᠠᠢ ᠪᠤᠯᠤᠭᠰᠠᠨ ᠮᠦᠷᠳᠡᠭᠡᠨ ᠦᠢᠯᠡᠳᠪᠦᠷᠢᠯᠡᠯ ᠤ᠋ᠨ ᠦᠷ᠎ᠡ ᠪᠦᠳᠦᠮᠵᠢ ᠶ᠋ᠢ ᠶᠡᠬᠡ ᠬᠡᠮᠵᠢᠶ᠎ᠡ ᠪᠡᠷ ᠲᠡᠭᠡᠭᠰᠢᠯᠡᠬᠦᠯᠦᠭᠰᠡᠨ ᠪᠠᠢᠨ᠎ᠠ᠃

ᠵᠢᠯ ᠪᠤᠯᠭᠠᠨ ᠤ᠋ ᠡᠨᠡ ᠦᠶ᠎ᠡ ᠳ᠋ᠤ᠌ ᠬᠡᠰᠢᠭᠳᠡᠨ ᠬᠤᠰᠢᠭᠤ ᠨᠢ ᠵᠢᠭᠠᠰᠤᠨ ᠠᠩᠨᠠᠯ᠎ᠤᠨ ᠦᠵᠡᠬᠦᠯᠬᠡ ᠦᠷᠨᠢᠬᠦᠯᠬᠦ ᠡᠴᠡ ᠭᠠᠳᠠᠨ᠎ᠠ ᠪᠠᠰᠠ ᠠᠩᠬᠠᠨ ᠤ᠋ ᠲᠤᠤᠷ᠎ᠪᠤᠶᠤ ᠳᠦᠷᠦᠬᠦᠦ ᠵᠢᠭᠠᠰᠤ ᠶ᠋ᠢ ᠦᠨ᠎ᠡ ᠬᠠᠶᠠᠨ ᠬᠤᠳᠠᠯᠳᠤᠬᠤ᠂ ᠮᠦᠩᠬᠦᠨ ᠡᠪᠦᠯ ᠤ᠋ᠨ ᠲᠡᠮᠡᠬᠡᠨ ᠰᠤᠶᠤᠯ ᠤ᠋ᠨ ᠨᠠᠢᠷ᠂ ᠮᠦᠰᠦ ᠴᠠᠰᠤᠨ ᠎ᠳᠡᠬᠢ ᠭᠡᠭᠡᠷᠡᠯᠡᠨ ᠠᠶᠠᠯᠠᠬᠤ ᠮᠠᠰᠢᠨ ᠤ᠋ ᠰᠠᠭᠠᠳ ᠲᠠᠪᠠᠬᠤ ᠤᠷᠤᠯᠳᠤᠭᠠᠨ᠂ ᠮᠦᠰᠦᠨ ᠲᠡᠭᠡᠷᠡᠬᠢ ᠲᠠᠷᠪᠠᠭᠤᠯᠳᠤ ᠤᠩᠭᠤᠴᠠ ᠶ᠋ᠢᠨ ᠤᠷᠤᠯᠳᠤᠭᠠᠨ᠂ ᠬᠡᠷᠡᠯ ᠵᠢᠷᠤᠭ ᠤ᠋ᠨ ᠪᠦᠳᠦᠭᠡᠯ ᠤ᠋ᠨ ᠦᠵᠡᠰᠬᠦᠯᠡᠩ᠂ ᠤᠨᠴᠠᠯᠢᠭ᠍ᠳᠤ ᠠᠮᠳᠠᠳᠤ ᠢᠳᠡᠬᠡᠨ ᠠᠮᠳᠠᠯᠠᠬᠤ ᠵᠡᠷᠭᠡ ᠠᠵᠢᠯᠯᠠᠭᠠᠨ ᠢ᠋ ᠦᠷᠨᠢᠬᠦᠯᠵᠦ᠂ ᠵᠢᠭᠤᠯᠴᠢᠯᠠᠭᠰᠠᠳ ᠲᠤ᠌ ᠮᠦᠰᠦ ᠴᠠᠰᠤᠨ ᠤ᠋ ᠠᠷᠠᠳ ᠤ᠋ᠨ ᠵᠠᠩ ᠦᠢᠯᠡ ᠶ᠋ᠢᠨ ᠦᠪᠡᠷᠮᠢᠴᠡ ᠷᠢᠳ᠋ᠢ ᠰᠢᠳ᠋ᠢ ᠶ᠋ᠢ ᠮᠡᠳᠡᠷᠡᠬᠦᠯᠵᠦ᠂ 《ᠰᠤᠶᠤᠯ ᠵᠢᠭᠤᠯᠴᠢᠯᠠᠯ ᠪᠡᠶ᠎ᠡ ᠶ᠋ᠢᠨ ᠲᠠᠮᠢᠷ ᠬᠦᠳᠡᠬᠡ ᠠᠵᠦ ᠠᠬᠤᠢ ᠬᠤᠳᠠᠯᠳᠤᠭ᠎ᠠ ᠶ᠋ᠢ ᠠᠭᠤᠰᠤᠯᠴᠠᠭᠤᠯᠬᠤ》ᠪᠡᠷ ᠭᠤᠤᠯ ᠪᠤᠯᠭᠠᠨ᠂ ᠮᠦᠰᠦ ᠴᠠᠰᠤᠨ᠎ᠤ ᠰᠣᠶᠤᠯ᠂ ᠠᠷᠠᠳ ᠤ᠋ᠨ ᠵᠠᠩ ᠦᠢᠯᠡ᠂ ᠪᠡᠶ᠎ᠡ ᠶ᠋ᠢᠨ ᠲᠠᠮᠢᠷ ᠤ᠋ᠨ ᠬᠦᠳᠡᠯᠬᠡᠬᠡᠨ ᠲᠠᠢ ᠬᠦᠨᠵᠡᠬᠡᠢ ᠠᠭᠤᠰᠤᠯᠴᠠᠭᠤᠯᠵᠦ᠂ ᠵᠢᠭᠤᠯᠴᠢᠯᠠᠭᠰᠠᠳ ᠲᠤ᠌ ᠮᠦᠨᠭᠬᠦᠨ ᠳᠡᠯᠡᠬᠡᠢ ᠵᠢᠨ ᠬᠠᠪᠤ ᠴᠡᠨᠭᠭᠡᠯ᠎ᠢ ᠮᠡᠳᠡᠷᠡᠬᠦᠯᠵᠦ ᠪᠠᠢᠨ᠎ᠠ᠃

(ᠳᠤᠰ ᠨᠢᠭᠤᠷ᠎ᠤᠨ ᠬᠡᠷᠡᠯ ᠵᠢᠷᠤᠭ᠎ᠢ ᠬᠡᠰᠢᠭᠳᠡᠨ ᠬᠤᠰᠢᠭᠤᠨ᠎ᠤ ᠬᠠᠮ ᠵᠠᠭᠤᠴᠢᠯᠠᠭᠤᠷ ᠤ᠋ᠨ ᠳᠦᠪ ᠬᠠᠨᠭᠭᠠᠪᠠ)

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠣᠷᠬᠢᠯ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面