ᠲᠡᠷᠢᠭᠦᠨ ᠨᠢᠭᠤᠷ>ᠡᠭᠦᠯᠡᠨ ᠬᠦᠯᠦᠭ>ᠡᠭᠦᠯᠡᠨ ᠴᠡᠩᠬᠡᠷ ᠨᠤᠲᠤᠭ

2026-10-10 11:16:29

ᠵᠣᠬᠢᠶᠠᠭ᠍ᠴᠢ᠄ ᠰᠡᠴᠡᠨᠮᠠᠨᠲᠠ ᠬᠠᠰᠪᠢᠯᠢᠡᠡ᠋ ᠣᠩᠱᠢᠭ᠍ᠰᠠᠨ ᠣᠳᠠᠭ᠎ᠠ᠄ 3

ᠰᠢᠷᠭᠠᠯ ᠨᠠᠮᠤᠷ ᠰᠢᠷᠠᠮᠦ᠋ᠷᠡᠨ᠎ᠤ ᠡᠷᠬᠢᠨ᠎ᠳᠤ ᠰᠠᠭᠠᠲᠠᠵᠦ᠂ ᠰᠢᠵᠢᠷ ᠲᠠᠷᠢᠶ᠎ᠠ ᠰᠠᠯᠬᠢᠨ᠎ᠤ ᠠᠶ᠎ᠠ ᠪᠡᠷ ᠬᠠᠯᠢᠭᠤᠷᠠᠨ᠎ᠠ᠃ ᠤᠯᠠᠭᠠᠨᠬᠠᠲᠠ ᠬᠤᠲᠠ᠎ᠶᠢᠨ ᠤᠩᠨᠢᠭᠤᠳ ᠬᠤᠰᠢᠭᠤᠨ᠎ᠳᠤ ᠲᠤᠲᠤᠷᠭᠠᠨ ᠲᠠᠷᠢᠶ᠎ᠠ ᠲᠦᠷᠦᠬᠦᠦ ᠪᠠᠨ ᠲᠠᠭᠠᠭᠠᠵᠦ ᠶᠠᠲᠠᠨ ᠭᠤᠩᠬᠠᠵᠦ᠂ ᠬᠤᠷᠢᠶᠠᠯᠲᠠ ᠲᠠᠢ ᠨᠠᠮᠤᠷ᠎ᠤᠨ ᠲᠠᠩᠰᠤᠭ ᠰᠢᠨᠵᠢ ᠮᠡᠳᠡᠭᠳᠡᠨ᠎ᠡ᠃

ᠤᠩᠨᠢᠭᠤᠳ ᠬᠤᠰᠢᠭᠤ᠎ᠶᠢᠨ ᠭᠠᠵᠠᠷ ᠵᠦᠢ ᠵᠢᠨ ᠪᠠᠢᠴᠠ᠂ ᠤᠷᠴᠢᠨ ᠨᠦᠬᠦᠴᠡᠯ ᠦᠨᠡᠨᠳᠡᠭᠡᠨ ᠲᠤᠲᠤᠷᠭᠠᠨ ᠲᠠᠷᠢᠶ᠎ᠠ ᠲᠠᠷᠢᠬᠤ᠎ᠳᠤ ᠲᠤᠬᠢᠷᠠᠬᠤ ᠦᠬᠡᠢ ᠪᠠᠢᠲᠠᠭ᠃ ᠬᠤᠰᠢᠭᠤᠨ᠎ᠤ ᠵᠡᠬᠦᠨ ᠪᠡᠶ᠎ᠡ᠎ᠶᠢᠨ ᠶᠡᠬᠡᠩᠬᠢ ᠭᠠᠵᠠᠷ ᠨᠤᠲᠤᠭ ᠲᠦ᠍ ᠬᠤᠷᠴᠢᠨ᠎ᠤ ᠡᠯᠡᠰᠦ ᠲᠦᠷᠢᠨ ᠤᠷᠤᠵᠦ᠂ ᠬᠦᠮᠦᠰ᠎ᠤᠨ ᠲᠠᠷᠢᠶᠠᠯᠠᠩ ᠮᠠᠯ ᠠᠵᠦ ᠠᠬᠤᠢ ᠡᠷᠬᠢᠯᠡᠬᠦ᠎ᠳᠤ ᠪᠠᠭ᠎ᠠ ᠪᠤᠰᠤ ᠬᠦᠴᠢᠷᠳᠡᠯ᠎ᠢ ᠠᠪᠴᠢᠷᠠᠬᠰᠠᠨ ᠪᠠᠢᠲᠠᠭ᠃ ᠬᠡᠪᠡᠴᠦ᠂ ᠤᠯᠠᠨ ᠵᠢᠯ᠎ᠤᠨ ᠲᠤᠷᠰᠢ ᠬᠤᠰᠢᠭᠤᠨ᠎ᠤ ᠨᠠᠮ ᠵᠠᠰᠠᠭ ᠨᠢ ᠡᠯᠡᠰᠦ ᠲᠠᠢ 《 ᠲᠠᠢᠨ ᠵᠠᠷᠯᠠᠵᠦ》᠂ ᠦᠷᠭᠡᠨ ᠤᠯᠠᠨ ᠮᠠᠯᠴᠢᠨ ᠲᠠᠷᠢᠶᠠᠴᠢᠳ᠎ᠶ᠋ᠢᠡᠨ ᠲᠠᠢᠴᠢᠯᠠᠨ ᠡᠯᠡᠰᠦ᠎ᠶᠢ ᠵᠠᠰᠠᠵᠦ᠂ ᠪᠠᠢᠭᠠᠯᠢ ᠲᠠᠢ ᠲᠡᠮᠡᠴᠡᠨ᠂ ᠤᠷᠢᠳ ᠬᠤᠵᠢᠳ ᠬᠤᠩᠱᠠᠨ ᠤᠰᠤᠨ ᠴᠦᠬᠥᠷᠥᠮ᠎ᠢ ᠪᠠᠶ᠋ᠢᠭᠤᠯᠤᠨ ᠠᠰᠢᠭᠯᠠᠵᠤ᠂ ᠲᠡᠯᠡᠬᠡᠢ ᠳ᠋ᠤ ᠬᠤᠪᠤᠷᠬᠠᠨ ᠰᠡᠩᠳᠡᠩ ᠮᠤᠳᠤᠨ ᠰᠠᠭᠤᠷᠢᠨ ᠭᠠᠵᠠᠷ᠎ᠢ ᠬᠠᠮᠠᠭᠠᠯᠠᠨ ᠤᠢᠵᠢᠭᠤᠯᠵᠦ᠂ ᠰᠢᠷᠠᠮᠦ᠋ᠷᠡᠨ ᠭᠤᠤᠯ ᠪᠤᠯᠤᠨ ᠯᠤᠤᠬ᠎ᠠ ᠶ᠋ᠢᠨ ᠭᠤᠤᠯ᠎ᠤᠨ ᠤᠷᠤᠰᠬᠠᠯ᠎ᠢ ᠬᠦᠢᠴᠡᠳ ᠠᠰᠢᠭᠯᠠᠵᠤ᠂ ᠮᠠᠯ ᠮᠠᠯᠵᠢᠵᠦ ᠲᠠᠷᠢᠶᠠᠯᠠᠬᠤ ᠦᠨᠲᠦᠰᠦᠨ ᠨᠦᠬᠦᠴᠡᠯ᠎ᠢ ᠰᠠᠢᠵᠢᠷᠠᠭᠤᠯᠵᠠᠢ᠃ ᠤᠲᠤ ᠲᠤᠰ ᠬᠤᠰᠢᠭᠤ ᠨᠢ ᠮᠠᠯᠵᠢᠬᠤ ᠡᠴᠠ ᠪᠡᠯᠴᠢᠭᠡᠷ ᠲᠠᠢ᠂ ᠲᠠᠷᠢᠶᠠᠯᠠᠬᠤ ᠡᠴᠠ ᠲᠠᠷᠢᠶᠠᠨ ᠭᠠᠵᠠᠷ ᠲᠠᠢ᠂ ᠲᠤᠭᠤᠷᠢᠨ ᠵᠢᠭᠤᠯᠴᠢᠯᠠᠬᠤ ᠡᠴᠠ ᠦᠵᠡᠮᠵᠢ ᠶ᠋ᠢᠨ ᠤᠷᠤᠨ ᠲᠠᠢ ᠦᠵᠡᠮᠵᠢᠳᠥ ᠰᠠᠶ᠋ᠢᠬᠠᠨ ᠨᠤᠲᠤᠭ ᠪᠤᠯᠤᠨ ᠬᠤᠪᠢᠷᠠᠭᠰᠠᠨ ᠪᠠᠶ᠋ᠢᠨ᠎ᠠ᠃


6167482_agm_1790754053726_m.jpg


ᠠᠮᠢ ᠠᠬᠤᠢ ᠨᠢ ᠠᠵᠦ ᠠᠬᠤᠢ᠎ᠶᠢᠨ᠎ᠶ᠋ᠢᠡᠨ ᠰᠠᠭᠤᠷᠢ ᠨᠢ ᠪᠤᠯᠵᠦ᠂ ᠠᠵᠦ ᠠᠬᠤᠢ ᠨᠢ ᠠᠮᠢ ᠠᠬᠤᠢ᠎ᠶᠢᠨ ᠬᠠᠮᠠᠭᠠᠯᠠᠯᠲᠠ᠎ᠳᠠᠭᠠᠨ ᠬᠦᠳᠡᠯᠭᠡᠬᠦ ᠬᠦᠴᠦᠨ ᠬᠠᠩᠭᠠᠲᠠᠭ᠃ ᠬᠤᠰᠢᠭᠤ ᠨᠠᠮ ᠵᠠᠰᠠᠭ᠎ᠤᠨ ᠴᠢᠷᠮᠠᠢᠯᠭ᠎ᠠ ᠪᠠ ᠤᠯᠠᠨ ᠲᠦᠮᠡᠨ ᠎ᠤ ᠬᠠᠮᠲᠦ᠎ᠶᠢᠨ ᠬᠦᠴᠦ ᠪᠡᠷ ᠲᠤᠰ ᠨᠤᠲᠤᠭ ᠲᠦ᠍ ᠤᠩᠨᠢᠭᠤᠳ ᠲᠠᠷᠢᠶ᠎ᠠ — ᠬᠤᠩᠱᠠᠨ ᠳᠤᠳᠤᠷᠭ᠎ᠠ ᠬᠡᠮᠡᠬᠦ ᠰᠢᠯᠢᠳᠡᠭ ᠡᠬᠦᠯᠳᠡᠷ ᠬᠡᠳᠥᠨ ᠦᠶ᠎ᠡ ᠶ᠋ᠢᠨ ᠬᠦᠮᠥᠰ᠎ᠤᠨ ᠭᠠᠷ᠎ᠶ᠋ᠢᠡᠷ ᠤᠷᠭᠤᠨ ᠲᠦᠯᠵᠢᠵᠦ᠂ ᠤᠯᠠᠨ ᠎ᠤ ᠬᠠᠷᠠᠭᠠᠨ ᠎ᠳᠤ ᠬᠦᠷᠴᠦ᠂ ᠰᠢᠯᠢᠳᠡᠭ ᠲᠠᠸᠠᠷ᠎ᠤᠨ ᠲᠡᠮᠳᠡᠭ ᠪᠤᠯᠵᠦ᠂ ᠤᠷᠤᠨ ᠨᠤᠲᠤᠭ ᠎ᠤᠨ ᠠᠵᠦ ᠠᠬᠤᠢ᠎ᠶᠢᠨ ᠴᠢᠨᠠᠷ ᠰᠠᠢᠲᠠᠢ ᠬᠦᠭᠵᠢᠯᠳᠡ᠎ᠶᠢᠨ ᠨᠢᠬᠡᠨ ᠰᠢᠨ᠎ᠡ ᠬᠦᠳᠡᠯᠭᠡᠬᠦ ᠬᠦᠴᠦᠨ ᠪᠤᠯᠤᠬᠰᠠᠨ ᠪᠢᠯᠡ᠃

ᠦᠦᠬᠡ ᠲᠡᠦᠬᠡ ᠡᠴᠡ ᠤᠯᠠᠮᠵᠢᠯᠠᠯ ᠲᠠᠢ 《ᠬᠤᠩᠱᠠᠨ ᠲᠤᠲᠤᠷᠭ᠎ᠠ》

ᠤᠩᠨᠢᠭᠤᠳ ᠬᠤᠰᠢᠭᠤ ᠤᠰᠤᠨ ᠲᠤᠳᠤᠷᠭ᠎ᠠ ᠲᠠᠷᠢᠭᠰᠠᠨ ᠦᠨᠢ ᠤᠳᠠᠭᠠᠨ ᠲᠡᠥᠬᠡ ᠲᠠᠢ᠃ ᠦᠨᠡᠨᠳᠡᠭᠡᠨ᠂ ᠬᠤᠩᠱᠠᠨ ᠲᠤᠲᠤᠷᠭ᠎ᠠ᠎ᠶ᠋ᠢᠨ ᠲᠡᠦᠬᠡ᠎ᠶ᠋ᠢ ᠮᠢᠩ ᠤᠯᠤᠰ᠎ᠤᠨ ᠦᠶ᠎ᠡ ᠡᠴᠠ ᠦᠭᠰᠦᠬᠦᠯᠦᠨ ᠮᠦᠷᠳᠡᠵᠦ ᠪᠤᠯᠤᠨ᠎ᠠ᠃ ᠲᠤᠬᠠᠢ᠎ᠶ᠋ᠢᠨ ᠦᠶ᠎ᠡ᠎ᠳᠤ ᠰᠢᠷᠠᠮᠦ᠋ᠷᠡᠨ ᠭᠤᠣᠯ᠂ ᠯᠤᠤᠬ᠎ᠠ᠎ᠶ᠋ᠢᠨ ᠭᠤᠣᠯ᠎ᠤᠨ ᠡᠷᠭᠢ ᠳᠠᠭᠠᠤ ᠥᠷᠭᠡᠨ ᠠᠭᠤᠳᠠᠮ ᠨᠤᠭᠤ ᠭᠠᠵᠠᠷ᠂ ᠨᠤᠭᠤᠭᠠᠨ ᠲᠠᠯ᠎ᠠ᠂ ᠨᠠᠭᠤᠷ ᠪᠦᠷᠢᠳᠥ ᠲᠠᠷᠬᠠᠵᠦ ᠪᠠᠢᠬᠰᠠᠨ ᠶᠤᠮ᠃ ᠳᠣᠶᠣᠨ ᠨᠤᠶᠠᠨ ᠬᠠᠷᠠᠭᠤᠯ᠎ᠤᠨ ᠪᠤᠭᠤᠮᠳᠠ ᠎ᠶ᠋ᠢ ᠰᠠᠬᠢᠵᠤ ᠪᠠᠶ᠋ᠢᠭᠰᠠᠨ ᠦᠶ᠎ᠡ᠎ᠳᠤ᠂ ᠨᠢᠭᠡ ᠪᠦᠯᠥᠭ ᠬᠦᠮᠥᠰ ᠶᠠᠨᠱᠠᠨ ᠠᠭᠤᠯᠠᠨ ᠤ᠋ ᠡᠮᠦᠨ᠎ᠡ ᠤᠷᠤᠨ ᠡᠴᠠ ᠣᠩᠨᠢᠭᠤᠳ ᠨᠤᠲᠤᠭ ᠲᠤ᠌ ᠤᠰᠤᠨ ᠲᠤᠲᠤᠷᠭ᠎ᠠ ᠶ᠋ᠢᠨ ᠦᠷ᠎ᠡ ᠶ᠋ᠢ ᠤᠷᠤᠭᠤᠯᠤᠨ ᠲᠠᠷᠢᠵᠤ ᠡᠬᠢᠯᠡᠭᠰᠡᠨ ᠪᠠᠢᠨ᠎ᠠ᠃ ᠬᠡᠪᠡᠴᠦ ᠲᠤᠬᠠᠢ᠎ᠶᠢᠨ ᠦᠶ᠎ᠡ᠎ᠳᠤ᠂ ᠲᠤᠲᠤᠷᠭ᠎ᠠ᠎ᠶᠢᠨ ᠡᠬᠦᠯᠳᠡᠷ ᠪᠤᠢᠵᠢᠭᠤᠯᠬᠤ ᠮᠡᠷᠭᠡᠵᠢᠯ ᠬᠦᠷᠦᠯᠴᠡᠬᠦ ᠦᠬᠡᠢ ᠡᠴᠡ ᠪᠤᠯᠵᠦ᠂ ᠲᠤᠲᠤᠷᠭ᠎ᠠ ᠨᠢ ᠭᠠᠵᠠᠷ ᠵᠦᠢ ᠪᠠ ᠠᠭᠤᠷ ᠠᠮᠢᠰᠬᠤᠯ ᠲᠠᠢ ᠵᠤᠬᠢᠴᠠᠵᠦ ᠲᠡᠢᠯᠬᠦ ᠦᠬᠡᠢ ᠪᠤᠯᠵᠦ᠂ ᠬᠡᠪ᠎ᠤᠨ ᠶᠣᠰᠣᠭᠠᠷ ᠪᠣᠯᠪᠠᠰᠤᠷᠠᠵᠤ ᠳᠡᠶ᠋ᠢᠯᠬᠦ᠌ ᠦᠭᠡᠢ ᠪᠠᠶ᠋ᠢᠵᠠᠢ᠃ ᠬᠤᠵᠢᠮ ᠨᠢ ᠣᠩᠨᠢᠭᠤᠳ ᠵᠡᠭᠦᠨ ᠭᠠᠷᠤᠨ ᠬᠤᠰᠢᠭᠤᠨ᠎ᠤ ᠳᠥᠷᠪᠡᠳᠦᠬᠡᠷ ᠵᠠᠰᠠᠭᠳᠤ ᠨᠤᠶᠠᠨ ᠤ᠋ ᠦᠶ᠎ᠡ ᠳ᠋ᠤ ᠣᠩᠨᠢᠭᠤᠳ᠎ᠤᠨ ᠲᠠᠯ᠎ᠠ ᠨᠤᠲᠤᠭ᠎ᠲᠤ᠌ ᠲᠤᠰ ᠲᠤᠲᠤᠷᠭ᠎ᠠ᠎ᠶᠢ ᠲᠤᠷᠰᠢᠨ ᠲᠠᠷᠢᠭᠠᠳ ᠠᠮᠵᠢᠯᠲᠠ ᠣᠯᠣᠭᠰᠠᠨ ᠭᠡᠨ᠎ᠡ᠃ ᠴᠢᠩ ᠤᠯᠤᠰ᠎ᠤᠨ ᠦᠶ᠎ᠡ᠎ᠳᠤ ᠣᠩᠨᠢᠭᠤᠳ ᠬᠤᠰᠢᠭᠤᠨ ᠎ᠤ ᠵᠡᠭᠦᠨ ᠬᠡᠰᠡᠭ᠂ ᠰᠢᠷᠠᠮᠦ᠋ᠷᠡᠨ ᠭᠤᠣᠯ᠎ᠤᠨ ᠡᠮᠦᠨ᠎ᠡ ᠡᠷᠭᠢ᠎ᠳᠤ ᠤᠰᠤᠨ ᠲᠤᠲᠤᠷᠭ᠎ᠠ ᠲᠤᠷᠰᠢᠨ ᠲᠠᠷᠢᠭᠠᠳ ᠮᠠᠰᠢ ᠶᠡᠬᠡ ᠠᠮᠵᠢᠯᠲᠠ ᠤᠯᠤᠭᠰᠠᠨ ᠪᠠᠶ᠋ᠢᠵᠠᠢ᠃ ᠢᠩᠭᠢᠭᠡᠳ ᠯᠡ ᠰᠢᠷᠠᠮᠦ᠋ᠷᠡᠨ ᠭᠤᠣᠯ᠂ ᠯᠤᠤᠬ᠎ᠠ᠎ᠶ᠋ᠢᠨ ᠭᠤᠣᠯ᠎ᠤᠨ ᠤᠷᠤᠰᠬᠠᠯ ᠳᠠᠭᠠᠤ ᠶ᠋ᠢᠨ ᠥᠩ ᠰᠢᠮᠡᠯᠢᠭ ᠬᠥᠷᠥᠰᠥᠨ᠎ᠳᠤ ᠲᠤᠲᠤᠷᠭᠠᠨ ᠴᠡᠴᠡᠭ ᠵᠢᠯ ᠪᠤᠯᠭᠠᠨ ᠳᠡᠯᠭᠡᠷᠡᠬᠦ᠌ ᠪᠤᠯᠵᠤ᠂ ᠤᠨᠠᠯᠲᠠ ᠦᠨᠲᠦᠷ ᠪᠦᠬᠡᠳ ᠠᠮᠲᠠ ᠰᠠᠢᠲᠠᠢ ᠪᠤᠯᠬᠤᠷ ᠨᠢᠭᠡᠨ ᠦᠶ᠎ᠡ 《ᠬᠠᠭᠠᠨ᠎ᠤ ᠣᠷᠳᠣᠨ᠎ᠤ ᠬᠠᠩᠭᠠᠯᠭ᠎ᠠ ᠶ᠋ᠢᠨ ᠠᠮᠤ》 ᠪᠣᠯᠣᠭᠰᠠᠨ ᠪᠠᠶ᠋ᠢᠨ᠎ᠠ᠃


6167484_agm_1790754118581_m.jpg


ᠰᠢᠨ᠎ᠡ ᠳᠤᠮᠳᠠᠳᠤ ᠤᠯᠤᠰ ᠪᠠᠶ᠋ᠢᠭᠤᠯᠤᠭᠳᠠᠭᠰᠠᠨ ᠤ᠋ ᠳᠠᠷᠠᠭ᠎ᠠ᠂ ᠤᠩᠨᠢᠭᠤᠳ ᠬᠤᠰᠢᠭᠤᠨ ᠎ᠤ ᠨᠠᠮ ᠵᠠᠰᠠᠭ ᠡᠴᠡ ᠳᠤᠳᠤᠷᠭ᠎ᠠ ᠲᠠᠷᠢᠵᠦ ᠤᠷᠭᠤᠭᠤᠯᠬᠤ ᠪᠠ ᠦᠢᠯᠡᠳᠪᠥᠷᠢᠯᠡᠬᠦ᠎ᠶ᠋ᠢ ᠶᠡᠬᠡ ᠪᠡᠷ ᠳᠡᠮᠵᠢᠵᠥ᠍᠂ ᠲᠠᠷᠢᠶᠠᠴᠢᠳ᠎ᠤᠨ ᠲᠤᠲᠤᠷᠭ᠎ᠠ ᠲᠠᠷᠢᠬᠤ ᠢᠳᠡᠪᠬᠢᠵᠢᠯ᠎ᠢ ᠲᠠᠢᠴᠢᠯᠠᠵᠦ᠂ ᠲᠤᠲᠤᠷᠭ᠎ᠠ ᠲᠠᠷᠢᠬᠤ ᠨᠦᠬᠥᠴᠡᠯ ᠢ᠋ ᠨᠢ ᠠᠭᠠᠵᠢᠮ᠎ᠶ᠋ᠢᠠᠷ ᠰᠠᠶ᠋ᠢᠵᠢᠷᠠᠭᠤᠯᠤᠬᠰᠠᠨ ᠡᠴᠡ ᠤᠩᠨᠢᠭᠤᠳ ᠳᠤᠳᠤᠷᠭ᠎ᠠ ᠲᠦᠷᠭᠡᠨ ᠬᠦᠭᠵᠢᠯᠳᠡ᠎ᠶ᠋ᠢᠨ ᠱᠠᠲᠦᠨ᠎ᠳᠠᠭᠠᠨ ᠤᠷᠤᠭᠰᠠᠨ ᠪᠠᠶ᠋ᠢᠨ᠎ᠠ᠃ ᠬᠤᠷᠢᠳᠤᠭᠠᠷ ᠵᠠᠭᠤᠨ ᠤ᠋ ᠳᠠᠯᠠᠭᠠᠳ ᠤᠨ ᠤ᠋ ᠦᠶ᠎ᠡ ᠪᠡᠷ᠂ ᠤᠯᠠᠭᠠᠠᠬᠠᠳᠠ ᠬᠤᠲᠠ᠎ᠳᠤ ᠬᠦᠳᠡᠭᠡ ᠪᠠᠭᠤᠭᠰᠠᠨ ᠰᠡᠭᠡᠭᠡᠲᠡᠨ ᠵᠠᠯᠠᠭᠤ ᠴᠠᠢ ᠴᠦᠨ ᠰᠸ ᠨᠠᠮ᠎ᠤᠨ ᠤᠷᠢᠶᠠᠯᠠᠭ᠎ᠠ ᠎ᠶ᠋ᠢ ᠴᠤᠤᠷᠢᠶᠠᠳᠤᠨ ᠳᠠᠭᠠᠵᠤ᠂ ᠤᠩᠨᠢᠭᠤᠳ ᠬᠤᠰᠢᠭᠤᠨ ᠤ᠋ ᠢᠲᠠᠭᠤᠨ ᠭᠤᠤ ᠰᠢᠶᠠᠩ ᠳ᠋ᠤ ᠰᠠᠭᠤᠷᠢᠰᠢᠨ᠂ ᠲᠤᠬᠠᠢ ᠶ᠋ᠢᠨ ᠤᠷᠤᠨ ᠤ᠋ ᠲᠠᠷᠢᠶᠠᠯᠠᠩ ᠦᠢᠯᠡᠳᠪᠥᠷᠢᠯᠡᠯ ᠳ᠋ᠤ ᠤᠷᠤᠯᠴᠠᠭᠰᠠᠨ ᠪᠠᠶ᠋ᠢᠨ᠎ᠠ᠃ ᠲᠡᠷᠡ ᠤᠷᠤᠨ ᠨᠤᠲᠤᠭ᠎ᠤᠨ ᠤᠨᠴᠠᠯᠢᠭ ᠲᠦ᠍ ᠲᠤᠬᠢᠷᠠᠭᠤᠯᠵᠦ᠂ ᠤᠯᠠᠨ ᠲᠦᠮᠡᠨ ᠢ᠋ ᠳᠠᠶ᠋ᠢᠴᠢᠯᠠᠨ᠂ ᠬᠤᠩᠱᠠᠨ ᠤᠰᠤᠨ ᠴᠦᠬᠥᠷᠥᠮ᠎ᠢ ᠠᠰᠢᠭᠯᠠᠨ ᠳᠤᠳᠤᠷᠭᠠᠨ ᠲᠠᠷᠢᠶ᠎ᠠ ᠲᠤᠷᠰᠢᠵᠤ ᠲᠠᠷᠢᠭᠠᠳ ᠠᠮᠵᠢᠯᠳᠠ ᠤᠯᠤᠭᠰᠠᠨ ᠡᠴᠠ ᠪᠦᠬᠥ᠌ ᠬᠤᠰᠢᠭᠤᠨ ᠤ᠋ ᠬᠡᠪᠴᠢᠶᠡᠨ ᠳ᠋ᠤ ᠳᠤᠳᠤᠷᠭ᠎ᠠ ᠲᠠᠷᠢᠬᠤ ᠦᠷᠨᠢᠯᠲᠡ ᠪᠤᠯᠪᠠ᠃


6167485_agm_1790754096465_m.jpg


ᠳᠡᠭᠡᠷ᠎ᠡ ᠵᠠᠭᠤᠨ ᠤ᠋ ᠨᠠᠶᠠ ᠶᠡᠷᠡᠭᠡᠳ ᠤᠨ ᠳ᠋ᠤ ᠬᠤᠰᠢᠭᠤ ᠨᠠᠮ ᠵᠠᠰᠠᠭ ᠡᠴᠡ ᠪᠡᠯᠡ ᠤᠷᠤᠭᠤᠯᠤᠯᠳᠠ ᠪᠠᠨ ᠨᠡᠮᠡᠭᠳᠡᠭᠥᠯᠵᠥ᠍᠂ ᠲᠠᠷᠢᠶᠠᠨ ᠭᠠᠵᠠᠷ ᠳᠡᠭᠰᠢᠯᠡᠬᠥ᠌᠂ ᠤᠰᠤᠯᠠᠯᠳᠠ᠎ᠶ᠋ᠢᠨ ᠢᠨᠵᠧᠨ᠋ᠧᠷᠢᠩ ᠭᠡᠷᠡᠭᠵᠢᠬᠦᠯᠬᠦ᠂ ᠬᠦᠭᠥᠷᠭᠡ ᠬᠠᠰᠢᠯᠭ᠎ᠠ ᠪᠤᠰᠬᠠᠬᠤ ᠵᠡᠷᠭᠡ ᠤᠯᠠᠨ ᠵᠦᠢᠯ᠎ᠤᠨ ᠠᠷᠭ᠎ᠠ ᠠᠪᠴᠠᠯ᠎ᠶ᠋ᠢᠡᠷ ᠲᠤᠲᠤᠷᠭ᠎ᠠ᠎ᠲᠠᠷᠢᠵᠦ ᠤᠷᠭᠤᠭᠤᠯᠬᠤ᠂ ᠬᠤᠷᠢᠶᠠᠵᠦ ᠬᠠᠲᠠᠭᠠᠯᠠᠬᠤ ᠪᠦᠬᠦ ᠶᠠᠪᠤᠴᠠ᠎ᠶᠢ ᠰᠠᠢᠲᠦᠷ ᠠᠨᠭᠬᠠᠷᠤᠨ ᠡᠵᠡᠮᠳᠡᠭᠰᠡᠨ ᠪᠠᠢᠨ᠎ᠠ᠃ ᠡᠢᠨᠬᠦ᠂ ᠤᠨᠭᠨᠢᠭᠤᠳ ᠲᠤᠲᠤᠷᠭ᠎ᠠ᠎ᠶᠢᠨ ᠤᠨᠠᠯᠲᠠ ᠲᠡᠭᠡᠭᠰᠢᠯᠡᠵᠦ᠂ ᠶᠠᠰᠤ ᠴᠢᠨᠠᠷ ᠰᠠᠢᠵᠢᠷᠠᠨ᠂ ᠦᠨᠥᠷ ᠠᠮᠲᠠ ᠨᠢ ᠰᠢᠯᠢᠳᠡᠭᠵᠢᠵᠦ᠂ ᠠᠭᠠᠵᠢᠮ᠎ᠶ᠋ᠢᠡᠷ ᠨᠡᠩ ᠤᠯᠠᠨ ᠭᠡᠷᠡᠭᠯᠡᠭᠴᠢᠳ᠎ᠤᠨ ᠠᠩᠬᠠᠷᠤᠯ ᠢ᠋ ᠲᠠᠳᠠᠬᠰᠠᠨ ᠪᠠᠶ᠋ᠢᠨ᠎ᠠ᠃ ᠡᠨᠡᠬᠥ᠌ ᠰᠠᠭᠤᠷᠢᠨ ᠳᠡᠭᠡᠷ᠎ᠡ ᠬᠤᠰᠢᠭᠤᠨ ᠤ᠋ ᠬᠠᠮᠢᠶ᠎ᠠ ᠪᠦᠬᠦᠢ ᠪᠠᠢᠭᠤᠯᠭ᠎ᠠ ᠨᠢᠬᠡᠴᠢ ᠡᠴᠡ ᠳᠤᠳᠤᠷᠭ᠎ᠠ ᠲᠠᠷᠢᠬᠤ ᠲᠠᠷᠠᠬᠠᠢ ᠪᠤᠲᠠᠷᠬᠠᠢ ᠡᠷᠥᠬᠡ᠎ᠤᠳ ᠢ᠋ ᠨᠡᠶ᠋ᠢᠯᠡᠭᠥᠯᠥᠨ᠂ ᠬᠡᠪᠴᠢᠶᠡᠵᠢᠭᠰᠡᠨ ᠪᠠᠷᠢᠮᠵᠢᠶᠠᠵᠢᠭᠰᠠᠨ ᠦᠢᠯᠡᠳᠪᠦᠷᠢᠯᠡᠯ ᠳᠡᠢᠰᠢ ᠬᠦᠳᠥᠯᠵᠥ᠍᠂ ᠲᠤᠲᠤᠷᠭ᠎ᠠ᠎ᠶᠢᠨ ᠭᠠᠷᠤᠯᠲᠠ᠎ᠶᠢ ᠤᠤᠯ᠎ᠤᠨ ᠨᠢᠭᠡ ᠮᠤ᠌ ᠡᠴᠡ 100 — 200 ᠭᠠᠷᠤᠢ ᠵᠢᠩ ᠠᠮᠤ ᠬᠤᠷᠢᠶᠠᠳᠠᠭ ᠪᠠᠶ᠋ᠢᠭᠰᠠᠨ ᠡᠴᠠ ᠨᠢ ᠨᠡᠮᠡᠭᠳᠡᠬᠦᠯᠦᠭᠡᠳ 1000 ᠵᠢᠩ᠎ᠤᠨ ᠪᠤᠭᠤᠮᠳᠠ ᠎ᠶ᠋ᠢ ᠳᠠᠪᠠᠭᠤᠯᠤᠭᠰᠠᠨ ᠪᠠᠶ᠋ᠢᠨ᠎ᠠ᠃

2024 ᠤᠨ ᠤ᠋ 5 ᠰᠠᠷ᠎ᠠ ᠳ᠋ᠤ ᠤᠩᠨᠢᠭᠤᠳ ᠳᠤᠳᠤᠷᠭ᠎ᠠ ᠨᠢ 《ᠬᠤᠩᠱᠠᠨ ᠳᠤᠳᠤᠷᠭ᠎ᠠ》 ᠭᠡᠬᠥ᠌ ᠨᠡᠷ᠎ᠡ ᠪᠡᠷ ᠵᠢᠩᠬᠢᠨᠢ ᠪᠡᠷ ᠲᠠᠸᠠᠷ᠎ᠤᠨ ᠲᠡᠮᠳᠡᠭ ᠪᠦᠷᠢᠳᠭᠡᠬᠦᠯᠵᠦ᠂ ᠬᠤᠩᠱᠠᠨ ᠰᠣᠶᠣᠯ᠎ᠤᠨ ᠪᠠᠰᠠ ᠨᠢᠭᠡᠨ ᠰᠢᠨ᠎ᠡ ᠠᠯᠳᠠᠷᠰᠢᠯ ᠪᠤᠯᠤᠭᠰᠠᠨ ᠶᠤᠮ᠃ ᠡᠨᠳᠡ ᠬᠦᠷᠦᠭᠡᠳ ᠬᠤᠩᠱᠠᠨ ᠲᠤᠲᠤᠷᠭ᠎ᠠ ᠨᠢ ᠴᠤ᠋ ᠰᠢᠨ᠎ᠡ ᠬᠡᠷᠡᠭᠯᠡᠭᠡᠨ ᠤ᠋ ᠦᠵᠡᠯᠳᠡ ᠪᠡᠷ ᠵᠠᠬ᠎ᠠ ᠳᠡᠯᠭᠡᠭᠥᠷ ᠲᠤ᠌ ᠭᠠᠷᠤᠬᠰᠠᠨ ᠪᠦᠬᠡᠳ ᠤᠷᠤᠨ ᠨᠤᠲᠤᠭ᠎ᠶ᠋ᠢᠡᠨ ᠲᠦᠯᠦᠬᠡᠯᠡᠵᠦ ᠲᠡᠢᠯᠬᠦ ᠰᠢᠯᠢᠳᠡᠭ ᠲᠠᠸᠠᠷ᠎ᠤᠨ ᠲᠡᠮᠳᠡᠭ ᠪᠤᠯᠤᠬᠰᠠᠨ ᠪᠢᠯᠡ᠃

ᠬᠦᠭᠵᠢᠯᠳᠡ᠎ᠶᠢᠨ ᠰᠢᠨ᠎ᠡ ᠵᠠᠬᠪᠦᠷ ᠲᠠᠢ 《ᠬᠤᠩᠱᠠᠨ ᠲᠤᠲᠤᠷᠭ᠎ᠠ》

ᠤᠢᠷ᠎ᠠ᠎ᠶᠢᠨ ᠵᠢᠯ᠎ᠳᠤ᠂ ᠤᠩᠨᠢᠭᠤᠳ ᠬᠤᠰᠢᠭᠤ ᠨᠢ ᠤᠷᠤᠨ ᠨᠤᠲᠤᠭ᠎ᠤᠨ ᠡᠬᠢ ᠪᠠᠶᠠᠯᠢᠭ᠎ᠤᠨ ᠳᠠᠪᠠᠭᠤᠯᠢᠭ ᠲᠠᠭᠠᠨ ᠲᠦᠰᠢᠭᠯᠡᠨ᠂ ᠲᠤᠲᠤᠷᠭ᠎ᠠ ᠲᠠᠷᠢᠵᠦ ᠤᠷᠭᠤᠭᠤᠯᠬᠤ ᠪᠠ ᠦᠢᠯᠡᠳᠪᠦᠷᠢᠯᠡᠬᠦ ᠪᠦᠬᠦ ᠶᠠᠪᠤᠴᠠ᠎ᠶᠢ ᠠᠬᠢᠭᠤᠯᠬᠤ᠎ᠶ᠋ᠢᠨ ᠬᠠᠮᠲᠤ᠌ ᠬᠤᠵᠢᠷᠯᠢᠭ ᠭᠠᠵᠠᠷ᠎ᠢ ᠨᠡᠬᠡᠭᠡᠨ ᠠᠰᠢᠭᠯᠠᠬᠤ ᠬᠦᠴᠥᠯᠡᠴᠡ ᠪᠡᠨ ᠨᠡᠮᠡᠭᠳᠡᠭᠥᠯᠵᠥ᠍᠂ ᠳᠤᠳᠤᠷᠭᠠᠨ ᠲᠠᠷᠢᠶᠠᠨ ᠤ᠋ ᠲᠠᠯᠠᠪᠠᠢ᠎ᠶᠢ ᠦᠷᠬᠦᠯᠵᠢᠯᠡᠨ ᠨᠡᠮᠡᠭᠳᠡᠬᠦᠯᠵᠦ ᠪᠠᠢᠨ᠎ᠠ᠃

ᠤᠲᠤ᠂ ᠪᠦᠬᠦ ᠬᠤᠰᠢᠭᠤᠨ ᠎ᠤ ᠳᠤᠳᠤᠷᠭᠠᠨ ᠲᠠᠷᠢᠶ᠎ᠠ ᠭᠤᠤᠯᠲᠠᠭᠤ ᠰᠢᠷᠠᠮᠦ᠋ᠷᠡᠨ ᠭᠤᠤᠯ᠎ᠤᠨ ᠤᠷᠤᠰᠬᠠᠯ ᠳᠠᠭᠠᠤ᠎ᠶᠢᠨ ᠪᠤᠷᠤᠬᠤᠲᠠ ᠪᠠᠯᠭᠠᠰᠤ᠎ᠶ᠋ᠢᠨ ᠪᠦᠯᠢᠶᠡᠨ ᠭᠠᠴᠠᠭ᠎ᠠ᠂ ᠬᠠᠶ᠋ᠢᠯᠠᠰᠤ ᠪᠠᠯᠭᠠᠰᠤ ᠎ᠶ᠋ᠢᠨ ᠪᠠᠶᠠᠠᠬᠤᠸᠠ ᠭᠠᠴᠠᠭ᠎ᠠ᠂ ᠬᠠᠶ᠋ᠢᠯᠠᠰᠤ ᠭᠠᠴᠠᠭ᠎ᠠ᠂ ᠤᠯᠠᠭᠠᠨᠵᠠᠳᠠᠭᠠᠢ ᠭᠠᠴᠠᠭ᠎ᠠ᠂ ᠬᠠᠯᠵᠠᠨ ᠲᠠᠯᠠᠪᠠᠢ᠂ ᠭᠡᠷᠰᠡᠩ ᠰᠤᠮᠤ ᠎ᠶ᠋ᠢᠨ ᠠᠷᠤ ᠭᠠᠴᠠᠭ᠎ᠠ᠂ ᠡᠩᠭᠡᠷ ᠭᠠᠴᠠᠭ᠎ᠠ᠂ ᠰᠠᠶ᠋ᠢᠬᠠᠨᠳᠠᠯ᠎ᠠ ᠭᠠᠴᠠᠭ᠎ᠠ᠂ ᠰᠢᠨᠡᠰᠦ᠋ᠮ᠎ᠡ ᠰᠤᠮᠤ ᠎ᠶ᠋ᠢᠨ ᠪᠠᠶᠠᠠᠠᠦ᠋ᠨᠳᠥᠷ ᠭᠠᠴᠠᠭ᠎ᠠ᠂ ᠪᠤᠶᠠᠨᠳᠠᠢ ᠭᠠᠴᠠᠭ᠎ᠠ᠂ ᠤᠯᠠᠭᠠᠨᠳᠤᠶᠠᠭ᠎ᠠ ᠭᠠᠴᠠᠭ᠎ᠠ᠂ ᠠᠨᠴᠢ ᠭᠠᠴᠠᠭ᠎ᠠ ᠵᠢᠴᠢ ᠯᠤᠤᠬ᠎ᠠ᠎ᠶ᠋ᠢᠨ ᠭᠤᠤᠯ ᠎ᠤᠨ ᠤᠷᠤᠰᠬᠠᠯ ᠳᠠᠭᠠᠤ᠎ᠶ᠋ᠢᠨ ᠤᠳᠠᠨᠳᠤᠬᠤᠢ ᠪᠠᠯᠭᠠᠰᠤ᠎ᠶ᠋ᠢᠨ ᠢᠳᠠᠭᠤᠨ ᠭᠤᠤ ᠲᠤᠰᠬᠤᠨ᠂ ᠪᠠᠶᠠᠠᠳᠤᠬᠤᠢ ᠰᠤᠮᠤ ᠎ᠶ᠋ᠢᠨ ᠬᠤᠷᠴᠢᠨ ᠲᠠᠯ᠎ᠠ ᠭᠠᠴᠠᠭ᠎ᠠ᠂ ᠭᠤᠷᠤᠬᠠᠨ ᠭᠠᠴᠠᠭ᠎ᠠ᠂ ᠨᠤᠮᠢᠨ ᠬᠤᠸᠠ ᠭᠠᠴᠠᠭ᠎ᠠ᠎ᠳᠤ ᠲᠠᠷᠬᠠᠵᠦ ᠪᠠᠶ᠋ᠢᠨ᠎ᠠ᠃

ᠲᠠᠷᠢᠶᠠᠨ ᠭᠠᠵᠠᠷ ᠎ᠤᠨ ᠬᠦᠴᠢᠷᠳᠡᠯ ᠎ᠢ ᠰᠢᠢᠳᠪᠦᠷᠢᠯᠡᠭᠰᠡᠨ ᠰᠠᠭᠤᠷᠢᠨ ᠲᠡᠭᠡᠷ᠎ᠡ᠂ ᠤᠨᠭᠨᠢᠭᠤᠳ ᠬᠤᠰᠢᠭᠤ ᠨᠢ 《ᠪᠤᠬᠢᠷᠳᠦᠯ ᠦᠭᠡᠢ᠂ ᠤᠷᠭᠠᠨᠢᠭ᠂ ᠡᠷᠡᠭᠥᠯ᠂ ᠪᠠᠶ᠋ᠢᠭᠠᠯᠢᠯᠢᠭ》 ᠶᠠᠰᠦ ᠴᠢᠨᠠᠷ᠎ᠤᠨ ᠱᠠᠭᠠᠷᠲᠠᠯᠭ᠎ᠠ ᠶᠤᠰᠤᠭᠠᠷ᠂ 《ᠬᠤᠩᠱᠠᠨ ᠳᠤᠳᠤᠷᠭ᠎ᠠ》᠎ᠪᠠᠨ ᠲᠠᠸᠠᠷ᠎ᠤᠨ ᠲᠡᠮᠳᠡᠭ ᠪᠤᠯᠭᠠᠨ ᠠᠵᠤ ᠦᠢᠯᠡᠰᠵᠢᠭᠥᠯᠵᠥ᠍᠂ ᠪᠤᠬᠢᠷᠳᠦᠯ ᠦᠭᠡᠢ ᠲᠠᠷᠢᠶᠠᠯᠠᠩ ᠠᠵᠦ ᠠᠬᠤᠢ ᠵᠢ ᠬᠦᠭᠵᠢᠭᠥᠯᠬᠥ᠌᠂ ᠴᠢᠨᠠᠷ ᠰᠠᠶ᠋ᠢᠳᠠᠢ ᠲᠠᠷᠢᠶᠠᠯᠠᠩ ᠠᠵᠦ ᠠᠬᠤᠢ ᠵᠢ ᠬᠦᠴᠦᠷᠭᠡᠭᠵᠢᠬᠦᠯᠬᠦ᠂ ᠲᠦᠷᠥᠯ ᠲᠡᠮᠳᠡᠭ᠎ᠶ᠋ᠢᠡᠷ ᠲᠠᠷᠢᠶᠠᠴᠢᠳ᠎ᠤᠨ ᠠᠮᠢᠲᠤᠷᠠᠯ ᠎ᠢ ᠴᠢᠨᠡᠭᠡᠯᠢᠭᠵᠢᠬᠦᠯᠬᠦ ᠬᠦᠭᠵᠢᠯᠳᠡ᠎ᠶ᠋ᠢᠨ ᠵᠠᠮ᠎ᠶ᠋ᠢᠡᠷ ᠠᠶᠠᠯᠠᠬᠰᠠᠨ ᠪᠠᠶ᠋ᠢᠨ᠎ᠠ᠃

ᠤᠶ᠋ᠢᠷ᠎ᠠ᠎ᠶ᠋ᠢᠨ ᠵᠢᠯ ᠳ᠋ᠤ ᠤᠩᠨᠢᠭᠤᠳ ᠬᠤᠰᠢᠭᠤᠨ ᠤ᠋ ᠲᠠᠷᠢᠶᠠᠯᠠᠩ ᠮᠠᠯ ᠠᠵᠦ ᠠᠬᠤᠢ ᠪᠠ ᠬᠦᠳᠡᠭᠡ ᠲᠤᠰᠬᠤᠨ ᠮᠠᠯᠵᠢᠬᠤ ᠤᠷᠤᠨ᠎ᠤ ᠲᠤᠪᠴᠢᠶ᠎ᠠ ᠨᠢ ᠰᠢᠨ᠎ᠡ ᠡᠭᠥᠯᠳᠡᠷ ᠪᠤᠢᠵᠢᠭᠤᠯᠵᠦ᠂ ᠰᠢᠨ᠎ᠡ ᠮᠡᠷᠭᠡᠵᠢᠯ ᠤᠷᠤᠭᠤᠯᠤᠨ᠂ ᠴᠢᠲᠠᠪᠦᠷᠢᠲᠠᠨ᠎ᠤ ᠡᠩᠨᠡᠭᠡ᠎ᠶᠢ ᠰᠢᠯᠢᠳᠡᠭᠵᠢᠬᠦᠯᠵᠦ᠂ ᠮᠠᠯ ᠠᠵᠦ ᠠᠬᠤᠢ ᠪᠤᠯᠤᠨ ᠲᠠᠷᠢᠶᠠᠯᠠᠩ ᠎ᠤᠨ ᠦᠢᠯᠡᠳᠪᠥᠷᠢᠯᠡᠯ᠎ᠢ ᠠᠭᠤᠰᠤᠯᠴᠠᠭᠤᠯᠵᠦ᠂ ᠰᠢᠨᠵᠢᠯᠡᠬᠦ ᠤᠬᠠᠭᠠᠨ ᠲᠸᠭᠨᠢᠭ ᠮᠡᠷᠭᠡᠵᠢᠯ᠎ᠢ ᠬᠦᠳᠡᠭᠡ ᠲᠤᠰᠬᠤᠨ᠎ᠳᠤ ᠲᠦᠭᠡᠮᠡᠯᠵᠢᠬᠦᠯᠦᠨ᠂ ᠮᠠᠯ ᠠᠵᠦ ᠠᠬᠤᠢ ᠲᠠᠷᠢᠶᠠᠯᠠᠩ᠎ᠤᠨ ᠰᠢᠨ᠎ᠡ ᠮᠡᠷᠭᠡᠵᠢᠯ᠎ᠶ᠋ᠢᠡᠷ ᠲᠠᠷᠢᠶᠠᠯᠠᠩ ᠠᠵᠦ ᠠᠬᠤᠢ ᠪᠤᠯᠤᠨ ᠬᠦᠳᠡᠭᠡ ᠲᠤᠰᠬᠤᠨ ᠮᠠᠯᠵᠢᠬᠤ ᠤᠷᠤᠨ᠎ᠳᠤ ᠰᠢᠨ᠎ᠡ ᠬᠤᠪᠢᠷᠠᠯᠳᠠ ᠠᠪᠴᠢᠷᠠᠪᠠ ᠃

ᠤᠩᠨᠢᠭᠤᠳ ᠬᠤᠰᠢᠭᠤ ᠨᠢ ᠪᠠᠰᠠ ᠤᠷᠢᠳ ᠬᠤᠵᠢᠳ ᠤᠯᠤᠰ᠎ᠤᠨ ᠭᠤᠤᠯᠳᠠᠯᠭ᠎ᠠ ᠲᠠᠢ ᠬᠠᠮᠲᠤᠷᠠᠨ ᠠᠵᠢᠯᠯᠠᠬᠤ ᠲᠦᠷᠥᠯ ᠵᠦᠢᠯ ᠪᠤᠯᠬᠤ ᠤᠰᠤᠨ ᠳᠤᠳᠤᠷᠭ᠎ᠠ᠎ᠶ᠋ᠢᠨ ᠪᠤᠬᠢᠷᠳᠦᠯ ᠦᠭᠡᠢ᠂ ᠤᠰᠤ ᠠᠷᠪᠢᠯᠠᠨ ᠤᠨᠠᠯᠳᠠ᠎ᠶ᠋ᠢ ᠨᠡᠮᠡᠭᠳᠡᠭᠥᠯᠬᠥ᠌ ᠵᠢᠱ᠌ᠢᠶ᠎ᠡ ᠦᠵᠡᠭᠥᠯᠬᠥ᠌ ᠴᠢᠬᠢ ᠪᠤᠢᠵᠢᠭᠤᠯᠵᠦ ᠰᠠᠭᠤᠯᠭᠠᠬᠤ ᠮᠡᠷᠭᠡᠵᠢᠯ᠎ᠢ ᠲᠡᠯᠭᠡᠷᠡᠬᠦᠯᠬᠦ ᠲᠦᠷᠥᠯ ᠵᠦᠢᠯ᠂ ᠳᠤᠳᠤᠷᠭ᠎ᠠ ᠲᠠᠷᠢᠬᠤ ᠪᠠ ᠨᠠᠢ᠍ᠮᠠᠯᠵᠢ ᠲᠡᠵᠢᠭᠡᠬᠦ᠎ᠶ᠋ᠢ ᠬᠠᠪᠰᠤᠷᠭᠠᠬᠤ ᠵᠡᠷᠭᠡ ᠮᠡᠷᠭᠡᠵᠢᠯ ᠢ᠋ ᠤᠷᠤᠭᠤᠯᠤᠨ ᠠᠪᠴᠢᠷᠠᠵᠤ᠂ ᠳᠤᠳᠤᠷᠭᠠᠨ ᠲᠠᠷᠢᠶᠠᠨ ᠤ᠋ ᠤᠨᠴᠠᠯᠢᠭᠳᠤ ᠠᠵᠤ ᠦᠢᠯᠡᠰᠵᠢᠯᠲᠡ ᠎ᠶ᠋ᠢ ᠠᠬᠢᠭᠤᠯᠪᠠ᠃ ᠡᠬᠦᠨ᠎ᠤ ᠬᠠᠮᠲᠦ᠂ ᠲᠤᠰ ᠬᠤᠰᠢᠭᠤ ᠨᠢ ᠪᠠᠰᠠ ᠤᠰᠤᠨ ᠳᠤᠳᠤᠷᠭ᠎ᠠ ᠎ᠶ᠋ᠢᠨ ᠦᠢᠯᠡᠳᠪᠥᠷᠢᠯᠡᠯ᠎ᠤᠨ ᠪᠦᠬᠥ᠌ ᠶᠠᠪᠤᠴᠠ᠎ᠶ᠋ᠢᠨ 92 % ᠢ᠋ ᠮᠠᠰᠢᠨᠴᠢᠯᠠᠵᠤ᠂ ᠬᠦᠮᠥᠨ ᠤ᠋ ᠬᠦᠴᠥᠨ᠎ᠤ ᠦᠷᠲᠡᠭ ᠢ᠋ 80% ᠪᠡᠷ ᠠᠷᠪᠢᠯᠠᠨ᠂ ᠲᠠᠷᠢᠶᠠᠴᠢᠨ ᠡᠷᠥᠬᠡ᠎ᠶ᠋ᠢᠨ ᠤᠷᠤᠯᠭ᠎ᠠ᠎ᠶ᠋ᠢ ᠨᠡᠮᠡᠭᠳᠡᠭᠥᠯᠥᠨ᠂ ᠤᠯᠤᠰ᠎ᠤᠨ ᠠᠮᠤ ᠪᠤᠳᠠᠭᠠᠨ᠎ᠤ ᠠᠮᠤᠷ ᠲᠦᠪᠰᠢᠨ ᠢ᠋ ᠪᠠᠲᠤᠯᠠᠬᠤ ᠳ᠋ᠤ ᠴᠢᠬᠤᠯᠠ ᠬᠤᠪᠢ ᠨᠡᠮᠡᠷᠢ ᠦᠵᠡᠭᠥᠯᠥᠭᠰᠡᠨ ᠪᠠᠶ᠋ᠢᠨ᠎ᠠ᠃

ᠤᠨᠭᠨᠢᠭᠤᠳ ᠬᠤᠰᠢᠭᠤ ᠨᠢ 《ᠠᠵᠦ ᠠᠬᠤᠢᠯᠠᠯ+ ᠬᠤᠷᠰᠢᠶᠠᠵᠢᠯ + ᠲᠠᠷᠢᠶᠠᠴᠢᠨ ᠡᠷᠦᠬᠡ》᠎ᠶᠢᠨ ᠵᠠᠬᠪᠦᠷ ᠎ᠢ ᠬᠦᠭᠵᠢᠬᠦᠯᠵᠦ᠂ ᠬᠤᠲᠠ᠎ᠶ᠋ᠢᠨ ᠳᠡᠰ᠎ᠤᠨ ᠳᠤᠳᠤᠷᠭᠠᠨ᠎ᠤ ᠠᠵᠤ ᠦᠢᠯᠡᠰ᠎ᠤᠨ ᠲᠤᠯᠤᠭᠠᠶ᠋ᠢᠯᠠᠬᠤ 7 ᠠᠵᠤ ᠠᠬᠤᠶ᠋ᠢᠯᠠᠯ ᠨᠢ ᠬᠤᠷᠰᠢᠶᠠᠵᠢᠯ ᠪᠠ ᠲᠠᠷᠢᠶᠠᠴᠢᠨ ᠡᠷᠥᠬᠡ ᠲᠠᠢ ᠬᠤᠯᠪᠤᠭᠠᠯᠠᠬᠤ ᠪᠡᠷ ᠳᠠᠮᠵᠢᠨ ᠵᠢᠯ ᠳ᠋ᠤ 12 ᠲᠦᠮᠡᠨ ᠲᠤᠨ ᠳᠤᠳᠤᠷᠭ᠎ᠠ ᠦᠢᠯᠡᠳᠪᠥᠷᠢᠯᠡᠵᠥ᠍᠂ 3000 ᠲᠠᠷᠢᠶᠠᠴᠢᠨ ᠡᠷᠥᠬᠡ ᠎ᠶ᠋ᠢ ᠳᠠᠶ᠋ᠢᠴᠢᠯᠠᠨ ᠮᠤ᠌ ᠨᠢᠭᠡᠴᠢ᠎ᠶ᠋ᠢᠨ ᠤᠷᠤᠯᠭ᠎ᠠ᠎ᠶ᠋ᠢ1200 ᠲᠦᠭᠥᠷᠢᠭ ᠨᠡᠮᠡᠭᠳᠡᠭᠥᠯᠥᠭᠰᠡᠨ ᠪᠠᠶ᠋ᠢᠨ᠎ᠠ᠃

ᠤᠲᠤ᠂ ᠤᠩᠨᠢᠭᠤᠳ ᠬᠤᠰᠢᠭᠤᠨ ᠤ᠋ ᠤᠰᠤᠨ ᠳᠤᠳᠤᠷᠭ᠎ᠠ ᠎ᠶ᠋ᠢᠨ ᠲᠠᠯᠠᠪᠠᠢ 25 ᠲᠦᠮᠡᠨ ᠮᠤ᠌ ᠳ᠋ᠤ ᠬᠦᠷᠴᠦ᠂ ᠪᠦᠬᠥ᠌ ᠤᠷᠤᠨ ᠎ᠤ ᠤᠰᠤᠨ ᠳᠤᠳᠤᠷᠭ᠎ᠠ᠎ᠶ᠋ᠢᠨ ᠭᠤᠷᠪᠠᠳᠤᠭᠠᠷ ᠲᠤᠮᠤ ᠦᠢᠯᠡᠳᠪᠥᠷᠢᠯᠡᠯ ᠎ᠤᠨ ᠤᠷᠤᠨ᠂ ᠤᠯᠠᠭᠠᠠᠬᠠᠳᠠ ᠬᠤᠲᠠ ᠎ᠶ᠋ᠢᠨ ᠤᠰᠤᠨ ᠳᠤᠳᠤᠷᠭ᠎ᠠ ᠎ᠶ᠋ᠢᠨ ᠦᠢᠯᠡᠳᠪᠥᠷᠢᠯᠡᠯ ᠎ᠤᠨ ᠭᠤᠤᠯ ᠲᠤᠭᠤᠷᠢᠭ ᠪᠤᠯᠤᠬᠰᠠᠨ ᠪᠢᠯᠡ᠃ ᠭᠠᠵᠠᠷ ᠵᠦᠢ᠂ ᠠᠭᠤᠷ ᠠᠮᠢᠰᠬᠤᠯ᠂ ᠤᠰᠤ ᠰᠢᠷᠤᠢ᠎ᠶ᠋ᠢᠨ ᠨᠦᠬᠥᠴᠡᠯ ᠵᠡᠷᠭᠡ ᠲᠠᠪᠠᠭᠤᠯᠢᠭ ᠨᠢ ᠤᠩᠨᠢᠭᠤᠳ ᠲᠤᠲᠤᠷᠭ᠎ᠠ᠎ᠶᠢᠨ ᠶᠠᠰᠦ ᠴᠢᠨᠠᠷ ᠪᠠ ᠦᠨᠦᠷ ᠠᠮᠲᠠ ᠎ᠶᠢ ᠨᠡᠩ ᠰᠢᠯᠢᠳᠡᠭᠵᠢᠬᠦᠯᠵᠦ᠂ ᠲᠡᠷᠡ ᠨᠢ ᠪᠦᠬᠥ᠌ ᠤᠯᠤᠰ ᠲᠤ᠌ ᠪᠤᠷᠤᠯᠠᠭᠤᠯᠤᠭᠳᠠᠵᠤ᠂ ᠤᠯᠤᠰ ᠎ᠤᠨ 《ᠨᠡᠷᠡᠳᠥ ᠤᠨᠴᠠ ᠰᠢᠯᠢᠳᠡᠭ ᠰᠢᠨ᠎ᠡ》 ᠲᠠᠷᠢᠶᠠᠯᠠᠩ᠎ᠤᠨ ᠪᠦᠲᠥᠭᠡᠭᠳᠡᠬᠥᠨ᠎ᠳᠤ ᠵᠢᠭᠰᠠᠭᠠᠭᠲᠠᠬᠰᠠᠨ ᠪᠠᠶ᠋ᠢᠨ᠎ᠠ᠃

ᠬᠠᠭᠠᠨ ᠨᠤᠶᠠᠳ᠎ᠤᠨ ᠬᠤᠭᠤᠯᠠᠨ ᠰᠢᠷᠡᠭᠡᠨ᠎ᠳᠤ ᠯᠡ ᠬᠠᠷᠠᠭᠲᠠᠲᠠᠭ ᠪᠠᠢᠬᠰᠠᠨ ᠬᠤᠩᠱᠠᠨ ᠳᠤᠲᠤᠷᠭ᠎ᠠ ᠨᠢ ᠤᠲᠤ ᠲᠦᠭ ᠲᠦᠮᠡᠨ ᠬᠦᠮᠦᠰ ᠎ᠤᠨ ᠡᠷᠡᠨ᠎ᠤ ᠬᠤᠭᠤᠯᠠ ᠪᠤᠯᠵᠦ᠂ ᠤᠨᠭᠨᠢᠭᠤᠳ ᠨᠤᠲᠤᠭ᠎ᠤᠨ ᠲᠠᠷᠢᠶᠠᠴᠢᠨ ᠲᠦᠮᠡᠨ᠎ᠤ ᠬᠦᠮᠦᠷᠭᠡ ᠎ᠶᠢ ᠲᠦᠬᠦᠷᠭᠡᠵᠦ᠂ ᠠᠮᠢᠲᠤᠷᠠᠯ᠎ᠢ ᠨᠢ ᠴᠢᠨᠠᠷᠵᠢᠭᠤᠯᠬᠤ ᠰᠢᠯᠢᠳᠡᠭ ᠠᠵᠦ ᠠᠬᠤᠢᠯᠠᠯ ᠪᠤᠯᠵᠦ ᠬᠦᠭᠵᠢᠭᠰᠡᠨ ᠪᠠᠢᠨ᠎ᠠ᠃ ᠬᠤᠩᠱᠠᠨ ᠲᠤᠲᠤᠷᠭ᠎ᠠ᠎ᠶ᠋ᠢᠨ ᠠᠵᠤ ᠦᠢᠯᠡᠰ᠎ᠤᠨ ᠬᠥᠭᠵᠢᠯ ᠮᠠᠨᠳᠤᠯ ᠨᠢ ᠬᠦᠳᠡᠭᠡ ᠲᠤᠰᠬᠤᠨ ᠢ᠋ ᠬᠦᠭᠵᠢᠭᠥᠯᠥᠨ ᠮᠠᠨᠳᠤᠭᠤᠯᠤᠬᠰᠠᠨ ᠦᠨᠲᠦᠰᠦᠨ ᠱᠠᠲᠦᠨ᠎ᠤ ᠨᠢᠬᠡᠨ ᠵᠢᠱ᠌ᠢᠶ᠎ᠡ ᠪᠤᠯᠵᠦ᠂ ᠤᠷᠤᠨ ᠨᠤᠲᠤᠭ᠎ᠤᠨ ᠠᠵᠤ ᠠᠬᠤᠢ᠎ᠶᠢᠨ ᠴᠢᠨᠠᠷ ᠰᠠᠢᠲᠠᠢ ᠬᠦᠭᠵᠢᠯᠳᠡ᠎ᠶᠢ ᠲᠦᠷᠭᠡᠳᠭᠡᠭᠰᠡᠨ ᠬᠡᠪ ᠲᠠᠭᠤᠷᠢᠶᠠᠯ ᠪᠤᠯᠤᠬᠰᠠᠨ ᠪᠢᠯᠡ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠰᠠᠢᠨ᠎ᠠ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面