ᠲᠡᠷᠢᠭᠦᠨ ᠨᠢᠭᠤᠷ>ᠡᠭᠦᠯᠡᠨ ᠬᠦᠯᠦᠭ>ᠡᠭᠦᠯᠡᠨ ᠤᠭᠠᠯᠵᠠ

2021-11-17 11:08:38

ᠵᠣᠬᠢᠶᠠᠭ᠍ᠴᠢ᠄ ᠣᠩᠱᠢᠭ᠍ᠰᠠᠨ ᠣᠳᠠᠭ᠎ᠠ᠄

ᠰᠤᠨᠢᠨ ᠮᠡᠳᠡᠭᠡᠨ᠎ᠤ ᠨᠡᠷ᠎ᠡ ᠲᠤᠮᠢᠶ᠎ᠠ᠃ ᠺᠤᠮᠫᠢᠦ᠋ᠲᠧᠷ᠎ᠤᠨ ᠰᠢᠰᠲᠧᠮ᠎ᠶ᠋ᠢᠡᠷ ᠲᠠᠮᠵᠢᠭᠤᠯᠤᠨ ᠬᠦᠯᠢᠶᠡᠨ ᠠᠪᠤᠬᠴᠢ᠎ᠳᠤ ᠰᠤᠨᠢᠨ ᠰᠡᠳᠬᠦᠯ᠎ᠤᠨ ᠦᠢᠯᠡᠴᠢᠯᠡᠬᠡ ᠬᠠᠨᠭᠭᠠᠲᠠᠭ ᠰᠤᠨᠢᠨ ᠮᠡᠳᠡᠭᠡ ᠲᠠᠮᠵᠢᠭᠤᠯᠲᠠᠭ ᠪᠠᠭᠠᠵᠢ ᠪᠤᠯᠤᠨ᠎ᠠ᠃

ᠬᠦᠯᠢᠶᠡᠨ ᠠᠪᠤᠬᠴᠢ ᠬᠡᠷᠪᠡ ᠬᠤᠪᠢ ᠬᠦᠮᠦᠨ᠎ᠤ ᠺᠤᠮᠫᠢᠦ᠋ᠲᠧᠷ ᠪᠠ ᠮᠤᠳᠧᠮ(MODEM)᠎ᠢ ᠬᠤᠲᠠᠯᠲᠤᠨ ᠠᠪᠤᠭᠠᠳ ᠡᠳᠡᠭᠡᠷ᠎ᠢ᠎ᠳ᠋ᠢᠶᠠᠩᠬᠤᠧᠠ᠎ᠶᠢᠨ ᠤᠲᠠᠰᠦ ᠲᠠᠢ ᠵᠠᠯᠭᠠᠭᠠᠳ ᠪᠠᠭ᠎ᠠ ᠬᠡᠮᠵᠢᠶᠡᠨ ᠎ᠤ ᠲᠦᠷᠢᠶᠡᠰᠦᠨ ᠮᠦᠨᠭᠬᠦ ᠪᠠ ᠦᠢᠯᠡᠴᠢᠯᠡᠬᠡᠨ᠎ᠤ ᠵᠠᠷᠤᠲᠠᠯ ᠲᠤᠰᠢᠶᠠᠪᠠᠯ ᠺᠤᠮᠫᠢᠦ᠋ᠲ᠋ᠧᠷ ᠲᠡᠭᠡᠷ᠎ᠡ ᠡᠴᠡ ᠲᠤᠰ ᠡᠲᠦᠷ᠎ᠤᠨ ᠰᠤᠨᠢᠨ᠂ ᠨᠢᠬᠡ ᠬᠤᠭᠤᠴᠠᠭᠠᠨ᠎ᠤ ᠰᠢᠨ᠎ᠡ ᠰᠡᠳᠬᠦᠯ ᠪᠠ ᠲᠡᠯᠡᠭᠡᠢ᠎ᠶᠢᠨ ᠲᠤᠮᠤ ᠴᠢᠮᠡᠭᠡᠯᠡᠯ᠎ᠤᠨ ᠬᠤᠷᠢᠶᠠᠨ᠎ᠤ ᠰᠢᠨ᠎ᠡ ᠮᠡᠳᠡᠭᠡ᠎ᠶᠢ ᠤᠨᠭᠰᠢᠵᠦ ᠪᠤᠯᠤᠨ᠎ᠠ᠃ ᠪᠠᠰᠠ ᠰᠦᠯᠵᠢᠶ᠎ᠡ᠎ᠶᠢ ᠠᠰᠢᠬᠯᠠᠨ ᠺᠤᠮᠫᠢᠦ᠋ᠲᠧᠷ᠎ᠤᠨ ᠲᠦᠪ ᠡᠴᠡ ᠰᠤᠨᠢᠨ ᠮᠡᠳᠡᠭᠡ ᠪᠤᠶᠤ ᠵᠠᠷ᠎ᠢ ᠡᠷᠢᠨ ᠤᠯᠵᠦ ᠪᠤᠯᠤᠨ᠎ᠠ᠃ ᠡᠬᠦᠨ᠎ᠳᠤ ᠦᠨᠭᠭᠡᠷᠡᠭᠰᠡᠨ᠎ᠤ ᠮᠡᠳᠡᠭᠡᠯᠡᠯ ᠪᠠ ᠰᠤᠨᠢᠨ᠎ᠤ ᠨᠢᠭᠤᠷ᠎ᠤᠨ ᠬᠢᠵᠠᠭᠠᠷᠯᠠᠯ ᠡᠴᠡ ᠪᠤᠯᠵᠦ ᠲᠠᠮᠵᠢᠭᠤᠯᠵᠦ ᠠᠮᠵᠢᠬᠰᠠᠨ ᠦᠬᠡᠢ ᠮᠡᠳᠡᠭᠡᠯᠡᠯ᠎ᠤᠳ ᠪᠠᠭᠲᠠᠨ᠎ᠠ᠃ ᠪᠠᠰᠠ ᠰᠤᠨᠢᠨ ᠮᠡᠳᠡᠭᠡᠨ᠎ᠤ ᠲᠤᠬᠠᠢ ᠦᠪᠡᠷ᠎ᠤᠨ ᠰᠠᠨᠠᠯ ᠶ᠋ᠢᠡᠨ ᠰᠤᠷᠪᠤᠯᠵᠢᠯᠠᠬᠴᠢ ᠨᠠᠢᠷᠠᠭᠤᠯᠤᠬᠴᠢ᠎ᠳᠤ ᠲᠠᠮᠵᠢᠭᠤᠯᠤᠨ ᠦᠭᠴᠦ ᠪᠤᠯᠤᠨ᠎ᠠ᠃


图片2.png

图片1.png


ᠰᠤᠨᠢᠨ ᠰᠡᠳᠬᠦᠯ᠎ᠤᠨ ᠡᠯᠧᠺᠲᠷᠤᠨᠴᠢᠯᠠᠯᠲᠠ ᠨᠢ ᠠᠮᠧᠷᠢᠺᠠ᠎ᠳᠤ 20᠎ᠳᠤᠭᠠᠷ ᠵᠠᠭᠤᠨ᠎ᠤ ᠨᠠᠶᠠᠭᠠᠳ ᠤᠨ᠎ᠳᠤ ᠡᠬᠢᠯᠡᠭᠰᠡᠨ ᠪᠠᠢᠯ᠎ᠠ᠃ 1981ᠤᠨ ᠎ᠳᠤ《ᠺᠤᠯᠤᠮᠪᠤ᠎ᠶᠢᠨ ᠴᠠᠬᠢᠯᠭᠠᠨ ᠮᠡᠳᠡᠭᠡ ᠰᠤᠨᠢᠨ》 ᠠᠨᠭᠬᠠᠲᠠᠭᠴᠢ ᠤᠲᠠᠭ᠎ᠠ ᠲᠠᠮᠵᠢᠭᠤᠯᠭ᠎ᠠ᠎ᠶᠢᠨ ᠲᠤᠷᠰᠢᠯᠲᠠ ᠬᠢᠪᠠ᠃ ᠲᠤᠮᠲᠠᠲᠦ ᠤᠯᠤᠰ ᠲᠦ᠍ 1993 ᠤᠨ᠎ᠤ 12 ᠰᠠᠷ᠎ᠠ᠎ᠶᠢᠨ 6᠎ᠤ ᠡᠲᠦᠷ 《ᠬᠠᠨᠭᠵᠧᠦ᠎ᠶᠢᠨ ᠡᠲᠦᠷ᠎ᠤᠨ ᠰᠤᠨᠢᠨ》 ᠲᠦᠷᠦᠬᠦᠦ ᠤᠲᠠᠭ᠎ᠠ ᠡᠯᠧᠺᠲ᠋ᠷᠤᠨᠴᠢᠯᠠᠯᠲᠠ᠎ᠶᠢᠨ ᠲᠤᠷᠰᠢᠯᠲᠠ ᠬᠢᠬᠡᠳ ᠰᠤᠨᠢᠨ ᠮᠡᠳᠡᠭᠡ ᠪᠠ ᠵᠠᠭᠤᠴᠢᠯᠠᠭᠤᠷ᠎ᠤᠨ ᠰᠦᠯᠵᠢᠶ᠎ᠡ ᠤᠶᠠᠯᠲᠤᠭᠰᠠᠨ ᠠᠨᠭᠬᠠᠨ᠎ᠤ ᠬᠦᠰᠢᠬᠡ᠎ᠶᠢ ᠢᠷᠠᠬᠰᠠᠨ ᠶᠤᠮ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠰᠤᠶᠤᠯᠲᠦ

ᠣᠷᠴᠢᠭᠤᠯᠤᠭ᠍ᠴᠢ᠄

ᠢᠷᠡᠯᠲᠡ᠄
兼容浏览器的HTML页面